ᠭᠤᠤᠯ ᠮᠥᠷᠡᠨ ᠮᠢᠨᠢ ᠤᠷᠤᠰᠬᠠᠯ ᠲᠠᠢ ᠪᠠᠶᠢᠭᠠᠰᠠᠢ
ᠨᠡᠶᠢᠲᠡᠯᠡᠭᠰᠡᠨ ᠴᠠᠭ᠄
2015/3/10
       ᠵᠢᠯ ᠪᠤᠯᠭᠠᠨ ᠤ 3 ᠰᠠᠷ ᠎ᠠ ᠶᠢᠨ 9᠎ ᠤ ᠡᠳᠥᠷ ᠢ ᠡᠭᠡ ᠭᠤᠤᠯ ᠢᠶᠠᠨ ᠬᠠᠮᠠᠭᠠᠯᠠᠬᠤ ᠡᠳᠥᠷ ᠬᠡᠵᠥ ᠲᠤᠭᠳᠠᠭᠠᠭᠰᠠᠨ ᠪᠢᠯᠡ᠃ ᠡᠭᠡ ᠭᠤᠤᠯ ᠢᠶᠠᠨ ᠬᠠᠮᠠᠭᠠᠯᠠᠬᠤ ᠠᠵᠢᠯᠯᠠᠭ᠎ᠠ ᠪᠤᠯ ᠡᠪ ᠬᠠᠮᠳᠥ ᠵᠠᠯᠠᠭᠤᠴᠤᠳ ᠤᠨ ᠡᠪᠯᠡᠯ ᠠᠴᠠ ᠵᠠᠯᠠᠭᠤᠴᠤᠳ ᠢ ᠵᠤᠭᠢᠶᠠᠨ ᠪᠠᠶᠢᠭᠤᠯᠵᠥ ᠲᠤᠮᠳᠠᠳᠥ ᠶᠢᠨ ᠥᠨᠳᠥᠰᠥᠳᠡᠨ ᠪᠤᠯᠤᠨ ᠠᠷᠠᠳ ᠲᠥᠮᠡᠨ ᠢ ᠤᠮᠳᠠᠯᠠᠭᠰᠠᠨ ︽ᠡᠭᠡ ᠭᠤᠤᠯ︾ — ᠬᠠᠳᠤᠨ ᠭᠤᠤᠯ᠂ ᠬᠥᠭᠡ ᠮᠥᠷᠡᠨ ᠵᠢᠴᠢ ᠪᠤᠰᠤᠳ ᠴᠢᠬᠤᠯᠠ ᠭᠤᠤᠯ ᠮᠥᠷᠡᠨ ᠢ ᠬᠠᠮᠠᠭᠠᠯᠠᠬᠤ ᠪᠠᠷ ᠭᠤᠤᠯ ᠰᠡᠳᠥᠪ ᠪᠤᠯᠭᠠᠵᠥ᠂ ︽ᠡᠭᠡ ᠭᠤᠤᠯ︾᠎ ᠤᠨ ᠰᠠᠪᠠ ᠭᠠᠵᠠᠷ ᠲᠠᠭᠠᠤ ᠪᠠᠭ᠎ᠠ ᠰᠠᠪᠠ ᠭᠠᠵᠠᠷ ᠢᠶᠠᠷ ᠨᠢᠬᠡᠴᠡ ᠪᠤᠯᠭᠠᠵᠥ᠂ ᠬᠥᠷᠥᠰᠤ ᠰᠢᠷᠥᠢ ᠶᠢᠨ ᠢᠳᠡᠭᠳᠡᠯ ᠢ ᠵᠠᠰᠠᠨ ᠰᠠᠶᠢᠵᠢᠷᠠᠭᠤᠯᠬᠤ᠂ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠬᠤ ᠠᠵᠢᠯᠯᠠᠭ᠎ᠠ ᠶᠢ ᠥᠷᠨᠢᠭᠦᠯᠵᠥ᠂ ᠰᠤᠶᠤᠯ ᠢᠷᠭᠡᠨᠰᠢᠯ ᠤᠨ ᠤᠬᠠᠮᠰᠠᠷ ᠪᠤᠯᠤᠨ ᠲᠤᠭᠳᠠᠪᠥᠷᠢ ᠲᠠᠢ ᠬᠥᠭᠵᠢᠭᠦ ᠤᠬᠠᠮᠰᠠᠷ ᠢ ᠪᠤᠢ ᠪᠤᠯᠭᠠᠬᠤ ᠶᠢ ᠤᠷᠢᠶᠠᠯᠠᠵᠥ᠂ ᠤᠯᠤᠰ ᠤᠨ ᠠᠮᠢ ᠠᠬᠤᠢ ᠶᠢᠨ ᠢᠨᠵᠧᠨᠧᠷᠢᠩ ᠤᠨ ᠪᠥᠳᠥᠬᠡᠨ ᠪᠠᠶᠢᠭᠤᠯᠤᠯᠳᠠ ᠶᠢ ᠠᠭᠢᠭᠤᠯᠵᠥ᠂ ︽ᠡᠭᠡ ᠭᠤᠤᠯ︾᠎ ᠤᠨ ᠪᠥᠭᠦ ᠲᠡᠯᠡᠭᠡᠢ ᠶᠢᠨ ᠴᠢᠨᠠᠷᠳᠠᠢ ᠠᠮᠢ ᠠᠬᠤᠢ ᠶᠢᠨ ᠲᠡᠩᠴᠡᠭᠦᠷᠢ ᠶᠢ ᠪᠠᠳᠤᠯᠠᠬᠤ ᠳᠤ ᠬᠤᠪᠢ ᠨᠡᠮᠡᠷᠢ ᠥᠵᠡᠭᠦᠯᠭᠦ ᠨᠢᠬᠡᠨ ᠲᠥᠷᠥᠯ ᠤᠨ ᠴᠢᠬᠤᠯᠠ ᠠᠵᠢᠯ ᠪᠤᠯᠤᠨ᠎ᠠ᠃       ᠥᠪᠥᠷ ᠮᠤᠩᠭᠤᠯ ᠤᠨ ᠤᠰᠤᠨ ᠤ ᠡᠭᠢ ᠪᠠᠶᠠᠯᠢᠭ ᠤᠨ ᠶᠡᠷᠥᠩᠬᠡᠢ ᠬᠡᠮᠵᠢᠶ ᠎ᠡ ᠨᠢ 515.5 ᠳ᠋ᠥᠩᠰᠢᠭᠤᠷ ᠪᠤᠰᠤᠭ᠎ᠠ ᠲᠥᠷᠪᠡᠯᠵᠢᠨ ᠮᠧᠲᠷ ᠪᠠᠶᠢᠵᠣ᠂ ᠡᠭᠦᠨ ᠳᠤ 300 ᠲᠡᠭᠰᠢ ᠲᠥᠷᠪᠡᠯᠵᠢᠨ ᠺᠢᠯᠤᠮᠧᠲᠷ ᠠᠴᠠ ᠲᠡᠭᠡᠭᠰᠢ ᠲᠠᠯᠠᠪᠠᠢ ᠲᠠᠢ 258 ᠭᠤᠤᠯ ᠮᠥᠷᠡᠨ ᠪᠠᠶᠢᠵᠥ᠂ ᠥᠪᠥᠷ ᠮᠤᠩᠭᠤᠯ ᠳᠤ ᠨᠡᠶᠢᠳᠡ 1000 ᠭᠠᠷᠤᠢ ᠭᠤᠤᠯ ᠮᠥᠷᠡᠨ ᠪᠠᠶᠢᠳᠠᠭ᠃ ᠡᠭᠦᠨ ᠢ ᠪᠠᠨ ᠭᠠᠳᠠᠭᠠᠳᠥ ᠤᠷᠤᠰᠬᠠᠯᠳᠥ ᠪᠤᠯᠤᠨ ᠲᠤᠳᠤᠭᠠᠳᠥ ᠤᠷᠤᠰᠬᠠᠯᠳᠥ ᠭᠤᠤᠯ ᠬᠡᠵᠥ ᠬᠤᠪᠢᠶᠠᠳᠠᠭ᠃ ᠲᠤᠳᠤᠭᠠᠳᠥ ᠤᠷᠤᠰᠬᠠᠯ ᠤᠨ ᠤᠰᠤᠨ ᠰᠢᠰᠲ᠋ᠧᠮ ᠨᠢ ᠶᠡᠭᠡ ᠬᠢᠩᠭᠠᠨ ᠲᠠᠪᠠᠭ᠎ᠠ᠂ ᠮᠤᠨᠢ ᠠᠭᠤᠯᠠ᠂ ᠠᠯᠠᠱᠠ ᠠᠭᠤᠯᠠ ᠪᠠᠷ ᠵᠠᠭᠠᠯᠠᠭᠳᠠᠵᠥ᠂ ᠭᠠᠳᠠᠭᠠᠳᠥ ᠤᠷᠤᠰᠬᠠᠯᠳᠥ ᠭᠤᠤᠯ ᠨᠢ ᠬᠠᠳᠤᠨ ᠭᠤᠤᠯ᠂ ᠶᠥᠩ ᠳ᠋ᠢᠩ ᠡᡁᠧ ᠂ ᠯᠤᠸᠠᠨ ᠡᡁᠧ᠂ ᠰᠢ ᠯᠢᠶᠤᠤ ᠡᡁᠧ᠂ ᠨᠤᠭᠤᠨ ᠭᠤᠤᠯ ᠪᠤᠯᠤᠨ ᠡᠷᠭᠦᠨ᠎ᠡ ᠭᠤᠤᠯ ᠵᠡᠷᠭᠡ 6 ᠲᠤᠮᠤ ᠤᠰᠤᠨ ᠰᠢᠰᠲ᠋ᠧᠮ ᠢᠶᠠᠷ ᠪᠥᠷᠢᠯᠳᠤᠵᠥ᠂ ᠤᠯᠠᠭᠠᠢ ᠭᠤᠤᠯ᠂ ᠱᠠᠩᠳᠥ ᠶᠢᠨ ᠭᠤᠤᠯ᠂ ᠰᠢᠯᠢ ᠶᠢᠨ ᠭᠤᠤᠯ᠂ ᠲᠠ ᠪᠥ᠋ ᠡᠯ ᠭᠤᠤᠯ᠂ ᠠᠶᠢᠪᠠᠭ᠎ᠠ ᠭᠤᠤᠯ᠂ ᠡᠵᠡᠨ᠎ᠡ ᠭᠤᠤᠯ ᠵᠡᠷᠭᠡ ᠭᠤᠤᠯ ᠮᠥᠷᠡᠨ ᠪᠤᠯᠤᠨ᠎ᠠ᠃ ᠶᠡᠬᠡᠩᠭᠢ ᠭᠤᠤᠯ ᠮᠥᠷᠡᠨ ᠨᠢ ᠪᠥᠷ ᠪᠠᠷᠠᠭᠤᠨ ᠬᠤᠶᠢᠨ᠎ᠠ ᠠᠴᠠ ᠵᠡᠭᠦᠨ ᠡᠮᠤᠨ᠎ᠡ ᠵᠥᠭ ᠤᠷᠤᠰᠳᠠᠭ᠃       ᠥᠪᠥᠷ ᠮᠤᠩᠭᠤᠯ ᠤᠨ ᠵᠡᠭᠦᠨ ᠬᠡᠰᠡᠭ ᠤᠨ ᠭᠤᠤᠯ ᠮᠥᠷᠡᠨ ᠨᠢ ᠪᠠᠷᠠᠭᠤᠨ ᠬᠡᠰᠡᠭ ᠠᠴᠠ ᠪᠠᠨ ᠤᠯᠠᠨ ᠪᠠᠶᠢᠵᠥ᠂ 7 — 9 ᠰᠠᠷ ᠎ᠠ ᠳᠤ ᠲᠥᠪᠯᠡᠷᠡᠭᠭᠦᠢ ᠪᠤᠷᠤᠭᠠᠨ ᠶᠡᠭᠡ ᠲᠠᠢ᠂ ᠪᠥᠭᠦ ᠵᠢᠯ ᠤᠨ ᠲᠤᠨᠤᠳᠠᠰᠤᠨ ᠤ ᠬᠡᠮᠵᠢᠶ᠎ᠡ ᠶᠢᠨ 60% — 70%᠎ ᠶᠢ ᠡᠵᠡᠯᠡᠳᠡᠭ ᠪᠠ ᠲᠤᠨᠤᠳᠠᠰᠤᠨ ᠤ ᠬᠡᠮᠵᠢᠶ᠎ᠡ ᠨᠢ ᠵᠡᠭᠦᠨ ᠠᠴᠠ ᠪᠠᠷᠠᠭᠤᠨᠰᠢ ᠪᠠᠭᠠᠰᠴᠥ ᠬᠠᠮᠤᠭ ᠤᠨ ᠪᠠᠷᠠᠭᠤᠨ ᠬᠡᠰᠡᠭ ᠤᠨ ᠡᠵᠡᠨ᠎ᠡ ᠬᠤᠰᠢᠭᠤᠨ ᠤ ᠵᠢᠯ ᠤᠨ ᠲᠤᠨᠤᠳᠠᠰᠤᠨ ᠤ ᠬᠡᠮᠵᠢᠶ᠎ᠡ 50 ᠮᠢᠯᠢᠮᠧᠲᠷ ᠴᠥ ᠬᠥᠷᠳᠡᠭ ᠥᠭᠡᠢ᠃       ᠥᠪᠥᠷ ᠮᠤᠩᠭᠤᠯ ᠤᠨ ᠤᠰᠤᠨ ᠤ ᠡᠭᠢ ᠪᠠᠶᠠᠯᠢᠭ ᠤᠨ ᠤᠷᠤᠨ ᠵᠠᠢ ᠲᠤᠭᠳᠠᠮᠠᠯ ᠪᠤᠰᠤ᠂ ᠤᠰᠤᠨ ᠠᠰᠢᠭᠯᠠᠯᠳᠠ ᠶᠢᠨ ᠢᠨᠵᠧᠨᠧᠷᠢᠩ ᠤᠨ ᠬᠢᠵᠠᠭᠠᠷᠳᠠᠮᠠᠯ ᠴᠢᠨᠠᠷ ᠲᠤᠳᠠᠭᠳᠠᠵᠥ᠂ ᠤᠨᠴᠤᠭᠤᠢᠢᠯᠠᠨ ᠠᠵᠥ ᠠᠬᠤᠢ ᠶᠢᠨ ᠥᠳᠳᠡᠷ ᠲᠥᠷᠭᠡᠨ ᠬᠥᠭᠵᠢᠯ᠂ ᠠᠵᠥ ᠥᠢᠯᠡᠳᠪᠥᠷᠢᠯᠡᠯ᠂ ᠬᠤᠳᠠ ᠪᠠᠯᠭᠠᠰᠤᠵᠢᠯᠳᠠ ᠶᠢᠨ ᠨᠡᠮᠡᠭᠳᠡᠯ ᠪᠤᠯᠤᠨ ᠠᠭᠠᠷ ᠮᠠᠨᠳᠤᠯ ᠤᠨ ᠬᠤᠪᠢᠷᠠᠯᠳᠠ ᠶᠢᠨ ᠨᠥᠯᠥᠭᠡᠨ ᠠᠴᠠ ᠨᠢᠭᠡ ᠬᠡᠰᠡᠭ ᠭᠠᠵᠠᠷ ᠤᠷᠤᠨ ᠤ ᠤᠰᠤᠨ ᠤ ᠡᠭᠢ ᠪᠠᠶᠠᠯᠢᠭ ᠲᠤᠳᠠᠭᠳᠠᠵᠥ᠂ ᠤᠰᠤᠨ ᠤ ᠪᠤᠭᠢᠷᠳᠤᠯ ᠬᠥᠨᠳᠥᠷᠡᠨ᠂ ᠤᠰᠤᠨ ᠤ ᠠᠮᠢ ᠠᠬᠤᠢ ᠶᠢᠨ ᠬᠥᠨᠳᠥᠷᠡᠯ ᠡᠳᠥᠷ ᠠᠴᠠ ᠡᠳᠥᠷ ᠲᠤᠪᠤᠶᠢᠮ᠎ᠠ ᠪᠤᠯᠵᠠᠢ᠃ ᠡᠨᠡ ᠨᠢ ᠲᠠᠷᠤᠢ ᠬᠢᠮᠢ ᠶᠢᠨ ᠬᠥᠴᠢᠯᠳᠦ᠋ᠷᠦᠭᠴᠢ ᠬᠡᠳᠥ ᠬᠡᠷᠡᠭᠯᠡᠭᠰᠡᠨ ᠪᠠ ᠲᠡᠭᠡᠳᠥ ᠮᠠᠩᠭᠠᠨ ᠬᠥᠴᠢᠯ ᠤᠨ ᠲᠠᠪᠤᠰᠤ ᠶᠢᠨ ᠢᠯᠡᠳᠭᠡᠭᠴᠢ᠂ ᠴᠢᠯᠠᠭᠤᠨ ᠲᠤᠰᠤᠨ ᠤ ᠲᠥᠷᠥᠯ᠂ ᠰᠢᠪᠳᠤᠷ ᠠᠽᠤᠲ ᠵᠡᠷᠭᠡ ᠠᠴᠠ ᠡᠭᠦᠰᠥᠭᠰᠡᠨ ᠪᠠᠶᠢᠨ᠎ᠠ᠃ ᠤᠷᠴᠢᠮ ᠤᠨ ᠵᠢᠯ ᠠᠴᠠ ᠡᠭᠢᠯᠡᠨ ᠥᠪᠥᠷ ᠮᠤᠩᠭᠤᠯ ᠤᠷᠤᠨ ᠨᠢ ᠴᠢᠬᠤᠯᠠ ᠶᠡᠭᠡ ᠭᠤᠤᠯ ᠮᠥᠷᠡᠨ ᠤ ᠪᠤᠭᠢᠷᠳᠤᠯ ᠢᠶᠠᠨ ᠵᠠᠰᠠᠨ ᠰᠠᠶᠢᠵᠢᠷᠠᠭᠤᠯᠬᠤ ᠬᠦ᠋ᠴᠥᠯᠡᠴᠡ ᠪᠠᠨ ᠨᠡᠮᠡᠭᠳᠡᠭᠦᠯᠵᠥ᠂ ᠬᠠᠳᠤᠨ ᠭᠤᠤᠯ ᠤᠨ ᠲᠤᠮᠳᠠ ᠲᠡᠭᠡᠳᠥ ᠤᠷᠤᠰᠬᠠᠯ ᠵᠡᠷᠭᠡ 183 ᠭᠤᠤᠯ ᠮᠥᠷᠡᠨ ᠨᠦᠭᠦᠳ ︽12.5︾ ᠵᠢᠯ ᠤᠨ ᠲᠥᠯᠥᠪᠯᠡᠯᠭᠡ ᠶᠢᠨ ᠤᠰᠤᠨ ᠤ ᠪᠤᠭᠢᠷᠳᠤᠯ ᠢ ᠵᠠᠰᠠᠨ ᠰᠠᠶᠢᠵᠢᠷᠠᠭᠤᠯᠬᠤ ᠳᠤ ᠤᠷᠤᠵᠥ᠂ ᠤᠳᠤᠬᠠᠨ ᠳᠤ 63.4%᠎ ᠶᠢᠨ ᠭᠤᠤᠯ ᠮᠥᠷᠡᠨ ᠳᠤ ᠨᠢᠬᠡᠨᠳᠡ ᠵᠠᠰᠠᠨ ᠰᠠᠶᠢᠵᠢᠷᠠᠭᠤᠯᠤᠯᠳᠠ ᠶᠢᠨ ᠠᠷᠭ᠎ᠠ ᠬᠡᠮᠵᠢᠶ᠎ᠡ ᠠᠪᠤᠭᠰᠠᠨ ᠪᠠᠶᠢᠨ᠎ᠠ᠃       ᠡᠭᠡ ᠪᠤᠯᠤᠭᠰᠠᠨ ᠪᠠᠶᠢᠭᠠᠯᠢ ᠲᠡᠯᠡᠭᠡᠢ᠂ ᠨᠤᠳᠤᠭ ᠤᠰᠤ ᠪᠠᠨ ᠨᠢᠳᠥᠨ ᠤ ᠴᠡᠴᠡᠭᠡᠢ ᠰᠢᠭ ᠢᠶᠠᠨ ᠬᠠᠶᠢᠷᠠᠯᠠᠨ ᠬᠠᠮᠠᠭᠠᠯᠠᠵᠥ᠂ ᠡᠪᠳᠡᠵᠥ ᠰᠥᠢᠳᠭᠡᠭᠦ ᠥᠭᠡᠢ᠂ ᠡᠯᠳᠡᠪ ᠵᠥᠢᠯ ᠢᠶᠠᠷ ᠪᠤᠭᠢᠷᠳᠤᠭᠤᠯᠬᠤ ᠶᠢ ᠴᠡᠭᠡᠷᠯᠡᠨ᠂ ᠠᠷᠢᠭᠤᠨ ᠲᠤᠩᠭᠠᠯᠠᠭ ᠪᠠᠶᠢᠯᠭᠠᠶ᠎ᠠ᠃ 
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号