ᠪᠢᠲᠡᠭᠦᠯᠡᠬᠦ ᠴᠠᠭᠠᠯᠠᠬᠤ ᠲᠠᠢ ᠬᠤᠯᠪᠤᠭᠳᠠᠭᠰᠠᠨ ᠴᠡᠭᠡᠷ
ᠨᠡᠶᠢᠲᠡᠯᠡᠭᠰᠡᠨ ᠴᠠᠭ᠄
2015/2/9
    - ᠪᠢᠲᠡᠭᠦᠨ ᠤ ᠡᠳᠦᠷ ᠠᠮᠢ ᠬᠤᠷᠤᠭᠠᠬᠤ ᠶᠢ ᠴᠡᠭᠡᠷᠯᠡᠨ᠎ᠡ᠃   - ᠪᠢᠲᠡᠭᠦᠨ ᠤ ᠡᠳᠦᠷ ᠠᠮᠠᠨ ᠳᠠᠭᠠᠨ ᠶᠠᠭᠤᠮ᠎ᠠ ᠵᠠᠵᠢᠯᠤᠭᠠᠳ ᠭᠠᠳᠠᠭ᠎ᠠ ᠭᠠᠷᠬᠤ ᠶᠢ ᠴᠡᠭᠡᠷᠯᠡᠨ᠎ᠡ᠃   - ᠪᠢᠲᠡᠭᠦᠨ ᠤ ᠡᠳᠦᠷ ᠡᠮ ᠣᠣᠭᠤᠬᠤ ᠶᠢ ᠴᠡᠭᠡᠷᠯᠡᠨ᠎ᠡ᠃   - ᠪᠢᠲᠡᠭᠦᠨ ᠤ ᠡᠳᠦᠷ ᠨᠣᠬᠠᠢ ᠵᠤᠳᠤᠬᠤ᠂ ᠬᠡᠣᠬᠡᠳ ᠢᠶᠠᠨ ᠬᠠᠷᠢᠶᠠᠵᠤ ᠵᠠᠩᠨᠠᠬᠤ ᠶᠢ ᠴᠡᠭᠡᠷᠯᠡᠨ᠎ᠡ᠃   - ᠪᠢᠲᠡᠭᠦᠨ ᠤ ᠣᠷᠣᠢ ᠮᠠᠯ ᠰᠦᠷᠦᠭ ᠢᠶᠠᠨ ᠠᠯᠳᠠᠵᠦ᠂ ᠬᠦᠳᠡᠭᠡ ᠬᠡᠭᠡᠷ᠎ᠡ ᠬᠤᠨᠣᠭᠤᠯᠬᠤ ᠶᠢ ᠴᠡᠭᠡᠷᠯᠡᠨ᠎ᠡ᠃   - ᠪᠢᠲᠡᠭᠦᠨ ᠤ ᠰᠦᠨᠢ ᠠᠶᠢᠯ ᠳᠤ ᠬᠤᠨᠣᠬᠤ ᠶᠢ ᠴᠡᠭᠡᠷᠯᠡᠨ᠎ᠡ᠃   - ᠪᠢᠲᠡᠭᠦᠨ ᠤ ᠰᠦᠨᠢ ᠴᠢᠩᠭ᠎ᠠ ᠬᠠᠰᠭᠢᠷᠴᠤ ᠪᠠᠷᠬᠢᠷᠠᠬᠤ ᠶᠢ ᠴᠡᠭᠡᠷᠯᠡᠨ᠎ᠡ᠃   - ᠪᠢᠲᠡᠭᠦᠨ ᠤ ᠰᠦᠨᠢ ᠴᠠᠳᠬᠤᠯᠠᠩ ᠪᠤᠰᠤ ᠬᠤᠨᠣᠬᠤ ᠶᠢ ᠴᠡᠭᠡᠷᠯᠡᠨ᠎ᠡ᠃   - ᠪᠢᠲᠡᠭᠦᠨ ᠤ ᠰᠦᠨᠢ ᠨᠢᠯᠬ᠎ᠠ ᠬᠡᠣᠬᠡᠳ ᠢ ᠨᠡᠷ᠎ᠡ ᠪᠠᠷ ᠨᠢ ᠳᠠᠭᠤᠳᠠᠬᠤ ᠶᠢ ᠴᠡᠭᠡᠷᠯᠡᠨ᠎ᠡ᠃   - ᠪᠢᠲᠡᠭᠦᠨ ᠤ ᠰᠦᠨᠢ ᠬᠤᠪᠴᠠᠰᠤ ᠬᠤᠨᠠᠷ ᠢᠶᠠᠨ ᠭᠠᠳᠠᠭ᠎ᠠ ᠬᠤᠨᠣᠭᠤᠯᠬᠤ ᠶᠢ ᠴᠡᠭᠡᠷᠯᠡᠨ᠎ᠡ᠃   - ᠪᠢᠲᠡᠭᠦᠨ ᠤ ᠰᠦᠨᠢ ᠭᠠᠳᠠᠭ᠎ᠠ ᠬᠤᠭᠤᠰᠣᠨ ᠰᠠᠪᠠ ᠪᠠᠶᠢᠬᠤ ᠶᠢ ᠴᠡᠭᠡᠷᠯᠡᠨ᠎ᠡ᠃   - ᠭᠬᠢᠷ ᠪᠤᠷᠳᠤᠭ ᠲᠠᠢ ᠴᠠᠭᠠᠯᠠᠬᠤ ᠶᠢ ᠴᠡᠭᠡᠷᠯᠡᠨ᠎ᠡ᠃   - ᠰᠢᠨᠡᠯᠡᠬᠦ ᠠᠴᠠ ᠡᠮᠦᠨ᠎ᠡ ᠬᠠᠰᠢᠶ᠎ᠠ ᠬᠤᠷᠤᠭ᠎ᠠ᠂ ᠭᠡᠷ ᠪᠠᠷᠠᠭ᠎ᠠ᠂ ᠣᠷᠤ ᠳᠡᠪᠢᠰᠭᠡᠷ᠂ ᠬᠤᠪᠴᠠᠰᠤ ᠬᠤᠨᠠᠷ᠂ ᠦᠰᠦ ᠭᠡᠵᠢᠭᠡ ᠪᠠᠨ ᠪᠤᠯᠳᠤ ᠶᠢ ᠣᠬᠢᠶᠠᠵᠦ᠂ ᠰᠢᠨ᠎ᠡ ᠵᠢᠯ ᠢᠶᠠᠨ ᠴᠡᠪᠡᠷ ᠠᠷᠢᠭᠤᠨ ᠢᠶᠠᠷ ᠣᠭᠲᠤᠬᠤ ᠶᠢ ᠬᠢᠴᠢᠶᠡᠨ᠎ᠡ᠃   - ᠭᠠᠷ ᠳᠡᠭᠡᠷ᠎ᠡ ᠪᠠᠨ ᠲᠦᠭᠦᠬᠡᠢ ᠭᠤᠯᠢᠷ ᠨᠠᠭᠠᠯᠳᠤᠭᠤᠯᠵᠦ ᠵᠤᠯᠭᠠᠬᠤ ᠶᠢ ᠴᠡᠭᠡᠷᠯᠡᠨ᠎ᠡ᠃   - ᠦᠷᠢ ᠰᠢᠷᠢ ᠲᠠᠢ ᠴᠠᠭᠠᠯᠠᠬᠤ ᠶᠢ ᠴᠡᠭᠡᠷᠯᠡᠵᠤ᠂ ᠡᠪᠡᠳᠴᠢᠨ ᠦᠭᠡᠢ ᠪᠤᠯ ᠵᠢᠷᠭᠠᠯ᠂ ᠦᠷᠢ ᠦᠭᠡᠢ ᠪᠤᠯ ᠪᠠᠶᠠᠨ ᠭᠡᠵᠦ ᠮᠣᠩᠭᠤᠯᠴᠣᠳ ᠶᠠᠷᠢᠳᠠᠭ ᠪᠦᠭᠡᠳ ᠰᠢᠨ᠎ᠡ ᠵᠢᠯ ᠠᠴᠠ ᠡᠮᠦᠨ᠎ᠡ ᠦᠷᠢ ᠰᠢᠷᠢ ᠪᠠᠨ ᠪᠠᠷᠠᠭᠳᠠᠭᠤᠯᠬᠤ ᠶᠢ ᠡᠷᠬᠢᠮᠯᠡ᠃   - ᠭᠡᠷᠡᠯ ᠭᠡᠭᠡ ᠦᠭᠡᠢ ᠬᠠᠷᠠᠩᠭᠤᠢ ᠳᠤ ᠵᠤᠯᠭᠠᠵᠤ ᠰᠢᠨᠡᠯᠡᠬᠦ ᠶᠢ ᠴᠡᠭᠡᠷᠯᠡᠨ᠎ᠡ᠃   - ᠰᠢᠨ᠎ᠡ ᠵᠢᠯ ᠳᠡᠭᠡᠨ ᠪᠠᠶᠠᠷ ᠪᠠᠶᠠᠰᠬᠤᠯᠠᠩ ᠲᠠᠢ᠂ ᠡᠪ ᠡᠶ᠎ᠡ ᠲᠠᠢ᠂ ᠨᠠᠶᠢᠷ ᠬᠦᠷ ᠲᠠᠢ᠂ ᠰᠠᠶᠢᠨ ᠰᠠᠶᠢᠬᠠᠨ ᠪᠠᠶᠢᠬᠤ ᠶᠢ ᠪᠡᠯᠭᠡᠳᠡᠳᠡᠭ ᠪᠤᠯᠬᠤ ᠪᠠᠷ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠬᠡᠷᠡᠭᠦᠯ ᠱᠣᠣᠬᠢᠶᠠᠨ᠂ ᠵᠣᠳᠣᠭᠠᠨ ᠴᠣᠬᠢᠶᠠᠨ ᠬᠢᠬᠦ ᠶᠢ ᠶᠡᠬᠡᠳᠠ ᠴᠡᠭᠡᠷᠯᠡᠨ᠎ᠡ᠃   - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠵᠢᠷᠭᠤᠭᠠᠨ ᠬᠦᠷᠳᠡᠯ᠎ᠡ ᠭᠡᠷ ᠠᠴᠠ ᠪᠠᠨ ᠭᠠᠳᠠᠭᠰᠢ ᠡᠳ᠋ ᠶᠠᠭᠤᠮ᠎ᠠ ᠠᠪᠴᠤ ᠣᠳᠬᠤ ᠶᠢ ᠴᠡᠭᠡᠷᠯᠡᠨ᠎ᠡ᠃ ᠪᠡᠯᠡᠭ ᠤᠨ ᠵᠦᠢᠯ ᠡᠭᠦᠨ ᠳᠤ ᠦᠯᠦ ᠬᠠᠮᠢᠶᠠᠷᠤᠨ᠎ᠠ᠃   - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠤᠭᠡ ᠭᠠᠯ ᠢᠶᠠᠨ ᠬᠠᠭᠤᠴᠢᠨ ᠴᠤᠭ ᠢᠶᠠᠷ ᠠᠰᠠᠭᠠᠬᠤ ᠶᠢ ᠴᠡᠭᠡᠷᠯᠡᠨ᠎ᠡ᠃   - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠠᠶᠢᠯ ᠳᠤ ᠬᠤᠨᠣᠬᠤ ᠶᠢ ᠴᠡᠭᠡᠷᠯᠡᠨ᠎ᠡ᠃   - ᠴᠠᠭᠠᠨ ᠰᠠᠷ᠎ᠠ ᠶᠢᠨ ᠰᠢᠨᠡᠳ ᠢᠶᠠᠷ ᠠᠮᠢ ᠬᠤᠷᠤᠭᠠᠬᠤ ᠶᠢ ᠴᠡᠭᠡᠷᠯᠡᠨ᠎ᠡ᠃ ᠠᠮᠢᠲᠠᠨ ᠪᠠᠰᠠ ᠰᠢᠨᠡᠯᠡᠳᠡᠭ ᠭᠡᠵᠦ ᠦᠵᠡᠳᠡᠭ᠃   - ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠣᠬᠢᠯᠠᠵᠤ ᠣᠨᠵᠢᠬᠤ ᠵᠡᠷᠭᠡ ᠶᠢ ᠬᠠᠳᠠᠭᠤ ᠴᠡᠭᠡᠷᠯᠡᠳᠡᠭ ᠶᠤᠰᠤᠲᠠᠢ᠃ 
 
ᠢᠷᠡᠯᠲᠡ᠄ ᠰᠤᠶᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号