ᠮᠡᠳᠡᠭᠳᠡᠬᠦ ᠦᠭᠡᠢ ᠠᠶᠠᠯᠭᠤ
ᠨᠡᠶᠢᠲᠡᠯᠡᠭᠰᠡᠨ ᠴᠠᠭ᠄
2015/2/6
     ᠮᠠᠨ ᠤ ᠬᠠᠵᠠᠭᠤ ᠲᠠᠯ᠎ᠠ ᠶᠢᠨ ᠲᠡᠯᠭᠡᠬᠦᠷ ᠤᠨ ᠡᠬᠦᠳᠡᠨ ᠳᠤ ︽ᠭᠠᠷᠮᠤᠨᠢ︾ ① ᠬᠦᠭᠵᠢᠮ ᠪᠠᠷᠢᠭᠰᠠᠨ ᠬᠠᠷᠠᠭ᠎ᠠ ᠦᠭᠡᠢ ᠬᠦᠮᠦᠨ ᠰᠠᠭᠤᠨ᠎ᠠ᠃ ᠦᠷᠬᠦᠯᠵᠢ ᠬᠦᠭᠵᠢᠮᠳᠡᠨ ᠲᠠᠭᠤᠯᠠᠨ᠎ᠠ᠃ ᠡᠮᠦᠨ᠎ᠠ ᠨᠢ ᠠᠮᠠ ᠶᠢ ᠨᠢ ᠲᠡᠯᠭᠡᠭᠰᠡᠨ ᠴᠦᠩᠬᠦ ᠬᠠᠷᠠᠬᠤ ᠲᠤᠭᠠᠯᠠᠩ ᠶᠠᠭᠤᠮ᠎ᠠ ᠬᠠᠶᠢᠷᠠᠯᠠ ᠬᠡᠵᠤ ᠬᠡᠯᠡᠵᠤ ᠪᠠᠶᠢᠬᠤ ᠰᠢᠭ᠋ ᠰᠠᠨᠠᠭᠳᠠᠨ᠎ᠠ᠃ ᠡᠪᠤᠯ  ᠤᠨ ᠬᠦᠢᠳᠡᠨ ᠡᠳᠦᠷ ᠴᠤ ᠡᠳᠦᠷᠵᠢᠨ ᠲᠠᠭᠤᠯᠠᠨ᠎ᠠ᠃ ᠤᠷᠤᠶᠢᠬᠠᠨ ᠲᠡᠰᠢ ᠪᠠᠨ ᠶᠠᠮᠠᠷ ᠠᠶᠠᠯᠭᠤ᠂ ᠶᠠᠮᠠᠷ ᠲᠠᠭᠤᠤ ᠪᠤᠯᠬᠤ ᠨᠢ ᠮᠡᠳᠡᠭᠳᠡᠬᠦ ᠦᠭᠡᠢ ᠨᠢᠭᠡᠨ ᠵᠦᠢᠯ ᠤᠨ ᠬᠢᠩᠰᠢᠯᠳᠠ ᠪᠤᠯᠵᠤ ᠬᠤᠪᠢᠷᠠᠨ᠎ᠠ᠃ ᠲᠡᠷᠨ ᠬᠠᠪᠢ ᠪᠠᠷ ᠶᠠᠪᠤᠬᠤ ᠬᠦᠮᠦᠰ ᠤᠨ ᠨᠢᠳᠤ ᠴᠢᠬᠢ ᠲᠠᠰᠴᠤ ᠦᠷᠦᠪᠳᠡᠬᠦ ᠪᠢᠳᠡᠭᠡᠢ ᠬᠡᠯᠨ ᠬᠠᠷᠠᠬᠤ ᠪᠠᠨ ᠪᠠᠶᠢᠬᠤ ᠪᠤᠯᠤᠯᠳᠠᠢ᠃ ᠲᠡᠬᠦᠨ ᠢ ᠲᠡᠷᠨ ᠲᠠᠩᠴᠢ ᠡᠰᠡ ᠮᠡᠳᠡᠷᠡᠨ ᠲᠠᠭᠤᠯᠠᠭᠰᠠᠭᠠᠷ ᠰᠠᠭᠤᠨ᠎ᠠ᠃ ᠨᠢᠳᠤ ᠪᠠᠨ ᠬᠠᠯᠬᠠᠯᠠᠭᠰᠠᠨ ᠰᠢᠯ ᠨᠢ ᠴᠠᠩᠳᠤᠵᠤ᠂ ᠪᠡᠭᠡᠷᠡᠭᠰᠡᠨ ᠬᠤᠷᠤᠭᠤ ᠨᠢ ᠶᠢᠷᠳᠢᠨᠴᠤ ᠶᠢᠨ ᠠᠵᠠ ᠵᠢᠷᠭᠠᠯ ᠤᠨ ᠭᠠᠭᠴᠠᠬᠠᠨ ᠡᠭᠡᠰᠢᠭ ᠢ ᠡᠷᠢᠬᠦ ᠮᠡᠳᠤ ᠲᠡᠮᠳᠡᠴᠢᠨ᠎ᠠ᠃ ᠲᠡᠷᠨ ᠬᠤᠯᠵᠢᠭᠰᠠᠨ ᠠᠶᠠᠯᠭᠤ ᠬᠠᠮᠢᠭ᠎ᠠ ᠠᠴᠠ ᠠᠮᠠᠷᠬᠠᠨ ᠤᠯᠳᠠᠬᠤ ᠠᠵᠠᠢ ᠳ᠋ᠠ᠃      ᠤᠪᠤᠭ᠎ᠠ ᠬᠡᠳᠦᠨ ᠵᠠᠳᠠᠭᠠᠢ ᠲᠦᠬᠦᠷᠢᠭ ᠴᠦᠩᠬᠦᠨ ᠳᠤ ᠤᠷᠤᠬᠤ ᠶᠢᠨ ᠠᠯᠳᠠ ᠳᠤ ᠲᠡᠨᠦᠮᠡᠯ ᠬᠡᠦᠭᠡᠳ ᠤᠳ ᠭᠠᠭᠴᠠᠬᠠᠨ ᠱᠤᠷ ᠭᠡᠳ ᠯᠡ ᠰᠢᠬᠦᠷᠦᠭᠡᠳ ᠠᠯᠠᠭ᠎ᠠ ᠪᠤᠯᠤᠨ᠎ᠠ᠃ ᠠᠯᠳᠠᠴᠢᠬᠠᠭᠰᠠᠨ ᠬᠤᠶᠢᠨ᠎ᠠ ᠯᠡ ᠰᠠᠶ᠋ᠢ ᠴᠦᠩᠬᠦᠨ  ᠤ ᠪᠠᠨ ᠠᠮᠠ ᠶᠢ ᠲᠡᠮᠳᠡᠴᠢᠨ ᠬᠠᠭᠠᠨ᠎ᠠ᠃ ᠪᠦᠬᠦᠢ ᠯᠡ ᠡᠳᠦᠷ ᠤᠨ ᠲᠠᠭᠤᠯᠠᠵᠤ ᠬᠦᠭᠵᠢᠮᠳᠡᠭᠰᠡᠨ ᠤ ᠬᠢᠨᠢ ᠦᠨ᠎ᠠ ᠲᠡᠷᠨ ᠪᠤᠯᠤᠨ᠎ᠠ᠃ ᠶᠠᠳᠠᠵᠤ ᠶᠠᠪᠤᠭ᠎ᠠ ᠪᠠᠨ᠂ ᠶᠠᠳᠠᠷᠠᠵᠤ ᠶᠠᠪᠤᠭ᠎ᠠ ᠨᠢ ᠬᠦᠷᠳᠡᠯ᠎ᠠ ᠬᠠᠶᠢᠷᠠᠯᠠᠬᠤ ᠦᠭᠡᠢ ᠶᠠᠮᠠᠷ ᠭᠡᠭᠴᠢ  ᠶᠢᠨ ᠴᠠᠭ ᠦᠶ᠎ᠠ ᠪᠤᠢ ᠴᠤ ᠬᠡᠵᠤ ᠪᠤᠳᠤᠭᠳᠠᠨ᠎ᠠ᠃ ᠡᠨᠡ ᠶᠢ ᠮᠠᠷᠳᠠᠶ᠎ᠠ᠃ ᠪᠦᠷ ᠶᠡᠭᠡ ᠰᠡᠳᠬᠢᠯ ᠤᠨ ᠲᠡᠩᠭᠡᠭᠡ ᠭᠠᠷᠭᠠᠵᠤ ᠮᠠᠷᠳᠠᠶ᠎ᠠ ᠬᠡᠵᠤ ᠪᠤᠳᠤᠶ᠎ᠠ᠃ ᠨᠡᠯᠢᠶᠡᠳ ᠲᠡᠭᠵᠢᠨ ᠬᠤᠶᠠᠷ ᠵᠠᠯᠠᠭᠤ ᠲᠡᠷᠭᠡᠳᠡᠭᠦᠷ ᠨᠢ ᠦᠩᠭᠡᠷᠡᠬᠦ ᠭᠡᠰᠡᠨ  ᠢᠶᠠᠨ ᠠᠵᠠᠨᠠᠨ ᠬᠤᠶᠠᠷ ᠬᠠᠯᠠᠭᠠᠰᠤᠨ ᠠᠴᠠ ᠪᠠᠨ ᠪᠠᠭᠠᠬᠠᠨ ᠬᠤᠭ ᠴᠠᠭᠠᠰᠤ᠂ ᠭᠤᠤᠯ ᠢᠶᠠᠷ ᠨᠢ ᠬᠤᠪᠢᠶᠠᠭᠰᠠᠨ ᠰᠤᠷᠤᠭᠴᠢ ᠲᠡᠪᠳᠡᠷ ᠭᠠᠷᠭᠠᠵᠤ ᠢᠷᠡᠭᠰᠡᠨ ᠢᠶᠠᠨ ᠪᠠᠵᠠᠨ ᠴᠦᠩᠬᠦ ᠤᠷᠤᠭᠤ ᠨᠢ ᠱᠠᠷ ᠬᠢᠳᠡᠯ᠎ᠠ ᠰᠢᠳᠡᠭᠡᠳ ᠪᠠᠭ᠋ᠠᠳᠠᠢ ᠢᠨᠢᠶᠡᠯᠳᠦᠨ ᠤᠳᠤᠬᠤ ᠳᠤ ᠦᠨᠦᠬᠢ ᠬᠦᠭᠡᠷᠦᠬᠦᠢ ᠬᠠᠷᠠᠭ᠎ᠠ ᠦᠭᠡᠢ ᠬᠦᠭᠵᠢᠮᠴᠢᠨ ᠲᠠᠭᠤᠯᠠᠵᠤ ᠪᠠᠶᠢᠭᠰᠠᠨ ᠢᠶᠠᠨ ᠲᠠᠭᠤ ᠪᠠᠨ ᠲᠠᠰᠤᠳᠠᠨ ᠁ ᠮᠢᠨᠤ ᠬᠡᠦᠭᠡᠳ ᠤᠳ ᠤᠷᠳᠤ ᠨᠠᠰᠤᠯᠠᠵᠤ ᠶᠠᠪᠤᠭᠠᠷᠠᠢ ᠬᠡᠵᠤ ᠬᠤᠶᠢᠨ᠎ᠠ ᠠᠴᠠ ᠨᠢ ᠴᠢᠩᠭ᠎ᠠ ᠭᠡᠭᠴᠢ ᠨᠢ ᠪᠠᠭᠳᠠᠵᠤ ᠶᠠᠳᠠᠳᠠᠯ᠎ᠠ ᠪᠠᠨ ᠪᠠᠶᠠᠷᠯᠠᠨ ᠬᠡᠯᠡᠵᠤ ᠪᠢᠯᠨ᠃          ᠲᠠᠶᠢᠯᠪᠤᠷᠢ᠄      ① ᠭᠠᠷᠮᠤᠨᠢ — ᠠᠮᠠᠨ ᠬᠤᠭᠤᠷ᠃                                                 ︵www.biirbeh.mn ᠠᠴᠠ ᠬᠦᠷᠪᠡᠬᠦᠯᠪᠡ︶
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号