ᠲᠠᠷᠬᠠᠬᠠᠭᠤᠯᠠ ᠰᠤᠮᠤᠨ ᠤ ᠤᠯᠢᠶᠠᠰᠤᠳᠠᠢ ᠭᠠᠴᠠᠭᠠᠨ ᠤ ᠮᠠᠯ ᠤᠨ ᠰᠢᠨ᠎ᠡ ᠶᠢᠨ ᠨᠡᠶᠢᠷ ᠠᠮᠵᠢᠯᠳᠠᠳᠠᠢ ᠶᠠᠪᠤᠭᠳᠠᠯ᠎ᠠ
ᠨᠡᠶᠢᠲᠡᠯᠡᠭᠰᠡᠨ ᠴᠠᠭ᠄
2015/2/28
       2 ᠰᠠᠷ᠎ᠡ ᠶᠢᠨ 26᠎ ᠤ ᠡᠳᠦᠷ᠂ ᠬᠡᠰᠢᠭᠳᠡᠨ ᠬᠤᠰᠢᠭᠤᠨ ᠤ ᠲᠠᠷᠬᠠᠡᠡᠭᠤᠯᠠ ᠰᠤᠮᠤᠨ ᠤ ᠤᠯᠢᠶᠠᠰᠤᠳᠠᠢ ᠭᠠᠴᠠᠭ᠎ᠠ ᠨᠢ ᠠᠩᠬᠠᠳᠤᠭᠠᠷ ᠤᠳᠠᠭᠠᠨ ᠤ ᠮᠠᠯ ᠤᠨ ᠰᠢᠨ᠎ᠡ ᠶᠢᠨ ᠨᠡᠶᠢᠷ ᠢᠶᠠᠨ ᠦᠪᠡᠳᠡᠭᠰᠢ ᠶᠡᠬᠡᠪᠡᠷ ᠡᠷᠬᠢᠯᠡᠨ ᠶᠠᠪᠤᠬᠳᠠᠭᠤᠯᠵᠡᠢ᠃ ᠲᠤᠰ ᠤᠳᠠᠭᠠᠨ ᠤ ᠮᠠᠯ ᠤᠨ ᠰᠢᠨ᠎ᠡ ᠶᠢᠨ ᠨᠡᠶᠢᠷ ᠶᠢ ᠤᠯᠢᠶᠠᠰᠤᠳᠠᠢ ᠭᠠᠴᠠᠭᠠᠨ ᠠᠴᠠ ᠠᠩᠬᠠᠳᠤᠭᠠᠷ ᠤᠳᠠᠭ᠎ᠠ ᠵᠤᠬᠢᠶᠠᠨ ᠪᠠᠶᠢᠭᠤᠯᠤᠨ ᠡᠷᠬᠢᠯᠡᠵᠤ ᠶᠠᠪᠤᠭᠳᠠᠭᠤᠯᠵᠤ ᠪᠠᠶᠢᠭ᠎ᠠ ᠶᠤᠮ᠃       ᠨᠡᠶᠢᠷ ᠲᠤ᠂ ᠤᠯᠢᠶᠡᠰᠤᠳᠠᠢ ᠭᠠᠴᠠᠭ᠎ᠠ ᠪᠤᠯᠤᠨ ᠤᠢᠢᠷ᠎ᠡ ᠬᠠᠪᠢ ᠶᠢᠨ ᠭᠠᠴᠠᠭᠠᠨ ᠤ ᠮᠠᠯᠴᠢᠳ ᠬᠠᠯᠠᠭᠤᠨ ᠬᠤᠰᠢᠭᠤᠳᠤ ᠮᠠᠯ ᠲᠠᠢ ᠪᠠᠨ ᠬᠦᠷᠦᠯᠴᠡᠨ ᠢᠷᠡᠵᠦ᠂ ᠤᠯᠠᠮᠵᠢᠯᠠᠯᠳᠤ ᠮᠠᠯ ᠰᠢᠨᠡᠯᠡᠬᠦᠯᠬᠦ ᠶᠤᠰᠤᠨ ᠢᠶᠠᠨ ᠰᠡᠷᠬᠦᠬᠡᠨ᠂ ᠬᠤᠳᠠᠯᠠᠭᠠᠷ ᠤᠯᠠᠨ ᠮᠠᠯᠴᠢᠳ ᠲᠠᠪᠤᠨ ᠬᠤᠰᠢᠭᠤ ᠮᠠᠯ ᠤᠨ ᠢᠶᠠᠨ ᠦᠬᠡᠳᠡ ᠲᠠᠢ ᠦᠩᠬᠡ ᠲᠠᠢ᠂ ᠦᠶᠦᠭ ᠲᠡᠩᠰᠤᠭ ᠦᠰᠦᠨ ᠲᠦᠯᠵᠢᠬᠦ ᠶᠢ ᠪᠡᠯᠭᠡᠰᠢᠶᠡᠵᠤ᠂ ᠲᠡᠨᠵᠢ ᠬᠤᠳᠦ᠋ᠢᠯᠭᠠᠬᠰᠡᠨ ᠬᠦᠮᠦᠨ ᠮᠠᠯ ᠤᠨ ᠨᠢᠵᠢᠬᠢᠷ ᠨᠠᠶᠢᠷ ᠪᠤᠯᠤᠬᠰᠡᠨ ᠪᠠᠶᠢᠨ᠎ᠡ᠃       ᠨᠡᠶᠢᠷ ᠤᠨ ᠡᠬᠢᠨ ᠳᠤ᠂ ᠮᠠᠯᠴᠢᠳ ᠬᠠᠷᠢᠯᠴᠠᠨ ᠮᠠᠨᠳᠤ ᠰᠠᠶᠢᠨ ᠠᠰᠠᠭᠤᠯᠴᠡᠨ ᠰᠢᠨ᠎ᠡ ᠶᠢᠨ ᠵᠤᠯᠭᠠᠯᠳᠠ ᠬᠢᠵᠦ᠂ ᠨᠡᠶᠢᠷ ᠤᠨ ᠲᠡᠯᠡᠪᠡᠢ ᠬᠤᠷᠤᠮᠬᠠᠨ ᠵᠠᠭᠤᠷ᠎ᠡ ᠬᠦᠷ ᠬᠦᠭᠵᠢᠶᠡᠨ ᠢᠶᠠᠷ ᠪᠢᠯᠬᠠᠯ᠎ᠠ᠃       ᠲᠤᠬᠢᠭᠤᠷ ᠲᠤᠯᠤᠭᠠᠨ ᠤᠳᠤ ᠶᠢ ᠲᠡᠭᠷᠢ ᠶᠢᠨ ᠲᠤᠯᠤᠭᠠᠨ ᠪᠤᠷᠬᠠᠨ ᠬᠡᠮᠡᠨ ᠰᠢᠳᠤᠳᠡᠭ ᠮᠠᠯᠴᠢᠳ ᠲᠤᠯᠤᠭᠠᠨ ᠲᠤᠭᠤᠭ᠎ᠠ ᠡᠩᠨᠡᠬᠦᠯᠦᠨ ᠲᠡᠯᠪᠢᠵᠦ᠂ ᠠᠮᠤᠰᠤ᠂ ᠮᠢᠬ᠎ᠠ᠂ ᠪᠠᠩᠰᠢ᠂ ᠪᠤᠤᠰᠠ ᠶᠢ ᠲᠤᠭᠤᠭᠠᠨ ᠳᠠᠭᠠᠨ ᠪᠤᠯᠭᠤᠵᠤ᠂ ᠲᠤᠯᠤᠭᠠᠨ ᠲᠤᠭᠤᠭᠠᠨ ᠤ ᠪᠠᠨ ᠤᠳᠤᠭ᠎ᠠ ᠪᠠᠷ ᠡᠴᠢᠬᠡ ᠮᠠᠯ ᠢ ᠠᠷᠢᠭᠤᠯᠤᠨ ᠤᠳᠤᠵᠦ᠂ ᠲᠤᠭᠤᠭᠠᠨ ᠳᠠᠬᠢ ᠪᠤᠳᠠᠭᠠᠨ ᠤ ᠲᠡᠭᠡᠵᠢ ᠶᠢ ᠨᠢ ᠮᠠᠯᠴᠢᠳ ᠬᠠᠷᠢᠯᠴᠡᠨ ᠬᠤᠪᠢᠶᠡᠵᠦ ᠬᠡᠷ ᠲᠡᠭᠡᠨ ᠠᠪᠠᠴᠢᠨ ᠰᠦᠷᠦᠭ ᠮᠠᠯ ᠢᠶᠠᠨ ᠮᠢᠯᠢᠶᠡᠨ ᠰᠢᠨᠡᠯᠡᠬᠦᠯᠵᠦ᠂ ᠮᠠᠯ ᠰᠦᠷᠦᠭ ᠤᠨ ᠢᠶᠠᠨ ᠤᠨᠳᠤᠷᠤᠯ ᠰᠠᠶᠢᠳᠠᠢ ᠪᠠᠶᠢᠬᠤ ᠶᠢ ᠪᠡᠯᠬᠡᠳᠡᠳᠡᠭ᠃ ᠦᠯᠡᠳᠡᠭᠰᠡᠨ ᠢ ᠨᠢ ᠮᠠᠯᠴᠢᠳ ᠬᠤᠪᠢᠶᠠᠯᠴᠠᠨ ᠵᠤᠭᠤᠭᠯᠠᠳᠠᠭ᠃ ᠮᠠᠯᠴᠢᠳ ᠡᠬᠦᠯᠳᠡᠷ ᠰᠠᠶᠢᠳᠠᠢ ᠲᠦᠷᠦᠬᠦᠦ ᠮᠠᠯ ᠢᠶᠠᠨ ᠤᠩᠭᠤᠯᠠᠨ ᠵᠠᠩᠬᠢᠶ᠎ᠠ ᠪᠦᠴᠡ ᠵᠡᠬᠦᠯᠬᠡᠵᠦ᠂ ᠴᠠᠭᠠᠨ ᠢᠳᠡᠭᠡ ᠪᠠᠷ ᠮᠢᠯᠢᠶᠡᠨ ᠢᠷᠦᠬᠡᠵᠤ᠂ ᠲᠠᠪᠤᠨ ᠬᠤᠰᠢᠭᠤ ᠮᠠᠯ ᠤᠨ ᠦᠨᠢᠷ ᠦᠰᠬᠦ ᠶᠢ ᠲᠠᠭᠠᠳᠬᠠᠨ ᠵᠦᠩᠨᠡᠭᠰᠡᠨ ᠪᠠᠶᠢᠨ᠎ᠠ᠃       ᠲᠤᠰ ᠨᠡᠶᠢᠷ ᠨᠢ ᠪᠠᠰᠠ ᠪᠦᠬᠡ ᠪᠠᠷᠢᠯᠳᠤᠬᠤ᠂ ᠮᠤᠷᠢ ᠤᠷᠤᠯᠳᠤᠬᠤ᠂ ᠲᠡᠬᠡᠰᠤ ᠲᠡᠳᠡᠬᠤ ᠤᠷᠤᠯᠳᠤᠭᠠᠨ ᠵᠡᠷᠬᠡ ᠤᠯᠠᠨ ᠰᠠᠶᠢᠬᠠᠨ ᠠᠭᠤᠯᠭ᠎ᠠ ᠪᠠᠷ ᠶᠠᠪᠤᠬᠳᠠᠵᠦ᠂ ᠮᠠᠯ ᠤᠨ ᠰᠢᠨ᠎ᠡ ᠳᠤ ᠬᠦᠭ ᠨᠡᠮᠡᠷᠢᠯᠡᠵᠡᠢ᠃ 
 
ᠢᠷᠡᠯᠲᠡ᠄ ᠤᠯᠠᠭᠠᠨ ᠬᠠᠳᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号