| ᠲᠠ ᠪᠢᠳᠡᠨ ᠤ ᠡᠪᠦᠭᠡ ᠳᠡᠭᠡᠳᠦᠰ ᠴᠠᠭ ᠴᠢᠮ᠎ᠠ ᠶᠢ ᠬᠦᠯᠢᠶᠡᠬᠦ ᠦᠭᠡᠢ᠂ ᠨᠠᠷᠠ ᠨᠠᠮ᠎ᠠ ᠶᠢ | ᠬᠦᠯᠢᠶᠡᠬᠦ ᠦᠭᠡᠢ ᠭᠡᠵᠦ ᠰᠤᠷᠭᠠᠮᠵᠢᠯᠠᠨ ᠵᠠᠬᠢᠭᠰᠠᠨ᠃ ᠡᠨᠡ ᠰᠤᠷᠭᠠᠯ ᠦᠭᠡ ᠴᠠᠭ ᠤᠨ ᠶᠠᠭᠤᠮ᠎ᠠ ᠶᠢ ᠴᠠᠭ ᠲᠤᠨᠢ | ᠠᠮᠵᠢᠭᠤᠯ ᠭᠡᠰᠡᠨ ᠤᠳᠬ᠎ᠠ ᠶᠢ ᠠᠭᠤᠯᠬᠤ ᠶᠢᠨ ᠬᠠᠮᠲᠤ ᠴᠠᠭ ᠵᠠᠪ ᠢᠶᠠᠨ ᠳᠡᠮᠡᠢ ᠶᠠᠭᠤᠮᠠᠨ ᠳᠤ ᠪᠤᠤ ᠦᠷ᠎ᠡ ᠭᠡᠰᠡᠨ | ᠰᠠᠨᠠᠭ᠎ᠠ ᠶᠢ ᠳᠠᠪᠬᠤᠷ ᠢᠯᠡᠷᠬᠡᠶᠢᠯᠡᠭᠰᠡᠨ ᠬᠦᠨ ᠤᠳᠬ᠎ᠠ ᠲᠠᠢ᠃ ︽ᠮᠦᠩᠭᠦ ᠦᠨ᠎ᠡ ᠲᠠᠢ᠂ ᠬᠦᠮᠦᠨ ᠤ ᠠᠮᠢᠳᠤᠷᠠᠯ | ᠲᠡᠭᠦᠨ ᠠᠴᠠ ᠦᠨ᠎ᠡ ᠲᠠᠢ ᠴᠦ ᠴᠠᠭ ᠬᠤᠭᠤᠴᠠᠭ᠎ᠠ ᠪᠦᠬᠦᠨ ᠠᠴᠠ ᠦᠨ᠎ᠡ ᠲᠠᠢ︾ ︵ᠠ᠊ · ᠸ᠊ · | ᠰᠦᠸᠤᠷᠤᠸ᠋︶ ᠭᠡᠰᠡᠨ ᠡᠰᠢᠯᠡᠯ ᠢ ᠦᠭᠦᠯᠡᠵᠦ ᠪᠠᠶᠢᠭᠰᠠᠨ ᠢᠶᠠᠨ ᠳᠠᠪᠲᠠᠨ ᠬᠡᠯᠡᠵᠦ ᠪᠠᠶᠢᠨ᠎ᠠ᠃ ᠴᠠᠭ ᠬᠤᠭᠤᠴᠠᠭ᠎ᠠ | ᠪᠦᠬᠦ ᠵᠦᠢᠯ ᠠᠴᠠ ᠬᠠᠮᠤᠭ ᠤᠨ ᠦᠨ᠎ᠡ ᠲᠠᠢ ᠨᠢ ᠭᠡᠳᠡᠭ ᠢ ᠴᠠᠭ ᠨᠠᠷᠠ ᠲᠠᠢ ᠤᠷᠤᠯᠳᠤᠨ ᠪᠦᠳᠦᠭᠡᠵᠦ᠂ | ᠲᠤᠭᠤᠷᠪᠢᠳᠠᠭ ᠬᠦᠮᠦᠨ ᠪᠤᠰᠤᠳ ᠠᠴᠠ ᠢᠯᠡᠭᠦᠦ ᠤᠶᠢᠯᠠᠭᠠᠨ ᠬᠡᠷᠡᠭᠵᠢᠬᠦᠯᠦᠨ᠎ᠡ᠃ ︽ᠬᠡᠷᠪᠡ ᠴᠠᠭ ᠬᠤᠭᠤᠴᠠᠭ᠎ᠠ | ᠬᠠᠮᠤᠭ ᠤᠨ ᠦᠨ᠎ᠡ ᠲᠠᠢ ᠵᠦᠢᠯ ᠶᠤᠮ ᠪᠤᠯ ᠴᠠᠭ ᠢ ᠭᠠᠷᠤᠵᠠᠳᠠᠬᠤ ᠨᠢ ᠬᠠᠮᠤᠭ ᠤᠨ ᠲᠤᠮᠤ ᠦᠷᠡᠯᠭᠡ ᠮᠦᠨ︾ ︵ | ᠪ᠊᠂ ᠹᠷᠠᠩᠺᠯᠢᠨ︶᠃ ᠬᠠᠷᠠᠮᠰᠠᠯᠳᠠᠢ ᠨᠢ ᠶᠡᠬᠡᠩᠬᠢ ᠬᠦᠮᠦᠰ ︽ᠬᠠᠮᠤᠭ ᠤᠨ ᠲᠤᠮᠤ ᠦᠷᠡᠯᠭᠡ︾ ᠶᠢᠨ ᠡᠵᠡᠳ | ᠪᠠᠶᠢᠳᠠᠭ᠃ ᠬᠦᠮᠦᠨ ᠮᠦᠩᠭᠦ ᠪᠠᠨ ᠲᠠᠮᠡᠢ ᠶᠠᠭᠤᠮᠠᠨ ᠳᠤ ᠦᠷᠡᠴᠢᠬᠡᠪᠡᠯ ᠬᠠᠷᠠᠮᠰᠠᠳᠠᠭ᠃ ᠲᠡᠭᠡᠭᠰᠡᠨ ᠮᠦᠷᠳᠡᠯ᠎ᠡ ᠪᠠᠨ | ᠪᠦᠬᠦᠨ ᠠᠴᠠ ᠦᠨ᠎ᠡ ᠲᠠᠢ ᠠᠯᠳᠠᠨ ᠴᠠᠭ ᠢ ᠲᠡᠮᠡᠢ ᠦᠷᠡᠵᠦ ᠭᠠᠷᠤᠵᠠᠳᠠᠵᠦ ᠪᠠᠶᠢᠨ᠎ᠠ ᠭᠡᠳᠡᠭ ᠲᠡᠭᠡᠨ ᠲᠡᠷᠡ ᠪᠤᠯᠭᠠᠨ | ᠬᠠᠷᠠᠮᠰᠠᠳᠠᠭ ᠦᠬᠡᠢ᠃ | ᠬᠦᠮᠦᠨ ᠮᠦᠩᠭᠦ ᠲᠠᠢ᠂ ᠮᠦᠩᠭᠦ ᠦᠬᠡᠢ᠂ ᠶᠡᠭᠡ ᠮᠦᠩᠭᠦ ᠲᠠᠢ᠂ ᠪᠠᠭ᠎ᠠ ᠮᠦᠩᠭᠦ ᠲᠠᠢ ᠶᠠᠩᠵᠦ | ᠪᠦᠷᠢ᠃ ᠬᠠᠷᠢᠨ ᠲᠡᠭᠷᠢ ᠪᠤᠷᠬᠠᠨ ᠬᠦᠮᠦᠨ ᠪᠦᠬᠦᠨ ᠳᠤ ᠢᠵᠢᠯ ᠲᠡᠭᠰᠢ ᠬᠠᠶᠢᠷᠠᠯᠠᠭᠰᠠᠨ᠂ ᠮᠦᠩᠭᠦᠨ ᠠᠴᠠ ᠬᠠᠪᠢ | ᠦᠬᠡᠢ ᠦᠨᠡᠳᠦ ᠪᠠᠶᠠᠯᠢᠭ ᠪᠤᠯ ︽ᠴᠠᠭ︾᠃ ᠴᠠᠭ ᠤᠨ ᠦᠨᠡᠯᠡᠮᠵᠢ ᠬᠦᠮᠦᠨ ᠪᠦᠷᠢ ᠳᠤ ᠦᠬᠡᠷ᠎ᠡ ᠦᠬᠡᠷ᠎ᠡ᠃ ᠨᠢᠭᠡ | ᠬᠡᠰᠡᠭ ᠨᠢ ᠴᠠᠭ ᠢ ᠨᠢᠳᠦᠨ ᠤ ᠴᠡᠴᠡᠭᠡᠢ ᠮᠡᠳᠦ ᠬᠠᠶᠢᠷᠠᠯᠠᠳᠠᠭ ᠦᠨᠡᠳᠦ ᠡᠷᠳᠡᠨᠢᠰ ᠤᠨ ᠢᠶᠠᠨ ᠮᠠᠩᠨᠠᠢ ᠳᠤ ᠵᠠᠯᠠᠵᠦ | ᠲᠡᠭᠡᠳᠦᠯᠡᠨᠡ᠃ ᠨᠦᠬᠦᠬᠡ ᠬᠡᠰᠡᠭ ᠨᠢ ᠴᠠᠭ ᠵᠠᠪ ᠦᠬᠡᠢ ᠭᠡᠵᠦ ᠦᠬᠦᠯᠡᠨ᠎ᠡ᠃ ᠵᠠᠷᠢᠮ ᠨᠢ ᠴᠠᠭ ᠨᠦᠭᠴᠢᠭᠡᠬᠦ ᠭᠡᠵᠦ | ᠵᠤᠪᠠᠨ᠎ᠠ᠃ ᠴᠠᠭ ᠢ ᠱᠠᠯ ᠲᠡᠮᠡᠢ ᠵᠦᠢᠯ ᠢᠶᠠᠷ ᠤᠷᠤᠯᠳᠤᠨ ᠦᠩᠭᠡᠷᠡᠭᠡᠳᠡᠭ ᠬᠦᠮᠦᠨ ᠴᠦᠬᠡᠨ ᠦᠬᠡᠢ᠃ ᠴᠠᠭ | ᠬᠤᠭᠤᠴᠠᠭ᠎ᠠ ᠬᠤᠷᠳᠤᠨ ᠦᠩᠭᠡᠷᠡᠭᠡᠰᠠᠢ ᠭᠡᠵᠦ ᠬᠦᠯᠢᠶᠡᠭᠰᠡᠨ ᠬᠦᠮᠦᠨ ᠳᠤ ᠴᠠᠭ ᠬᠡᠴᠢᠨᠡᠨ ᠤᠳᠠᠭᠠᠨ ᠦᠩᠭᠡᠷᠡᠨ᠎ᠡ | ᠭᠡᠭᠴᠢ᠃ ᠵᠢᠭᠠᠬᠠᠨ ᠤᠳᠠᠭᠠᠳ ᠦᠭᠭᠦᠭᠡᠰᠠᠢ ᠭᠡᠵᠦ ᠬᠦᠰᠡᠭᠰᠡᠨ ᠬᠦᠮᠦᠨ ᠳᠤ ᠴᠠᠭ ᠬᠤᠭᠤᠴᠠᠭ᠎ᠠ ᠬᠠᠷᠪᠤᠭᠰᠠᠨ | ᠰᠤᠮᠤ ᠰᠢᠭ᠋ ᠯᠠ ᠦᠩᠭᠡᠷᠡᠨ᠎ᠡ᠃ ︽ᠲᠤᠮᠳᠠᠴᠢ ᠬᠦᠮᠦᠰ ᠴᠠᠭ ᠢ ᠶᠠᠭᠠᠬᠢᠵᠦ ᠦᠷᠡᠬᠦ ᠶᠢ ᠪᠤᠳᠤᠵᠦ ᠪᠠᠶᠢᠳᠠᠭ ᠪᠤᠯ | ᠠᠪᠢᠶᠠᠰᠤᠯᠢᠭ ᠬᠦᠮᠦᠰ ᠲᠡᠭᠦᠨ ᠢ ᠶᠠᠭᠠᠬᠢᠵᠦ ᠵᠦᠪ ᠠᠰᠢᠭᠯᠠᠬᠤ ᠶᠢ ᠪᠤᠳᠤᠵᠦ ᠪᠠᠶᠢᠳᠠᠭ︾ ︵ᠨᠠ᠊᠂ ᠰᠤᠫᠧᠨᠠᠭᠠᠸᠧᠷ︶ | ᠭᠡᠵᠦ ᠬᠡᠯᠡᠭᠰᠡᠨ ᠭᠦᠨ ᠤᠬᠠᠭᠠᠨᠳᠠᠨ ᠤ ᠦᠬᠡ ᠲᠠᠢ ᠰᠠᠨᠠᠯ ᠨᠡᠶᠢᠯᠡᠬᠦ ᠦᠬᠡᠢ ᠪᠠᠶᠢᠬᠤ ᠶᠢᠨ ᠠᠷᠭ᠎ᠠ ᠦᠬᠡᠢ᠃ | ᠤᠬᠠᠭᠠᠨᠳᠤ ᠵᠠᠯᠠᠭᠤᠰ ᠲᠠ ᠨᠠᠷ ᠴᠠᠭ ᠢ ᠶᠠᠭᠠᠬᠢᠵᠦ ᠵᠦᠪ ᠠᠰᠢᠭᠯᠠᠬᠤ ᠶᠢ ᠪᠤᠳᠤᠵᠦ ᠪᠠᠶᠢᠳᠠᠭ ᠬᠦᠮᠦᠰ ᠪᠠᠶᠢᠭᠠᠰᠠᠢ | ᠭᠡᠵᠦ ᠬᠦᠰᠡᠨ᠎ᠡ᠃ ᠵᠦᠪᠬᠡᠨ ᠪᠤᠳᠤᠭᠠᠳ ᠰᠠᠭᠤᠭᠠᠳ ᠪᠠᠶᠢᠬᠤ ᠪᠢᠰᠢ ᠴᠠᠭ ᠠᠯᠳᠠᠯ ᠦᠬᠡᠢ ᠬᠡᠷᠡᠭᠵᠢᠭᠦᠯᠳᠡᠭ | ᠪᠤᠯᠤᠭᠠᠰᠠᠢ ᠭᠡᠵᠦ ᠪᠦᠷ ᠶᠡᠭᠡ ᠬᠦᠰᠡᠵᠦ ᠪᠠᠶᠢᠨ᠎ᠠ᠃ ︽ᠬᠡᠷᠪᠡ ᠰᠠᠶᠢᠨ ᠯᠠ ᠠᠰᠢᠭᠯᠠᠵᠦ ᠴᠢᠳᠠᠪᠠᠯ ᠴᠠᠭ ᠢᠮᠠᠭᠳᠠ | ᠬᠠᠩᠭᠠᠯᠳᠠᠳᠠᠢ ᠤᠯᠳᠠᠳᠠᠭ︾ ︵ᠢ᠊᠂ ᠭᠶᠤᠲ︶ ᠶᠤᠮ᠃ ᠴᠠᠭ ᠢ ᠰᠠᠶᠢᠨ ᠠᠰᠢᠭᠯᠠᠬᠤ ᠬᠤᠤᠰ ᠦᠬᠡᠢ ᠡᠷᠳᠡᠮ ᠳᠤ | ᠰᠢᠮᠳᠡᠨ ᠰᠤᠷᠤᠯᠴᠠᠬᠤ ᠬᠡᠷᠡᠭᠳᠠᠢ᠃ ︽ᠴᠠᠭ ᠢ ᠦᠷᠡᠯᠭᠡᠨ ᠦᠩᠭᠡᠷᠡᠭᠡᠬᠦ ᠨᠢ ᠪᠦᠬᠦᠨ ᠠᠴᠠ ᠮᠠᠭᠤ ᠬᠡᠷᠡᠭ︾ ︵ᠴ᠊᠂ | ᠺᠠᠨᠲ᠋ᠤ᠋︶ ᠭᠡᠳᠡᠭ ᠢ ᠵᠢᠷᠦᠬᠡᠨ ᠳᠤ ᠪᠠᠨ ᠮᠡᠳᠡᠷᠡᠵᠦ᠂ ᠴᠢᠮᠦᠭᠡᠨ ᠳᠤ ᠪᠠᠨ ᠰᠢᠩᠭᠡᠭᠡᠵᠦ ᠠᠪᠤᠭᠰᠠᠨ ᠬᠦᠮᠦᠨ ᠴᠠᠭ ᠢ | ᠦᠷ᠎ᠡ ᠠᠰᠢᠭᠳᠠᠢ ᠦᠩᠭᠡᠷᠡᠭᠡᠳᠡᠭ ᠪᠤᠯᠤᠨ᠎ᠠ᠃ | ︽ᠡᠷᠭᠢᠭᠡᠳ ᠰᠠᠶᠢᠨ ᠬᠠᠷᠠᠬᠤ ᠶᠤᠮ ᠪᠤᠯ ᠠᠮᠢᠳᠤᠷᠠᠯ ᠤᠨ ᠶᠡᠬᠡᠩᠬᠢ ᠬᠡᠰᠡᠭ ᠨᠢ ᠪᠠᠯᠠᠷ ᠲᠡᠨᠡᠭ | ᠶᠠᠪᠤᠳᠠᠯ ᠳᠤ ᠦᠷᠡᠭᠳᠡᠭᠰᠡᠨ ᠪᠠᠶᠢᠳᠠᠭ᠃ ᠮᠦᠨ ᠪᠠᠭ᠎ᠠ ᠦᠬᠡᠢ ᠬᠡᠰᠡᠭ ᠨᠢ ᠬᠢᠬᠦ ᠶᠠᠭᠤᠮ᠎ᠠ ᠦᠬᠡᠢ ᠰᠠᠭᠤᠬᠤ ᠳᠤ | ᠵᠤᠷᠢᠭᠤᠯᠤᠭᠳᠠᠵᠦ᠂ ᠠᠮᠢᠳᠤᠷᠠᠯ ᠪᠦᠬᠦᠯᠢ ᠳᠤ ᠪᠠᠨ ᠬᠠᠮᠤᠭ ᠤᠨ ᠬᠡᠷᠡᠭᠳᠠᠢ ᠲᠡᠷᠡ ᠵᠦᠢᠯ ᠳᠤ ᠪᠠᠨ ᠶᠡᠷᠦ ᠠᠴᠠ | ᠵᠠᠷᠤᠴᠠᠯᠠᠭᠳᠠᠭᠠ ᠦᠬᠡᠢ ᠪᠠᠶᠢᠳᠠᠭ︾ ︵ᠰᠧᠨᠧᠺ︶ ᠭᠡᠵᠦ ᠡᠷᠳᠡᠨ ᠤ ᠷᠤᠮᠠ ᠶᠢᠨ ᠤᠬᠠᠭᠠᠨᠳᠠᠨ ᠤᠤᠯᠭ᠎ᠠ ᠠᠯᠳᠠᠨ | ᠬᠠᠷᠠᠮᠰᠠᠵᠠᠢ᠃ ᠬᠠᠮᠤᠭ ᠤᠨ ᠬᠡᠷᠡᠭᠳᠠᠢ ᠲᠡᠷᠡ ᠵᠦᠢᠯ ᠳᠤ ᠪᠠᠨ ᠠᠮᠢᠳᠤᠷᠠᠯ ᠢᠶᠠᠨ ᠵᠤᠷᠢᠭᠤᠯᠬᠤ ᠶᠢᠨ ᠲᠤᠯᠠᠳᠠ ᠴᠠᠭ ᠢ | ᠵᠦᠪ ᠠᠰᠢᠭᠯᠠᠵᠦ ᠰᠤᠷᠬᠤ ᠱᠠᠭᠠᠷᠳᠠᠯᠭ᠎ᠠ ᠲᠠᠢ᠃ ᠲᠡᠭᠡᠵᠦ ᠪᠠᠶᠢᠵᠦ ᠠᠮᠢᠳᠤᠷᠠᠯ ᠤᠨ ᠶᠡᠬᠡᠩᠬᠢ ᠬᠡᠰᠡᠭ ᠢ ᠪᠠᠯᠠᠷ | ᠲᠡᠨᠡᠭ ᠶᠠᠪᠤᠳᠠᠯ ᠳᠤ ᠦᠷᠡᠬᠦ ᠦᠬᠡᠢ᠃ ᠴᠠᠭ ᠢ ᠦᠷ᠎ᠡ ᠠᠰᠢᠭ ᠦᠬᠡᠢ ᠨᠦᠭᠴᠢᠭᠡᠵᠦ ᠪᠠᠶᠢᠭ᠎ᠠ ᠬᠦᠮᠦᠨ ᠱᠦᠭᠦᠷᠤᠨ | ᠰᠢᠨᠠᠭ᠎ᠠ ᠪᠠᠷ ᠤᠰᠤ ᠬᠤᠳᠬᠤᠵᠦ ᠰᠠᠭᠤᠭ᠎ᠠ ᠬᠦᠮᠦᠨ ᠲᠠᠢ ᠯᠠ ᠠᠳᠠᠯᠢ᠃ ᠶᠠᠭᠤ ᠴᠤ ᠬᠢᠬᠦ ᠦᠬᠡᠢ ᠵᠦᠭᠡᠷ | ᠰᠠᠭᠤᠬᠤ ᠶᠤᠮ ᠤᠤ ᠬᠡᠪᠳᠡᠵᠦ ᠯᠠ ᠪᠠᠶᠢᠪᠠᠯ ᠠᠵᠠ ᠵᠢᠷᠭᠠᠯ ᠭᠡᠵᠦ ᠦᠵᠡᠬᠦ ᠨᠢ ᠮᠤᠩᠬᠠᠭ ᠬᠦᠮᠦᠨ ᠤ ᠦᠢᠯᠡᠳᠦᠯ᠂ | ᠠᠰᠤᠷᠤ ᠶᠡᠭᠡ ᠭᠠᠵᠢᠭᠰᠠᠨ ᠲᠦᠭᠡᠷᠢᠭᠳᠡᠯ ᠮᠦᠨ᠃ ︽ᠬᠦᠮᠦᠨ ᠵᠦᠭᠡᠷ ᠰᠠᠭᠤᠵᠦ᠂ ᠭᠤᠨᠢᠭᠳᠠᠢ ᠪᠠᠷ ᠠᠮᠢ ᠪᠠᠨ | ᠲᠡᠵᠢᠭᠡᠬᠦ ᠶᠢᠨ ᠲᠤᠯᠠᠳᠠ ᠪᠢᠰᠢ᠂ ᠠᠤᠭ᠎ᠠ ᠶᠡᠭᠡ ᠦᠢᠯᠡ ᠬᠡᠷᠡᠭ ᠢ ᠬᠦᠢᠴᠡᠳᠭᠡᠬᠦ ᠶᠢᠨ ᠲᠤᠯᠠᠳᠠ ᠲᠦᠷᠦᠳᠡᠭ︾ | ᠭᠡᠳᠡᠭ ᠢ ᠵᠠᠯᠠᠭᠤ ᠬᠦᠮᠦᠨ ᠪᠦᠷᠢ ᠤᠶᠤᠨ ᠤᠬᠠᠭᠠᠨ ᠳᠠᠭᠠᠨ ᠲᠤᠭᠳᠠᠭᠠᠵᠦ᠂ ᠨᠠᠰᠤᠨ ᠲᠤᠷᠰᠢ ᠳᠠᠭᠠᠨ ᠰᠠᠨᠠᠵᠦ | ᠶᠠᠪᠤᠭᠠᠷᠠᠢ᠃ | ᠠᠮᠢᠳᠤᠷᠠᠯ ᠳᠠᠭᠠᠨ ᠬᠡᠷᠡᠭᠳᠠᠢ ᠲᠢᠭ ᠵᠢᠷᠦᠮ ᠲᠤᠭᠳᠠᠭᠠᠬᠤ ᠶᠢ ᠬᠢᠴᠢᠶᠡ᠃ ᠲᠢᠭ ᠵᠢᠷᠦᠮ ᠲᠠᠢ | ᠬᠦᠮᠦᠨ ᠪᠦᠳᠦᠭᠡᠯᠴᠢ ᠪᠠᠶᠢᠳᠠᠭ ᠶᠤᠮ᠃ ᠠᠵᠢᠯᠰᠠᠭ ᠪᠦᠳᠦᠭᠡᠯᠴᠢ ᠬᠦᠮᠦᠰ ᠬᠡᠷᠡᠭᠴᠡᠭᠡ ᠲᠠᠢ ᠲᠢᠭ ᠵᠢᠷᠦᠮ ᠢ | ᠲᠤᠭᠳᠠᠭᠠᠨ ᠬᠡᠪᠰᠢᠬᠦᠯᠵᠦ᠂ ᠲᠡᠭᠦᠨ ᠢ ᠪᠠᠨ ᠶᠠᠭᠰᠢᠳᠠᠯᠠ ᠮᠦᠷᠳᠡᠵᠦ ᠪᠠᠶᠢᠵᠦ ᠠᠮᠵᠢᠯᠳᠠ ᠤᠯᠤᠭᠰᠠᠨ ᠵᠢᠱᠢᠶ᠎ᠡ ᠵᠠᠬ᠎ᠠ | ᠠᠴᠠ ᠠᠪᠤᠨ ᠪᠤᠢ᠃ ᠬᠠᠷᠢᠨ ᠦᠷ᠎ᠡ ᠠᠰᠢᠭ ᠦᠬᠡᠢ᠂ ᠬᠡᠷᠡᠭᠴᠡᠭᠡ ᠦᠬᠡᠢ ᠲᠢᠭ ᠲᠢᠭᠯᠢᠮ ᠲᠤᠭᠳᠠᠭᠠᠵᠦ ᠦᠪᠡᠷ ᠢ | ᠪᠠᠨ ᠬᠠᠮᠢᠭᠠᠰᠢ ᠨᠢ ᠴᠤ ᠴᠢᠯᠦᠬᠡᠳᠠᠢ ᠬᠦᠳᠡᠯᠭᠡᠬᠦ ᠦᠬᠡᠢ ᠪᠠᠭᠯᠠᠵᠦ ᠬᠦᠯᠢᠬᠦ ᠨᠢ ᠰᠠᠶᠢᠨ ᠵᠦᠢᠯ ᠪᠢᠰᠢ᠃ | ᠲᠡᠶᠢᠮᠦᠷᠬᠦᠦ ᠬᠡᠪ ᠮᠠᠶ᠋ᠢᠭ ᠲᠤ ᠪᠠᠷᠢᠭᠳᠠᠭᠰᠠᠨ ᠬᠦᠮᠦᠨ ᠦᠪᠡᠷ ᠢ ᠪᠠᠨ ᠴᠠᠷᠴᠠᠭᠠᠵᠦ᠂ ᠶᠠᠪᠤᠭᠠᠨ ᠳᠠᠭᠠᠨ ᠬᠦᠯᠳᠡᠭᠡᠵᠦ | ᠴᠤ ᠮᠡᠳᠡᠨ᠎ᠡ᠃ ᠪᠤᠰᠤᠳ ᠤᠨ ᠲᠤᠯᠭᠠᠨ ᠬᠦᠯᠢᠶᠡᠯᠭᠡᠭᠰᠡᠨ ᠲᠢᠭ ᠵᠢᠷᠦᠮ ᠳᠤ ᠬᠦᠯᠢᠭᠳᠡᠪᠡᠯ ᠡᠷᠬᠡ ᠴᠢᠯᠦᠭᠡᠳᠦ ᠨᠢᠭᠡᠨ | ᠪᠠᠶᠢᠬᠤ ᠪᠠᠨ ᠪᠤᠯᠢᠵᠦ᠂ ᠲᠡᠷᠡᠬᠦ ᠲᠢᠭ ᠵᠢᠷᠦᠮ ᠤᠨ ᠪᠤᠭᠤᠯ ᠪᠤᠯᠤᠨ ᠬᠦᠬᠡᠷᠦᠬᠦᠶᠢᠯᠡᠯᠳᠠᠢ ᠪᠠᠷ ᠵᠤᠪᠠᠨ᠎ᠠ᠃ ᠴᠠᠭ | ᠬᠡᠮᠨᠡᠬᠦ ᠳᠤ ᠰᠤᠷᠭᠠᠳᠠᠭ ᠲᠡᠶᠢᠮᠦ ᠲᠢᠭ ᠵᠢᠷᠦᠮ ᠢ ᠲᠤᠭᠳᠠᠭᠠᠨ ᠬᠡᠪᠰᠢᠬᠦᠯᠵᠦ ᠴᠢᠳᠠᠪᠠᠯ ᠠᠮᠢᠳᠤᠷᠠᠯ ᠳᠠᠭᠠᠨ ᠠᠰᠤᠷᠤ | ᠶᠡᠭᠡ ᠪᠤᠶᠠᠨ ᠬᠡᠰᠢᠭ ᠢ ᠬᠤᠷᠢᠶᠠᠨ ᠠᠪᠤᠯ᠎ᠠ ᠭᠡᠰᠡᠨ ᠦᠬᠡ᠃ ᠰᠠᠶᠢᠨ ᠲᠢᠭ ᠵᠢᠷᠦᠮ ᠤᠨ ᠠᠮᠢᠨ ᠰᠦᠨᠡᠰᠦ ᠨᠢ ᠰᠠᠶᠢᠨ | ᠲᠦᠯᠦᠪᠯᠡᠯᠳᠡ᠃ ᠨᠢᠭᠳᠠ ᠨᠢᠮᠪᠠᠢ ᠰᠠᠶᠢᠳᠤᠷ ᠪᠤᠳᠤᠵᠦ ᠰᠠᠶᠢᠨ ᠲᠦᠯᠦᠪᠯᠡᠪᠡᠯ ᠠᠵᠢᠯ ᠤᠨ ᠢᠶᠠᠨ ᠬᠠᠭᠠᠰ ᠢ ᠨᠢ | ᠨᠤᠭᠤᠯᠤᠯᠠ ᠭᠡᠵᠦ ᠪᠤᠳᠤ᠃ | ᠤᠳᠤ ᠬᠢᠴᠢᠭᠡᠵᠦ ᠪᠤᠯᠬᠤ ᠵᠦᠢᠯ ᠢ ᠲᠠᠷᠠᠭ᠎ᠠ ᠭᠡᠵᠦ ᠬᠡᠵᠢᠶ᠎ᠡ ᠴᠤ ᠪᠤᠤ ᠬᠤᠶᠢᠰᠢ ᠲᠠᠯᠪᠢ᠃ | ᠬᠤᠶᠢᠰᠢ ᠲᠠᠯᠪᠢᠨ᠎ᠠ ᠭᠡᠳᠡᠭ ᠰᠡᠳᠬᠢᠯ ᠤᠨ ᠤᠪ ᠮᠡᠭᠡ ᠪᠤᠯᠬᠤ ᠠᠴᠠ ᠦᠬᠡᠷ᠎ᠡ ᠶᠠᠭᠤ ᠴᠤ ᠪᠢᠰᠢ᠃ ᠬᠤᠶᠢᠰᠢ | ᠲᠠᠯᠪᠢᠭᠰᠠᠨ ᠠᠵᠢᠯ ᠲᠠᠷᠠᠭ᠎ᠠ ᠨᠢ ᠴᠢᠮ᠎ᠠ ᠳᠤ ᠠᠮᠠᠷ ᠬᠢᠯᠪᠠᠷ ᠪᠠᠶᠢᠨ᠎ᠠ ᠭᠡᠵᠦ ᠬᠡᠨ ᠬᠡᠯᠡᠵᠦ ᠪᠠᠶᠢᠭ᠎ᠠ ᠶᠤᠮ ᠪᠤᠢ︖ | ᠲᠠᠷᠠᠭ᠎ᠠ ᠨᠢ ᠠᠮᠠᠷ ᠬᠢᠯᠪᠠᠷ ᠪᠤᠯᠤᠨ᠎ᠠ ᠭᠡᠵᠦ ᠭᠤᠷᠢᠳᠠᠬᠤ ᠶᠢᠨ ᠬᠡᠷᠡᠭ ᠦᠬᠡᠢ᠃ ᠪᠢ ᠪᠤᠯᠤᠮᠵᠢᠳᠠᠢ ᠴᠠᠭ ᠢ | ᠬᠦᠯᠢᠶᠡᠵᠦ ᠪᠠᠶᠢᠨ᠎ᠠ ᠭᠡᠵᠦ ᠬᠡᠯᠡᠵᠦ ᠰᠠᠭᠤᠭ᠎ᠠ ᠬᠦᠮᠦᠨ ᠦᠪᠡᠷ ᠢᠶᠠᠨ ᠦᠪᠡᠷ ᠢ ᠪᠠᠨ ᠬᠠᠭᠤᠷᠴᠤ᠂ ᠴᠠᠭ | ᠨᠦᠭᠴᠢᠭᠡᠵᠦ ᠪᠠᠶᠢᠭ᠎ᠠ ᠶᠠᠳᠠᠷᠠᠭᠰᠠᠨ ᠠᠷᠭᠠᠳᠠᠨ᠃ ᠲᠡᠷᠡ ᠪᠤᠯᠤᠮᠵᠢᠳᠠᠢ ᠴᠠᠭ ᠨᠢ ᠢᠷᠡᠭᠡ ᠴᠤ ᠤᠤ᠂ ᠦᠬᠡᠢ ᠴᠤ ᠤᠤ | ᠂ ᠢᠷᠡᠯ᠎ᠡ ᠴᠤ ᠦᠷ᠎ᠡ ᠠᠰᠢᠭ ᠪᠠᠭ᠎ᠠ ᠲᠠᠢ᠃ ᠶᠠᠭᠠᠬᠢᠭᠠᠳ ᠭᠡᠪᠡᠯ ᠠᠯᠳᠠᠭᠰᠠᠨ ᠴᠠᠭ ᠤᠨ ᠬᠤᠷᠤᠮ ᠲᠤᠳᠤᠮ ᠢᠶᠠᠷ | ᠠᠯᠢᠪᠠ ᠠᠵᠢᠯ ᠦᠢᠯᠡ ᠶᠢᠨ ᠬᠡᠷᠡᠭᠴᠡᠭᠡ᠂ ᠠᠰᠢᠭ ᠲᠤᠰᠠ ᠬᠤᠷᠤᠭᠳᠠᠨ᠎ᠠ᠃ | ᠲᠡᠮᠡᠢ ᠶᠠᠭᠤᠮ᠎ᠠ ᠶᠠᠷᠢᠵᠦ᠂ ᠴᠠᠭ ᠨᠦᠭᠴᠢᠬᠡᠬᠦ ᠬᠡᠷᠡᠭ ᠪᠦᠷ ᠴᠤ ᠪᠠᠶᠢᠬᠤ ᠦᠬᠡᠢ᠃ ᠢᠯᠠᠩᠭᠤᠶ᠎ᠠ | ᠬᠤᠪ ᠵᠢᠪ ᠠᠴᠠ ᠬᠤᠯᠠᠬᠠᠨ ᠪᠠᠶᠢᠭᠰᠠᠨ ᠨᠢ ᠲᠡᠭᠡᠷ᠎ᠡ᠃ ᠦᠨᠦᠳᠦᠷ ᠴᠢᠮ᠎ᠠ ᠳᠤ ᠪᠤᠰᠤᠳ ᠢ ᠬᠤᠪᠯᠠᠵᠦ ᠪᠠᠶᠢᠭ᠎ᠠ | ᠬᠦᠮᠦᠨ ᠮᠠᠷᠭᠠᠰᠢ ᠴᠢᠮ᠎ᠠ ᠶᠢ ᠪᠤᠰᠤᠳ ᠲᠤ ᠬᠤᠪᠯᠠᠨᠠ᠃ ᠬᠠᠷᠢᠨ ᠠᠮᠢᠳᠤᠷᠠᠯ ᠳᠤ ᠬᠡᠷᠡᠭᠳᠠᠢ ᠲᠤᠰᠠᠳᠠᠢ ᠵᠦᠢᠯ | ᠶᠠᠷᠢᠵᠦ᠂ ᠵᠦᠪᠯᠡᠵᠦ ᠪᠠᠶᠢᠭ᠎ᠠ ᠤᠬᠠᠭᠠᠨᠳᠤ ᠬᠦᠮᠦᠨ ᠤ ᠦᠬᠡ ᠶᠢ ᠠᠮᠳᠠᠷᠬᠠᠨ ᠰᠤᠨᠤᠰ᠃ ᠴᠢ ᠲᠡᠭᠦᠨ ᠤ ᠶᠠᠷᠢᠶᠠᠨ ᠤ | ᠴᠩᠬᠡᠭ ᠪᠤᠯᠠᠭ ᠠᠴᠠ ᠠᠩᠭᠠᠭ᠎ᠠ ᠴᠠᠩᠭᠠᠭ᠎ᠠ ᠪᠠᠨ ᠲᠠᠶᠢᠯᠵᠦ᠂ ᠤᠬᠠᠭᠠᠨ ᠲᠠᠯᠠᠢ ᠠᠴᠠ ᠨᠢ ᠬᠤᠪᠢ ᠬᠦᠷᠳᠡᠨ᠎ᠡ᠃ | ᠦᠩᠭᠡᠷᠡᠭᠰᠡᠨ ᠦᠶ᠎ᠡ ᠳᠤ ᠲᠤᠬᠢᠶᠠᠯᠳᠤᠭᠰᠠᠨ ᠤᠷᠢᠳᠦ ᠶᠢᠨ ᠮᠠᠭᠤ ᠮᠠᠭᠤᠬᠠᠢ ᠲᠤᠷᠠᠰᠤᠮᠵᠢ ᠶᠢ | ᠰᠡᠬᠦᠨ ᠶᠠᠷᠢᠬᠤ ᠦᠬᠡᠢ ᠪᠠᠶᠢᠬᠤ ᠶᠢ ᠬᠢᠴᠢᠶᠡ᠃ ᠠᠭᠤᠷ ᠤᠴᠢᠷ᠂ ᠭᠤᠮᠤᠳᠠᠯ ᠭᠤᠨᠢᠭ᠂ ᠦᠰᠢᠶ᠎ᠡ ᠬᠤᠷᠤᠰᠤᠯ᠂ | ᠦᠵᠡᠨ ᠶᠠᠳᠠᠯᠳᠠ ᠠᠴᠠ ᠦᠬᠡᠷ᠎ᠡ ᠶᠠᠭᠤ ᠴᠤ ᠠᠪᠴᠤ ᠢᠷᠡᠬᠦ ᠦᠬᠡᠢ᠃ ᠬᠠᠷᠢᠨ ᠴᠤ ᠲᠠᠭᠤᠰᠴᠤ᠂ ᠲᠤᠨᠳᠠᠷᠠᠰᠢ | ᠦᠬᠡᠢ ᠬᠡᠷᠡᠭᠦᠯ ᠤᠨ ᠪᠤᠵᠠᠷ ᠲᠠᠷᠢᠵᠦ᠂ ᠠᠨᠢᠵᠦ ᠪᠠᠶᠢᠭᠰᠠᠨ ᠰᠢᠷᠬ᠎ᠠ ᠶᠢ ᠰᠡᠳᠡᠷᠡᠭᠡᠵᠦ᠂ ᠲᠠᠭᠠᠷᠢᠨ ᠲᠡᠭᠡᠷ᠎ᠡ ᠨᠢ | ᠲᠠᠪᠤᠰᠤ ᠦᠷᠡᠬᠦ ᠪᠤᠯᠤᠨ᠎ᠠ᠃ ᠠᠭᠤᠷ ᠬᠤᠷᠤᠰᠤᠯ ᠠᠬᠤᠷ ᠬᠤᠷᠤᠰᠤᠯ ᠢᠶᠠᠨ ᠯᠠ ᠦᠷᠡᠵᠢᠬᠦᠯᠳᠡᠭ᠃ ᠡᠨᠡ | ᠲᠤᠭᠤᠷᠢᠭ ᠲᠤ ᠡᠴᠦᠰ ᠮᠤᠬᠤᠷ ᠪᠠᠶᠢᠬᠤ ᠦᠬᠡᠢ᠃ ᠲᠡᠶᠢᠮᠦ ᠠᠴᠠ ᠠᠭᠤᠷ ᠬᠤᠷᠤᠰᠤᠯ ᠲᠡᠭᠡᠭᠡᠵᠦ ᠶᠠᠪᠤᠬᠤ | ᠬᠡᠷᠡᠭᠴᠡᠭᠡ ᠱᠠᠭᠠᠷᠳᠠᠯᠭ᠎ᠠ ᠤᠭᠳᠤ ᠦᠬᠡᠢ ᠭᠡᠳᠡᠭ ᠢ ᠰᠠᠨᠠᠵᠦ ᠶᠠᠪᠤ᠃ ᠬᠤᠷᠤᠰᠤᠭᠰᠠᠨ ᠬᠦᠮᠦᠰ᠂ ᠬᠦᠮᠦᠨ ᠤ ᠪᠡᠶᠡᠨ | ᠲᠡᠭᠡᠭᠦᠷ ᠲᠤᠷ᠎ᠠ ᠦᠬᠡᠢ ᠬᠦᠷᠭᠡᠨ ᠬᠦᠶᠦᠵᠦ᠂ ᠵᠦᠪᠬᠡᠨ ᠰᠢᠷᠬ᠎ᠠ ᠲᠠᠢ ᠭᠠᠵᠠᠷ ᠲᠤᠨᠢ ᠵᠤᠭᠰᠤᠳᠠᠭ ᠢᠯᠠᠭ᠎ᠠ ᠲᠠᠢ | ᠠᠳᠠᠯᠢ ᠭᠡᠰᠡᠨ ᠲᠠᠭᠠᠯᠠᠮᠵᠢᠳᠠᠢ ᠪᠤᠰᠤ ᠵᠦᠢᠷᠯᠡᠯ ᠢ ᠨᠡᠷᠡᠳᠦ ᠵᠤᠬᠢᠶᠠᠯᠴᠢ ᠬᠡᠯᠡᠭᠰᠡᠨ᠃ ᠬᠤᠷᠤᠰᠤᠯᠳᠠᠢ ᠬᠦᠮᠦᠨ ᠬᠡᠵᠢᠶ᠎ᠡ | ᠴᠤ ᠠᠵᠠ ᠵᠢᠷᠭᠠᠯᠳᠠᠢ ᠪᠠᠶᠢᠳᠠᠭ ᠦᠬᠡᠢ ᠶᠤᠮ᠃ ᠠᠵᠢᠯ ᠦᠬᠡᠢ ᠵᠦᠭᠡᠷ ᠰᠠᠭᠤᠬᠤ ᠨᠢ ᠴᠠᠭ ᠵᠠᠪ ᠢᠶᠠᠨ ᠲᠡᠮᠡᠢ | ᠦᠷᠡᠬᠦ ᠠᠳᠠᠭ ᠤᠨ ᠴᠠᠭᠠᠳᠤᠬᠢ ᠠᠳᠠᠭ ᠪᠢᠯᠡ᠃ ︽ᠠᠵᠢᠯ ᠦᠬᠡᠢ ᠵᠦᠭᠡᠷ ᠰᠠᠭᠤᠬᠤ ᠨᠢ ᠵᠦᠪᠬᠡᠨ ᠬᠠᠷᠠᠩᠭᠤᠢ | ᠪᠦᠳᠦᠭᠦᠯᠢᠭ ᠪᠠᠶᠢᠳᠠᠯ ᠢ ᠲᠦᠷᠦᠭᠦᠯᠦᠭᠡᠳ ᠵᠤᠭᠰᠤᠬᠤ ᠦᠬᠡᠢ ᠡᠪᠡᠳᠴᠢᠨ ᠡᠭᠦᠰᠭᠡᠬᠦ ᠰᠢᠯᠳᠠᠭᠠᠨ ᠪᠤᠯᠳᠠᠭ︾ ︵ | ᠠᠸᠢᠽᠧᠨᠠᠨ︶ ᠪᠠᠶᠢᠨ᠎ᠠ᠃ ᠶᠠᠭᠤ ᠴᠤ ᠬᠢᠬᠦ ᠦᠬᠡᠢ ᠪᠠᠶᠢᠬᠤ ᠠᠴᠠ ᠢᠯᠡᠭᠦᠦ ᠬᠤᠤᠷᠳᠠᠢ ᠰᠢᠨᠠᠯᠭᠠ ᠡᠨᠡ ᠶᠢᠷᠳᠢᠨᠴᠦ | ᠳᠤ ᠪᠠᠶᠢᠬᠤ ᠦᠬᠡᠢ ᠶᠤᠮ ᠭᠡᠰᠡᠨ᠃ ᠵᠠᠯᠠᠭᠤᠰ ᠲᠠ ᠨᠠᠷ ᠡᠶᠢᠮᠦ ᠬᠤᠤᠷᠳᠠᠢ ᠰᠢᠨᠠᠯᠭᠠ ᠪᠠᠷ ᠵᠤᠪᠠᠵᠦ ᠰᠢᠨᠠᠯᠵᠦ | ᠰᠠᠭᠤᠬᠤ ᠤᠴᠢᠷ ᠦᠬᠡᠢ ᠡ᠃ ᠵᠦᠭᠡᠷ ᠰᠠᠭᠤᠭᠰᠠᠨ ᠬᠦᠮᠦᠨ ᠤ ᠰᠡᠳᠬᠢᠯ ᠵᠢᠪᠡᠷᠡᠵᠦ᠂ ᠤᠶᠤᠨ ᠰᠠᠨᠠᠭ᠎ᠠ ᠨᠢ ᠬᠤᠭ | ᠤᠨ ᠬᠤᠤᠷᠳᠤ ᠤᠷᠭᠤᠮᠠᠯ ᠳᠤ ᠢᠳᠡᠭᠳᠡᠳᠡᠭ᠃ ᠵᠦᠭᠡᠷ ᠰᠠᠭᠤᠭᠠᠳ ᠪᠠᠶᠢᠪᠠᠯ ᠲᠡᠭᠷᠢ ᠪᠤᠷᠬᠠᠨ ᠠᠴᠠ ᠵᠠᠶᠠᠭᠠᠭᠰᠠᠨ | ᠭᠠᠶᠢᠬᠠᠮᠰᠢᠭᠳᠤ ᠠᠪᠢᠶᠠᠰ ᠪᠢᠯᠢᠭ ᠴᠤ ᠠᠰᠠᠵᠦ ᠪᠠᠶᠢᠭᠰᠠᠨ ᠯᠠ ᠰᠢᠭ᠋ ᠤᠷᠤᠰᠴᠤ ᠪᠠᠭᠤᠭᠰᠠᠭᠠᠷ ᠪᠦᠬᠦᠵᠦ᠂ | ᠠᠳᠠᠷᠰᠢᠨ᠎ᠠ᠃ ᠶᠠᠭᠤ ᠴᠤ ᠬᠢᠬᠦ ᠦᠬᠡᠢ ᠵᠦᠭᠡᠷ ᠰᠠᠭᠤᠵᠦ᠂ ᠲᠠᠮᠡᠢ ᠬᠤᠯᠬᠢᠨ ᠴᠠᠭ ᠢ ᠨᠦᠭᠴᠢᠭᠡᠭᠰᠡᠳ ᠨᠡᠩ ᠤᠳᠠᠯ | ᠦᠬᠡᠢ ᠲᠡᠭᠦᠨ ᠳᠡᠭᠡᠨ ᠲᠠᠰᠤᠯ ᠪᠤᠯᠵᠦ᠂ ᠭᠠᠷ ᠢᠶᠠᠨ ᠬᠦᠳᠡᠯᠭᠡᠵᠦ᠂ ᠲᠡᠷᠢᠬᠢ ᠪᠠᠨ ᠠᠵᠢᠯᠯᠠᠭᠤᠯᠬᠤ ᠠᠴᠠ ᠲᠤᠷ᠎ᠠ | ᠦᠬᠡᠢ ᠨᠢ ᠬᠦᠷᠴᠦ᠂ ᠵᠠᠯᠬᠠᠭᠤ ᠶᠢᠨ ᠨᠠᠮᠤᠭ ᠲᠤ ᠤᠯᠠᠮ ᠪᠦᠷ ᠭᠦᠨ ᠰᠢᠭᠢᠳᠦᠨᠡ᠃ ᠤᠯᠠᠮ ᠢᠶᠠᠷ ᠦᠪᠡᠷ ᠢᠶᠠᠨ | ᠬᠢᠰᠬᠢᠭᠰᠡᠨ ᠲᠡᠷᠡ ᠬᠠᠪᠬᠠᠨ ᠠᠴᠠ ᠬᠦᠯ ᠢᠶᠠᠨ ᠰᠤᠭᠤᠯᠬᠤ ᠳᠤ ᠪᠡᠷᠬᠡ ᠪᠤᠯᠤᠨ᠎ᠠ᠃ | ᠬᠢᠬᠦ ᠠᠵᠢᠯ ᠦᠬᠡᠢ ᠠᠮᠢᠳᠤᠷᠠᠯ ᠳᠤ ᠵᠢᠪᠪᠦᠵᠦ ᠤᠷᠬᠢᠪᠠᠯ ᠮᠠᠭᠤ ᠵᠤᠷᠰᠢᠯ ᠳᠤ ᠢᠳᠡᠭᠳᠡᠨᠡ᠃ | ᠬᠦᠮᠦᠨ ᠤ ᠰᠠᠶᠢᠨ ᠴᠢᠨᠠᠷ ᠤᠳ ᠢ ᠬᠦᠨᠦᠭᠡᠭᠴᠢ ᠮᠠᠭᠤ ᠵᠤᠷᠰᠢᠯ ᠤᠳ ᠤᠯᠠᠰᠢᠷᠠᠵᠠᠢ᠃ ᠡᠨᠡ ᠮᠠᠭᠤ ᠵᠤᠷᠰᠢᠯ ᠤᠳ | ᠲᠤ ᠢᠳᠡᠭᠳᠡᠪᠡᠯ ᠬᠦᠮᠦᠨ ᠪᠦᠷ ᠮᠠᠭᠤ ᠮᠠᠭᠤᠬᠠᠢ ᠶᠠᠭᠤᠮ᠎ᠠ ᠯᠠᠪᠰᠢᠷᠠᠭᠤᠯᠤᠨ ᠬᠢᠵᠦ ᠡᠬᠢᠯᠡᠨ᠎ᠡ᠃ ᠡᠨᠡᠬᠦ ᠮᠠᠭᠤ ᠵᠤᠷᠰᠢᠯ | ᠢ ᠠᠷᠢᠬᠢ ᠬᠡᠮᠡᠬᠦ ᠠᠮᠢᠳᠤᠷᠠᠯ ᠤᠨ ᠲᠠᠶᠢᠰᠤᠨ ᠲᠡᠷᠢᠭᠦᠯᠡᠵᠦ ᠪᠠᠶᠢᠨ᠎ᠠ᠃ ᠶᠡᠷᠦ ᠨᠢ ︽ᠠᠷᠢᠬᠢᠳᠠᠯᠳᠠ ᠪᠦᠬᠦ ᠭᠠᠵᠢᠭ | ᠤᠨ ᠡᠬᠢ︾ ︵ᠠᠪᠦ᠋ᠯ ᠹᠠᠷᠠᠵᠢ︶ ᠪᠠᠶᠢᠳᠠᠭ᠃ ᠠᠷᠢᠬᠢᠳᠠᠯᠳᠠ᠂ ᠭᠡᠮᠳᠦ ᠬᠡᠷᠡᠭ ᠬᠤᠶᠠᠷ ᠲᠦᠷᠦᠭᠰᠡᠨ ᠠᠬ᠎ᠠ ᠲᠡᠭᠦᠦᠰ | ᠃ ᠲᠡᠮᠦᠷ ᠰᠠᠷᠠᠯᠵᠢᠨ ᠴᠤᠩᠬᠤ ᠲᠠᠢ ᠠᠷᠢᠬᠢᠨ ᠤ ᠮᠤᠬᠤᠯᠠᠭ ᠠᠴᠠ ᠦᠷᠭᠡᠰᠦᠳᠦ ᠲᠤᠤᠷᠤᠨ ᠬᠠᠰᠢᠶ᠎ᠠ ᠲᠠᠢ ᠱᠤᠷᠤᠩ | ᠤᠨ ᠬᠠᠭᠠᠯᠭ᠎ᠠ ᠬᠦᠷᠳᠡᠯ᠎ᠡ ᠦᠷᠭᠡᠨ ᠲᠠᠷᠳᠠᠩ ᠵᠠᠮ ᠵᠠᠰᠭᠠᠰᠤᠳᠠᠢ ᠪᠡᠯᠡᠨ ᠪᠠᠶᠢᠨ᠎ᠠ᠃ ᠤᠯᠠᠨ ᠵᠤᠯ ᠦᠬᠡᠢ ᠶᠠᠪᠤᠳᠠᠯ ᠢ | ᠦᠳᠦᠭᠡᠭᠴᠢ ᠡᠬᠢ ᠡᠭᠦᠰᠪᠦᠷᠢ ᠨᠦᠭᠦᠳ ᠠᠷᠢᠬᠢᠨ ᠤ ᠲᠤᠩᠭᠠᠯᠠᠭ ᠰᠢᠩᠭᠡᠨ ᠦᠩᠭᠡᠨ ᠳᠤ ᠢᠯᠡ ᠬᠠᠷᠠᠭᠳᠠᠬᠤ ᠦᠬᠡᠢ | ᠴᠤ ᠠᠳᠡ ᠬᠤᠤᠷᠯᠠᠯ ᠤᠨ ᠬᠠᠷ᠎ᠠ ᠪᠠᠷᠠᠭᠠᠨ ᠰᠡᠭᠦᠳᠡᠷ ᠨᠢ ᠲᠠᠯᠳᠠ ᠨᠢᠭᠤᠭᠳᠠᠭᠠᠰᠤᠳᠠᠢ ᠪᠠᠶᠢᠳᠠᠭ ᠶᠤᠮ᠃ ᠡᠷ᠎ᠡ | ᠨᠦᠬᠦᠷ ᠤᠨ ᠬᠢᠨᠢ ᠭᠤᠳᠤᠷᠤᠨ ᠤᠤᠭᠤᠭᠰᠠᠨ ᠠᠷᠢᠬᠢ ᠡᠬᠡᠨᠠᠷ᠂ ᠬᠡᠤᠬᠡᠳ ᠤᠨ ᠬᠢᠨᠢ ᠨᠢᠯᠪᠦᠰᠦ ᠪᠤᠯᠤᠨ ᠰᠠᠳᠠᠷᠠᠨ | ᠠᠰᠬᠠᠷᠠᠨ᠎ᠠ᠃ ᠬᠠᠷ᠎ᠠ ᠲᠠᠮᠠᠬᠢᠨ ᠤ ᠪᠦᠭᠡᠮ ᠠᠶᠤᠯ ᠬᠠᠭᠠᠯᠭ᠎ᠠ ᠲᠤᠭᠰᠢᠵᠦ ᠡᠬᠢᠯᠡᠪᠡ᠃ ᠬᠠᠷ᠎ᠠ ᠲᠠᠮᠠᠬᠢ ᠲᠠᠢ ᠶᠠᠮᠠᠷ | ᠨᠢᠭᠡ ᠪᠠᠶᠢᠳᠠᠯ ᠢᠶᠠᠷ ᠬᠤᠯᠪᠤᠭᠳᠠᠭᠰᠠᠨ ᠬᠦᠮᠦᠨ ᠠᠮᠢ ᠠᠮᠢᠳᠤᠷᠠᠯ ᠢᠶᠠᠨ ᠰᠤᠩᠭᠤᠯᠳᠠ ᠦᠬᠡᠢ ᠪᠠᠷ ᠦᠷᠡᠨ ᠲᠠᠷᠠᠨ | ᠬᠢᠨ᠎ᠡ᠃ ᠲᠡᠳᠡᠨ ᠳᠤ ᠠᠷᠢᠭᠤᠨ ᠭᠡᠭᠡᠨ ᠶᠠᠭᠤᠮ᠎ᠠ ᠭᠡᠵᠦ ᠨᠢᠭᠡ ᠴᠤ ᠦᠯᠡᠳᠡᠳᠡᠭ ᠦᠬᠡᠢ᠃ ᠬᠠᠭᠤᠷᠤᠨ᠎ᠠ᠂ | ᠵᠠᠯᠢᠯᠠᠨᠠ᠂ ᠬᠤᠯᠠᠭᠠᠶᠢᠯᠠᠨᠠ᠂ ᠲᠡᠭᠡᠷᠡᠮᠳᠡᠨᠡ᠂ ᠮᠠᠩᠰᠢᠭᠤᠷᠠᠨᠠ᠂ ᠲᠤᠩᠳᠠᠨᠠ᠃ ᠪᠦᠬᠦ ᠮᠠᠭᠤ ᠮᠠᠭᠤᠬᠠᠢ ᠦᠬᠡᠨ ᠤ | ᠴᠤᠭᠯᠠᠭᠤᠯᠭ᠎ᠠ ᠬᠠᠷ᠎ᠠ ᠲᠠᠮᠠᠬᠢᠴᠢᠨ ᠲᠡᠭᠡᠷ᠎ᠡ ᠤᠪᠤᠭᠠᠷᠠᠵᠦ᠂ ᠡᠴᠦᠰ ᠰᠡᠭᠦᠯ ᠳᠤ ᠪᠠᠨ ᠬᠠᠶᠢᠷᠠᠨ ᠪᠡᠶ᠎ᠡ ᠪᠠᠨ | ᠬᠦᠨᠦᠭᠡᠨᠡ᠃ ᠠᠷᠢᠬᠢᠨ ᠳᠤ ᠬᠦᠯᠴᠦᠭᠦᠷᠡᠭᠰᠡᠨ ᠬᠦᠮᠦᠨ ᠢ ᠰᠠᠳᠤᠷ ᠰᠠᠮᠠᠭᠤᠨ ᠤ ᠵᠠᠮ ᠬᠦᠵᠦᠭᠦᠦ ᠪᠠᠷ ᠨᠢ | ᠤᠭᠤᠰᠤᠷᠯᠠᠭᠰᠠᠨ ᠲᠤᠭᠤᠯᠭᠠᠪᠦᠷᠢᠳᠠᠢ ᠨᠤᠬᠠᠢ ᠠᠳᠠᠯᠢ ᠬᠦᠳᠦᠯᠦᠨᠡ᠃ | ᠲᠤᠭᠯᠠᠭᠠᠮ᠂ ᠨᠠᠭᠠᠳᠤᠭᠠᠢ ᠬᠠᠶᠢᠷᠠᠨ ᠴᠠᠭ ᠢ ᠵᠠᠯᠭᠢᠬᠤ ᠰᠢᠨᠤᠭ ᠰᠤᠪᠢᠳᠠᠭ ᠲᠤᠯᠤᠮ ᠶᠤᠮ᠃ | ᠲᠤᠭᠯᠠᠭᠠᠮ ᠳᠤ ᠪᠠᠨ ᠤᠯᠠᠶᠢᠷᠠᠭᠰᠠᠨ ᠬᠦᠮᠦᠨ ᠴᠠᠭ ᠶᠠᠭᠠᠬᠢᠵᠦ ᠦᠩᠭᠡᠷᠡᠭᠰᠡᠨ ᠢ ᠴᠤ ᠲᠡᠷᠡ ᠪᠦᠷ ᠮᠡᠳᠡᠳᠡᠭ ᠦᠬᠡᠢ᠃ | ᠲᠤᠭᠯᠠᠵᠦ ᠪᠤᠯᠤᠨ᠎ᠠ ᠡ᠃ ᠲᠡᠭᠡᠬᠦ ᠳᠤ ᠪᠠᠨ ᠴᠠᠭ ᠬᠢᠵᠠᠭᠠᠷ ᠲᠠᠢ ᠪᠠᠶᠢᠬᠤ ᠶᠤᠰᠤᠳᠠᠢ᠃ ᠡᠩ ᠤᠨ ᠴᠠᠭᠠᠨ | ᠲᠤᠭᠯᠠᠭᠠᠮ ᠠᠴᠠ ᠮᠦᠷᠦᠢ ᠲᠠᠢ ᠬᠠᠷ᠎ᠠ ᠲᠤᠭᠯᠠᠭᠠᠮ ᠤᠷᠤᠭᠤ ᠭᠤᠯᠠᠰᠪᠠᠯ ᠲᠤᠭᠯᠠᠭᠠᠮ ᠱᠤᠭᠯᠠᠭᠠᠮ ᠪᠤᠯᠤᠨ | ᠬᠤᠪᠢᠷᠠᠨ᠎ᠠ᠃ ᠮᠦᠷᠦᠢ ᠲᠠᠢ ᠲᠤᠭᠯᠠᠭᠠᠮ ᠵᠦᠪ ᠵᠠᠮ ᠢᠶᠠᠷ ᠦᠭᠰᠦᠵᠦ ᠶᠠᠪᠤᠭᠰᠠᠨ ᠬᠡᠴᠢᠨᠡᠨ ᠤᠯᠠᠨ ᠰᠠᠶᠢᠬᠠᠨ | ᠬᠦᠮᠦᠨ ᠢ ᠪᠤᠷᠤᠭᠤ ᠵᠠᠮ ᠤᠷᠤᠭᠤ ᠲᠦᠯᠬᠢᠵᠦ ᠤᠷᠤᠭᠤᠯᠤᠭᠰᠠᠨ ᠪᠢᠯᠡ ᠳ᠋ᠧ᠃ ᠮᠦᠷᠦᠢ ᠲᠠᠢ ᠲᠤᠭᠯᠠᠭᠠᠮ ᠠᠴᠠ | ᠪᠤᠯᠵᠦ ᠠᠮᠢᠳᠤᠷᠠᠯ ᠤᠷᠤᠭᠤᠳᠠᠨ ᠲᠤᠷᠤᠶᠢᠳᠠᠭᠰᠠᠨ ᠬᠦᠨ ᠢ ᠴᠤ᠂ ᠤᠴᠠᠷᠠᠭᠤᠯᠤᠭᠰᠠᠨ ᠬᠤᠬᠢᠷᠠᠯ ᠤᠨ ᠦᠭᠰᠦᠵᠦ | ᠲᠡᠯᠡᠢᠭ᠌ᠰᠠᠨ ᠦᠨᠳᠦᠷ ᠢ ᠴᠤ ᠬᠡᠮᠵᠢᠬᠦ ᠠᠷᠭ᠎ᠠ ᠦᠬᠡᠢ᠃ ᠰᠡᠳᠬᠢᠯ ᠰᠠᠨᠠᠭᠠᠨ ᠳᠤ ᠤᠴᠠᠷᠠᠭᠤᠯᠬᠤ ᠬᠤᠬᠢᠷᠠᠯ ᠨᠢ | ᠠᠭᠤᠯᠠ᠂ ᠲᠠᠯᠠᠢ ᠮᠡᠳᠦ᠃ ᠠᠷᠢᠬᠢᠨ ᠳᠤ ᠰᠢᠨᠤᠨ ᠲᠤᠩᠳᠠᠵᠦ ᠠᠷᠬᠠᠭ ᠠᠷᠢᠬᠢᠴᠢᠨ ᠪᠤᠯᠳᠠᠭ ᠪᠤᠯ ᠲᠤᠭᠯᠠᠭᠠᠮ ᠳᠤ | ᠰᠢᠨᠤᠨ ᠲᠤᠩᠳᠠᠵᠦ ᠬᠤᠷᠤᠬᠠᠶᠢᠳᠠᠭᠰᠠᠨ ᠲᠤᠭᠯᠠᠭᠠᠮᠴᠢᠨ ᠪᠤᠯᠵᠦ ᠮᠠᠩᠰᠢᠭᠤᠷᠠᠨᠠ᠃ ᠲᠡᠷᠡ ᠴᠤ ᠪᠤᠤ ᠬᠡᠯᠡ ᠦᠰᠪᠦᠷᠢ | ᠨᠠᠰᠤᠨ ᠤ ᠬᠡᠤᠬᠡᠳ ᠬᠦᠷᠳᠡᠯ᠎ᠡ ᠰᠢᠨ᠎ᠡ ᠴᠠᠭ ᠤᠨ ᠲᠤᠭᠯᠠᠭᠠᠮ ᠳᠤ ᠲᠤᠩᠳᠠᠵᠦ᠂ ᠰᠡᠳᠬᠢᠯ ᠮᠡᠳᠡᠷᠡᠯ ᠨᠢ ᠭᠠᠵᠢᠭᠳᠠᠬᠤ | ᠪᠤᠯᠤᠭᠰᠠᠨ ᠨᠢ ᠶᠠᠭᠤᠳᠠᠢ ᠶᠡᠭᠡ ᠬᠠᠷᠭᠤᠰᠤᠯ᠃ ᠲᠤᠭᠯᠠᠭᠠᠮ ᠤᠨ ᠲᠤᠩ ᠬᠡᠤᠬᠡᠳ᠂ ᠵᠠᠯᠠᠭᠤᠰ ᠲᠠ ᠨᠠᠷ ᠠᠴᠠ | ᠬᠤᠯᠠ ᠶᠢᠨ ᠬᠤᠯᠠ ᠲᠠᠯᠳᠠ ᠦᠩᠭᠡᠷᠡᠭ᠃ ᠵᠤᠭ᠎ᠠ ᠴᠡᠩᠭᠡᠯ᠂ ᠱᠠᠯᠢᠶᠠ ᠪᠠᠯᠢᠶᠠᠨ ᠳᠤ ᠵᠠᠷᠤᠭᠰᠠᠨ ᠡᠳᠦᠷ ᠬᠤᠨᠤᠭ᠂ | ᠴᠠᠭ ᠮᠦᠴᠡ ᠶᠢᠨ ᠢᠶᠠᠨ ᠲᠦᠯᠦᠭᠡ ᠬᠤᠵᠢᠮ ᠤᠨ ᠡᠳᠦᠷ ᠴᠢ ᠬᠠᠷᠠᠮᠰᠠᠨ ᠬᠠᠯᠬᠠᠯᠠᠨ᠎ᠠ᠃ ᠭᠡᠬᠦ ᠳᠤ ᠪᠠᠨ ᠲᠡᠷᠡ | ᠦᠶ᠎ᠡ ᠳᠤ ᠪᠦᠬᠦ ᠶᠠᠭᠤᠮ᠎ᠠ ᠤᠷᠤᠰᠤᠨ ᠦᠩᠭᠡᠷᠡᠭᠰᠡᠨ ᠪᠠᠶᠢᠬᠤ ᠪᠤᠢ᠃ ᠤᠷᠤᠰᠤᠭᠠᠳ ᠦᠩᠭᠡᠷᠡᠭᠰᠡᠨ ᠭᠤᠤᠯ ᠤᠨ | ᠤᠰᠤ ᠶᠢ ᠪᠤᠴᠠᠭᠠᠨ ᠤᠷᠤᠰᠬᠠᠵᠦ ᠪᠤᠯᠬᠤ ᠪᠢᠰᠢ᠃ ᠬᠡᠢ ᠬᠠᠷᠠᠮᠰᠠᠵᠦ᠂ ᠦᠪᠡᠷ ᠢ ᠪᠠᠨ ᠵᠦᠬᠡᠬᠦ ᠠᠴᠠ ᠴᠠᠰᠢ ᠦᠬᠡᠢ | ᠃ | ᠬᠦᠮᠦᠨ ᠤ ᠠᠮᠢᠳᠤᠷᠠᠯ ᠪᠤᠭᠤᠨᠢᠬᠠᠨ ᠰᠢᠦ᠃ ᠬᠤᠷᠤᠮ ᠬᠤᠷᠤᠮ ᠢᠶᠠᠷ ᠬᠤᠷᠭᠤᠳᠠᠬᠤ ᠠᠯᠳᠠᠨ | ᠴᠠᠭ ᠢ ᠬᠡᠢ ᠲᠡᠮᠡᠢ ᠶᠠᠭᠤᠮᠠᠨ ᠳᠤ ᠪᠤᠤ ᠦᠷ᠎ᠡ︕ | |