| ᠲᠤᠨᠢᠶᠠᠷᠳᠤᠭᠰᠠᠨ ᠬᠦᠨᠳᠡᠢ ᠶᠢᠨ ᠲᠤᠮᠳᠠᠬᠢ ᠬᠡᠳᠦᠨ ᠪᠤᠷᠤ ᠲᠤᠯᠤᠭᠠᠳ ᠤᠨ ᠡᠩᠭᠡᠷ ᠲᠤ ᠵᠡᠷᠭᠡᠴᠡᠬᠦᠯᠦᠨ | ᠪᠠᠷᠢᠭᠰᠠᠨ ᠦᠷᠳᠡᠭᠡᠨ ᠤ ᠭᠤᠷᠪᠠᠨ ᠲᠤᠮᠤ ᠬᠡᠷ ᠪᠠᠶᠢᠬᠤ ᠠᠭᠠᠳ ᠬᠠᠵᠠᠭᠤᠬᠠᠨ ᠳᠤ ᠦᠷᠳᠡᠭᠡᠨ ᠤ ᠠᠵᠢᠯᠴᠢᠳ ᠤᠨ | ᠬᠡᠳᠦᠨ ᠵᠢᠵᠢᠭᠭᠡᠨ ᠭᠡᠷ ᠬᠠᠷᠠᠭᠳᠠᠨ᠎ᠠ᠃ ᠭᠤᠷᠪᠠᠨ ᠲᠤᠮᠤ ᠬᠡᠷ ᠠᠴᠠ ᠬᠦᠮᠦᠰ ᠤᠷᠤᠵᠤ ᠭᠠᠷᠤᠨ ᠨᠠᠰᠢ ᠴᠠᠰᠢ ᠶᠡᠭᠡ | ᠯᠡ ᠶᠠᠭᠠᠷᠠᠤ ᠬᠦᠶᠦᠯᠳᠦᠨᠠ᠃ ᠭᠡᠷ ᠤᠨ ᠭᠠᠳᠠᠭ᠎ᠠ ᠬᠡᠳᠦᠨ ᠬᠦᠮᠦᠨ ᠠᠳᠤᠭᠤ ᠬᠤᠷᠢᠶᠠᠨ ᠪᠦᠭᠡᠮ ᠲᠤᠭᠤᠰᠤ | ᠪᠤᠰᠬᠠᠬᠤ ᠠᠭᠠᠳ ᠦᠨᠳᠦᠷ ᠬᠡᠭᠡᠷ ᠮᠤᠷᠢ ᠤᠨᠤᠵᠤ ᠤᠷᠳᠤ ᠤᠷᠭ᠎ᠠ ᠪᠠᠷᠢᠭᠰᠠᠨ ᠬᠦᠷᠡᠩ ᠲᠡᠷᠯᠢᠭ ᠲᠠᠢ ᠢᠳᠡᠷ | ᠨᠠᠰᠤᠨ ᠤ ᠡᠷ᠎ᠠ ᠮᠤᠷᠢ ᠤᠷᠭᠠᠯᠠᠨ ᠪᠤᠰᠤᠳ ᠨᠢ ᠤᠭᠤᠰᠤᠷᠯᠠᠬᠤ ᠠᠵᠠᠢ᠃ | ᠡᠨᠡ ᠬᠦᠮᠦᠨ ᠢ ᠭᠧᠯᠢᠭ ᠬᠡᠬᠦ ᠪᠦᠭᠡᠳ ᠦᠷᠳᠡᠭᠡᠨ ᠤ ᠠᠳᠤᠭᠤ ᠬᠠᠷᠢᠭᠤᠯᠤᠭᠰᠠᠭᠠᠷ ᠲᠠᠷᠤᠢ ᠵᠢᠷᠭᠤᠭᠠᠨ ᠵᠢᠯ | ᠪᠤᠯᠵᠠᠢ᠃ ᠲᠡᠷᠡᠪᠡᠷ ᠬᠤᠷ ᠲᠡᠯ ᠲᠠᠢ ᠬᠦᠷᠡᠩ ᠮᠤᠷᠢ ᠤᠷᠭᠠᠯᠠᠨ ᠠᠪᠬᠤ ᠳᠤᠨᠢ ᠲᠤᠬᠤᠢ ᠳᠠᠭᠠᠨ ᠬᠡᠳᠦᠨ ᠬᠠᠵᠠᠭᠠᠷ | ᠨᠤᠭᠳᠤ ᠤᠭᠯᠠᠵᠤ ᠲᠡᠪᠡᠯ ᠤᠨ ᠬᠢᠨᠢ ᠬᠤᠷᠮᠦᠢ ᠨᠢ ᠤᠷᠠᠭᠳᠠᠴᠢᠬᠠᠭᠰᠠᠨ ᠨᠢᠭᠡᠨ ᠡᠷ᠎ᠠ ᠮᠤᠷᠢ ᠶᠢ ᠤᠭᠤᠰᠤᠷᠯᠠᠬᠤ ᠪᠠᠷ | ᠤᠴᠢᠬᠤ ᠳᠤ ᠮᠤᠷᠢ ᠬᠡᠨᠡᠳᠳᠠ ᠴᠤᠷᠤᠶᠢᠵᠤ ᠲᠤᠯᠤᠭᠠᠢ ᠲᠡᠭᠡᠷ᠎ᠠ ᠨᠢ ᠭᠠᠷᠬᠤ ᠰᠢᠬᠠᠨ ᠴᠠᠮᠨᠠᠬᠤ ᠳᠤᠨᠢ᠂ ᠭᠧᠯᠢᠭ᠄ ︽ | ᠯᠤᠪᠰᠠᠩ ᠴᠢ ᠤᠭᠤᠰᠤᠷᠯᠠᠭᠠᠳ ᠠᠯᠢ︾ ᠭᠡᠪᠡᠯ ᠲᠡᠪᠡᠯ ᠢᠶᠠᠨ ᠰᠤᠭᠤᠯᠳᠤᠷᠭᠠᠯᠠᠭᠰᠠᠨ ᠮᠢᠬᠠᠯᠢᠭ ᠬᠦᠷᠡᠩ ᠴᠢᠷᠠᠢ ᠲᠠᠢ | ᠡᠷ᠎ᠠ ᠤᠴᠢᠨ᠄ ︽ᠠᠯᠢᠪ ᠨᠠᠭᠠᠳᠤ ᠨᠤᠭᠳᠤ ᠪᠠᠨ︾ ᠭᠡᠳ ᠨᠤᠭᠳᠤ ᠶᠢ ᠠᠪᠤᠩᠭᠤᠳᠠ᠄ ︽ᠲᠠ ᠠᠷᠤᠭ ᠰᠠᠪᠠᠷ ᠤᠨ | ᠢᠶᠠᠨ ᠠᠵᠢᠯ ᠢᠶᠠᠨ ᠪᠤᠳᠤ᠂ ᠮᠠᠨᠵᠤ ᠠᠮᠪᠠᠨ ᠤ ᠲᠤᠰᠠᠯᠠᠬᠤ ᠶᠢ ᠢᠷᠡᠬᠦ ᠳᠤ ᠭᠠᠯ ᠬᠦᠰ ᠦᠭᠡᠢ ᠬᠦᠯᠳᠡᠭᠡᠵᠤ ᠠᠯᠠᠬᠤ | ᠨᠢ ᠦᠦ︾ ᠬᠡᠮᠡᠨ ᠢᠨᠢᠶᠡᠳᠤ ᠠᠯᠳᠠᠬᠤ ᠳᠤ᠂ ᠲᠡᠨᠳᠠ ᠠᠴᠠ ᠭᠧᠯᠢᠭ᠄ ︽ᠲᠤᠭᠠᠷ ᠠᠬ᠎ᠠ ᠲᠠ ᠶᠠᠪᠤᠵᠤ ᠠᠵᠢᠯ ᠢᠶᠠᠨ | ᠪᠤᠳᠤ︾ ᠭᠡᠪᠡ᠃ | ᠲᠤᠭᠠᠷᠬᠦᠤ ᠬᠡᠭᠴᠢ ᠡᠨᠡ ᠡᠷ᠎ᠠ ᠦᠷᠳᠡᠭᠡᠨ ᠤ ᠪᠦᠬᠦᠶᠢᠯᠨ ᠬᠠᠷ᠎ᠠ ᠪᠤᠷᠤ ᠠᠵᠢᠯ ᠢ ᠬᠢᠳᠡᠭ ᠴᠤ ᠬᠦᠭᠡᠷᠦᠬᠦᠢ | ᠬᠢᠭᠰᠡᠨ ᠨᠡᠷ᠎ᠠ ᠦᠭᠡᠢ ᠶᠠᠩᠵᠤ ᠪᠦᠷᠢ ᠪᠠᠷ ᠲᠠᠭᠤᠳᠠᠭᠤᠯᠤᠨ ᠶᠠᠪᠤᠳᠠᠭ ᠪᠠᠶᠢᠪᠠ᠃ ᠬᠦᠮᠦᠰ ᠶᠠᠷᠢᠬᠤ ᠨᠢ ᠨᠠᠭᠠᠳᠤᠬᠢ | ᠴᠢᠨᠢ ᠡᠷ᠎ᠠ ᠶᠢᠨ ᠬᠤᠶᠢᠬ᠎ᠠ ᠰᠢᠤ᠂ ᠴᠠᠭ ᠲᠠᠭᠠᠨ ᠮᠠᠨᠵᠤ ᠠᠮᠪᠠᠨ ᠤ ᠲᠠᠷᠬᠠᠨ ᠰᠦᠷᠦᠭ ᠠᠴᠠ ᠠᠳᠤᠭᠤ ᠲᠠᠰᠤᠳᠠᠵᠤ | ᠶᠠᠪᠤᠭᠰᠠᠨ ᠡᠷ᠎ᠠ ᠳ᠋ᠧ ᠬᠡᠳᠡᠭ ᠪᠠᠶᠢᠪᠠ᠃ ᠬᠠᠷᠢᠨ ᠲᠤᠭᠠᠷᠬᠦᠤ ᠦᠪᠡᠷ ᠢᠶᠠᠨ ᠶᠠᠭᠤ ᠴᠤ ᠶᠠᠷᠢᠳᠠᠭ ᠦᠭᠡᠢ ᠤᠭ ᠤᠨ | ᠲᠤᠳᠤᠭᠰᠢ ᠪᠠᠨ ᠬᠦᠮᠦᠨ ᠪᠠᠶᠢᠯ᠎ᠠ᠃ ᠠᠳᠠ ᠲᠡᠨᠳᠠ ᠵᠠᠷᠤᠭᠳᠠᠨ ᠦᠷᠳᠡᠭᠡᠨ ᠤ ᠬᠡᠳᠦᠨ ᠬᠡᠷ ᠢ ᠲᠠᠮᠵᠢᠨ | ᠬᠤᠨᠤᠭᠯᠠᠬᠤ ᠪᠦᠭᠡᠳ ᠭᠧᠯᠢᠭ ᠤᠨ ᠳᠤ ᠶᠡᠬᠡᠪᠴᠢᠯᠡᠨ ᠬᠤᠨᠤᠭ ᠲᠦᠭᠡᠷᠢᠬᠦᠯᠳᠡᠭ ᠪᠠᠶᠢᠪᠠ᠃ ᠭᠧᠯᠢᠭ ᠴᠤ ᠤᠷᠢᠳᠤ | ᠶᠢᠨ ᠬᠢᠨᠢ ᠠᠮᠢᠳᠤᠷᠠᠯ ᠢ ᠰᠡᠬᠦᠳᠡᠭ ᠦᠭᠡᠢ ᠲᠤᠭᠠᠷᠬᠦᠤ ᠴᠤ ᠶᠠᠷᠢᠳᠠᠭ ᠦᠭᠡᠢ ᠨᠢᠭᠡ ᠯᠡ ᠮᠡᠳᠡᠬᠦ ᠳᠤ ᠭᠧᠯᠢᠭ ᠲᠠᠢ | ᠪᠠᠷᠤᠭ ᠯᠡ ᠠᠬ᠎ᠠ ᠲᠡᠬᠦᠦᠰ ᠰᠢᠭ ᠪᠤᠯᠵᠤ ᠡᠬᠡᠨᠡᠷ ᠲᠤᠨᠢ ᠲᠤᠰᠠᠯᠠᠨ ᠲᠤᠭᠤᠯ ᠪᠢᠷᠠᠭᠤ ᠡᠷᠬᠢᠬᠦᠯᠦᠨ ᠬᠡᠦᠭᠡᠳ ᠢ ᠨᠢ | ᠬᠠᠷᠠᠨ ᠪᠠᠷᠤᠭ ᠯᠡ ᠡᠳᠡᠨ ᠤ ᠭᠡᠷ ᠪᠦᠯᠢ ᠰᠢᠭ ᠠᠮᠢᠳᠤᠷᠠᠭᠠᠳ ᠭᠤᠷᠪᠠᠨ ᠵᠢᠯ ᠭᠠᠷᠤᠢ ᠪᠤᠯᠵᠠᠢ᠃ ᠦᠷᠳᠡᠭᠡᠨ ᠤ | ᠵᠠᠩᠬᠢ ᠲᠤᠪᠳᠤᠨ ᠠᠴᠠ ᠪᠤᠰᠤᠳ ᠨᠢ ᠯᠡ ᠲᠤᠭᠠᠷᠬᠦᠤ ᠳᠤ ᠰᠠᠶᠢᠨ ᠪᠠᠶᠢᠳᠠᠭ ᠪᠠᠶᠢᠯ᠎ᠠ᠃ | ᠦᠩᠭᠡᠷᠡᠭᠰᠡᠨ ᠨᠠᠮᠤᠷ ᠤᠨ ᠨᠢᠭᠡ ᠤᠷᠤᠢ ᠦᠷᠳᠡᠭᠡᠨ ᠤ ᠰᠠᠭᠠᠯᠢ ᠶᠢᠨ ᠬᠡᠳᠦᠨ ᠦᠨᠢᠶ᠎ᠠ ᠤᠷᠤᠶᠢᠳᠠᠭᠠᠳ | ᠢᠷᠡᠬᠦ ᠦᠭᠡᠢ ᠤᠳᠠᠭᠰᠠᠨ ᠳᠤ ᠬᠡᠷ ᠲᠡᠭᠡᠨ ᠰᠤᠭᠳᠤᠭᠤ ᠬᠡᠪᠳᠡᠵᠤ ᠪᠠᠶᠢᠭᠰᠠᠨ ᠲᠤᠪᠳᠤᠨ ᠵᠠᠩᠬᠢ ᠶᠢᠨ ᠮᠤᠷᠢ ᠪᠠᠷ | ᠦᠷᠳᠡᠭᠡᠨ ᠤ ᠠᠪᠠᠭᠠᠶᠢᠴᠤᠤᠯ ᠲᠤᠭᠠᠷᠬᠦᠤ ᠶᠢ ᠶᠠᠪᠤᠭᠤᠯᠤᠨ ᠦᠭᠡᠷ ᠢᠶᠠᠨ ᠲᠠᠭᠤᠯᠭᠠᠵᠤ ᠢᠷᠡᠭᠰᠡᠨ ᠢ ᠨᠢᠭᠡ ᠨᠢ | ᠲᠤᠪᠳᠤᠨ ᠵᠠᠩᠬᠢ ᠳᠤ ᠬᠤᠰᠢᠭᠤ ᠬᠦᠷᠭᠡᠭᠰᠡᠨ ᠳᠤ ᠲᠡᠷᠡᠪᠡᠷ ᠶᠡᠭᠡᠳᠠ ᠠᠭᠤᠷᠯᠠᠵᠤ᠄ ︽ᠮᠠᠭᠤ ᠭᠤᠶᠤᠯᠭᠠᠴᠢᠨ ᠨᠤᠶᠠᠨ | ᠬᠦᠮᠦᠨ ᠤ ᠮᠤᠷᠢ ᠶᠢ ᠲᠤᠷ᠎ᠠ ᠮᠡᠳᠡᠨ ᠤᠨᠤᠨ᠎ᠠ ᠬᠡᠨ᠎ᠠ︾ ᠬᠡᠮᠡᠨ ᠲᠡᠩᠰᠡᠨ ᠲᠠᠰᠢᠭᠤᠷ ᠢᠶᠠᠷ ᠨᠢᠭᠤᠷ ᠨᠢᠳᠤ ᠦᠭᠡᠢ | ᠪᠠᠯᠪᠠᠭᠰᠠᠨ ᠳᠤ ᠦᠷᠳᠡᠭᠡᠨ ᠤ ᠬᠡᠦᠭᠡᠨ ᠨᠦᠭᠦᠳ ᠲᠤᠮᠳᠠ ᠨᠢ ᠤᠷᠤᠵᠤ ᠪᠠᠶᠢᠵᠤ ᠠᠷᠠᠶᠢᠬᠢᠨ ᠰᠠᠯᠭᠠᠪᠠ᠃ ᠲᠠᠷᠢᠬᠢ | ᠨᠢ ᠬᠤᠶᠠᠷ ᠭᠠᠵᠠᠷ ᠬᠠᠭᠠᠷᠠᠵᠤ ᠬᠠᠮᠤᠭ ᠪᠡᠶ᠎ᠠ ᠨᠢ ᠬᠦᠭᠡ ᠨᠢᠴᠨ ᠪᠤᠯᠤᠭᠰᠠᠨ ᠲᠤᠭᠠᠷᠬᠦᠤ ᠭᠧᠯᠢᠭ ᠤᠨ ᠳᠤ ᠬᠡᠳᠤ | ᠬᠤᠨᠤᠭ ᠬᠡᠪᠳᠡᠬᠦ ᠳᠤ ᠭᠧᠯᠢᠭ ᠤᠨ ᠡᠬᠡᠨᠡᠷ ᠪᠠᠷᠢᠶᠠᠴᠢ ᠠᠪᠴᠢᠷᠠᠨ ᠲᠠᠷᠢᠬᠢ ᠲᠤᠯᠤᠭᠠᠢ ᠶᠢ ᠨᠢ ᠪᠠᠷᠢᠭᠤᠯᠪᠠ᠃ | ᠠᠳᠤᠭᠤᠨ ᠤ ᠡᠷᠢᠯ ᠳᠤ ᠬᠡᠳᠤ ᠬᠤᠨᠤᠭ ᠶᠠᠪᠤᠭᠠᠳ ᠢᠷᠡᠬᠦ ᠬᠤᠭᠤᠷᠤᠨᠳᠤ ᠡᠶᠢᠮᠤ ᠶᠠᠭᠤᠮ᠎ᠠ ᠪᠤᠯᠤᠭᠰᠠᠨ ᠢ | ᠲᠤᠭᠤᠯᠤᠭᠰᠠᠨ ᠭᠧᠯᠢᠭ ᠶᠡᠭᠡᠳᠠ ᠠᠭᠤᠷᠯᠠᠵᠤ ᠲᠤᠪᠳᠤᠨ ᠵᠠᠩᠬᠢ ᠶᠢᠨ ᠢᠰᠡᠭᠡᠢ ᠡᠬᠦᠳᠠ ᠶᠢ ᠭᠡᠷ ᠲᠡᠭᠡᠷ᠎ᠠ ᠨᠢ ᠰᠢᠳᠡᠨ | ᠤᠷᠤᠵᠤ᠄ ︽ᠵᠠ ᠵᠠᠩᠬᠢ ᠮᠢᠨᠢ᠂ ᠲᠠ ᠶᠠᠭᠠᠬᠢᠬᠤᠯᠠᠷ ᠢᠶᠠᠨ ᠬᠡᠮ ᠦᠭᠡᠢ ᠬᠦᠮᠦᠨ ᠵᠤᠳᠤᠳᠠᠭ ᠪᠢᠯᠨ︖︾ ᠬᠡᠬᠦ ᠳᠤ | ᠲᠤᠪᠳᠤᠨ ᠵᠠᠩᠬᠢ ᠰᠢᠯᠢ ᠪᠠᠨ ᠱᠦᠷᠬᠦᠨ ᠴᠠᠭᠠᠨ ᠰᠤᠷᠤᠭᠤᠯ ᠲᠠᠢ ᠭᠠᠩᠰᠠᠨ ᠤ ᠪᠠᠨ ᠦᠨᠡᠰᠤ ᠶᠢ ᠭᠤᠴᠢᠨ ᠬᠤᠶᠠᠷ | ᠤᠭᠠᠯᠵᠠ ᠲᠠᠢ ᠮᠤᠩᠭᠤᠯ ᠭᠤᠳᠤᠯ ᠤᠨ ᠢᠶᠠᠨ ᠬᠤᠩᠰᠢᠶᠠᠷ ᠲᠡᠭᠡᠷ᠎ᠠ ᠨᠢ ᠲᠤᠭ ᠲᠤᠭ ᠬᠢᠨ ᠤᠨᠠᠭᠠᠭᠠᠳ᠄ ︽ᠭᠧᠯᠢᠭ | ᠴᠢ ᠬᠡᠮ ᠦᠭᠡᠢ ᠬᠦᠮᠦᠨ ᠬᠡᠪᠡ ᠦᠦ᠂ ᠨᠠᠭᠠᠳᠤᠬᠢ ᠴᠢᠨᠢ ᠮᠠᠨᠵᠤ ᠠᠮᠪᠠᠨ ᠤ ᠰᠦᠷᠦᠭ ᠠᠴᠠ ᠬᠤᠯᠠᠭᠠᠢ ᠬᠢᠭᠰᠡᠨ | ᠬᠤᠯᠠᠭᠠᠶᠢᠴᠢ ᠰᠢᠤ ᠳ᠋ᠧ᠃ ᠬᠤᠰᠢᠭᠤᠨ ᠠᠴᠠ ᠨᠠᠭᠠᠳᠤᠬᠢ ᠶᠢ ᠴᠢᠨᠢ ᠬᠠᠷᠠᠭᠠᠯᠵᠠᠬᠤ ᠡᠬᠦᠷᠭᠡ ᠶᠢ ᠨᠠᠳᠠᠳᠤ | ᠦᠭᠭᠦᠭᠰᠡᠨ ᠶᠤᠮ ᠰᠢᠤ᠂ ᠴᠢᠮᠠᠳᠤ ᠪᠤᠯ ᠶᠠᠮᠠᠷᠴᠤ ᠬᠠᠮᠢᠶ᠎ᠠ ᠦᠭᠡᠢ᠂ ᠴᠢ ᠠᠯᠢ ᠡᠰᠡᠪᠡᠯ ᠬᠠᠨᠢ ᠬᠠᠮᠰᠠᠭᠠᠳᠠᠨ ᠨᠢ | ᠪᠤᠯᠵᠤ ᠶᠠᠯ᠎ᠠ ᠡᠬᠦᠷᠬᠦ ᠭᠡᠳ ᠪᠠᠶᠢᠨ᠎ᠠ ᠦᠦ︖︾ ᠭᠡᠳ᠄ ︽ᠨᠢᠭᠡ ᠡᠶᠢᠮᠤ ᠦᠭᠡ ᠪᠠᠶᠢᠳᠠᠭ ᠳ᠋ᠠ᠂ ᠨᠤᠶᠠᠨ ᠲᠠᠢ | ᠦᠷᠢᠰᠦᠯᠳᠦᠭᠰᠡᠨ ᠬᠦᠮᠦᠨ ᠬᠤᠨᠤᠭ ᠦᠭᠡᠢ᠂ ᠨᠤᠬᠠᠢ ᠲᠠᠢ ᠲᠡᠷᠰᠡᠯᠳᠦᠭᠰᠡᠨ ᠬᠦᠮᠦᠨ ᠬᠤᠷᠮᠤᠢ ᠦᠭᠡᠢ ᠬᠡᠳᠡᠭ ᠪᠢᠵᠠ | ᠳ᠋ᠧ︾ ᠬᠡᠬᠦ ᠳᠤ ᠭᠧᠯᠢᠭ᠄ ︽ᠡᠨᠡ ᠬᠡᠷᠡᠭ ᠢᠩᠬᠢᠭᠡᠳ ᠲᠠᠭᠤᠰᠬᠤ ᠦᠭᠡᠢ ᠰᠢᠤ︾ ᠬᠡᠮᠡᠭᠡᠳ ᠭᠠᠷᠴᠤ ᠤᠳᠤᠪᠠ᠃ | ᠲᠡᠷᠨ ᠰᠦᠨᠢ ᠲᠤᠭᠠᠷᠬᠦᠤ ᠦᠪᠡᠷ ᠤᠨ ᠢᠶᠠᠨ ᠪᠦᠬᠦᠶᠢᠯᠨ ᠲᠤᠭᠤᠯᠵᠤ ᠦᠩᠭᠡᠷᠡᠬᠦᠯᠦᠭᠰᠡᠨ ᠠᠮᠢᠳᠤᠷᠠᠯ ᠢᠶᠠᠨ | ᠭᠧᠯᠢᠭ ᠪᠤᠯᠤᠨ ᠡᠬᠡᠨᠡᠷ ᠲᠤᠨᠢ ᠶᠠᠷᠢᠪᠠ᠃ ᠰᠦᠨᠢ ᠶᠢᠨ ᠨᠠᠮ ᠬᠦᠮ ᠲᠤᠮᠳᠠ ᠲᠡᠷᠡᠪᠡᠷ ᠨᠠᠮᠤᠭᠤᠬᠠᠨ ᠲᠠᠭᠤ ᠪᠠᠷ᠄ ︽ | ᠪᠢ ᠴᠢᠨᠢ ᠯᠤᠪᠰᠠᠩ ᠬᠦᠩ ᠤᠨ ᠬᠤᠰᠢᠭᠤᠨ ᠤ ᠬᠦᠮᠦᠨ ᠰᠢᠤ ᠳ᠋ᠧ᠃ ᠪᠢ ᠠᠶᠢᠯ ᠬᠡᠷ ᠪᠤᠯᠤᠭᠠᠳ ᠠᠩᠬᠠᠨ ᠤ | ᠨᠤᠭᠤᠨ ᠦᠷ᠎ᠠ ᠪᠠᠨ ᠦᠵᠡᠭᠡᠳ ᠠᠮᠢᠳᠤᠷᠠᠯ ᠰᠠᠶᠢᠬᠠᠨ ᠪᠠᠶᠢᠯ᠎ᠠ᠃ ᠮᠠᠨ ᠤ ᠬᠢ ᠲᠡᠶᠢᠮᠤ ᠪᠠᠶᠠᠨ ᠪᠢᠰᠢ ᠴᠤ ᠤᠨᠤᠬᠤ | ᠤᠨᠤᠭ᠎ᠠ ᠲᠠᠢ ᠱᠦᠯᠦᠨ ᠤ ᠬᠡᠳᠦᠨ ᠪᠤᠭ ᠲᠠᠢ ᠠᠶᠢᠯ ᠪᠠᠶᠢᠭᠰᠠᠨ ᠶᠤᠮ᠃ ᠮᠢᠨᠤ ᠨᠢᠭᠡ ᠠᠷᠠᠯᠵᠢᠶ᠎ᠠ ᠬᠠᠳᠠᠷᠢᠶ᠎ᠠ ᠲᠠᠢ | ᠰᠠᠶᠢᠬᠠᠨ ᠬᠡᠭᠡᠷ ᠮᠤᠷᠢ ᠪᠠᠶᠢᠯ᠎ᠠ᠃ ᠬᠡᠳᠦᠨ ᠠᠳᠤᠭᠤᠨ ᠤ ᠮᠢᠨᠢ ᠭᠠᠭᠴᠨ ᠰᠤᠷ ᠯᠡ ᠳ᠋ᠤᠤ᠂ ᠬᠦᠮᠦᠨ ᠠᠮᠢᠳᠠᠨ | ᠶᠡᠭᠡᠳᠠ ᠰᠤᠨᠢᠷᠬᠠᠳᠠᠭ ᠪᠠᠶᠢᠯ᠎ᠠ᠃ ᠮᠠᠨ ᠤ ᠬᠤᠰᠢᠭᠤ ᠨᠤᠶᠠᠨ ᠮᠢᠨᠤ ᠬᠡᠭᠡᠷ ᠮᠤᠷᠢ ᠶᠢ ᠤᠯᠠᠶᠢᠮ᠎ᠠ ᠴᠠᠶᠢᠮ᠎ᠠ ᠮᠢᠨᠤ | ᠰᠠᠷᠪᠠ ᠳᠤᠨᠢ ᠠᠯᠳᠠᠭᠰᠠᠨ ᠠᠳᠤᠭᠤ ᠮᠥᠨ ᠪᠠᠶᠢᠨ᠎ᠠ ᠭᠡᠳ ᠪᠤᠯᠢᠶᠠᠵᠤ ᠠᠪᠤᠭᠠᠳ ᠬᠢᠳᠠᠳ ᠤᠨ ᠫᠦᠰᠡᠨ ᠤ | ᠳ᠋ᠠᠩᠵᠢᠶᠠᠳᠠ ᠳᠤ ᠪᠡᠯᠡᠭ ᠲᠤ ᠦᠭᠴᠢᠭᠡᠪᠡ᠃ ᠪᠢ ᠵᠠᠯᠠᠭᠤ ᠴᠤ ᠪᠠᠶᠢᠯ᠎ᠠ᠂ ᠨᠤᠶᠠᠨ ᠲᠠᠢ ᠪᠠᠨ ᠲᠡᠷᠰᠡᠯᠳᠤᠵᠤ ᠬᠤᠷᠢᠨ | ᠤᠳᠠᠭ᠎ᠠ ᠪᠠᠩᠵᠠᠳᠠᠭᠤᠯᠵᠤ ᠬᠠᠷ᠎ᠠ ᠭᠡᠷ ᠲᠤ ᠬᠤᠷᠢᠭᠳᠠᠪᠠ᠃ ᠰᠠᠶᠢᠨ ᠬᠦᠮᠦᠰ ᠤᠨ ᠠᠴᠢ ᠪᠠᠷ ᠬᠠᠷ᠎ᠠ ᠭᠡᠷ ᠠᠴᠠ | ᠤᠷᠭᠤᠵᠤ ᠦᠷᠳᠡᠭᠡᠨ ᠤ ᠤᠶᠠᠭ᠎ᠠ ᠰᠤᠶᠢᠯᠭᠠ ᠨᠢ ᠲᠠᠭᠠᠷᠠᠭᠰᠠᠨ ᠬᠤᠶᠠᠷ ᠮᠤᠷᠢ ᠶᠢ ᠤᠶᠠᠭᠠᠨ ᠲᠡᠭᠡᠷ᠎ᠠ ᠠᠴᠠ ᠨᠢ | ᠬᠤᠯᠠᠭᠠᠶᠢᠯᠠᠨ ᠤᠷᠤᠭᠰᠢ ᠪᠠᠨ ᠬᠢᠯᠢ ᠭᠠᠷᠬᠤ ᠬᠡᠵᠤ ᠶᠠᠪᠤᠭᠰᠠᠨ ᠮᠠᠨᠵᠤ ᠠᠮᠪᠠᠨ ᠤ ᠠᠭᠳᠠᠨ ᠤ ᠬᠤᠶᠢᠨ᠎ᠠ ᠠᠴᠠ | ᠨᠡᠭᠡᠵᠤ ᠤᠴᠢᠭᠠᠳ ᠬᠠᠷᠠᠭᠤᠯ ᠤᠳ ᠤᠨᠳᠠᠵᠤ ᠪᠠᠶᠢᠬᠤ ᠦᠶ᠎ᠠ ᠪᠠᠷ ᠨᠢ ᠲᠠᠭᠠᠷᠢᠵᠤ ᠤᠷᠤᠨ ᠬᠡᠭᠡᠷ ᠮᠤᠷᠢ ᠲᠠᠢ ᠪᠠᠨ | ᠬᠠᠮᠳᠤ ᠬᠡᠳᠦᠨ ᠠᠳᠤᠭᠤ ᠲᠠᠰᠤᠳᠠᠭᠠᠳ ᠬᠦᠭᠡᠭᠡᠭᠰᠡᠨ ᠴᠤ ᠤᠨᠤᠵᠤ ᠶᠠᠪᠤᠭᠰᠠᠨ ᠮᠤᠷᠢ ᠮᠢᠨᠢ ᠬᠠᠷᠠᠭᠤᠯ ᠤᠨ ᠰᠤᠮᠤᠨ | ᠳᠤ ᠦᠷᠳᠦᠨ ᠤᠨᠠᠵᠤ᠂ ᠪᠢ ᠪᠠᠷᠢᠭᠳᠠᠨ ᠮᠠᠨᠵᠤ ᠠᠮᠪᠠᠨ ᠤ ᠭᠠᠵᠠᠷ ᠬᠦᠷᠭᠡᠭᠳᠡᠵᠤ ᠬᠠᠷ᠎ᠠ ᠬᠡᠷ ᠲᠤ ᠬᠤᠶᠠᠷ ᠵᠢᠯ | ᠭᠠᠷᠤᠢ ᠰᠠᠭᠤᠭᠠᠳ ᠨᠠᠰᠢ ᠪᠠᠨ ᠡᠨᠡ ᠲᠤᠪᠳᠤᠨ ᠤ ᠬᠢᠨᠠᠯᠳᠠ ᠲᠤᠤᠷ᠎ᠠ ᠨᠠᠰᠤ ᠪᠠᠷ ᠢᠶᠠᠨ ᠵᠠᠷᠤᠭᠳᠠᠬᠤ ᠶᠠᠯ᠎ᠠ ᠲᠠᠢ | ᠢᠷᠡᠭᠰᠡᠨ ᠮᠢᠨᠢ ᠡᠨᠡ ᠳ᠋ᠧ᠃ | ᠮᠠᠭᠤ ᠡᠬᠡᠨᠡᠷ ᠲᠡᠭᠡᠨ ᠯᠡ ᠰᠠᠨᠠᠭ᠎ᠠ ᠵᠤᠪᠠᠵᠤ ᠪᠠᠶᠢᠨ᠎ᠠ ᠳ᠋ᠠ᠂ ᠬᠦᠭᠡᠷᠦᠬᠦᠢ ᠮᠢᠨᠢ ᠬᠠᠮᠢᠭ᠎ᠠ ᠶᠠᠪᠤᠭ᠎ᠠ ᠪᠤᠯ ᠳ᠋ᠤᠤ | ᠃ ᠨᠠᠮᠠᠢᠢ ᠬᠡᠷᠡᠭ ᠲᠤ ᠬᠤᠯᠪᠤᠭᠳᠠᠬᠤ ᠳᠤ ᠬᠤᠰᠢᠭᠤᠨ ᠠᠴᠠ ᠬᠦᠮᠦᠰ ᠤᠴᠢᠵᠤ ᠮᠠᠨ ᠤ ᠪᠦᠬᠦ ᠬᠦᠷᠦᠩᠭᠡ ᠶᠢ | ᠬᠤᠷᠢᠶᠠᠭᠰᠠᠨ ᠬᠡᠨ᠎ᠠ ᠯᠠᠢ᠃ ᠡᠬᠡᠨᠡᠷ ᠮᠢᠨᠢ ᠬᠦᠭᠡᠭᠡ ᠡᠪᠤᠯ ᠢᠶᠠᠷ ᠠᠶᠢᠯ ᠠᠶᠢᠯ ᠳᠤ ᠵᠠᠷᠤᠭᠳᠠᠵᠤ ᠶᠠᠪᠤᠭᠰᠠᠭᠠᠷ ᠬᠦᠤ | ᠮᠢᠨᠢ ᠤᠯᠠᠭᠠᠨ ᠪᠤᠷᠬᠠᠨ ᠬᠡᠳᠡᠭ ᠡᠪᠡᠳᠴᠢᠨ ᠢᠶᠠᠷ ᠦᠭᠡᠳᠠ ᠪᠤᠯᠵᠤ ᠲᠡᠬᠦᠨ ᠠᠴᠠ ᠬᠤᠶᠢᠰᠢ ᠡᠬᠡᠨᠡᠷ ᠤᠨ ᠮᠢᠨᠢ | ᠰᠤᠷᠠᠭ ᠭᠠᠷᠤᠭ᠎ᠠ ᠦᠭᠡᠢ ᠶᠤᠮ ᠬᠡᠨ᠎ᠠ ᠯᠠᠢ᠃ ᠮᠢᠨᠤ ᠠᠮᠢᠳᠤᠷᠠᠯ ᠢ ᠮᠠᠨᠵᠤ ᠠᠮᠪᠠᠨ᠂ ᠬᠤᠰᠢᠭᠤ ᠨᠤᠶᠠᠨ᠂ ᠡᠨᠡ | ᠲᠤᠪᠳᠤᠨ᠂ ᠫᠦᠰᠡᠨ ᠤ ᠬᠤᠵᠠ ᠨᠠᠷ ᠯᠠ ᠤᠷᠪᠤᠩ ᠢᠶᠠᠷ ᠨᠢ ᠡᠷᠬᠢᠬᠦᠯᠦᠭᠰᠡᠨ ᠳ᠋ᠧ᠂ ᠬᠤᠵᠢᠮ ᠰᠤᠨᠤᠰᠬᠤ ᠨᠢ ᠮᠠᠨ | ᠤ ᠬᠤᠰᠢᠭᠤ ᠨᠤᠶᠠᠨ ᠡᠨᠡ ᠲᠤᠪᠳᠤᠨ ᠲᠠᠢ ᠬᠠᠮᠢᠶᠠᠳᠠᠨ ᠶᠤᠮ ᠪᠠᠶᠢᠨ᠎ᠠ ᠯᠠᠢ᠃ ᠨᠠᠳᠠᠳᠤ ᠤᠳᠤ ᠦᠯᠡᠳᠡᠭᠰᠡᠨ | ᠶᠠᠭᠤᠮ᠎ᠠ ᠬᠡᠪᠡᠯ ᠦᠰᠢᠶ᠎ᠠ ᠬᠤᠷᠤᠰᠤᠯ ᠦᠵᠡᠨ ᠶᠠᠳᠠᠯᠳᠠ ᠯᠠ ᠪᠠᠶᠢᠨ᠎ᠠ ᠳ᠋ᠠ︾ ᠬᠡᠮᠡᠨ ᠴᠡᠭᠡᠵᠢᠨ ᠤ ᠪᠠᠨ ᠬᠦᠨ ᠠᠴᠠ | ᠤᠷᠳᠤ ᠪᠠᠷ ᠰᠠᠨᠠᠭ᠎ᠠ ᠠᠯᠳᠠᠪᠠ᠃ | ᠤᠳᠠᠯ ᠦᠭᠡᠢ ᠲᠤᠭᠠᠷᠬᠦᠤ ᠶᠢᠨ ᠪᠡᠶ᠎ᠠ ᠢᠯᠠᠰᠢᠷᠢᠵᠤ ᠠᠵᠢᠯ ᠢᠶᠠᠨ ᠬᠢᠬᠦ ᠪᠤᠯᠪᠠ᠃ ᠨᠢᠭᠡ ᠦᠷᠯᠦᠭᠡ | ᠲᠤᠪᠳᠤᠨ ᠤ ᠳᠤ ᠬᠤᠶᠠᠷ ᠮᠤᠷᠢ ᠲᠠᠢ ᠬᠦᠮᠦᠨ ᠢᠷᠡᠭᠰᠡᠨ ᠨᠢ ᠮᠠᠨᠵᠤ ᠠᠮᠪᠠᠨ ᠤ ᠲᠤᠰᠠᠯᠠᠬᠤ ᠰᠠᠨᠢᠩᠭᠠ ᠭᠡᠭᠴᠢ | ᠪᠦᠭᠡᠳ ᠤᠷᠢᠳᠴᠢᠯᠠᠨ ᠲᠤᠰ ᠲᠤᠨᠢ ᠭᠡᠷ ᠪᠠᠷᠢᠭᠤᠯᠵᠤ ᠬᠦᠯ ᠬᠦᠳᠡᠯᠭᠡᠭᠡᠨ ᠪᠤᠯᠪᠠ᠃ ᠬᠤᠰᠢᠭᠤ ᠨᠤᠶᠠᠨ᠂ | ᠲᠤᠪᠳᠤᠨ ᠵᠠᠩᠬᠢ ᠬᠤᠶᠠᠷ ᠰᠠᠭᠤᠵᠤ ᠴᠢᠳᠠᠬᠤ ᠦᠭᠡᠢ ᠵᠠᠩᠨᠠᠵᠤ ᠵᠠᠩᠳᠤᠴᠢᠨ ᠬᠤᠨᠢ ᠭᠠᠷᠭᠠᠭᠤᠯᠤᠨ ᠢᠳᠡᠭᠡ ᠰᠢᠬᠦᠰᠤ | ᠪᠡᠯᠡᠳᠭᠡᠵᠤ᠂ ᠤᠳᠤᠭ᠎ᠠ ᠵᠢᠩᠰᠡ ᠪᠠᠨ ᠪᠡᠯᠡᠳᠦᠨ ᠰᠦᠷᠵᠢᠭᠢᠨᠡᠵᠤ ᠭᠧᠯᠢᠭ ᠢ ᠲᠠᠭᠤᠳᠠᠵᠤ᠄ ︽ᠠᠷᠪᠠᠭᠠᠳ ᠨᠤᠮᠤᠬᠠᠨ | ᠮᠤᠷᠢᠳ ᠪᠡᠯᠡᠳ︾ ᠬᠡᠮᠡᠪᠡ᠃ | ᠮᠠᠨᠵᠤ ᠠᠮᠪᠠᠨ ᠤ ᠲᠤᠰᠠᠯᠠᠬᠤ ᠢᠷᠡᠵᠤ ᠪᠠᠶᠢᠭ᠎ᠠ ᠰᠤᠷᠠᠭ ᠰᠤᠨᠤᠰᠤᠭᠰᠠᠨ ᠲᠤᠭᠠᠷᠬᠦᠤ ᠨᠢᠭᠡ ᠤᠷᠤᠢ ᠠᠳᠤᠭᠤ | ᠪᠤᠴᠠᠭᠠᠵᠤ ᠶᠠᠪᠤᠭᠠᠳ ᠭᠧᠯᠢᠭ ᠲᠤ ᠬᠠᠨᠳᠤᠵᠤ ᠠᠳᠠ ᠠᠴᠠ ᠤᠷᠭᠤᠬᠤ ᠬᠡᠵᠤ ᠪᠠᠶᠢᠭ᠎ᠠ ᠪᠠᠨ ᠬᠡᠯᠡᠬᠦ ᠳᠤ ᠭᠧᠯᠢᠭ | ᠬᠡᠰᠡᠭ ᠲᠤᠭᠤᠢ ᠶᠠᠪᠤᠭᠰᠠᠨ ᠳᠤ ᠲᠤᠭᠠᠷᠬᠦᠤ᠄ ︽ᠴᠢ ᠨᠠᠳᠠᠳᠤ ᠬᠤᠶᠠᠷ ᠭᠠᠶᠢᠭᠤᠢ ᠮᠤᠷᠢ ᠵᠢᠭᠠᠵᠤ ᠦᠭ︾ ᠬᠡᠯ᠎ᠠ᠃ | ᠭᠧᠯᠢᠭ ᠲᠠᠭᠤᠵᠤ ᠶᠠᠪᠤᠭ᠎ᠠ ᠠᠳᠤᠭᠤᠨ ᠲᠤᠳᠤᠷ᠎ᠠ ᠪᠠᠨ ᠪᠠᠶᠢᠭᠰᠠᠨ ᠴᠠᠭᠠᠨ ᠮᠤᠷᠢ ᠮᠦᠨ ᠨᠢᠭᠡ ᠦᠨᠳᠦᠷ ᠬᠠᠷ᠎ᠠ ᠮᠤᠷᠢ | ᠬᠤᠶᠠᠷ ᠢ ᠵᠢᠭᠠᠭᠠᠳ᠄ ︽ᠡᠨᠡ ᠬᠤᠶᠠᠷ ᠮᠤᠷᠢ ᠪᠤᠯ ᠦᠷᠳᠡᠭᠡᠨ ᠤ ᠬᠠᠮᠤᠭ ᠤᠨ ᠰᠠᠶᠢᠨ ᠮᠤᠷᠢᠳ᠂ ᠲᠤᠪᠳᠤᠨ | ᠵᠠᠩᠬᠢ ︿ᠮᠠᠨᠵᠤ ᠠᠮᠪᠠᠨ ᠤ ᠲᠤᠰᠠᠯᠠᠬᠤ ᠳᠤ ᠤᠨᠤᠭᠤᠯᠤᠨᠠ᠂ ᠡᠨᠡ ᠬᠤᠶᠠᠷ ᠮᠤᠷᠢ ᠶᠢ ᠪᠠᠷᠢᠭᠠᠳ ᠤᠶᠠᠴᠢᠬᠠᠭᠠᠷᠠᠢ﹀ | ᠬᠡᠰᠡᠨ ᠶᠤᠮ᠃ ᠲᠠᠨ ᠢ ᠶᠠᠪᠤᠳᠠᠯ ᠤᠶᠠᠭ᠎ᠠ ᠵᠠᠰᠠᠯ ᠨᠢ ᠲᠠᠭᠠᠷᠠᠬᠤ ᠪᠠᠶᠢᠬ᠎ᠠ︾ ᠬᠡᠪᠡ᠃ | ᠨᠦᠬᠦᠭᠡ ᠰᠦᠷ ᠲᠤᠤᠯᠢᠶᠠᠨ ᠲᠠᠢ ᠰᠠᠨᠢᠩᠭᠠ ᠭᠡᠭᠴᠢ ᠨᠢ ᠢᠷᠡᠬᠦ ᠳᠤ ᠦᠭᠡᠰᠢ ᠶᠢᠨ ᠲᠦᠷᠦᠯᠵᠢ ᠲᠡᠭᠡᠷ᠎ᠠ | ᠬᠤᠰᠢᠭᠤ ᠨᠤᠶᠠᠨ᠂ ᠲᠤᠪᠳᠤᠨ ᠵᠠᠩᠬᠢ ᠲᠠᠭᠠᠯᠳᠤᠬᠤ ᠬᠡᠳᠦᠨ ᠬᠦᠮᠦᠨ ᠲᠠᠢ ᠪᠠᠨ ᠤᠭᠳᠤᠵᠤ ᠠᠪᠤᠪᠠ᠃ | ᠤᠭᠳᠤᠭᠰᠠᠳ ᠬᠡᠭᠡᠷ᠎ᠠ ᠰᠢᠷᠡᠭᠡ ᠵᠠᠰᠠᠵᠤ ᠬᠤᠭᠤᠯᠨ ᠤᠮᠳᠠ ᠪᠤᠯᠤᠭᠰᠠᠨ ᠴᠤ ᠲᠡᠷᠡᠪᠡᠷ ᠠᠮᠰᠠᠭᠰᠠᠨ ᠦᠭᠡᠢ᠃ | ᠦᠪᠤᠷ ᠮᠤᠩᠭᠤᠯ ᠬᠡᠯᠡᠮᠦᠷᠴᠢ ᠪᠠᠷ ᠲᠠᠮᠵᠢᠭᠤᠯᠤᠨ ᠭᠠᠵᠠᠷ ᠤᠷᠤᠨ ᠤ ᠲᠤᠬᠠᠢ ᠯᠡ ᠪᠠᠭᠠᠬᠠᠨ ᠶᠠᠭᠤᠮ᠎ᠠ ᠠᠰᠠᠭᠤᠵᠤ | ᠰᠢᠯᠭᠠᠬᠤ ᠪᠦᠭᠡᠳ ᠴᠢᠯᠠᠭᠤ ᠦᠵᠡᠭᠡ ᠦᠭᠡᠢ ᠬᠦᠮᠦᠨ ᠰᠢᠭ ᠴᠢᠯᠠᠭᠤ ᠪᠤᠯᠭᠠᠨ ᠢ ᠪᠠᠷᠢᠵᠤ ᠦᠵᠡᠨ ᠡᠷᠬᠢᠬᠦᠯᠵᠤ | ᠲᠤᠭᠤᠷᠢᠭᠤᠯᠬᠤ ᠠᠵᠠᠢ᠃ | ᠰᠠᠨᠢᠩᠭᠠ ᠶᠢᠨ ᠭᠤᠤᠯ ᠵᠤᠷᠢᠯᠭ᠎ᠠ ᠨᠢ ᠮᠠᠨᠵᠤ ᠶᠢᠨ ᠬᠠᠭᠠᠨ ᠳᠤ ᠵᠢᠯ ᠤᠨ ᠵᠢᠯ ᠳᠤ ᠡᠷᠬᠦᠳᠡᠭ ᠲᠤᠷᠭᠠᠨ | ᠰᠦᠷᠦᠭ ᠢ ᠡᠨᠡ ᠬᠠᠪᠢ ᠶᠢᠨ ᠬᠤᠰᠢᠭᠤ ᠱᠠᠪᠢ ᠶᠢᠨ ᠭᠠᠵᠠᠷ ᠠᠴᠠ ᠪᠦᠷᠢᠳᠦᠬᠦᠯᠬᠦ ᠪᠠᠷ ᠢᠷᠡᠭᠰᠡᠨ ᠪᠦᠭᠡᠳ ᠡᠨᠡ | ᠵᠠᠪᠰᠠᠷ ᠪᠠᠰᠠ ᠦᠪᠡᠷ ᠤᠨ ᠡᠷᠭᠡ ᠠᠰᠢᠭ ᠢᠶᠠᠨ ᠲᠠᠪᠬᠤᠷ ᠪᠤᠳᠤᠯᠴᠠᠬᠤ ᠪᠠᠨ ᠮᠠᠷᠳᠠᠭᠰᠠᠨ ᠦᠭᠡᠢ ᠡᠨᠡ ᠨᠤᠳᠤᠭ ᠤᠨ | ᠲᠤᠬᠠᠢ ᠨᠢᠭᠡ ᠤᠳᠠᠭ᠎ᠠ ᠬᠢᠳᠠᠳ ᠲᠦᠩᠰᠢ ᠠᠴᠠ ᠪᠠᠨ ᠠᠯᠳᠠ ᠮᠦᠩᠬᠦᠨ ᠤ ᠤᠷᠳᠤ ᠲᠠᠢ ᠬᠡᠳᠡᠭ ᠢ ᠲᠤᠭᠤᠯᠤᠭᠰᠠᠨ | ᠨᠢ ᠲᠡᠬᠦᠨ ᠤ ᠰᠢᠨᠤᠯ ᠢ ᠬᠦᠳᠡᠯᠭᠡᠬᠦ ᠳᠤ ᠬᠦᠷᠭᠡᠵᠠᠢ᠃ | ᠤᠷᠤᠢ ᠨᠢ ᠲᠤᠰᠬᠠᠶᠢᠯᠠᠨ ᠪᠠᠷᠢᠭᠰᠠᠨ ᠬᠡᠷ ᠲᠤ ᠲᠡᠷᠡᠪᠡᠷ ᠬᠤᠰᠢᠭᠤ ᠨᠤᠶᠠᠨ᠂ ᠵᠠᠩᠬᠢ ᠬᠤᠶᠠᠷ ᠢ ᠲᠠᠭᠤᠳᠠᠵᠤ | ᠠᠭᠤᠯᠵᠠᠭᠠᠳ᠄ ︽ᠲᠠᠨ ᠤ ᠬᠤᠰᠢᠭᠤ 1000 ᠠᠳᠤᠭᠤ 5000 ᠬᠤᠨᠢ ᠶᠡᠭᠡ ᠬᠠᠭᠠᠨ ᠳᠤ ᠡᠷᠬᠦᠬᠦ ᠶᠤᠰᠤᠳᠠᠢ᠃ | ᠨᠠᠮᠤᠷ ᠤᠨ ᠲᠤᠮᠳᠠ ᠰᠠᠷ᠎ᠠ ᠶᠢᠨ ᠪᠡᠯᠭᠡᠳᠤ ᠰᠠᠶᠢᠨ ᠡᠳᠦᠷ ᠠᠴᠠ ᠡᠮᠦᠨ᠎ᠠ ᠪᠡᠯᠡᠨ ᠪᠤᠯᠭ᠎ᠠ︾ ᠬᠡᠵᠤ ᠲᠤᠰᠢᠶᠠᠬᠤ ᠳᠤ | ᠬᠤᠰᠢᠭᠤ ᠨᠤᠶᠠᠨ᠄ ︽ᠵᠠ︾ ᠬᠡᠮᠡᠪᠡ᠃ | ᠲᠡᠷᠨ ᠤᠷᠤᠢ ᠫᠦᠰᠡᠨ ᠤ ᠳ᠋ᠠᠩᠵᠢᠶᠠᠳᠠ ᠢᠷᠡᠵᠤ ᠰᠠᠨᠢᠩᠭᠠ᠂ ᠬᠤᠰᠢᠭᠤ ᠨᠤᠶᠠᠨ᠂ ᠵᠠᠩᠬᠢ ᠨᠠᠷ ᠰᠦᠨᠢᠵᠢᠨ | ᠨᠠᠶᠢᠷᠯᠠᠪᠠ᠃ | ᠦᠳᠡᠰᠢ ᠭᠧᠯᠢᠭ ᠤᠨ ᠬᠢᠨ ᠤᠨᠳᠠᠬᠤ ᠪᠠᠷ ᠬᠡᠪᠳᠡᠬᠦ ᠳᠤ ᠲᠤᠭᠠᠷᠬᠦᠤ ᠨᠢᠭᠡᠯᠨ ᠤᠷᠤᠵᠤ ᠭᠠᠷᠤᠨ ᠲᠤᠭᠳᠠᠪᠤᠷᠢ | ᠦᠭᠡᠢ ᠪᠠᠶᠢᠯ᠎ᠠ᠃ ᠲᠤᠭᠠᠷᠬᠦᠤ ᠶᠢᠨ ᠬᠦᠯᠢᠶᠡᠭᠰᠡᠨ ᠮᠦᠴᠨ ᠢᠷᠡᠵᠠᠢ᠃ ᠡᠨᠡ ᠮᠦᠴᠨ ᠶᠢ ᠲᠡᠷᠨ ᠠᠷᠪᠠ ᠭᠠᠷᠤᠢ ᠵᠢᠯ | ᠬᠦᠯᠢᠶᠡᠭᠰᠡᠨ ᠪᠠᠶᠢᠯ᠎ᠠ᠃ ᠠᠮᠢᠳᠤᠷᠠᠯ ᠢ ᠨᠢ ᠰᠦᠢᠳᠭᠡᠭᠰᠡᠨ ᠦᠰᠢᠶᠡᠳᠡᠨ ᠨᠦᠭᠦᠳ ᠨᠢᠭᠡ ᠲᠤᠤᠷ᠎ᠠ ᠴᠤᠭᠯᠠᠷᠠᠭᠰᠠᠨ | ᠳᠤ ᠦᠰᠢᠶ᠎ᠠ ᠠᠪᠬᠤ ᠪᠤᠳᠤᠯ ᠤᠯᠠᠮ ᠲᠦᠷᠡᠯᠵᠡᠵᠠᠢ᠃ | ᠲᠡᠷᠡᠪᠡᠷ ᠦᠪᠡᠷ ᠲᠡᠭᠡᠨ᠄ ︽ᠦᠨᠤ ᠰᠦᠨᠢ ᠯᠡ ᠠᠮᠵᠢᠬᠤ ᠦᠭᠡᠢ ᠪᠤᠯ ᠬᠡᠵᠢᠶ᠎ᠠ ᠴᠤ ᠦᠭᠡᠢ︾ ᠬᠡᠮᠡᠨ | ᠲᠤᠳᠤᠷ᠎ᠠ ᠪᠠᠨ ᠠᠳᠭᠠᠪᠠ᠃ ᠭᠧᠯᠢᠭ ᠤᠨ ᠭᠡᠷ ᠪᠦᠯᠢ ᠶᠢ ᠤᠨᠳᠠᠭᠰᠠᠨ ᠬᠤᠶᠢᠨ᠎ᠠ ᠨᠢ ᠰᠡᠮᠭᠡᠨ ᠪᠤᠰᠴᠤ ᠬᠤᠪᠴᠠᠰᠤ | ᠪᠠᠨ ᠡᠮᠦᠰᠦᠭᠡᠳ ᠠᠷᠭᠠᠮᠵᠢᠶ᠎ᠠ ᠲᠠᠢ ᠮᠤᠷᠢᠳ ᠲᠡᠭᠡᠷ᠎ᠠ ᠤᠴᠢᠨ ᠮᠠᠨᠵᠤ ᠠᠮᠪᠠᠨ ᠤ ᠲᠤᠰᠠᠯᠠᠬᠤ ᠳᠤ ᠤᠨᠤᠭᠤᠯᠤᠨᠠ | ᠬᠡᠵᠤ ᠪᠡᠯᠡᠳᠭᠡᠭᠰᠡᠨ ᠴᠠᠭᠠᠨ ᠪᠤᠷᠤ ᠮᠤᠷᠢ ᠶᠢ ᠡᠮᠡᠭᠡᠯᠯᠡᠨ ᠮᠤᠷᠳᠠᠵᠤ ᠮᠥᠨ ᠭᠧᠯᠢᠭ ᠤᠨ ᠵᠢᠭᠠᠭᠰᠠᠨ ᠦᠨᠳᠦᠷ ᠬᠠᠷ᠎ᠠ | ᠮᠤᠷᠢ ᠶᠢ ᠬᠦᠳᠦᠯᠦᠨ ᠮᠠᠨᠵᠤ ᠠᠮᠪᠠᠨ ᠤ ᠭᠡᠷ ᠤᠨ ᠤᠶᠢᠷ᠎ᠠ ᠤᠴᠢᠨ ᠤᠷᠴᠢᠨ ᠢ ᠠᠵᠢᠭᠯᠠᠨ ᠨᠡᠯᠢᠶᠡᠳ ᠰᠠᠭᠤᠪᠠ᠃ | ᠬᠡᠷ ᠲᠤ ᠬᠦᠮᠦᠰ ᠱᠤᠤᠬᠢᠯᠳᠤᠬᠤ ᠯᠡ ᠰᠤᠨᠤᠰᠤᠭᠳᠠᠬᠤ ᠪᠦᠭᠡᠳ ᠭᠡᠷ ᠤᠨ ᠡᠬᠦᠳᠡᠨ ᠲᠡᠭᠡᠷ᠎ᠠ ᠮᠠᠨᠵᠤ ᠠᠮᠪᠠᠨ ᠤ | ᠬᠤᠶᠠᠷ ᠬᠠᠷᠠᠭᠤᠯ ᠨᠠᠰᠢ ᠴᠠᠰᠢ ᠬᠤᠯᠬᠢᠨᠠ᠃ | ᠤᠳᠠᠯ ᠦᠭᠡᠢ ᠭᠡᠷ ᠠᠴᠠ ᠬᠦᠮᠦᠰ ᠭᠠᠷᠴᠤ ᠢᠷᠡᠬᠦ ᠨᠢ ᠬᠠᠷᠠᠭᠳᠠᠪᠠ᠃ ᠰᠠᠷ᠎ᠠ ᠲᠠᠢ ᠪᠤᠯᠬᠤᠷ ᠬᠡᠨ ᠬᠡᠨ ᠪᠤᠢ | ᠬᠡᠳᠡᠭ ᠨᠢ ᠪᠠᠷᠤᠭ ᠯᠡ ᠲᠠᠨᠢᠭᠳᠠᠵᠤ ᠪᠠᠶᠢᠪᠠ᠃ | ᠲᠤᠭᠠᠷᠬᠦᠤ ᠬᠠᠷ᠎ᠠ ᠮᠤᠷᠢ ᠪᠠᠨ ᠲᠡᠨᠳᠠ ᠲᠤᠱᠠᠵᠤ ᠦᠯᠡᠳᠡᠭᠡᠭᠡᠳ ᠮᠤᠷᠢᠨ ᠳᠠᠭᠠᠨ ᠮᠤᠷᠳᠠᠩᠭᠤᠳᠠ᠄ ︽ | ᠬᠠᠮᠤᠭ ᠤᠨ ᠲᠦᠷᠦᠬᠦᠨ ᠳᠤ ᠮᠠᠨᠵᠤ ᠠᠮᠪᠠᠨ ᠤ ᠲᠤᠰᠠᠯᠠᠬᠤ ᠶᠢ᠂ ᠲᠡᠭᠡᠭᠡᠳ ᠳ᠋ᠠᠩᠵᠢᠶᠠᠳᠠ ᠶᠢ᠂ ᠲᠠᠷᠠᠭ᠎ᠠ ᠨᠢ | ᠬᠤᠰᠢᠭᠤ ᠨᠤᠶᠠᠨ ᠢ᠂ ᠵᠠᠩᠬᠢ ᠶᠢ︾ ᠬᠡᠮᠡᠨ ᠵᠠᠨᠤᠭᠠᠳ ᠭᠠᠷ ᠲᠠᠭᠠᠨ ᠪᠠᠷᠢᠭᠰᠠᠨ ᠪᠦᠳᠦᠬᠦᠨ ᠢᠷᠭᠠᠢ ᠲᠠᠰᠢᠭᠤᠷ | ᠢᠶᠠᠨ ᠴᠢᠩᠭ᠎ᠠ ᠠᠳᠬᠤᠨ᠄ ︽ᠴᠦ᠋︾ ᠬᠡᠮᠡᠬᠦ ᠳᠤ ᠴᠠᠭᠠᠨ ᠮᠤᠷᠢ ᠤᠬᠤᠰᠬᠢᠨ ᠲᠠᠪᠬᠢᠵᠤ ᠶᠠᠭᠠᠬᠢᠬᠤ ᠡᠶᠢᠬᠦ ᠶᠢᠨ | ᠵᠠᠭᠤᠷ᠎ᠠ ᠦᠭᠡᠢ ᠯᠡ ᠭᠡᠷ ᠤᠨ ᠭᠠᠳᠠᠭ᠎ᠠ ᠨᠦᠮᠦᠷᠡᠨ ᠤᠴᠢᠬᠤ ᠳᠤ ᠮᠠᠨᠵᠤ ᠠᠮᠪᠠᠨ ᠤ ᠲᠤᠰᠠᠯᠠᠬᠤ ᠬᠠᠯᠪᠠᠭᠠᠷ ᠲᠡᠪᠡᠯ | ᠢᠶᠠᠨ ᠨᠦᠮᠦᠭᠡᠨ ᠨᠦᠮᠦᠷᠡᠨ ᠪᠡᠶ᠎ᠠ ᠵᠠᠰᠠᠬᠤ ᠪᠠᠷ ᠶᠠᠪᠤᠵᠤ ᠪᠠᠶᠢᠭ᠎ᠠ ᠪᠤᠯᠤᠯᠳᠠᠢ ᠴᠠᠰᠢ ᠪᠠᠨ ᠬᠠᠷᠠᠨ ᠠᠯᠬᠤᠵᠤ | ᠪᠠᠶᠢᠭᠰᠠᠨ ᠢᠶᠠᠨ ᠬᠡᠨᠡᠳᠳᠠ ᠡᠷᠬᠢᠨ ᠬᠠᠷᠠᠬᠤ ᠳᠤ ᠨᠢ ᠲᠤᠭᠠᠷᠬᠦᠤ ᠴᠤ ᠲᠠᠰᠢᠭᠤᠷ ᠢᠶᠠᠨ ᠲᠠᠯ᠎ᠠᠶᠢᠨ ᠲᠤᠯᠤᠭᠠᠢ | ᠲᠤᠮᠳᠠᠭᠤᠷ ᠨᠢ ᠶᠠᠪᠤᠭᠤᠯᠵᠤ ᠤᠷᠬᠢᠪᠠᠯ᠄ ︽ᠬᠡᠭ︾ ᠬᠡᠮᠡᠨ ᠪᠦᠭᠯᠡᠬᠦᠭᠡᠨ ᠲᠤᠤᠭᠠᠷᠤᠭᠠᠳ ᠬᠠᠷᠭᠠᠨ᠎ᠠ ᠲᠠᠮᠨᠠᠨ ᠤᠨᠠᠪᠠ | ᠃ ᠮᠤᠷᠢᠨ ᠤ ᠪᠠᠨ ᠠᠮᠠ ᠶᠢ ᠡᠷᠬᠢᠬᠦᠯᠦᠨ ᠳ᠋ᠠᠩᠵᠢᠶᠠᠳᠠ ᠤᠷᠤᠭᠤ ᠤᠴᠢᠪᠠᠰᠤ ᠲᠡᠷᠡᠪᠡᠷ ᠬᠢᠳᠠᠳ ᠢᠶᠠᠷ ᠪᠠᠭᠠᠬᠠᠨ | ᠶᠠᠭᠤᠮ᠎ᠠ ᠱᠤᠯᠤᠭᠠᠨᠠᠭᠠᠳ ᠴᠠᠰᠢ ᠪᠠᠨ ᠵᠢᠷᠤᠭᠠᠯᠠᠨ ᠬᠦᠶᠦᠬᠦ ᠳᠤ ᠨᠢ ᠲᠠᠰᠢᠭᠤᠷ ᠢᠶᠠᠨ ᠲᠠᠯ᠎ᠠᠶᠢᠨ ᠴᠤᠬᠢᠬᠤ ᠠᠭᠱᠠᠨ | ᠳᠤ ᠲᠡᠷᠡᠪᠡᠷ ᠮᠠᠭᠤᠬᠠᠢ ᠴᠢᠷᠠᠯᠠᠨ ᠫᠦᠳ ᠬᠢᠨ ᠤᠨᠠᠪᠠ᠃ ᠶᠠᠭᠤ ᠪᠤᠯᠤᠭᠠᠳ ᠪᠠᠶᠢᠭ᠎ᠠ ᠶᠢ ᠤᠬᠠᠭᠠᠷᠠᠵᠤ ᠠᠮᠵᠢᠭ᠎ᠠ | ᠦᠭᠡᠢ ᠵᠤᠭᠰᠤᠬᠤ ᠬᠠᠯᠠᠮᠴᠠᠭᠤ ᠬᠤᠰᠢᠭᠤᠨ ᠨᠤᠶᠠᠨ ᠤ ᠤᠯᠠᠭᠠᠨ ᠨᠢᠭᠤᠷᠤᠨ ᠲᠤᠮᠳᠠᠭᠤᠷ ᠨᠢ ᠶᠠᠪᠤᠭᠤᠯᠵᠤ ᠤᠷᠬᠢᠪᠠᠯ | ᠠᠷᠤᠭᠰᠢ ᠪᠠᠨ ᠰᠠᠪᠠᠨ ᠤᠨᠠᠯ᠎ᠠ᠃ ᠬᠠᠷᠢᠨ ᠲᠤᠪᠳᠤᠨ ᠵᠠᠩᠬᠢ ᠬᠡᠷ ᠤᠷᠤᠭᠤ ᠤᠷᠤᠬᠤ ᠪᠠᠷ ᠮᠠᠶᠢᠷᠠᠭᠨᠠᠨ ᠬᠦᠶᠦᠬᠦ | ᠳᠤᠨᠢ ᠴᠦ᠋ ᠬᠡᠮᠡᠨ ᠲᠠᠪᠢᠷᠠᠬᠤ ᠳᠤ ᠮᠤᠷᠢ ᠤᠬᠤᠰᠬᠢᠨ ᠬᠡᠷ ᠤᠨ ᠡᠬᠦᠳᠠ ᠪᠠᠷ ᠤᠷᠤᠬᠤ ᠠᠭᠱᠠᠨ ᠳᠤᠨᠢ ᠲᠠᠰᠢᠭᠤᠷ | ᠢᠶᠠᠨ ᠲᠠᠯ᠎ᠠᠶᠢᠨ ᠪᠠᠭᠤᠯᠭᠠᠪᠠᠰᠤ ᠬᠠᠯᠳᠤ ᠴᠤᠬᠢᠭᠤᠯᠤᠭᠰᠠᠨ ᠲᠤᠪᠳᠤᠨ ᠴᠠᠰᠢ ᠪᠠᠨ ᠰᠢᠷᠭᠤᠴᠢᠨ ᠤᠨᠠᠬᠤ ᠳᠤ ᠨᠢ | ᠮᠤᠷᠢᠨ ᠤ ᠪᠠᠨ ᠠᠮᠨ ᠶᠢ ᠡᠷᠬᠢᠬᠦᠯᠦᠨ ᠴᠠᠬᠢᠭᠤᠷ ᠫᠤᠤ ᠪᠠᠨ ᠴᠡᠨᠡᠭᠯᠡᠬᠦ ᠬᠡᠵᠤ ᠤᠷᠤᠯᠳᠤᠨ ᠵᠤᠭᠰᠤᠵᠤ ᠪᠤᠢ ᠮᠠᠨᠵᠤ | ᠠᠮᠪᠠᠨ ᠤ ᠲᠤᠰᠠᠯᠠᠬᠤ ᠶᠢᠨ ᠬᠤᠶᠠᠷ ᠬᠠᠷᠠᠭᠤᠯ ᠢ ᠮᠤᠷᠢ ᠪᠠᠷ ᠢᠶᠠᠨ ᠲᠠᠭᠠᠷᠢᠵᠤ ᠤᠨᠠᠭᠠᠨ ᠴᠠᠰᠢ ᠪᠠᠨ ᠲᠠᠪᠬᠢᠬᠤ ᠵᠠᠮ | ᠳᠤ ᠬᠠᠷ᠎ᠠ ᠮᠤᠷᠢ ᠪᠠᠨ ᠵᠠᠮ ᠠᠴᠠ ᠪᠠᠨ ᠠᠪᠴᠤ ᠬᠠᠷᠠᠩᠭᠤᠢ ᠲᠤᠮᠳᠠᠭᠤᠷ ᠤᠳᠤᠪᠠ᠃ | ᠲᠡᠷᠨ ᠰᠦᠨᠢ ᠳᠡᠭᠡᠨ ᠯᠡ ᠮᠠᠨᠵᠤ ᠠᠮᠪᠠᠨ᠂ ᠳ᠋ᠠᠩᠵᠢᠶᠠᠳᠠ ᠬᠤᠶᠠᠷ ᠭᠠᠵᠠᠷ ᠲᠡᠭᠡᠷ᠎ᠠ ᠪᠠᠨ ᠲᠠᠭᠠᠯᠠᠯ ᠲᠡᠬᠦᠰᠴᠤ | ᠬᠤᠰᠢᠭᠤ ᠨᠤᠶᠠᠨ ᠤᠬᠠᠭᠠᠨ ᠦᠭᠡᠢ ᠦᠬᠦᠯᠦᠬᠦᠳᠠ ᠠᠮᠢᠳᠠᠨ ᠪᠠᠶᠢᠵᠤ ᠪᠠᠶᠢᠭᠠᠳ ᠦᠷᠯᠦᠭᠡᠬᠦᠷ ᠰᠡᠷᠬᠦᠭᠰᠡᠨ ᠴᠤ | ᠨᠢᠭᠡ ᠨᠢᠳᠤ ᠪᠠᠨ ᠪᠦᠯᠳᠠ ᠴᠤᠬᠢᠭᠤᠯᠤᠭᠰᠠᠨ ᠪᠠᠶᠢᠪᠠ᠃ ᠬᠠᠷᠢᠨ ᠲᠤᠪᠳᠤᠨ ᠵᠠᠩᠬᠢ ᠲᠤᠯᠤᠭᠠᠢ ᠪᠠᠨ | ᠬᠠᠭᠠᠯᠤᠭᠤᠯᠤᠭᠠᠳ ᠯᠡ ᠦᠯᠡᠳᠡᠭᠰᠡᠨ ᠪᠠᠶᠢᠪᠠ᠃ ᠲᠡᠷᠨ ᠡᠳᠦᠷ ᠬᠤᠰᠢᠭᠤ ᠨᠤᠶᠠᠨ ᠲᠤᠭᠠᠷᠬᠦᠤ ᠶᠢᠨ ᠠᠷᠤ ᠠᠴᠠ | ᠠᠷᠪᠠᠨ ᠲᠠᠪᠤᠨ ᠤ ᠴᠠᠭᠳᠠᠭ᠎ᠠ ᠨᠠᠷ ᠢᠶᠠᠨ ᠮᠤᠷᠳᠠᠭᠤᠯᠪᠠ᠃ | ᠲᠤᠭᠠᠷᠬᠦᠤ ᠦᠷᠳᠡᠭᠡᠨ ᠠᠴᠠ ᠲᠤᠳᠠᠭᠠᠭᠰᠠᠨ ᠠᠴᠠ ᠬᠤᠶᠢᠰᠢ ᠠᠭᠤᠯᠠᠨ ᠳᠤ ᠪᠦᠭᠬᠦᠵᠤ ᠲᠠᠷᠪᠠᠭ᠎ᠠ ᠵᠤᠷᠠᠮ᠎ᠠ | ᠪᠠᠷ ᠬᠤᠭᠤᠯᠠᠯᠯᠠᠨ ᠨᠡᠯᠢᠶᠡᠳ ᠬᠤᠨᠤᠪᠠ᠃ | ᠮᠠᠨᠵᠤ ᠶᠢᠨ ᠡᠶᠢᠮᠤ ᠲᠤᠮᠤ ᠠᠯᠪᠠᠨ ᠤ ᠬᠦᠮᠦᠨ ᠠᠮᠢ ᠨᠠᠰᠤ ᠪᠠᠨ ᠠᠯᠳᠠᠵᠤ ᠪᠠᠶᠢᠭᠰᠠᠨ ᠲᠤᠬᠢᠶᠠᠯᠳᠤᠯ ᠭᠠᠷᠴᠤ | ᠪᠠᠶᠢᠭ᠎ᠠ ᠦᠭᠡᠢ ᠤᠴᠢᠷ ᠮᠠᠨᠵᠤ ᠠᠮᠪᠠᠨ ᠶᠡᠭᠡᠳᠠ ᠬᠢᠯᠢᠩᠨᠡᠵᠤ ᠴᠡᠷᠢᠭ ᠭᠠᠷᠭᠠᠨ ᠲᠡᠷᠨ ᠬᠠᠪᠢ ᠶᠢᠨ ᠠᠭᠤᠯᠨ ᠬᠠᠳᠠ | ᠶᠢ ᠦᠷᠭᠡᠨ ᠬᠦᠷᠢᠶ᠎ᠠ ᠲᠠᠢ ᠪᠠᠷ ᠨᠡᠩᠵᠢᠵᠤ ᠡᠬᠢᠯᠡᠪᠡ᠃ ᠲᠤᠭᠠᠷᠬᠦᠤ ᠬᠡᠳᠤ ᠬᠡᠳᠦᠨ ᠤᠳᠠᠭ᠎ᠠ ᠪᠠᠷᠢᠭᠳᠠᠬᠤ ᠶᠢᠨ | ᠲᠠᠪᠠᠭᠠᠨ ᠲᠡᠭᠡᠷ᠎ᠠ ᠮᠤᠷᠢ ᠰᠠᠶᠢᠳᠠᠢ ᠲᠤᠯᠠᠳᠠ ᠯᠡ ᠲᠤᠳᠠᠭᠠᠵᠤ ᠪᠠᠶᠢᠭᠰᠠᠨ ᠴᠤ ᠨᠢᠭᠡ ᠤᠳᠠᠭ᠎ᠠ ᠲᠤᠪᠳᠤᠨ ᠵᠠᠩᠬᠢ | ᠪᠠᠷ ᠠᠬᠠᠯᠠᠭᠤᠯᠤᠭᠰᠠᠨ ᠠᠷᠪᠠᠨ ᠲᠠᠪᠤᠨ ᠤ ᠴᠠᠭᠳᠠᠭ᠎ᠠ ᠨᠠᠷ ᠲᠤ ᠬᠦᠭᠡᠭᠳᠡᠨ ᠲᠤᠳᠠᠭᠠᠵᠤ ᠶᠠᠪᠤᠬᠤ ᠵᠠᠮ ᠳᠤ ᠬᠠᠷ᠎ᠠ | ᠮᠤᠷᠢ ᠨᠢ ᠫᠤᠤᠳᠠᠭᠤᠯᠵᠤ ᠦᠬᠦᠪᠡ᠃ ᠬᠡᠰᠡᠨ ᠴᠤ ᠲᠤᠭᠠᠷᠬᠦᠤ ᠴᠠᠭᠠᠨ ᠮᠤᠷᠢ ᠪᠠᠨ ᠵᠠᠶᠢᠳᠠᠩ ᠤᠨᠤᠭᠠᠳ ᠲᠤᠳᠠᠭᠠᠵᠤ | ᠠᠮᠵᠢᠪᠠ᠃ | ᠲᠤᠭᠠᠷᠬᠦᠤ ᠡᠬᠡᠨᠡᠷ ᠤᠨ ᠢᠶᠠᠨ ᠰᠤᠷᠠᠭ ᠢ ᠭᠠᠷᠭᠠᠬᠤ ᠬᠡᠵᠤ ᠨᠡᠯᠢᠶᠡᠳ ᠶᠠᠪᠤᠭᠰᠠᠨ ᠪᠤᠯᠪᠠᠴᠤ ᠪᠦᠳᠡᠬᠢᠬᠡᠨ | ᠨᠢᠭᠡ ᠰᠤᠷᠠᠭ ᠭᠠᠷᠤᠭᠰᠠᠨ ᠨᠢ ᠬᠦᠷᠢᠶ᠎ᠠ ᠤᠷᠤᠭᠤ ᠮᠦᠷᠬᠦᠯᠴᠢᠳ ᠲᠠᠭᠠᠭᠠᠳ ᠶᠠᠪᠤᠭᠰᠠᠨ ᠬᠡᠰᠡᠨ ᠰᠤᠷᠠᠭ ᠪᠠᠶᠢᠪᠠ᠃ | ᠶᠠᠮᠠᠷ ᠴᠤ ᠪᠠᠶᠢᠭᠰᠠᠨ ᠠᠮᠢᠳᠤ ᠪᠠᠶᠢᠭ᠎ᠠ ᠶᠢ ᠨᠢ ᠲᠤᠭᠤᠯᠤᠭᠰᠠᠨ ᠲᠡᠷᠡᠪᠡᠷ ᠬᠦᠷᠢᠶ᠎ᠠ ᠶᠠᠪᠤᠶ᠎ᠠ ᠬᠡᠵᠤ ᠰᠢᠢᠳᠦᠭᠡᠳ | ᠪᠠᠶᠢᠳᠠᠯ᠎ᠠ ᠮᠠᠨᠵᠤ ᠠᠮᠪᠠᠨ ᠤ ᠭᠠᠵᠠᠷ ᠠᠴᠠ ᠭᠧᠯᠢᠭ ᠢ ᠡᠬᠡᠨᠡᠷ ᠲᠠᠢ ᠨᠢ ᠬᠠᠮᠳᠤ ᠤᠷᠭᠤᠳᠤᠤᠯ ᠲᠠᠢ ᠬᠤᠤᠪᠢᠯᠳᠤᠭᠰᠠᠨ | ᠬᠡᠷᠡᠭ ᠢᠶᠠᠷ ᠪᠠᠷᠢᠪᠴᠢᠯᠠᠵᠤ ᠲᠠᠮᠤᠯᠠᠨ ᠪᠠᠶᠢᠴᠠᠭᠠᠭᠰᠠᠨ ᠪᠠ ᠭᠧᠯᠢᠭ ᠪᠦᠬᠦ ᠬᠡᠷᠡᠭ ᠢ ᠦᠪᠡᠷ ᠢᠶᠠᠨ ᠡᠬᠦᠷᠴᠤ ᠡᠬᠡᠨᠡᠷ ᠨᠢ | ᠰᠤᠯᠠᠯᠠᠭᠳᠠᠭᠰᠠᠨ ᠬᠡᠳᠡᠭ ᠢ ᠲᠤᠭᠤᠯᠤᠪᠠ᠃ | ︽ᠨᠠᠳᠠ ᠠᠴᠠ ᠪᠤᠯᠵᠤ ᠡᠶᠢᠮᠤ ᠵᠤᠪᠠᠯᠠᠩ ᠳᠤ ᠤᠨᠠᠭᠰᠠᠨ᠂ ᠪᠢ ᠲᠤᠰᠠᠯᠠᠬᠤ ᠶᠤᠰᠤᠳᠠᠢ︾ ᠬᠡᠮᠡᠨ ᠬᠡᠳᠤ | ᠬᠡᠳᠦᠨ ᠰᠦᠨᠢ ᠮᠠᠨᠵᠤ ᠠᠮᠪᠠᠨ ᠤ ᠬᠠᠪᠢ ᠪᠠᠷ ᠡᠷᠬᠢᠯᠳᠦᠵᠤ ᠤᠷᠭᠤᠭᠤᠯᠬᠤ ᠪᠤᠯᠤᠮᠵᠢ ᠪᠠᠶᠢᠭ᠎ᠠ ᠡᠰᠡᠬᠦ ᠶᠢ | ᠰᠤᠳᠤᠯᠤᠭᠰᠠᠨ ᠪᠤᠯᠪᠠᠴᠤ ᠤᠯᠢᠭ ᠲᠠᠢ ᠰᠠᠨᠠᠭ᠎ᠠ ᠤᠯᠳᠠᠭᠰᠠᠨ ᠦᠭᠡᠢ᠃ | ᠤᠳᠠᠯ ᠦᠭᠡᠢ ᠬᠤᠷᠢᠭᠳᠠᠯ ᠢ ᠰᠢᠯᠵᠢᠬᠦᠯᠬᠦ ᠬᠡᠨ᠎ᠠ ᠬᠡᠰᠡᠨ ᠰᠤᠷᠠᠭ ᠰᠤᠨᠤᠰᠤᠭᠰᠠᠨ ᠲᠤᠯᠨ ᠨᠢᠭᠡ ᠲᠦᠰᠢᠮᠡᠯ | ᠳᠤ ᠨᠡᠯᠢᠶᠡᠳ ᠬᠡᠳᠦᠨ ᠯᠠᠩ ᠤᠨ ᠮᠦᠩᠬᠦᠨ ᠶᠤᠸᠠᠮᠪᠤᠤ ᠠᠳᠬᠤᠭᠤᠯᠵᠤ ᠪᠠᠶᠢᠵᠤ ᠬᠠᠮᠢᠭᠠᠰᠢ ᠪᠠᠨ ᠬᠡᠵᠢᠶ᠎ᠠ | ᠰᠢᠯᠵᠢᠬᠦᠯᠬᠦ ᠬᠡᠳᠡᠭ ᠢ ᠨᠢ ᠮᠡᠳᠡᠵᠤ ᠠᠪᠤᠭᠠᠳ ᠨᠤᠳᠤᠭ ᠤᠨ ᠨᠢᠭᠡ ᠬᠦᠮᠦᠨ ᠲᠠᠢ ᠬᠤᠶᠠᠭᠤᠯᠨ ᠭᠠᠵᠠᠷ ᠤᠨ ᠪᠠᠷᠳᠠᠭ᠎ᠠ | ᠳᠤ ᠤᠳᠤᠵᠤ ᠪᠠᠶᠢᠳᠠᠯ᠎ᠠ ᠠᠷᠪᠠᠭᠠᠳ ᠬᠦᠮᠦᠨ ᠢᠶᠠᠷ ᠬᠠᠮᠠᠭᠠᠯᠠᠭᠤᠯᠵᠤ ᠬᠦᠵᠦᠬᠦᠨ ᠳᠤᠨᠢ ᠲᠦᠩᠭᠡ ᠵᠡᠬᠦᠨ ᠵᠠᠶᠢᠳᠠᠩ | ᠮᠤᠷᠢᠨ ᠲᠡᠭᠡᠷ᠎ᠠ ᠮᠤᠷᠳᠠᠭᠤᠯᠵᠤ ᠬᠦᠯ ᠢ ᠨᠢ ᠲᠤᠤᠭᠤᠷ ᠨᠢ ᠬᠤᠯᠪᠤᠭᠰᠠᠨ ᠭᠧᠯᠢᠭ ᠢ ᠠᠪᠴᠤ ᠶᠠᠪᠤᠭ᠎ᠠ ᠴᠤᠪᠤᠭ᠎ᠠ | ᠭᠠᠷᠴᠤ ᠢᠷᠡᠪᠡ᠃ ᠲᠤᠭᠠᠷᠬᠦᠤ ᠬᠠᠮᠳᠤ ᠶᠠᠪᠤᠭ᠎ᠠ ᠬᠦᠮᠦᠨ ᠳᠡᠭᠡᠨ᠄ ︽ᠴᠢ ᠬᠤᠶᠢᠭᠤᠷ ᠨᠢ ᠲᠤᠭᠤᠷᠢᠵᠤ ᠤᠴᠢᠭᠠᠳ | ᠫᠤᠤ ᠲᠠᠯᠪᠢᠵᠤ ᠠᠩᠬᠠᠷᠤᠯ ᠢ ᠨᠢ ᠰᠠᠷᠨᠢᠭᠤᠯᠤᠭᠠᠳ ᠴᠠᠰᠢ ᠪᠠᠨ ᠲᠤᠳᠠᠭᠠ᠃ ᠬᠡᠷᠪᠡ ᠨᠠᠳᠠᠳᠤ ᠶᠠᠮᠠᠷ ᠨᠢᠭᠡᠨ ᠶᠠᠭᠤᠮ᠎ᠠ | ᠪᠤᠯᠪᠠᠯ ᠴᠢ ᠲᠡᠷᠨ ᠴᠢᠭ ᠢᠶᠠᠷ ᠢᠶᠠᠨ ᠶᠠᠪᠤᠭᠠᠷᠠᠢ︾ ᠬᠡᠪᠡ᠃ | ᠨᠦᠬᠦᠭᠡ ᠬᠦᠮᠦᠨ ᠨᠢ ᠴᠤᠪᠤᠭᠠᠨ ᠤ ᠠᠷᠤ ᠪᠠᠷ ᠲᠤᠭᠤᠷᠢᠵᠤ ᠠᠷᠤ ᠳᠤᠨᠢ ᠭᠠᠷᠤᠭᠠᠳ ᠫᠤᠤ ᠲᠠᠯᠪᠢᠵᠤ | ᠬᠠᠰᠬᠢᠷᠤᠪᠠᠯ ᠲᠤᠯᠤᠭ᠎ᠠ ᠨᠠᠢᠮᠠᠨ ᠮᠤᠷᠢᠳᠠᠨ ᠲᠡᠬᠦᠨ ᠤ ᠦᠭᠡᠳᠠ ᠠᠴᠠ ᠫᠤᠤ ᠲᠠᠯᠪᠢᠨ ᠨᠡᠭᠡᠪᠡ᠃ ᠡᠨᠡ ᠴᠢᠯᠦᠭᠡ ᠪᠠᠷ | ᠲᠤᠭᠠᠷᠬᠦᠤ ᠴᠠᠭᠠᠨ ᠮᠤᠷᠢᠨ ᠳᠠᠭᠠᠨ ᠮᠤᠷᠳᠠᠨ ᠬᠤᠢ ᠰᠠᠯᠬᠢ ᠰᠢᠭ᠋ ᠲᠤᠪᠳᠤᠯᠭᠠᠨ ᠭᠧᠯᠢᠭ ᠢ ᠰᠠᠬᠢᠵᠤ ᠦᠯᠡᠳᠡᠭᠰᠡᠨ | ᠭᠤᠷᠪᠠᠨ ᠮᠠᠨᠵᠤ ᠬᠤᠶᠠᠭ ᠢ ᠬᠦᠳᠡᠯᠵᠤ ᠠᠮᠵᠢᠭ᠎ᠠ ᠦᠭᠡᠢ ᠪᠠᠶᠢᠬᠤ ᠳᠤᠨᠢ ᠴᠤᠬᠢᠵᠤ ᠤᠨᠠᠭᠠᠭᠠᠳ ᠭᠧᠯᠢᠭ ᠤᠨ ᠬᠦᠯ ᠢ | ᠬᠤᠯᠪᠤᠭᠰᠠᠨ ᠤᠶᠠᠭ᠎ᠠ ᠶᠢ ᠲᠠᠰᠤ ᠲᠠᠳᠠᠭᠠᠳ ᠲᠦᠩᠭᠡ ᠲᠠᠢ ᠨᠢ ᠨᠤᠴᠤᠯᠳᠤᠵᠤ ᠪᠠᠶᠢᠬᠤ ᠦᠶ᠎ᠠ ᠳᠤ ᠨᠦᠬᠦᠭᠡ | ᠮᠤᠷᠢᠳᠠᠢ ᠬᠤᠶᠠᠭ ᠤᠳ ᠪᠤᠴᠠᠭᠠᠳ ᠢᠷᠡᠵᠤ ᠪᠠᠶᠢᠭ᠎ᠠ ᠨᠢ ᠬᠠᠷᠠᠭᠳᠠᠪᠠ᠃ ᠲᠡᠪᠡᠳᠡᠭᠰᠡᠨ ᠲᠤᠭᠠᠷᠬᠦᠤ ᠭᠧᠯᠢᠭ ᠢ | ᠴᠠᠭᠠᠨ ᠮᠤᠷᠢᠨ ᠲᠡᠭᠡᠷ᠎ᠠ ᠪᠠᠨ ᠡᠷᠬᠦᠭᠡᠳ ᠮᠤᠷᠳᠠᠭᠤᠯᠬᠤ ᠠᠭᠱᠠᠨ ᠳᠤ ᠤᠶᠢᠷᠠᠬᠠᠨ ᠬᠡᠳᠤ ᠬᠡᠳᠦᠨ ᠤᠳᠠᠭ᠎ᠠ ᠫᠤᠤ ᠶᠢᠨ | ᠲᠠᠭᠤ ᠲᠠᠰ ᠬᠢᠵᠤ ᠲᠤᠭᠠᠷᠬᠦᠤ ᠶᠢᠨ ᠴᠢᠷᠠᠢ ᠨᠢ ᠬᠦᠭᠡᠷᠡᠨ ᠭᠠᠷ ᠨᠢ ᠰᠤᠯᠠᠷᠠᠵᠤ ᠰᠤᠯᠪᠠᠶᠢᠭᠠᠳ ᠭᠧᠯᠢᠭ ᠲᠤ | ᠬᠠᠨᠳᠤᠵᠤ᠄ ︽ᠶᠠᠪᠤ ᠶᠠᠪᠤ︾ ᠬᠡᠮᠡᠨ ᠲᠠᠰᠢᠭᠤᠷ ᠢᠶᠠᠨ ᠭᠠᠷ ᠲᠤᠨᠢ ᠠᠳᠬᠤᠭᠤᠯᠤᠭᠠᠳ ᠰᠤᠯᠪᠠᠶᠢᠨ ᠤᠨᠠᠯ᠎ᠠ᠃ | ︽ᠴᠦ᠋︾ ᠬᠡᠮᠡᠪᠡᠰᠤ ᠴᠠᠭᠠᠨ ᠮᠤᠷᠢ ᠤᠬᠤᠰᠬᠢᠨ ᠲᠠᠪᠬᠢᠬᠤ ᠳᠤ ᠬᠤᠶᠢᠨ᠎ᠠ ᠠᠴᠠ ᠨᠢ ᠬᠤᠶᠠᠭ ᠤᠳ ᠫᠤᠤ | ᠲᠠᠯᠪᠢᠨ ᠨᠡᠯᠢᠶᠡᠳ ᠬᠦᠭᠡᠭᠡᠭᠰᠡᠨ ᠪᠤᠯᠪᠠᠴᠤ ᠪᠠᠷ᠎ᠠ ᠰᠤᠷᠠᠭ ᠦᠭᠡᠢ ᠲᠠᠰᠤᠷᠠᠨ ᠬᠤᠯᠠᠳᠠᠯ᠎ᠠ᠃ | ᠦᠬᠦᠯᠦᠬᠦᠳᠠ ᠰᠢᠷᠬᠠᠳᠤᠭᠰᠠᠨ ᠲᠤᠭᠠᠷᠬᠦᠤ ᠲᠡᠭᠡᠭᠰᠢ ᠬᠠᠷᠠᠨ ᠬᠡᠪᠳᠡᠬᠦ ᠳᠡᠭᠡᠨ ᠭᠧᠯᠢᠭ ᠢ ᠤᠷᠭᠤᠭᠤᠯᠵᠤ | ᠴᠢᠳᠠᠭᠰᠠᠨ ᠳᠠᠭᠠᠨ ᠯᠡ ᠬᠢᠵᠠᠭᠠᠷ ᠦᠭᠡᠢ ᠪᠠᠶᠠᠷᠯᠠᠵᠤ ᠪᠠᠶᠢᠪᠠ ᠁ | | ︵www.biirbeh.mn ᠠᠴᠠ ᠪᠠᠭᠤᠯᠭᠠᠪᠠ︶ | |