ᠭᠠᠵᠠᠷ ᠲᠤᠤᠷᠠᠬᠢ ᠲᠡᠮᠤᠷ ᠵᠠᠮ ᠤᠨ ᠦᠷᠳᠡᠬᠡᠨ ᠳᠠᠬᠢ ᠰᠡᠳᠬᠢᠬᠦᠰᠢᠳᠠᠢ ᠳᠤᠷᠰᠢᠯᠳᠠ
ᠨᠡᠶᠢᠲᠡᠯᠡᠭᠰᠡᠨ ᠴᠠᠭ᠄
2015/2/10
      2007 ᠤᠨ ᠤ ᠨᠢᠭᠡᠨ ᠬᠠᠬᠢᠷ ᠬᠦᠢᠳᠡᠨ ᠦᠳᠡ ᠶᠢᠨ ᠡᠮᠦᠨ᠎ᠡ᠂ ᠸᠠᠰᠢᠩᠲᠳ ᠤ ᠭᠠᠵᠠᠷ ᠳᠤᠤᠷᠠᠬᠢ ᠳᠡᠮᠦᠷ ᠵᠠᠮ ᠤᠨ ᠦᠷᠳᠡᠭᠡᠨ ᠳᠤ᠂ ᠨᠢᠭᠡ ᠡᠷᠡᠭᠲᠠᠢ ᠪᠠᠭ᠎ᠠ ᠡᠷᠡᠦ ᠬᠤᠭᠤᠷ ᠢᠶᠠᠷ ᠪᠠᠾᠧ ᠶᠢᠨ ᠪᠦᠳᠦᠭᠡᠯ ᠎ ᠠᠴᠠ ᠵᠢᠷᠭᠤᠭᠠᠨ ᠪᠠᠳᠠᠭ ᠢ 45 ᠮᠢᠨᠦ᠋ᠲ ᠬᠦᠭᠵᠢᠮᠳᠡᠭᠰᠡᠨ ᠪᠠᠶᠢᠨ᠎ᠠ᠃ ᠳᠡᠬᠦᠨ ᠤ ᠡᠮᠦᠨ᠎ᠡ ᠨᠢᠭᠡ ᠮᠠᠯᠠᠭᠠᠢ ᠶᠢ ᠳᠠᠭᠡᠭᠰᠢ ᠬᠠᠨᠳᠤᠭᠤᠯᠵᠦ ᠳᠠᠯᠪᠢᠭᠰᠠᠨ ᠠᠴᠠ ᠦᠵᠡᠪᠡᠯ ᠳᠡᠷᠡ ᠪᠤᠯ ᠵᠡᠭᠡᠯᠢ ᠲᠡᠭᠡᠷ᠎ᠡ ᠲᠤᠭᠯᠠᠯᠳᠠ ᠭᠠᠷᠭᠠᠵᠤ ᠮᠦᠩᠬᠦ ᠤᠯᠳᠠᠭ ᠬᠦᠮᠦᠨ ᠪᠤᠯᠬᠤ ᠨᠢ ᠭᠠᠷᠴᠠᠭ᠎ᠠ ᠦᠬᠡᠢ᠃ ᠡᠨᠡᠬᠦ ᠭᠠᠵᠠᠷ ᠳᠤᠤᠷᠠᠬᠢ ᠳᠡᠷᠬᠡᠨ ᠦᠷᠳᠡᠭᠡᠨ ᠳᠤ ᠬᠦᠭᠵᠢᠮᠳᠡᠵᠤ ᠪᠠᠶᠢᠭ᠎ᠠ ᠡᠷᠡᠦ ᠬᠤᠭᠤᠷᠴᠢ ᠪᠤᠯ ᠳᠡᠯᠡᠬᠡᠢ ᠶᠢᠨ ᠬᠠᠮᠤᠭ ᠤᠨ ᠠᠭᠤᠤ ᠶᠡᠭᠡ ᠰᠤᠳᠤᠨ ᠬᠦᠭᠵᠢᠮᠴᠢᠨ ᠤ ᠨᠢᠭᠡ — ᠵᠤᠰᠢᠸᠠ ᠪᠧᠯ ᠪᠤᠯᠬᠤ ᠶᠢ ᠬᠡᠨ ᠬᠦᠮᠦᠨ ᠴᠤ ᠮᠡᠳᠡᠭᠰᠡᠨ ᠦᠬᠡᠢ᠃ ᠨᠡᠩ ᠴᠤ ᠳᠡᠬᠦᠨ ᠤ ᠬᠦᠭᠵᠢᠮᠳᠡᠵᠦ ᠪᠠᠶᠢᠬᠤ ᠨᠢ ᠳᠡᠯᠡᠬᠡᠢ ᠲᠡᠭᠡᠷ᠎ᠡ ᠬᠦᠭᠵᠢᠮᠳᠡᠬᠦ ᠳᠤ ᠬᠠᠮᠤᠭ ᠠᠴᠠ ᠬᠦᠴᠢᠷᠲᠠᠢ ᠠᠶᠠᠰ ᠪᠠᠶᠢᠵᠦ᠂ ᠳᠡᠬᠦᠨ ᠤ ᠬᠡᠷᠡᠭᠯᠡᠵᠦ ᠪᠠᠶᠢᠬᠤ ᠡᠷᠡᠦ ᠬᠤᠭᠤᠷ ᠨᠢ 350 ᠲᠦᠮᠡᠨ ᠳ᠋ᠤᠯᠯᠠᠷ ᠬᠦᠷᠦᠨ᠎ᠡ ᠭᠡᠳᠡᠭ ᠢ ᠮᠡᠳᠡᠬᠦ ᠬᠦᠮᠦᠨ ᠠᠯᠠᠭ᠎ᠠ᠃       ᠵᠤᠰᠢᠸᠠ ᠪᠧᠯ ᠤᠨ ᠬᠦᠭᠵᠢᠮᠳᠡᠵᠦ ᠪᠠᠶᠢᠭᠰᠠᠨ 45 ᠮᠢᠨᠦ᠋ᠲ ᠲᠤ ᠡᠨᠡᠬᠦ ᠦᠷᠳᠡᠭᠡ ᠪᠠᠷ ᠪᠠᠷᠤᠭ 2000 ᠬᠦᠮᠦᠨ ᠨᠠᠰᠢ ᠴᠠᠰᠢ ᠦᠩᠭᠡᠷᠡᠭᠰᠡᠨ ᠪᠠᠶᠢᠨ᠎ᠠ᠃       ᠪᠠᠷᠤᠭ ᠭᠤᠷᠪᠡᠨ ᠮᠢᠨᠦ᠋ᠲ ᠤᠨ ᠲᠠᠷᠠᠭ᠎ᠠ᠂ ᠬᠦᠭᠵᠢᠮ ᠳᠤ ᠠᠪᠢᠶᠠᠰ ᠲᠠᠢ ᠲᠦᠯᠦᠪᠲᠠᠢ ᠲᠤᠮᠳᠠ ᠨᠠᠰᠤᠨ ᠤ ᠨᠢᠭᠡ ᠡᠷᠡᠭᠲᠠᠢ ᠵᠤᠰᠢᠸᠠ ᠪᠧᠯ ᠤᠨ ᠬᠠᠵᠠᠭᠤ ᠳᠤ ᠢᠷᠡᠵᠦ ᠳᠡᠬᠦᠨ ᠢ ᠬᠦᠭᠵᠢᠮᠴᠢᠨ ᠭᠡᠵᠦ ᠮᠡᠳᠡᠭᠰᠡᠨ ᠮᠠᠶ᠋ᠢᠭᠲᠠᠢ ᠠᠯᠬᠤᠮ ᠢᠶᠠᠨ ᠮᠡᠳᠡᠭᠳᠡᠬᠦᠶᠢᠴᠡ ᠤᠳᠠᠭᠠᠰᠢᠷᠠᠭᠤᠯᠵᠦ᠂ ᠨᠡᠩ ᠴᠤ ᠬᠡᠳᠦᠨ ᠰᠧᠺᠦ᠋ᠨ᠋ᠳ᠋ ᠵᠤᠭᠰᠤᠰᠬᠢᠵᠤ ᠰᠤᠨᠤᠰᠤᠭᠰᠠᠨ ᠢᠶᠠᠨ᠂ ᠳᠡᠮᠡᠢ ᠤᠳᠠᠯ ᠦᠬᠡᠢ ᠶᠠᠭᠠᠷᠡᠦ ᠰᠠᠨᠳᠤᠷᠡᠦ ᠶᠠᠪᠤᠵᠦ ᠤᠳᠤᠭᠰᠠᠨ ᠪᠠᠶᠢᠨ᠎ᠠ᠃       ᠪᠠᠷᠤᠭ ᠳᠦᠷᠪᠡᠨ ᠮᠢᠨᠦ᠋ᠲ ᠤᠨ ᠲᠠᠷᠠᠭ᠎ᠠ᠂ ᠵᠤᠰᠢᠸᠠ ᠪᠧᠯ ᠳᠡᠬᠦᠨ ᠤ ᠬᠠᠮᠤᠭ ᠠᠩᠬᠠᠨ ᠤ ᠨᠢᠭᠡ ᠳ᠋ᠤᠯᠯᠠᠷ ᠵᠤᠭᠤᠰ ᠢᠶᠠᠨ ᠤᠯᠤᠭᠰᠠᠨ ᠪᠠᠶᠢᠨ᠎ᠠ᠃ ᠡᠨᠡ ᠵᠤᠭᠤᠰ ᠢ ᠨᠢ ᠨᠢᠭᠡ ᠡᠮᠡᠭᠲᠠᠢ ᠠᠶᠠᠨᠴᠢᠨ ᠮᠠᠯᠠᠭᠠᠢ ᠳᠤ ᠨᠢ ᠬᠢᠵᠦ ᠦᠭᠬᠦᠭᠡᠳ ᠵᠤᠭᠰᠤᠭᠰᠠᠨ ᠴᠤ ᠦᠬᠡᠢ ᠤᠳᠴᠠᠢ᠃       ᠵᠢᠷᠭᠤᠭᠠᠨ ᠮᠢᠨᠦ᠋ᠲ ᠤᠨ ᠦᠶ᠎ᠡ ᠪᠠᠷ᠂ ᠨᠢᠬᠡᠨ ᠵᠠᠯᠠᠭᠤ ᠬᠡᠷᠡᠮ ᠲᠦᠰᠢᠵᠦ ᠲᠡᠬᠦᠨ ᠤ ᠬᠦᠭᠵᠢᠮᠳᠡᠬᠦ ᠶᠢ ᠰᠤᠨᠤᠰᠴᠤ ᠪᠠᠶᠢᠭᠰᠠᠨ ᠢᠶᠠᠨ ᠤᠳᠠᠯ ᠦᠬᠡᠢ ᠴᠠᠭ ᠢᠶᠠᠨ ᠨᠢᠭᠡ ᠬᠠᠷᠠᠭᠠᠳ ᠰᠢᠭᠤᠳ ᠡᠮᠦᠨᠡᠰᠢ ᠶᠠᠪᠤᠨ ᠤᠳᠴᠠᠢ᠃       ᠠᠷᠪᠠᠨ ᠮᠢᠨᠦ᠋ᠲ ᠤᠨ ᠦᠶ᠎ᠡ ᠪᠠᠷ ᠨᠢᠭᠡᠨ ᠭᠤᠷᠪᠡᠨ ᠨᠠᠰᠤᠲᠠᠢ ᠬᠡᠦᠬᠡᠳ ᠬᠦᠷᠴᠦ ᠢᠷᠡᠭᠡᠳ ᠵᠤᠭᠰᠤᠪᠠ᠃ ᠭᠡᠪᠡᠴᠤ ᠬᠡᠦᠬᠡᠳ ᠤᠨ ᠡᠵᠢ ᠨᠢ ᠬᠡᠦᠬᠡᠳ ᠢᠶᠠᠨ ᠠᠯᠪᠠᠳᠠᠯᠭ᠎ᠠ ᠪᠠᠷ ᠲᠠᠳᠠᠵᠤ ᠮᠦᠨ ᠴᠤ ᠶᠠᠭᠠᠷᠡᠦ ᠰᠠᠨᠳᠤᠷᠡᠦ ᠶᠠᠪᠤᠵᠦ ᠤᠳᠤᠭᠰᠠᠨ ᠪᠠᠶᠢᠨ᠎ᠠ᠃ ᠬᠡᠦᠬᠡᠳ ᠪᠠᠶᠢᠨ ᠪᠠᠶᠢᠨ ᠵᠤᠭᠰᠤᠵᠦ ᠡᠷᠡᠦ ᠬᠤᠭᠤᠷᠴᠢ ᠶᠢ ᠰᠢᠷᠳᠡᠬᠦ ᠳᠤ ᠂ ᠡᠵᠢ ᠨᠢ ᠬᠡᠦᠬᠡᠳ ᠢᠶᠠᠨ ᠡᠮᠦᠨᠡᠰᠢ ᠬᠦᠴᠦᠳᠠᠢ ᠲᠦᠯᠬᠢᠭᠰᠡᠨ ᠠᠴᠠ ᠬᠡᠦᠬᠡᠳ ᠠᠷᠭ᠎ᠠ ᠪᠤᠰᠤ ᠡᠮᠦᠨᠡᠰᠢ ᠶᠠᠪᠤᠬᠤ ᠶᠢᠨ ᠳᠠᠭᠠᠤ ᠳᠡᠬᠢᠨ ᠳᠡᠬᠢᠨ ᠬᠤᠶᠢᠰᠢ ᠪᠠᠨ ᠬᠠᠷᠠᠨ᠎ᠠ᠃ ᠨᠦᠭᠦᠭᠡ ᠬᠡᠳᠦᠨ ᠬᠡᠦᠬᠡᠳ ᠴᠤ ᠠᠳᠠᠯᠢᠬᠠᠨ᠂ ᠭᠡᠪᠡᠴᠦ ᠠᠪᠤ ᠡᠵᠢ ᠨᠢ ᠬᠡᠦᠬᠡᠳ ᠢᠶᠠᠨ ᠠᠯᠪᠠᠳᠠᠯᠭ᠎ᠠ ᠢᠶᠠᠷ ᠲᠠᠳᠠᠵᠤ ᠶᠠᠭᠠᠷᠡᠦ ᠰᠠᠨᠳᠤᠷᠡᠦ ᠠᠪᠴᠦ ᠶᠠᠪᠤᠪᠠ᠃       ᠲᠦᠴᠢᠨ ᠳᠠᠪᠤᠨ ᠮᠢᠨᠦᠲ ᠪᠤᠯᠬᠤ ᠳᠤ᠂ ᠵᠦᠪᠬᠡᠨ ᠵᠢᠷᠭᠤᠭᠠᠨ ᠬᠦᠮᠦᠨ ᠵᠤᠭᠰᠤᠰᠬᠢᠵᠦ ᠬᠦᠭᠵᠢᠮ ᠢ ᠨᠢ ᠪᠠᠭ᠎ᠠ ᠰᠠᠭ᠎ᠠ ᠰᠤᠨᠤᠰᠤᠭᠰᠠᠨ ᠪᠠ ᠪᠠᠷᠤᠭ ᠬᠤᠷᠢᠨ ᠬᠦᠮᠦᠨ ᠵᠤᠭᠤᠰ ᠢᠶᠠᠨ ᠦᠭᠬᠦᠮᠡᠭᠴᠡ ᠤᠤᠯ ᠬᠤᠷᠳᠤᠴᠠ ᠪᠠᠷ ᠢᠶᠠᠨ ᠶᠠᠪᠤᠵᠦ ᠤᠤᠴᠠᠢ᠃       ᠵᠤᠰᠢᠸᠠ ᠪᠧᠯ ᠨᠡᠶᠢᠳᠡ 32 ᠳ᠋ᠤᠯᠯᠠᠷ ᠤᠯᠵᠠᠢ᠃ ᠦᠨᠡᠨ ᠳᠡᠭᠡᠨ᠂ ᠡᠮᠦᠨ᠎ᠡ ᠬᠤᠶᠠᠷ ᠡᠳᠦᠷ ᠵᠤᠰᠢᠸᠠ ᠪᠧᠯ ᠪᠤᠰᠲ᠋ᠤᠨ ᠤ ᠲᠢᠶᠠᠲ᠋ᠠᠷ ᠲᠤ ᠲᠤᠭᠯᠡᠯᠳᠡ ᠭᠠᠷᠭᠠᠬᠤ ᠳᠤ ᠮᠦᠨ ᠴᠤ ᠡᠨᠡ ᠬᠡᠳᠦᠨ ᠠᠶᠠᠰ ᠢ ᠬᠦᠭᠵᠢᠮᠳᠡᠭᠰᠡᠨ ᠪᠠᠶᠢᠨ᠎ᠠ᠃ ᠬᠡᠪᠡᠴᠦ ᠳᠡᠷᠡ ᠦᠶ᠎ᠡ ᠳᠤ ᠳᠡᠬᠦᠨ ᠤ ᠬᠦᠭᠵᠢᠮ ᠢ ᠰᠤᠨᠤᠰᠬᠤ ᠭᠡᠰᠡᠨ ᠬᠦᠮᠦᠨ ᠤᠯᠠᠨ ᠪᠠᠶᠢᠵᠤ ᠪᠢᠯᠧᠲ ᠤᠯᠬᠤ ᠦᠬᠡᠢ ᠬᠦᠴᠢᠷᠳᠡᠵᠦ᠂ ᠬᠦᠭᠵᠢᠮ ᠪᠦᠷᠢ ᠶᠢᠨ ᠦᠨ᠎ᠡ ᠨᠢ ᠪᠠᠷᠤᠭ 200 ᠳ᠋ᠣᠯᠯᠠᠷ ᠬᠦᠷᠦᠭᠰᠠᠨ ᠰᠢᠦ ᠳ᠋ᠡ᠃      ᠳᠡᠭᠡᠪᠡᠯ ᠵᠤᠰᠢᠸᠠ ᠪᠧᠯ ᠶᠠᠭᠤᠨ ᠳᠤ ᠭᠠᠵᠠᠷ ᠳᠤᠤᠷᠠᠬᠢ ᠳᠡᠮᠦᠷ ᠵᠠᠮ ᠤᠨ ᠦᠷᠳᠡᠭᠡᠨ ᠳᠤ ᠵᠤᠭᠰᠤᠭᠠᠳ ᠢᠩᠬᠢᠵᠦ ᠬᠢᠭᠰᠡᠨ ᠪᠤᠢ ᠭᠡᠪᠡᠯ᠂ ᠦᠨᠡᠨ ᠳᠡᠭᠡᠨ ᠡᠨᠡ ᠨᠢ ︽ᠸᠠᠰᠢᠩᠲᠳ ᠤ ᠰᠢᠦᠳᠡᠨ ᠰᠤᠨᠢᠨ︾ ᠎ ᠠᠴᠠ ᠶᠠᠪᠤᠭᠤᠯᠤᠭᠰᠠᠨ ᠬᠦᠮᠦᠨ ᠤ ᠮᠡᠳᠡᠷᠡᠮᠵᠢ᠂ ᠰᠤᠨᠢᠷᠬᠠᠮᠵᠢ᠂ ᠠᠩᠬᠠᠨ ᠤ ᠰᠤᠩᠭᠤᠯᠳᠠ ᠵᠡᠷᠭᠡ ᠳᠤ ᠬᠢᠭᠰᠡᠨ ᠲᠤᠷᠰᠢᠯᠳᠡ ᠪᠤᠯᠤᠨ᠎ᠠ᠃       ᠳᠤᠷᠰᠢᠯᠳᠡ ᠳᠠᠭᠤᠰᠤᠭᠰᠠᠨ ᠤ ᠳᠠᠷᠠᠭ᠎ᠠ ︽ᠸᠠᠰᠢᠩᠲᠳ ᠤ ᠰᠢᠦᠳᠡᠨ ᠰᠤᠨᠢᠨ︾᠎ ᠠᠴᠠ ᠳᠤᠤᠷᠠᠬᠢ ᠠᠰᠠᠭᠤᠯᠳᠠ ᠤᠳ ᠢ ᠳᠤᠷᠠᠳᠤᠭᠰᠠᠨ ᠪᠠᠶᠢᠨ᠎ᠠ᠃      ⒈ ᠡᠬᠡᠯ ᠵᠢᠷ ᠤᠨ ᠭᠠᠵᠠᠷ᠂ ᠲᠦᠬᠦᠮᠵᠢ ᠦᠭᠡᠢ ᠴᠠᠭ ᠮᠦᠴᠡ ᠳᠤ᠂ ᠪᠢᠳᠡ ᠭᠤᠸ᠎ᠠ ᠰᠠᠶᠢᠬᠠᠨ ᠎ ᠢ ᠮᠡᠳᠡᠷᠡᠵᠦ ᠴᠢᠳᠠᠬᠤ ᠤᠤ︖      ⒉ ᠬᠡᠷᠪᠡ ᠭᠤᠸ᠎ᠠ ᠰᠠᠶᠢᠬᠠᠨ ᠢ ᠮᠡᠳᠡᠷᠡᠵᠦ ᠴᠢᠳᠠᠪᠠᠯ᠂ ᠪᠢᠳᠡ ᠶᠠᠪᠤᠬᠤ ᠪᠠᠨ ᠵᠤᠭᠰᠤᠵᠤ ᠰᠤᠨᠢᠷᠬᠠᠳᠠᠭ ᠪᠤᠯ ᠤᠤ︖      ⒊ ᠪᠢᠳᠡ ᠰᠠᠨᠠᠭᠠᠨ ᠳᠤ ᠦᠬᠡᠢ ᠪᠠᠶᠢᠳᠠᠯ ᠲᠤᠤᠷ᠎ᠠ ᠠᠪᠢᠶᠠᠰ ᠪᠢᠯᠢᠭᠳᠡᠨ ᠢ ᠲᠠᠨᠢᠵᠤ ᠴᠢᠳᠠᠬᠤ ᠤᠤ︖      ᠬᠠᠮᠤᠭ ᠰᠡᠬᠦᠯ ᠳᠤ᠂ ᠳᠤᠷᠰᠢᠯᠳᠡ ᠬᠢᠭᠰᠡᠳ ᠠᠴᠠ ᠳ᠋ᠦᠩᠨᠡᠭᠰᠡᠨ ᠨᠢ᠄      ᠳᠡᠯᠡᠬᠡᠢ ᠶᠢᠨ ᠬᠠᠮᠤᠭ ᠤᠨ ᠠᠭᠤᠤ ᠶᠡᠭᠡ ᠰᠤᠳᠤᠨ ᠬᠦᠭᠵᠢᠮᠴᠢᠨ ᠳᠡᠯᠡᠬᠡᠢ ᠶᠢᠨ ᠬᠠᠮᠤᠭ ᠤᠨ ᠦᠨᠡᠲᠠᠢ ᠬᠦᠭᠵᠢᠮ ᠢᠶᠠᠷ ᠳᠡᠯᠡᠬᠡᠢ ᠶᠢᠨ ᠬᠠᠮᠤᠭ ᠰᠤᠩᠭᠤᠳᠠᠭ ᠠᠶᠠᠰ ᠢ ᠬᠦᠭᠵᠢᠮᠳᠡᠵᠦ ᠪᠠᠶᠢᠭ᠎ᠠ ᠦᠶᠡᠰ᠂ ᠪᠢᠳᠡ ᠪᠠᠭ᠎ᠠ ᠴᠤ ᠭᠡᠰᠡᠨ ᠵᠤᠭᠰᠤᠰᠬᠢᠵᠦ ᠰᠤᠨᠢᠷᠬᠠᠬᠤ ᠰᠠᠨᠠᠭ᠎ᠠ ᠠᠯᠠᠭ᠎ᠠ ᠪᠤᠯ᠂ ᠪᠢᠳᠠᠨ ᠤ ᠨᠢᠰᠬᠦ ᠮᠡᠳᠦ ᠦᠩᠭᠡᠷᠡᠭᠡ ᠨᠢᠭᠡ ᠨᠠᠰᠤᠨ ᠳᠤ ᠬᠡᠴᠢᠨᠡᠨ ᠤᠯᠡᠨ ᠰᠠᠶᠢᠨ ᠰᠠᠶᠢᠬᠠᠨ ᠵᠤᠶᠢᠯ ᠢᠶᠠᠨ ᠠᠯᠳᠠᠵᠤ ᠶᠠᠪᠤᠭᠤᠯᠤᠭ᠎ᠠ ᠪᠤᠯ︖      ᠪᠢᠳᠡ ᠵᠤᠭᠰᠤᠯ ᠦᠭᠡᠢ ᠶᠠᠪᠤᠵᠦ ᠯᠡ ᠪᠠᠶᠢᠨ᠎ᠠ᠃ ᠳᠠᠰᠤᠷᠠᠯ ᠦᠬᠡᠢ ᠵᠢᠳᠬᠦᠵᠦ ᠯᠡ ᠪᠠᠶᠢᠨ᠎ᠠ᠃ ᠪᠢᠳᠠᠨ ᠳᠤ ᠠᠶᠠᠨ ᠵᠠᠮ ᠳᠤ ᠪᠠᠨ ᠪᠠᠭ᠋ᠠᠨ ᠵᠤᠭᠰᠤᠰᠬᠢᠵᠦ ᠵᠠᠮ ᠤᠨ ᠬᠠᠵᠠᠭᠤ ᠶᠢᠨ ᠭᠤᠴᠤ ᠦᠵᠡᠮᠵᠢ ᠶᠢ ᠰᠤᠨᠢᠷᠬᠠᠬᠤ ᠰᠡᠳᠬᠢᠯ ᠠᠯᠠᠭ᠎ᠠ᠂ ᠤᠷᠤᠭᠰᠢ ᠪᠠᠨ ᠵᠢᠳᠬᠦᠵᠤ ᠯᠡ ᠪᠠᠶᠢᠨ᠎ᠠ᠃ ᠴᠢᠨᠠᠭᠰᠢᠯᠡᠪᠡᠯ᠂ ᠪᠢᠳᠡ ᠬᠠᠷᠠᠬᠠᠨ ᠪᠠᠭ᠎ᠠ ᠶᠢᠨ ᠢᠶᠠᠨ ᠠᠷᠢᠭᠤᠨ ᠰᠠᠶᠢᠬᠠᠨ ᠬᠦᠰᠡᠯᠡᠩ ᠢᠶᠠᠨ ᠬᠦᠷᠳᠡᠯ᠎ᠡ ᠮᠠᠷᠳᠠᠴᠢᠬᠠᠨᠰᠠᠨ᠂ ᠵᠢᠳᠬᠦᠵᠤ ᠯᠡ ᠪᠠᠶᠢᠨ᠎ᠠ᠃      ᠪᠢᠳᠡ ᠡᠷᠬᠢᠬᠦᠯ ᠰᠢᠭ ᠡᠷᠬᠢᠯᠳᠦᠵᠦ ᠯᠡ ᠪᠠᠶᠢᠨ᠎ᠠ᠃ ᠪᠢᠳᠡ ᠦᠪᠡᠷ ᠤᠨ ᠤᠯᠬᠤ ᠭᠡᠰᠡᠨ ᠢᠶᠠᠨ ᠤᠯᠤᠭᠰᠠᠨ ᠤᠤ︖ ᠡᠰᠡᠪᠡᠯ ᠡᠶᠢᠮᠦ ᠠᠮᠢᠳᠤᠷᠠᠯ ᠨᠢ ᠶᠠᠭ ᠮᠠᠨ ᠤ ᠬᠦᠬᠡᠬᠡᠴᠡᠯᠳᠤᠵᠤ ᠪᠠᠶᠢᠭ᠎ᠠ ᠠᠮᠢᠳᠤᠷᠠᠯ ᠶᠤᠮ ᠤᠤ︖      ᠤᠷᠤᠰᠢᠬᠤ ᠬᠡᠳᠡᠭ ᠠᠮᠠᠷᠬᠠᠨ᠂ ᠠᠮᠢᠳᠤᠷᠠᠬᠤ ᠬᠡᠳᠡᠭ ᠬᠦᠴᠢᠷ ᠶᠤᠮ ᠡ︕      ᠪᠢᠳᠡ ᠦᠷᠬᠦᠯᠵᠢ ᠶᠠᠭᠤᠨ ᠤ ᠲᠦᠯᠦᠭᠡ ᠵᠢᠳᠬᠦᠵᠦ ᠪᠠᠶᠢᠬᠤ ᠪᠠᠨ ᠦᠪᠡᠷ ᠴᠤ ᠮᠡᠳᠡᠬᠦ ᠦᠬᠡᠢ᠂ ᠦᠪᠡᠷ ᠤᠨ ᠲᠦᠰᠦᠪᠯᠡᠵᠦ ᠭᠠᠷᠭᠠᠭᠰᠠᠨ ᠢᠷᠡᠭᠡᠳᠦᠢ ᠳᠤᠳᠤᠷ᠎ᠠ ᠪᠠᠨ ᠠᠮᠢᠳᠤᠷᠠᠵᠦ᠂ ᠠᠮᠢᠳᠤᠷᠠᠯ ᠲᠤᠮᠳᠠ ᠠᠵᠢᠯ ᠤᠶᠢᠯᠡᠰ ᠪᠠ ᠡᠳ᠋ ᠪᠠᠶᠠᠯᠢᠭ ᠠᠴᠠ ᠦᠭᠡᠷ᠎ᠡ ᠪᠠᠰᠠ ᠭᠡᠷ ᠪᠦᠯᠢ᠂ ᠡᠷᠡᠬᠦᠯ ᠴᠢᠬᠢᠷᠠᠭ᠂ ᠪᠠᠶᠠᠷ ᠪᠠᠶᠠᠰᠤᠯ᠂ ᠨᠠᠶᠢᠵᠠ ᠨᠦᠬᠦᠳ ᠵᠡᠷᠭᠡ ᠪᠤᠢ ᠭᠡᠳᠡᠭ ᠢᠶᠠᠨ ᠮᠠᠷᠳᠠᠵᠦ ᠤᠷᠬᠢᠳᠠᠭ᠃ ᠬᠡᠷᠪᠡ ᠪᠢᠳᠠ ᠵᠦᠪᠬᠡᠨ ᠠᠵᠢᠯ ᠤᠶᠢᠯᠡᠰ ᠪᠠ ᠡᠳ᠋ ᠪᠠᠶᠠᠯᠢᠭ ᠢᠶᠠᠷ ᠦᠪᠡᠷ ᠤᠨ ᠠᠮᠢᠳᠤᠷᠠᠯ ᠤᠨ ᠪᠦᠬᠦ ᠶᠠᠭᠤᠮ᠎ᠠ ᠪᠠᠨ ᠪᠤᠯᠭᠠᠴᠢᠬᠠᠪᠠᠯ᠂ ᠨᠡᠩ ᠤᠯᠡᠨ ᠵᠤᠶᠢᠯ ᠢᠶᠠᠨ ᠠᠯᠳᠠᠬᠤ ᠨᠢ ᠭᠠᠷᠴᠠᠭ᠎ᠠ ᠦᠭᠡᠢ᠃      ᠪᠢᠳᠡ ᠶᠡᠷᠦ ᠨᠢ ᠵᠤᠭᠰᠤᠯ ᠦᠭᠡᠢ ᠵᠢᠳᠬᠦᠵᠦ ᠯᠡ ᠶᠠᠪᠤᠨ᠎ᠠ᠂ ᠵᠠᠷᠢᠮ ᠵᠤᠶᠢᠯ ᠢ ᠨᠢᠭᠡᠨᠳᠡ ᠠᠯᠳᠠᠭᠰᠠᠨ ᠢᠶᠠᠨ ᠤᠬᠠᠵᠦ ᠤᠯᠬᠤ ᠦᠬᠡᠢ ᠯᠡ ᠪᠠᠶᠢᠨ᠎ᠠ︕                                 ᠡᠷᠬᠡ ᠬᠠᠷ᠎ᠠ ᠨᠢᠳᠦᠨ ᠤᠷᠴᠢᠭᠤᠯᠪᠠ                                2015 ᠤᠨ ᠤ 2 ᠰᠠᠷ᠎ᠠ ᠶᠢᠨ 9᠎ ᠤ ᠡᠳᠦᠷ  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号