ᠡᠪᠤᠯ ᠤᠨ ᠤᠯᠠᠷᠢᠯ ᠲᠦᠯ ᠮᠠᠯ ᠢ ᠠᠷᠠᠴᠢᠯᠠᠬᠤ ᠳᠤ ᠠᠩᠬᠠᠷᠬᠤ ᠵᠦᠢᠯ
ᠨᠡᠶᠢᠲᠡᠯᠡᠭᠰᠡᠨ ᠴᠠᠭ᠄
2015/1/6
     1᠂ ᠨᠢᠯᠬ᠎ᠠ ᠲᠦᠯ ᠢ ᠲᠣᠰᠤᠮᠠᠭᠴᠠ ᠲᠤᠭᠲᠠᠭᠰᠠᠨ ᠳᠤᠯᠠᠭᠠᠨ ᠰᠠᠷᠠᠪᠴᠢ ᠳᠤ ᠠᠷᠠᠴᠢᠯᠠᠬᠤ ᠨᠢ ᠲᠤᠩ ᠴᠢᠬᠤᠯᠠ ᠪᠠᠶᠢᠳᠠᠭ᠃ ᠢᠩᠬᠢᠬᠦ ᠨᠢ ᠲᠦᠯ ᠤᠨ ᠪᠤᠶᠢᠵᠢᠯᠲᠠ ᠶᠢ ᠲᠦᠷᠭᠡᠳᠭᠡᠬᠦ ᠪᠠᠷ ᠪᠡᠷᠡᠬᠤ ᠦᠭᠡᠢ᠂ ᠬᠡᠮ ᠬᠢᠵᠢᠭ ᠢ ᠴᠤ ᠰᠡᠷᠭᠡᠶᠢᠯᠡᠳᠡᠭ᠃      2᠂ ᠵᠠᠷᠢᠮ ᠡᠬᠡ ᠮᠡᠯ ᠲᠦᠯ ᠢᠶᠠᠨ ᠭᠤᠯᠤᠬᠤ ᠦᠵᠡᠭᠳᠡᠯ ᠭᠠᠷᠪᠠᠯ ᠪᠠᠷᠢᠵᠤ ᠬᠦᠬᠦᠭᠦᠯᠬᠦ ᠪᠣᠶᠤ ᠨᠠᠷᠢᠨ ᠬᠠᠪᠴᠢᠭ ᠭᠠᠵᠠᠷ ᠡᠬᠡ ᠶᠢ ᠨᠢ ᠵᠣᠭᠰᠤᠭᠠᠵᠤ ᠲᠦᠯ ᠢ ᠳᠣᠣᠷ᠎ᠠ ᠨᠢ ᠲᠠᠯᠪᠢᠨ ᠬᠦᠬᠦᠭᠦᠯᠵᠦ ᠪᠣᠯᠤᠨ᠎ᠠ᠃ ᠶᠠᠷᠢᠶᠠᠨ ᠦᠭᠡᠢ ᠡᠳᠡᠭᠡᠷ ᠠᠷᠭ᠎ᠠ ᠶᠢ ᠬᠠᠯᠠᠰᠢᠷᠠᠯ ᠦᠭᠡᠢ ᠤᠳᠠᠭᠠᠨ ᠪᠠᠷᠢᠮᠳᠠᠯᠠᠬᠤ ᠨᠢ ᠴᠢᠬᠤᠯᠠ᠃      3᠂ ᠰᠦ ᠭᠠᠷᠬᠤ ᠪᠠᠷ ᠮᠠᠭᠤ᠂ ᠤᠨᠴᠠᠭᠠᠶᠢᠯᠠᠨ ᠡᠬᠡ ᠨᠢ ᠦᠭᠦᠭᠰᠡᠨ ᠲᠦᠯ ᠢ ᠪᠣᠰᠤᠳ ᠰᠦ ᠰᠠᠶᠢᠲᠠᠢ ᠡᠬᠡ ᠮᠡᠯ ᠳᠤ ᠦᠭᠴᠦ ᠬᠦᠬᠦᠭᠦᠯᠬᠦ ᠪᠣᠶᠤ ᠤᠭᠵᠢᠵᠤ ᠪᠤᠶᠢᠵᠢᠭᠤᠯᠤᠨ᠎ᠠ᠃      4᠂ ᠨᠢᠯᠬ᠎ᠠ ᠲᠦᠯ ᠢᠶᠠᠨ ᠲᠣᠰᠤᠩᠭᠤᠲᠠ ᠠᠮᠠ ᠬᠠᠮᠠᠷ ᠢ ᠨᠢ ᠰᠠᠶᠢᠲᠤᠷ ᠴᠡᠪᠡᠷᠯᠡᠨ᠂ ᠬᠦᠢᠰᠦ ᠶᠢ ᠨᠢ ᠰᠠᠯᠭᠠᠵᠤ ᠣᠬᠲᠤᠯᠤᠭᠰᠠᠨ ᠤ ᠬᠤᠶᠢᠨ᠎ᠠ ᠡᠬᠡ ᠶᠢᠨ ᠰᠦ ᠶᠢ ᠨᠢ ᠬᠦᠬᠦᠭᠦᠯᠬᠦ ᠠᠴᠠ ᠨᠢ ᠡᠮᠤᠨ᠎ᠠ ᠴᠢ ᠹᠧᠩ ᠰᠠᠨ ᠬᠡᠬᠦ ᠨᠤᠨᠳᠠᠭ ᠡᠮ ᠢ 2 - 2.5 ᠭᠷᠡᠮ ᠪᠦᠯᠢᠶᠡᠨ ᠤᠰᠤ ᠪᠠᠷ ᠳᠠᠷᠤᠭᠤᠯᠵᠤ ᠴᠢᠳᠬᠤᠨ ᠤᠤᠭᠤᠯᠭᠠᠨ᠎ᠠ᠃ ᠢᠩᠬᠢᠬᠦ ᠨᠢ ᠨᠢᠯᠬ᠎ᠠ ᠲᠦᠯ ᠤᠨ ᠮᠠᠨᠳᠤ ᠪᠠᠷ ᠪᠤᠶᠢᠵᠢᠬᠤ ᠳᠤ ᠲᠤᠰᠠᠲᠠᠢ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号