2015 ᠣᠨ ᠤ ᠶᠡᠭᠡ ᠲᠡᠭᠡᠲᠦ ᠰᠣᠷᠭᠠᠭᠤᠯᠢ ᠶᠢᠨ ᠰᠢᠯᠭᠠᠯᠳᠡ ᠶᠢᠨ ᠰᠢᠨ᠎ᠡ ᠲᠥᠷᠥ ᠶᠢᠨ ᠪᠣᠳᠣᠯᠭ᠎ᠠ ᠶᠢᠨ ᠲᠣᠬᠠᠢ ᠲᠡᠶᠢᠯᠤᠮᠵᠢ
ᠨᠡᠶᠢᠲᠡᠯᠡᠭᠰᠡᠨ ᠴᠠᠭ᠄
2015/1/5
        ᠡᠨᠡ ᠵᠢᠯ ᠤᠨ 9 ᠰᠠᠷ᠎ᠠ ᠳᠤ᠂ ᠲᠦᠷᠦ ᠶᠢᠨ ᠶᠠᠪᠤᠳᠠᠯ ᠤᠨ ᠬᠤᠷᠢᠶ᠎ᠠ ︽ᠰᠢᠯᠭᠠᠯᠳᠠ ᠬᠢᠵᠤ ᠰᠤᠷᠤᠭᠴᠢ ᠡᠯᠰᠡᠬᠦ ᠲᠦᠷᠢᠮ ᠤᠨ ᠦᠭᠡᠷᠡᠴᠢᠯᠡᠯᠳᠡ ᠶᠢ ᠬᠦᠨᠵᠡᠭᠡᠶᠢᠷᠡᠭᠦᠯᠬᠦ ᠲᠤᠬᠠᠢ ᠲᠦᠷᠦ ᠶᠢᠨ ᠶᠠᠪᠤᠳᠠᠯ ᠤᠨ ᠬᠤᠷᠢᠶᠠᠨ ᠤ ᠰᠠᠨᠠᠯ ︾ ︵ᠲᠤᠷᠤᠭᠰᠢ ︽ᠬᠡᠷᠡᠭᠵᠢᠬᠦᠯᠬᠦ ᠰᠠᠨᠠᠯ︾ ᠭᠡᠵᠦ ᠲᠦᠭᠦᠮᠴᠢᠯᠡᠨ᠎ᠡ︶ ᠢ ᠨᠡᠶᠢᠲᠡᠯᠡᠪᠡ᠂ ᠡᠭᠦᠨ ᠳᠤ ︽ᠡᠵᠡᠨ ᠮᠡᠳᠡᠵᠤ ᠰᠤᠷᠤᠭᠴᠢ ᠡᠯᠰᠡᠬᠦ ᠠᠵᠢᠯ ᠢ ᠲᠡᠭᠦᠯᠳᠡᠷᠵᠢᠬᠦᠯᠵᠤ ᠲᠦᠷᠢᠮᠵᠢᠬᠦᠯᠦᠨ᠎ᠡ᠃ ᠡᠵᠡᠨ ᠮᠡᠳᠡᠵᠤ ᠰᠤᠷᠤᠭᠴᠢ ᠡᠯᠰᠡᠬᠦ ᠳᠤ ᠭᠤᠤᠯᠳᠠᠭᠤ ᠰᠤᠷᠤᠯᠭ᠎ᠠ ᠶᠢᠨ ᠤᠨᠴᠠ ᠴᠢᠳᠠᠪᠤᠷᠢ ᠪᠠ ᠰᠢᠨ᠎ᠡ ᠶᠢ ᠡᠬᠦᠳᠬᠦ ᠲᠠᠯᠳᠠ ᠴᠢᠳᠠᠪᠤᠷᠢ ᠲᠠᠢ ᠰᠢᠯᠢᠳᠡᠭ ᠰᠤᠷᠤᠭᠴᠢ ᠶᠢ ᠰᠤᠩᠭᠤᠨ ᠠᠪᠤᠨ᠎ᠠ᠃ ᠡᠷᠭᠦᠳᠡᠯ ᠭᠠᠷᠭᠠᠭᠰᠠᠨ ᠰᠤᠷᠤᠭᠴᠢ ᠤᠯᠤᠰ ᠤᠨ ᠨᠢᠭᠡᠳᠦᠯᠳᠡᠢ ᠰᠢᠯᠭᠠᠯᠳᠠ ᠳᠤ ᠤᠷᠤᠯᠴᠠᠵᠤ᠂ ᠬᠦᠯᠢᠶᠡᠨ ᠠᠪᠬᠤ ᠶᠡᠭᠡ ᠲᠡᠭᠡᠳᠤ ᠰᠤᠷᠭᠠᠭᠤᠯᠢ ᠶᠢᠨ ᠢᠶᠠᠨ ᠬᠢᠨᠠᠨ ᠰᠢᠯᠭᠠᠯᠳᠠ ᠶᠢ ᠬᠦᠯᠢᠶᠡᠬᠦ ᠬᠡᠷᠡᠭᠳᠡᠢ᠃ ᠲᠤᠷᠰᠢᠯᠳᠡ ᠬᠢᠵᠤ ᠪᠠᠶᠢᠬᠤ ᠶᠡᠭᠡ ᠳᠡᠭᠡᠳᠦ ᠰᠤᠷᠭᠠᠭᠤᠯᠢ ᠬᠢᠨᠠᠨ ᠰᠢᠯᠭᠠᠬᠤ ᠠᠭᠤᠯᠭ᠎ᠠ ᠪᠠᠨ ᠵᠤᠬᠢᠰᠳᠠᠢ ᠲᠤᠬᠢᠷᠠᠭᠤᠯᠵᠤ᠂ ᠬᠠᠮᠳᠤᠷᠠᠬᠰᠠᠨ ᠰᠢᠯᠭᠠᠯᠳᠠ ᠬᠢᠵᠤ ᠪᠤᠯᠬᠤ ᠦᠭᠡᠢ᠂ ᠲᠤᠰᠬᠠᠢ ᠪᠤᠯᠪᠠᠰᠤᠷᠠᠯ ᠢ ᠵᠤᠬᠢᠶᠠᠨ ᠪᠠᠶᠢᠭᠤᠯᠵᠤ ᠪᠤᠯᠬᠤ ᠦᠭᠡᠢ᠃ ᠡᠵᠡᠨ ᠮᠡᠳᠡᠵᠤ ᠰᠤᠷᠤᠭᠴᠢ ᠡᠯᠰᠡᠬᠦ ᠠᠷᠭ᠎ᠠ ᠬᠡᠯᠪᠡᠷᠢ᠂ ᠬᠢᠨᠠᠨ ᠰᠢᠯᠭᠠᠬᠤ ᠳᠡᠰ ᠳᠠᠷᠠᠭᠠᠯᠠᠯ ᠪᠤᠯᠤᠨ ᠡᠯᠰᠡᠭᠰᠡᠨ ᠦᠷ᠎ᠡ ᠳ᠋ᠦᠩ ᠢ ᠲᠦᠷᠢᠮᠵᠢᠭᠦᠯᠦᠨ ᠤᠯᠠᠨ᠎ᠠ ᠨᠡᠶᠢᠳᠡᠯᠡᠬᠦ ᠬᠡᠷᠡᠭᠳᠡᠢ᠃ ᠡᠵᠡᠨ ᠮᠡᠳᠡᠵᠤ ᠰᠤᠷᠤᠭᠴᠢ ᠡᠯᠰᠡᠬᠦ ᠬᠦᠷᠢᠶ᠎ᠡ ᠬᠡᠪᠴᠢᠶ᠎ᠡ ᠶᠢ ᠴᠢᠩᠭ᠎ᠠ ᠬᠢᠵᠠᠭᠠᠷᠯᠠᠬᠤ ᠬᠡᠷᠡᠭᠳᠡᠢ᠃ 2015 ᠤᠨ ᠠᠴᠠ ᠡᠬᠢᠯᠡᠵᠦ ᠡᠵᠡᠨ ᠮᠡᠳᠡᠵᠤ ᠰᠤᠷᠤᠭᠴᠢ ᠡᠯᠰᠡᠬᠦ ᠠᠵᠢᠯ ᠢ ᠪᠦᠬᠦ ᠤᠯᠤᠰ ᠤᠨ ᠨᠢᠭᠡᠳᠦᠯᠳᠡᠢ ᠰᠢᠯᠭᠠᠯᠳᠠ ᠶᠢᠨ ᠳᠠᠷᠠᠭ᠎ᠠ ᠪᠠᠶᠢᠷᠢᠯᠠᠭᠤᠯᠬᠤ ᠪᠠᠷ ᠪᠤᠯᠵᠠᠢ︾ ᠭᠡᠵᠦ ᠲᠤᠭᠲᠠᠭᠠᠪᠠ᠃ ︽ᠬᠡᠷᠡᠭᠵᠢᠬᠦᠯᠬᠦ ᠰᠠᠨᠠᠯ︾ ᠢ ᠲᠤᠤᠱᠯᠠᠭᠤᠯᠤᠨ ᠨᠠᠶᠢᠳᠠᠪᠦᠷᠢᠵᠢᠭᠤᠯᠬᠤ ᠶᠢᠨ ᠲᠦᠯᠦᠭᠡ᠂ ᠰᠤᠷᠭᠠᠨ ᠬᠦᠮᠦᠵᠢᠯ ᠤᠨ ᠶᠠᠮᠤᠨ ᠤᠢᠢᠷ᠎ᠠ ᠳᠤ ︽ᠶᠡᠭᠡ ᠳᠡᠭᠡᠲᠦ ᠰᠤᠷᠭᠠᠭᠤᠯᠢ ᠶᠢᠨ ᠡᠵᠡᠨ ᠮᠡᠳᠡᠵᠤ ᠰᠤᠷᠤᠭᠴᠢ ᠡᠯᠰᠡᠬᠦ ᠲᠤᠷᠰᠢᠯᠳᠡ ᠶᠢᠨ ᠠᠵᠢᠯ ᠢ ᠤᠯᠠᠮ ᠴᠢᠨᠠᠬᠰᠢᠳᠠ ᠲᠡᠭᠦᠯᠳᠡᠷᠵᠢᠬᠦᠯᠵᠤ ᠲᠦᠷᠢᠮᠵᠢᠬᠦᠯᠬᠦ ᠲᠤᠬᠠᠢ ᠰᠤᠷᠭᠠᠨ ᠬᠦᠮᠦᠵᠢᠯ ᠤᠨ ᠶᠠᠮᠤᠨ ᠤ ᠰᠠᠨᠠᠯ︾ ︵ᠲᠤᠷᠤᠭᠰᠢ ︽ᠲᠤᠷᠰᠢᠯᠳᠠ ᠶᠢᠨ ᠠᠵᠢᠯ ᠤᠨ ᠰᠠᠨᠠᠯ︾ ᠭᠡᠵᠦ ᠲᠦᠭᠦᠮᠴᠢᠯᠡᠨ᠎ᠡ︶ ᠢ ᠲᠠᠷᠤᠮᠠᠯᠯᠠᠨ ᠳᠠᠷᠬᠠᠭᠠᠵᠤ᠂ ᠤᠳᠤᠬᠠᠨ ᠤ ᠪᠠ ᠬᠤᠶᠢᠰᠢᠳᠠ ᠶᠢᠨ ᠨᠢᠭᠡ ᠬᠤᠭᠤᠴᠠᠭᠠᠨ ᠤ ᠶᠡᠭᠡ ᠳᠡᠭᠡᠲᠦ ᠰᠤᠷᠭᠠᠭᠤᠯᠢ ᠶᠢᠨ ᠡᠵᠡᠨ ᠮᠡᠳᠡᠵᠤ ᠰᠤᠷᠤᠭᠴᠢ ᠡᠯᠰᠡᠬᠦ ᠠᠵᠢᠯ ᠳᠤ ᠪᠦᠬᠦ ᠲᠠᠯ᠎ᠠ ᠶᠢᠨ ᠪᠠᠶᠢᠷᠢᠯᠠᠭᠤᠯᠤᠯᠳᠠ ᠬᠢᠭᠰᠡᠨ ᠪᠠᠶᠢᠨ᠎ᠠ᠃            ᠶᠡᠭᠡ ᠲᠡᠭᠡᠳᠣ ᠰᠣᠷᠭᠠᠭᠤᠯᠢ ᠶᠢᠨ ᠰᠢᠯᠭᠠᠯᠳᠠ ᠳᠤ ᠬᠤᠪᠢ            ᠨᠡᠮᠡᠬᠦ ᠲᠦᠷᠦᠯ ᠵᠦᠢᠯ ᠢ ᠪᠠᠭᠠᠰᠬᠠᠵᠤ ᠲᠦᠷᠢᠮᠵᠢᠬᠦᠯᠦᠨ᠎ᠠ       2015 ᠣᠨ ᠤ 1 ᠰᠠᠷ᠎ᠠ ᠶᠢᠨ 1 ᠠᠴᠠ ᠡᠬᠢᠯᠠᠵᠣ᠂ ᠬᠠᠮᠢᠶ᠎ᠠ ᠪᠦᠬᠦᠢ ᠱᠠᠩᠨᠠᠯ᠂ ᠨᠡᠷᠡᠰ ᠤᠨ ᠵᠢᠭᠰᠠᠭᠠᠯᠳᠠ ᠂ ᠴᠤᠯᠠ ᠬᠦᠷᠳᠡᠭᠰᠡᠨ ᠰᠣᠷᠣᠭᠴᠢᠳ ᠶᠡᠭᠡ ᠲᠡᠭᠡᠳᠣ ᠰᠣᠷᠭᠠᠭᠤᠯᠢ ᠳᠤ ᠰᠢᠯᠭᠠᠭᠤᠯᠬᠤ ᠳᠤ ᠬᠤᠪᠢ ᠨᠡᠮᠡᠬᠦ ᠬᠢᠷᠢ ᠬᠡᠮ ᠦᠭᠡᠢ ᠪᠤᠯᠤᠨ᠎ᠠ᠃ ᠰᠢᠯᠭᠠᠠᠭᠤᠯᠣᠬᠰᠠᠳ ᠤᠨ ᠬᠤᠯᠪᠤᠭᠳᠠᠯ ᠪᠦᠭᠦᠢ ᠤᠨᠴᠠ ᠴᠢᠳᠠᠪᠤᠷᠢ᠂ ᠲᠣᠪᠤᠶᠢᠮ᠎ᠠ ᠣᠢᠢᠯᠠ ᠠᠵᠢᠯᠯᠠᠭ᠎ᠠ᠂ ᠰᠢᠯᠢᠳᠡᠭ ᠢᠯᠡᠷᠡᠯ ᠵᠡᠷᠭᠡ ᠪᠠᠶᠢᠳᠠᠯ ᠢ ᠰᠣᠷᠣᠭᠴᠢᠳ ᠤᠨ ᠶᠡᠷᠣᠩᠬᠡᠢ ᠬᠡᠪ ᠴᠢᠨᠠᠷ ᠤᠨ ᠲᠠᠩᠰᠠ ᠡᠪᠬᠡᠮᠡᠯ ᠪᠣᠶᠣ ᠰᠢᠯᠭᠠᠠᠭᠤᠯᠣᠬᠰᠠᠳ ᠤᠨ ᠲᠠᠩᠰᠠ ᠡᠪᠬᠡᠮᠡᠯ ᠲᠣᠳᠣᠷ᠎ᠠ ᠪᠢᠴᠢᠨ ᠣᠷᠣᠭᠤᠯᠵᠣ᠂ ᠶᠡᠭᠡ ᠲᠡᠭᠡᠳᠣ ᠰᠣᠷᠭᠠᠭᠤᠯᠢ ᠶᠢᠨ ᠬᠢᠨᠠᠨ ᠡᠯᠰᠡᠬᠦ ᠳᠤ ᠯᠠᠪᠯᠠᠯᠳᠠ ᠪᠣᠯᠭᠠᠨ᠎ᠠ᠃           ᠬᠤᠪᠢ ᠨᠡᠮᠡᠬᠦ ᠶᠢ ᠦᠬᠡᠶᠢᠰᠬᠡᠬᠦ 6 ᠲᠦᠷᠦᠯ ᠵᠦᠢᠯ᠄       1. ᠪᠡᠶ᠎ᠠ ᠶᠢᠨ ᠲᠠᠮᠢᠷ ᠳᠠᠭᠠᠨ ᠠᠪᠢᠶᠠᠰ ᠲᠠᠢ ᠰᠣᠷᠣᠭᠴᠢᠳ ᠲᠤ ᠬᠤᠪᠢ ᠨᠡᠮᠡᠬᠦ ᠲᠦᠷᠦᠯ ᠵᠦᠢᠯ ᠢ ᠬᠦᠴᠣᠨ ᠦᠭᠡᠢ ᠪᠣᠯᠭᠠᠨ᠎ᠠ᠃ ᠬᠤᠯᠪᠤᠭᠳᠠᠯ ᠪᠦᠭᠦᠢ ᠰᠢᠯᠭᠠᠭᠤᠯᠤᠭᠰᠠᠳ ᠦᠪᠡᠷ ᠤᠨ ᠰᠠᠶᠢᠨ ᠲᠣᠷ᠎ᠠ ᠠᠴᠠ ᠪᠠᠨ ᠶᠡᠭᠡ ᠲᠡᠭᠡᠳᠣ ᠰᠣᠷᠭᠠᠭᠤᠯᠢ ᠶᠢᠨ ᠦᠨᠳᠣᠷ ᠬᠢᠷᠢ ᠲᠦᠪᠰᠢᠨ ᠪᠦᠬᠦᠢ ᠪᠡᠶ᠎ᠠ ᠶᠢᠨ ᠲᠠᠮᠢᠷ ᠤᠨ ᠠᠩᠬᠢ ᠳᠤ ᠨᠡᠷ᠎ᠠ ᠮᠡᠳᠡᠬᠦᠯᠦᠨ ᠰᠢᠯᠭᠠᠭᠤᠯᠬᠤ᠂ ᠡᠰᠡᠬᠦᠯ᠎ᠠ ᠪᠡᠶ᠎ᠠ ᠶᠢᠨ ᠲᠠᠮᠢᠷ ᠤᠨ ᠪᠣᠯᠪᠠᠰᠣᠷᠠᠯ ᠪᠣᠶᠣ ᠵᠡᠪᠰᠡᠭ ᠤᠨ ᠡᠷᠳᠡᠮ ᠪᠣᠯᠣᠨ ᠦᠨᠳᠣᠰᠣᠳᠠᠨ ᠤ ᠣᠯᠠᠮᠵᠢᠯᠠᠯᠳᠣ ᠪᠡᠶ᠎ᠠ ᠶᠢᠨ ᠲᠠᠮᠢᠷ ᠤᠨ ᠲᠣᠰᠬᠠᠢ ᠮᠡᠷᠭᠡᠵᠢᠯ ᠳᠤ ᠨᠡᠷ᠎ᠠ ᠮᠡᠳᠡᠬᠦᠯᠦᠨ ᠰᠢᠯᠭᠠᠭᠤᠯᠵᠣ ᠪᠣᠯᠣᠨ᠎ᠠ᠂ ᠪᠠᠰᠠ ᠪᠣᠰᠣᠳ ᠪᠡᠶ᠎ᠠ ᠶᠢᠨ ᠲᠠᠮᠢᠷ ᠤᠨ ᠲᠣᠰᠬᠠᠢ ᠮᠡᠷᠭᠡᠵᠢᠯ ᠳᠤ ᠨᠡᠷ᠎ᠠ ᠮᠡᠳᠡᠬᠦᠯᠦᠨ ᠰᠢᠯᠭᠠᠭᠤᠯᠵᠣ ᠪᠣᠯᠣᠨ᠎ᠠ᠃       2. ︽ᠤᠯᠤᠰ ᠤᠨ ᠬᠤᠶᠠᠳᠤᠭᠠᠷ ᠲᠡᠰ ᠤᠨ ᠲᠠᠮᠢᠷᠴᠢᠨ ︵ᠬᠤᠶᠠᠳᠤᠭᠠᠷ ᠲᠡᠰ ᠪᠠᠭᠲᠠᠨ᠎ᠠ︶ ᠠᠴᠠ ᠲᠡᠭᠡᠭᠰᠢ ᠴᠤᠯᠠ︾ ᠬᠦᠷᠳᠡᠭᠰᠡᠳ᠃       3. ᠣᠯᠢᠮᠫᠢᠺ ᠤᠨ ᠣᠷᠣᠯᠳᠣᠭᠠᠨ ᠤ ᠱᠠᠩᠨᠠᠯ ᠣᠯᠣᠬᠰᠠᠳ ᠲᠤ ᠬᠤᠪᠢ ᠨᠡᠮᠡᠬᠦ ᠲᠦᠷᠦᠯ ᠵᠦᠢᠯ ᠢ ᠬᠦᠴᠣᠨ ᠦᠭᠡᠢ ᠪᠣᠯᠭᠠᠨ᠎ᠠ᠃ ᠰᠢᠯᠭᠠᠭᠤᠯᠬᠤ ᠰᠣᠷᠣᠭᠴᠢᠳ ᠤᠨ ᠬᠤᠯᠪᠣᠬᠳᠠᠯ ᠪᠦᠬᠦᠢ ᠬᠢᠴᠢᠶᠡᠯ ᠲᠦᠷᠦᠯ ᠤᠨ ᠤᠨᠴᠠ ᠴᠢᠳᠠᠪᠦᠷᠢ ᠨᠢ ᠡᠷᠭᠡ ᠮᠡᠳᠡᠵᠤ ᠰᠣᠷᠣᠭᠴᠢ ᠡᠯᠰᠡᠬᠦ ᠰᠣᠷᠭᠠᠭᠤᠯᠢ ᠶᠢᠨ ᠣᠷᠢᠳᠠᠪᠡᠷ ᠪᠣᠳᠣᠯᠬᠢᠯᠠᠬᠤ ᠨᠦᠬᠦᠴᠡᠯ ᠪᠣᠯᠵᠣ ᠪᠣᠯᠣᠨ᠎ᠠ᠃       4. ᠰᠢᠨᠵᠢᠯᠡᠬᠦ ᠤᠬᠠᠭᠠᠨ ᠮᠡᠷᠭᠡᠵᠢᠯ ᠤᠨ ᠲᠦᠷᠦᠯ ᠤᠨ ᠣᠷᠣᠯᠳᠣᠭᠠᠨ ᠳᠤ ᠱᠠᠩᠨᠠᠯ ᠬᠦᠷᠳᠡᠭᠰᠡᠳ ᠲᠤ ᠬᠤᠪᠢ ᠨᠡᠮᠡᠬᠦ ᠲᠦᠷᠦᠯ ᠵᠦᠢᠯ ᠢ ᠬᠦᠴᠣᠨ ᠦᠭᠡᠢ ᠪᠣᠯᠭᠠᠨ᠎ᠠ᠃ ᠰᠢᠯᠭᠠᠭᠤᠯᠤᠭᠰᠠᠳ ᠤᠨ ᠬᠤᠯᠪᠣᠬᠳᠠᠯ ᠪᠦᠬᠦᠢ ᠤᠨᠴᠠ ᠴᠢᠳᠠᠪᠦᠷᠢ ᠪᠠ ᠰᠢᠨ᠎ᠡ ᠶᠢ ᠡᠭᠦᠳᠬᠦ ᠨᠦᠬᠡᠴᠡ ᠴᠢᠳᠠᠪᠤᠷᠢ ᠨᠢ ᠡᠵᠡᠨ ᠮᠡᠳᠡᠵᠤ ᠰᠣᠷᠣᠭᠴᠢ ᠡᠯᠰᠡᠬᠦ ᠲᠤᠷᠰᠢᠯᠳᠠ ᠬᠢᠵᠤ ᠪᠠᠶᠢᠬᠤ ᠶᠡᠭᠡ ᠲᠡᠭᠡᠳᠦ ᠰᠣᠷᠭᠠᠭᠤᠯᠢ ᠶᠢᠨ ᠣᠷᠢᠳᠠᠪᠡᠷ ᠠᠩᠬᠠᠨ ᠤ ᠬᠢᠨᠠᠯᠳᠠ ᠶᠢ ᠲᠠᠪᠠᠭ᠋ᠤ ᠨᠦᠬᠦᠴᠡᠯ ᠪᠣᠯᠵᠣ ᠪᠣᠯᠣᠨ᠎ᠠ᠃       5. ᠮᠣᠵᠢ ᠶᠢᠨ ᠲᠡᠰ ᠤᠨ ᠰᠢᠯᠢᠳᠡᠭ ᠰᠣᠷᠣᠬᠴᠢ ᠳᠤ ᠬᠤᠪᠢ ᠨᠡᠮᠡᠬᠦ ᠲᠦᠷᠦᠯ ᠵᠦᠢᠯ ᠢ ᠬᠦᠴᠣᠨ ᠦᠭᠡᠢ ᠪᠣᠯᠭᠠᠨ᠎ᠠ᠃       6. ᠦᠵᠡᠯ ᠰᠠᠨᠠᠭ᠎ᠠ ᠣᠯᠣᠰ ᠲᠦᠷᠦ ᠶᠣᠰᠣ ᠮᠣᠷᠠᠯ ᠲᠣᠪᠤᠶᠢᠮ᠎ᠠ ᠣᠢᠢᠯᠠ ᠠᠵᠢᠯᠯᠠᠭ᠎ᠠ ᠳᠤ ᠬᠤᠪᠢ ᠨᠡᠮᠡᠬᠦ ᠲᠦᠷᠦᠯ ᠵᠦᠢᠯ ᠢ ᠬᠦᠴᠣᠨ ᠦᠭᠡᠢ ᠪᠣᠯᠭᠠᠨ᠎ᠠ᠃ ᠲᠣᠪᠤᠶᠢᠮ᠎ᠠ ᠣᠢᠢᠯᠠ ᠠᠵᠢᠯᠯᠠᠭ᠎ᠠ ᠲᠠᠢ ᠰᠢᠯᠭᠠᠭᠤᠯᠤᠭᠰᠳ ᠢ ᠬᠤᠯᠪᠤᠭᠳᠠᠯ ᠪᠦᠭᠦᠢ ᠠᠯᠬᠤᠮ ᠲᠠᠷᠠᠭᠠᠯᠠᠯ ᠢ ᠦᠨᠳᠦᠰᠦᠯᠡᠨ ᠶᠡᠭᠡ ᠲᠡᠭᠡᠳᠣ ᠰᠣᠷᠭᠠᠭᠤᠯᠢ ᠠᠴᠠ ᠬᠢᠷᠢ ᠭᠡᠮ ᠠᠴᠠ ᠲᠠᠪᠠᠭᠤᠯᠣᠨ ᠡᠯᠰᠡᠵᠦ ᠠᠪᠬᠤ ᠪᠣᠶᠣ ᠲᠣᠰᠠᠭᠠᠷ ᠰᠢᠯᠭᠠᠨ ᠡᠯᠰᠡᠵᠣ ᠪᠣᠯᠣᠨ᠎ᠠ᠃              ᠬᠤᠪᠢ ᠨᠡᠮᠡᠭᠦ 5 ᠲᠦᠷᠦᠯ ᠵᠦᠢᠯ᠄       1. ᠦᠷᠡᠭᠳᠡᠭᠰᠡᠡ ᠪᠠᠭᠠᠳᠤᠷᠴᠤᠳ ᠤᠨ ᠦᠷ᠎ᠠ ᠬᠡᠤᠬᠡᠳ       2. ᠬᠢᠯᠢ ᠬᠢᠵᠠᠭᠠᠷ ᠤᠷᠤᠠ᠂ ᠠᠭᠤᠯᠠᠷᠬᠠᠬ ᠤᠷᠤᠠ᠂ ᠮᠠᠯᠵᠢᠬᠤ ᠤᠷᠤᠠ᠂ ᠴᠦᠬᠡᠡ ᠲᠤᠭᠠᠳᠤ ᠦᠨᠳᠤᠰᠤᠳᠠᠠ ᠲᠦᠪᠯᠠᠷᠠᠠ ᠰᠠᠭᠤᠷᠢᠰᠢᠬᠰᠠᠨ ᠤᠷᠤᠠ ᠤ ᠴᠦᠬᠡᠡ ᠲᠤᠭᠠᠳᠤ ᠦᠨᠳᠤᠰᠤᠳᠠᠠ ᠤ ᠰᠢᠯᠭᠠᠭᠤᠯᠤᠭᠰᠠᠳ       3. ᠤᠯᠤᠰ ᠲᠠᠭᠠᠨ ᠪᠤᠴᠠᠵᠥ ᠢᠷᠡᠭᠰᠡᠡ ᠲᠤᠮᠳᠠᠳᠤ ᠶᠢᠨ ᠬᠠᠷᠢᠶᠠᠳᠤ᠂ ᠲᠤᠮᠳᠠᠳᠤ ᠶᠢᠨ ᠬᠠᠷᠢᠶᠠᠳᠤ ᠶᠢᠨ ᠦᠷ᠎ᠠ ᠬᠡᠤᠬᠡᠳ᠂ ᠤᠯᠤᠰ ᠲᠠᠭᠠᠨ ᠪᠤᠴᠠᠵᠥ ᠢᠷᠡᠭᠰᠡᠡ ᠲᠤᠮᠳᠠᠳᠤ ᠶᠢᠨ ᠬᠠᠷᠢᠶᠠᠳᠤ ᠶᠢᠨ ᠦᠷ᠎ᠠ ᠬᠡᠤᠬᠡᠳ ᠪᠠ ᠲᠡᠶᠢᠸᠠᠠ ᠮᠤᠵᠢ ᠳᠤ ᠨᠤᠳᠤᠭ ᠲᠠᠢ ᠰᠢᠯᠭᠠᠭᠤᠯᠤᠭᠰᠠᠳ       4. ᠪᠠᠶ᠎ᠠ ᠪᠠᠨ ᠲᠡᠭᠠᠭᠠᠵᠥ ᠠᠵᠢᠯ ᠤᠯᠤᠬᠰᠠᠨ ᠬᠠᠯᠠᠬᠳᠠᠬᠰᠠᠨ ᠴᠡᠷᠢᠭ       5. ᠴᠡᠷᠢᠭ ᠤᠨ ᠠᠯᠪᠠ ᠬᠠᠭᠠᠵᠥ ᠪᠠᠶᠢᠬᠤ ᠬᠤᠭᠤᠴᠠᠭᠠᠠ ᠳᠠᠭᠠᠨ ᠬᠤᠶᠠᠳᠤᠭᠠᠷ ᠲᠡᠰ ᠪᠤᠶᠤ ᠬᠤᠶᠠᠳᠤᠭᠠᠷ ᠲᠡᠰ ᠠᠴᠠ ᠲᠡᠬᠡᠭᠰᠢ ᠭᠠᠪᠢᠶ᠎ᠠ ᠪᠠᠶᠢᠭᠤᠯᠤᠬᠰᠠᠨ᠂ ᠲᠤᠮᠤ ᠴᠡᠷᠢᠭ ᠤᠨ ᠲᠤᠭᠤᠷᠢᠬ ᠪᠤᠶᠤ ᠲᠡᠬᠦᠠ ᠠᠴᠠ ᠲᠡᠬᠡᠭᠰᠢᠬᠢ ᠨᠢᠭᠡᠴᠡ ᠠᠴᠠ ᠤᠯᠭᠤᠭᠰᠠᠠ ᠢᠷᠠᠭᠤ ᠠᠯᠳᠠᠷ ᠢ ᠬᠦᠷᠳᠡᠭᠰᠡᠡ ᠬᠠᠯᠠᠭᠳᠠᠭᠰᠠᠨ ᠴᠡᠷᠢᠭ              ᠤᠷᠤᠨ ᠨᠤᠳᠤᠬ ᠲᠤ᠄ ᠤᠷᠤᠨ ᠨᠤᠲᠤᠭ ᠤᠨ ᠴᠢᠨᠠᠷᠲᠠᠢ            ᠬᠤᠪᠢ ᠨᠡᠮᠡᠬᠦ ᠲᠦᠷᠦᠯ ᠵᠦᠢᠯ ᠢ ᠶᠡᠬᠡᠪᠡᠷ ᠪᠠᠭᠠᠰᠬᠠᠨ᠎ᠠ       2015 ᠤᠨ ᠤ 1 ᠰᠠᠷ᠎ᠠ ᠶᠢᠨ 1 ᠤ ᠡᠳᠦᠷ ᠠᠴᠠ ᠤᠷᠤᠨ ᠨᠤᠲᠤᠭ ᠤᠨ ᠴᠢᠨᠠᠷᠲᠠᠢ ᠪᠡᠶ᠎ᠡ ᠶᠢᠨ ᠲᠠᠮᠢᠷ᠂ ᠤᠷᠠᠯᠢᠭ᠂ ᠰᠢᠨᠵᠢᠯᠡᠬᠦ ᠤᠬᠠᠭᠠᠨ ᠮᠡᠷᠭᠡᠵᠢᠯ᠂ ᠭᠤᠷᠪᠠᠨ ᠰᠠᠶᠢᠨᠲᠠᠢ ᠰᠤᠷᠤᠭᠴᠢ᠂ ᠰᠢᠯᠢᠳᠡᠭ ᠰᠤᠷᠤᠭᠴᠢ ᠶᠢᠨ ᠺᠠᠳ᠋ᠷ ᠵᠡᠷᠭᠡ ᠬᠤᠪᠢ ᠨᠡᠮᠡᠬᠦ ᠲᠦᠷᠦᠯ ᠵᠦᠢᠯ ᠢ ᠬᠦᠴᠦᠨ ᠦᠭᠡᠢ ᠪᠤᠯᠭᠠᠵᠦ᠂ ᠬᠤᠯᠪᠤᠭᠳᠠᠯ ᠪᠦᠬᠦᠢ ᠲᠦᠷᠦ ᠶᠢᠨ ᠪᠤᠳᠤᠯᠭ᠎ᠠ ᠶᠢ ᠲᠡᠭᠡᠷ᠎ᠡ ᠲᠤᠷᠠᠳᠤᠭᠰᠠᠨ ᠪᠦᠬᠦ ᠤᠯᠤᠰ ᠤᠨ ᠴᠢᠨᠠᠷᠲᠠᠢ ᠬᠤᠪᠢ ᠨᠡᠮᠡᠬᠦ ᠬᠡᠰᠡᠭ ᠲᠦᠷᠦᠯ ᠵᠦᠢᠯ ᠢ ᠬᠦᠴᠦᠨ ᠦᠭᠡᠢ ᠪᠤᠯᠭᠠᠬᠤ ᠲᠤᠭᠲᠠᠭᠠᠯ ᠶᠤᠰᠤᠭᠠᠷ ᠬᠡᠷᠡᠭᠵᠢᠭᠦᠯᠦᠨ᠎ᠡ᠃ ᠡᠯ᠎ᠡ ᠮᠤᠵᠢ ︵ᠤᠷᠤᠨ᠂ ᠬᠤᠲᠠ︶ ᠤᠷᠤᠨ ᠨᠤᠲᠤᠭ ᠤᠨ ᠴᠢᠨᠠᠷᠲᠠᠢ ᠶᠡᠭᠡ ᠲᠡᠭᠡᠳᠦ ᠰᠤᠷᠭᠠᠭᠤᠯᠢ ᠶᠢᠨ ᠰᠢᠯᠭᠠᠯᠲᠠ ᠶᠢᠨ ᠬᠤᠪᠢ ᠨᠡᠮᠡᠬᠦ ᠪᠤᠰᠤᠳ ᠲᠦᠷᠦᠯ ᠵᠦᠢᠯ ᠢ ᠤᠯᠠᠮ ᠴᠢᠨᠠᠭᠰᠢᠳᠠ ᠶᠡᠭᠡ ᠬᠡᠮᠵᠢᠶ᠎ᠡ ᠪᠠᠷ ᠪᠠᠭᠠᠰᠬᠠᠬᠤ ᠬᠡᠷᠡᠭᠲᠠᠢ᠃            ᠦᠯᠡᠳᠡᠭᠡᠬᠦ ᠴᠢᠬᠤᠯᠠᠲᠠᠢ ᠤᠷᠤᠨ ᠨᠤᠲᠤᠭ ᠤᠨ ᠴᠢᠨᠠᠷᠲᠠᠢ ᠬᠤᠪᠢ            ᠨᠡᠮᠡᠬᠦ ᠲᠦᠷᠦᠯ ᠵᠦᠢᠯ ᠢ ᠲᠦᠷᠢᠮᠵᠢᠭᠦᠯᠦᠨ ᠲᠡᠭᠦᠯᠳᠡᠷᠵᠢᠭᠦᠯᠦᠨ᠎ᠡ       ᠲᠦᠷᠦ ᠶᠢᠨ ᠶᠠᠪᠤᠳᠠᠯ ᠤᠨ ᠬᠤᠷᠢᠶᠠᠨ ᠤ ᠨᠡᠶᠢᠲᠡᠯᠡᠭᠰᠡᠨ ﹇2014﹈ 35 ᠳ᠋ᠤᠭᠠᠷ ᠲᠤᠭᠠᠲᠦ ᠪᠢᠴᠢᠭ ᠮᠠᠲ᠋ᠧᠷᠢᠶᠠᠯ ᠤᠨ ᠵᠤᠷᠢᠭ ᠰᠠᠨᠠᠭ᠎ᠠ ᠶᠢ ᠦᠨᠳᠦᠰᠦᠯᠡᠨ᠂ ᠦᠨᠡᠨᠬᠦ ᠦᠯᠡᠳᠡᠭᠡᠬᠦ ᠴᠢᠬᠤᠯᠠᠲᠠᠢ ᠤᠷᠤᠨ ᠨᠤᠲᠤᠭ ᠤᠨ ᠴᠢᠨᠠᠷᠲᠠᠢ ᠬᠤᠪᠢ ᠨᠡᠮᠡᠬᠦ ᠲᠦᠷᠦᠯ ᠵᠦᠢᠯ ᠤᠨ ᠬᠤᠪᠢ ᠨᠡᠮᠡᠬᠦ ᠬᠡᠮᠵᠢᠶ᠎ᠡ ᠶᠢ ᠵᠦᠢ ᠵᠤᠬᠢᠰᠲᠠᠢ ᠲᠤᠬᠢᠷᠠᠭᠤᠯᠵᠦ᠂ ᠮᠤᠵᠢ ᠶᠢᠨ ᠱᠠᠲᠤᠨ ᠤ ᠠᠷᠠᠳ ᠤᠨ ᠵᠠᠰᠠᠭ ᠤᠨ ᠤᠷᠳᠤᠨ ᠲᠤᠭᠲᠠᠭᠠᠬᠤ ᠪᠦᠭᠡᠳ ᠰᠤᠷᠭᠠᠨ ᠬᠦᠮᠦᠵᠢᠯ ᠤᠨ ᠶᠠᠮᠤᠨ ᠳᠤ ᠮᠡᠳᠡᠭᠦᠯᠵᠤ ᠲᠠᠩᠰᠠᠯᠠᠭᠤᠯᠤᠨ᠎ᠠ᠂ ᠡᠭᠦᠨ ᠢ ᠵᠠᠷᠴᠢᠮ ᠲᠡᠭᠡᠷ᠎ᠡ ᠪᠠᠨ ᠲᠤᠰ ᠮᠤᠵᠢ ︵ᠤᠷᠤᠨ᠂ ᠬᠤᠲᠠ︶ ᠶᠢᠨ ᠬᠠᠷᠢᠶᠠᠨ ᠤ ᠶᠡᠭᠡ ᠳᠡᠭᠡᠲᠦ ᠰᠤᠷᠭᠠᠭᠤᠯᠢ ᠶᠢᠨ ᠲᠤᠰ ᠮᠤᠵᠢ ︵ᠤᠷᠤᠨ᠂ ᠬᠤᠲᠠ︶ ᠠᠴᠠ ᠪᠠᠨ ᠰᠤᠷᠤᠭᠴᠢ ᠡᠯᠰᠡᠬᠦ ᠳᠤ ᠯᠡ ᠬᠡᠷᠡᠭᠯᠡᠨ᠎ᠡ᠃ ᠬᠤᠯᠪᠤᠭᠳᠠᠯ ᠪᠦᠬᠦᠢ ᠭᠠᠵᠠᠷ ᠤᠷᠤᠨ ᠤ ᠬᠢᠨ ᠬᠢᠯᠢ ᠬᠢᠵᠠᠭᠠᠷ ᠤᠷᠤᠨ ᠦᠨᠳᠦᠰᠦᠲᠡᠨ ᠤ ᠤᠷᠤᠨ ᠤᠨᠴᠠ ᠬᠦᠴᠢᠷᠳᠡᠯ ᠲᠠᠢ ᠤᠷᠤᠨ ᠤ ᠬᠤᠪᠢ ᠨᠡᠮᠡᠬᠦ ᠲᠦᠷᠦ ᠶᠢᠨ ᠪᠤᠳᠤᠯᠭ᠎ᠠ ᠶᠢ ᠬᠠᠶᠢᠨ ᠰᠦᠪᠡᠭᠴᠢᠯᠡᠵᠤ ᠲᠡᠭᠦᠯᠳᠡᠷᠵᠢᠬᠦᠯᠬᠦ ᠬᠡᠷᠡᠭᠲᠠᠢ᠂ ᠪᠤᠳᠠᠲᠠᠢ ᠠᠷᠭ᠎ᠠ ᠶᠢ ᠮᠤᠵᠢ ᠶᠢᠨ ᠱᠠᠲᠤᠨ ᠤ ᠠᠷᠠᠳ ᠤᠨ ᠵᠠᠰᠠᠭ ᠤᠨ ᠤᠷᠳᠤᠨ ᠪᠤᠳᠠᠲᠦ ᠪᠠᠶᠢᠳᠠᠯ ᠢᠶᠠᠨ ᠦᠨᠳᠦᠰᠦᠯᠡᠨ ᠲᠤᠭᠲᠠᠭᠠᠬᠤ ᠪᠦᠭᠡᠳ ᠰᠤᠷᠭᠠᠨ ᠬᠦᠮᠦᠵᠢᠯ ᠤᠨ ᠶᠠᠮᠤᠨ ᠳᠤ ᠮᠡᠳᠡᠭᠦᠯᠵᠤ ᠲᠠᠩᠰᠠᠯᠠᠭᠤᠯᠤᠨ᠎ᠠ᠃            ᠰᠤᠷᠤᠭᠴᠢᠳ ᠦᠪᠡᠷᠰᠠᠳ ᠢᠶᠠᠨ ᠰᠢᠯᠭᠠᠯᠳᠠ ᠶᠢᠨ            ᠬᠢᠴᠢᠶᠠᠯ ᠲᠦᠷᠦᠯ ᠢᠶᠠᠨ ᠰᠤᠩᠭᠤᠵᠥ ᠪᠤᠯᠤᠨ᠎ᠠ       ᠰᠤᠷᠭᠠᠠ ᠬᠦᠮᠦᠵᠢᠯ ᠤᠨ ᠶᠠᠮᠤᠠ 12 ᠰᠠᠷ᠎ᠠ ᠶᠢᠨ 16 ᠤ ᠡᠳᠤᠷ ︽ᠡᠩ ᠤᠨ ᠦᠨᠳᠤᠷ ᠲᠤᠮᠳᠠᠳᠤ ᠶᠢᠨ ᠰᠤᠷᠤᠯᠭ᠎ᠠ ᠶᠢᠨ ᠬᠢᠷᠢ ᠲᠦᠪᠰᠢᠨ ᠤ ᠰᠢᠯᠭᠠᠯᠳᠠ ᠶᠢᠨ ᠲᠤᠬᠠᠢ ᠬᠡᠷᠡᠭᠵᠢᠬᠦᠯᠬᠦ ᠰᠠᠨᠠᠯ︾ ᠢ ᠨᠠᠶᠢᠳᠠᠯᠠᠵᠥ᠂ ︽ᠡᠩ ᠤᠨ ᠲᠤᠮᠳᠠᠳᠤ ᠰᠤᠷᠭᠠᠭᠤᠯᠢ ᠶᠢᠨ ᠰᠤᠷᠤᠭᠴᠢ ᠶᠢᠨ ᠶᠡᠷᠤᠩᠬᠡᠢ ᠬᠡᠪ ᠴᠢᠨᠠᠷ ᠤᠨ ᠦᠨᠡᠯᠡᠯᠳᠠ ᠶᠢ ᠴᠢᠩᠭᠠᠳᠬᠠᠠ ᠰᠠᠶᠢᠵᠢᠷᠠᠭᠤᠯᠬᠤ ᠲᠤᠬᠠᠢ ᠰᠠᠨᠠᠯ︾ ᠢ ᠨᠠᠶᠢᠳᠠᠯᠠᠵᠡᠢ᠃       ᠰᠤᠷᠭᠠᠠ ᠬᠦᠮᠦᠵᠢᠯ ᠤᠨ ᠶᠠᠮᠤᠠ ᠤ ᠬᠠᠷᠢᠭᠤᠴᠠᠯᠭᠠᠳᠠᠠ ᠤ ᠬᠡᠯᠡᠬᠦ ᠪᠠᠷ᠂ ᠦᠨᠳᠤᠷ ᠲᠤᠮᠳᠠᠳᠤ ᠶᠢᠨ ᠰᠤᠷᠤᠯᠭ᠎ᠠ ᠶᠢᠨ ᠬᠢᠷᠢ ᠲᠦᠪᠰᠢᠨ ᠤ ᠰᠢᠯᠭᠠᠯᠳᠠ ᠶᠢᠨ ᠬᠢᠴᠢᠶᠠᠯ ᠤᠨ ᠪᠠᠷᠢᠮᠵᠢᠶ᠎ᠠ᠂ ᠰᠢᠯᠭᠠᠯᠳᠠ ᠶᠢᠨ ᠲᠤᠭᠳᠠᠭᠠᠯ ᠢ ᠤᠯᠤᠰ ᠠᠴᠠ ᠲᠤᠭᠳᠠᠭᠠᠵᠥ᠂ ᠮᠤᠵᠢ ᠶᠢᠨ ᠱᠠᠳᠤᠠ ᠤ ᠰᠤᠷᠭᠠᠠ ᠬᠦᠮᠦᠵᠢᠯ ᠤᠨ ᠵᠠᠰᠠᠭ ᠵᠠᠬᠢᠷᠭᠠᠠ ᠤ ᠰᠠᠯᠠᠭ᠎ᠠ ᠮᠦᠴᠢᠷ ᠠᠴᠠ ᠵᠤᠬᠢᠶᠠᠠ ᠪᠠᠶᠢᠭᠤᠯᠤᠠ ᠬᠡᠷᠡᠭᠵᠢᠬᠦᠯᠤᠨ᠎ᠠ᠃ ᠰᠢᠯᠭᠠᠯᠳᠠ ᠨᠢ ᠪᠦᠬᠦ᠋ᠢᠯᠠ ᠬᠢᠴᠢᠶᠠᠯ ᠲᠦᠷᠦᠯ ᠢ ᠬᠠᠮᠤᠷᠤᠨ᠎ᠠ᠂ ᠡᠬᠦᠠ ᠳᠤ ᠬᠡᠯᠡ ᠪᠢᠴᠢᠭ᠂ ᠲᠤᠭᠠᠠ ᠤ ᠤᠬᠠᠭᠠᠠ᠂ ᠭᠠᠳᠠᠭᠠᠳᠤ ᠬᠡᠯᠡ᠂ ᠦᠵᠡᠯ ᠰᠠᠨᠠᠭ᠎ᠠ ᠤᠯᠤᠰ ᠲᠦᠷᠦ᠂ ᠲᠡᠤᠬᠡ᠂ ᠭᠠᠵᠠᠷ ᠵᠦᠢ᠂ ᠪᠢᠽᠢᠺ᠂ ᠬᠢᠮᠢ᠂ ᠠᠮᠢᠳᠤ ᠪᠤᠳᠠᠰ ᠵᠡᠷᠬᠡ ᠬᠢᠴᠢᠶᠡᠯ ᠲᠦᠷᠦᠯ ᠪᠠᠭᠳᠠᠵᠥ ᠪᠤᠢ᠂ ᠮᠤᠵᠢ ᠶᠢᠨ ᠱᠠᠳᠤᠠ ᠤ ᠰᠤᠷᠭᠠᠠ ᠬᠦᠮᠦᠵᠢᠯ ᠤᠨ ᠵᠠᠰᠠᠭ ᠵᠠᠬᠢᠷᠭᠠᠠ ᠤ ᠰᠠᠯᠠᠭ᠎ᠠ ᠮᠦᠴᠢᠷ ᠠᠴᠠ ᠨᠢᠬᠡᠳᠤᠯᠳᠠᠢ ᠵᠤᠬᠢᠶᠠᠠ ᠪᠠᠶᠢᠭᠤᠯᠵᠥ ᠰᠢᠯᠭᠠᠨ᠎ᠠ︔ ᠤᠷᠠᠯᠢᠭ ︵ᠲᠡᠭᠤᠤ ᠬᠦᠭᠵᠢᠮ᠂ ᠤᠷᠠᠠ ᠵᠢᠷᠤᠭ︶᠂ ᠪᠠᠶ᠎ᠠ ᠶᠢᠨ ᠲᠡᠮᠢᠷ ᠬᠢᠬᠡᠳ ᠡᠷᠡᠬᠦᠯ ᠴᠢᠬᠢᠷᠠᠭ᠂ ᠨᠠᠶᠢᠳᠠᠮ ᠤᠨ ᠬᠡᠷᠡᠭᠯᠡᠬᠡᠡ ᠤ ᠮᠠᠷᠬᠡᠵᠢᠯ᠂ ᠮᠠᠳᠡᠭᠡ ᠵᠠᠩᠬᠢ ᠶᠢᠨ ᠮᠠᠷᠬᠡᠵᠢᠯ ᠵᠡᠷᠬᠡ ᠬᠢᠴᠢᠶᠠᠯ ᠲᠦᠷᠦᠯ ᠪᠠᠭᠳᠠᠵᠥ ᠪᠠᠶᠢᠨ᠎ᠠ᠂ ᠮᠤᠵᠢ ᠶᠢᠨ ᠱᠠᠳᠤᠠ ᠤ ᠰᠤᠷᠭᠠᠠ ᠬᠦᠮᠦᠵᠢᠯ ᠤᠨ ᠵᠠᠰᠠᠭ ᠵᠠᠬᠢᠷᠭᠠᠠ ᠤ ᠰᠠᠯᠠᠭ᠎ᠠ ᠮᠦᠴᠢᠷ ᠠᠴᠠ ᠨᠢᠬᠡᠳᠤᠯᠳᠠᠢ ᠱᠠᠭᠠᠷᠳᠠᠯᠭ᠎ᠠ ᠲᠤᠭᠳᠠᠭᠠᠵᠥ᠂ ᠪᠤᠳᠠᠳᠠᠢ ᠰᠢᠯᠭᠠᠯᠳᠠ ᠶᠢ ᠵᠤᠬᠢᠶᠠᠠ ᠪᠠᠶᠢᠭᠤᠯᠬᠤ ᠬᠡᠯᠪᠡᠷᠢ ᠨᠢ ᠤᠯᠠᠠ ᠶᠠᠩᠵᠥ ᠶᠢᠨ ᠪᠠᠶᠢᠵᠥ ᠪᠤᠯᠤᠨ᠎ᠠ᠃       ᠶᠡᠭᠡ ᠲᠡᠬᠡᠳᠤ ᠰᠤᠷᠭᠠᠭᠤᠯᠢ ᠶᠢᠨ ᠨᠢᠬᠡᠳᠤᠯᠳᠠᠢ ᠰᠢᠯᠭᠠᠯᠳᠠ ᠶᠢᠨ ᠬᠢᠷᠢ ᠪᠦᠳᠦᠮᠵᠢ ᠳᠤ ᠪᠤᠳᠤᠵᠤ ᠤᠷᠤᠭᠤᠯᠬᠤ ᠰᠢᠯᠭᠠᠯᠳᠠ ᠶᠢᠨ ᠬᠢᠴᠢᠶᠠᠯ ᠲᠦᠷᠦᠯ ᠢ 6 ᠠᠴᠠ 3 ᠶᠢ ᠰᠤᠩᠭᠤᠵᠤ ᠪᠤᠯᠤᠨ᠎ᠠ᠂ ᠰᠢᠯᠭᠠᠯᠳᠠ ᠶᠢᠨ ᠬᠤᠪᠢ ᠶᠢ ᠯᠠ ᠬᠦᠭᠡᠭᠡᠴᠡᠯᠳᠤᠬᠦ ᠬᠡᠯᠪᠡᠷᠢᠯ ᠢ ᠬᠤᠪᠢᠷᠠᠭᠤᠯᠬᠤ ᠶᠢᠨ ᠲᠤᠯᠠᠳᠠ ᠰᠢᠯᠭᠠᠯᠳᠠ ᠶᠢᠨ ᠬᠢᠷᠢ ᠪᠦᠳᠦᠮᠵᠢ ᠶᠢ A᠂ B᠂ C᠂ D ᠪᠠ E ᠭᠡᠬᠦᠴᠢᠯᠡᠨ 5 ᠲᠡᠰ ᠬᠤᠪᠢᠶᠠᠠ ᠲᠡᠮᠳᠡᠭᠯᠡᠨ᠎ᠠ᠃ ᠶᠡᠭᠡ ᠲᠡᠬᠡᠳᠤ ᠰᠤᠷᠭᠠᠭᠤᠯᠢ ᠶᠢᠨ ᠰᠢᠯᠭᠠᠯᠳᠠ ᠶᠢᠨ ᠬᠢᠷᠢ ᠪᠦᠳᠦᠮᠵᠢ ᠳᠤ ᠪᠤᠳᠤᠵᠥ ᠤᠷᠤᠭᠤᠯᠬᠤ ᠦᠬᠡᠢ ᠰᠢᠯᠭᠠᠯᠳᠠ ᠶᠢᠨ ᠬᠢᠴᠢᠶᠠᠯ ᠲᠦᠷᠦᠯ ᠶᠢᠨ ᠬᠢᠷᠢ ᠪᠦᠳᠦᠮᠵᠢ ᠶᠢ ᠬᠢᠷᠢ ᠲᠡᠩᠴᠡᠭᠰᠡᠡ ᠪᠠ ᠬᠢᠷᠢ ᠲᠡᠩᠴᠡᠭᠰᠡᠡ ᠦᠬᠡᠢ ᠬᠡᠵᠥ ᠲᠡᠮᠳᠡᠭᠯᠡᠨ᠎ᠠ᠃ ᠶᠡᠭᠡ ᠲᠡᠭᠡᠳᠤ ᠰᠤᠷᠭᠠᠭᠤᠯᠢ ᠶᠢᠨ ᠬᠠᠮᠢᠶ᠎ᠠ ᠪᠦᠬᠦᠢ ᠲᠤᠰᠬᠠᠢ ᠮᠡᠷᠬᠡᠵᠢᠯ ᠨᠢ ᠬᠢᠴᠢᠶᠠᠯ ᠲᠦᠷᠦᠯ ᠤᠨ ᠲᠤᠬᠠᠢ ᠤᠷᠢᠳᠴᠢᠯᠠᠠ ᠱᠠᠭᠠᠷᠳᠠᠯᠭ᠎ᠠ ᠲᠤᠷᠠᠳᠴᠤ᠂ ᠰᠤᠷᠤᠬᠴᠢᠳ ᠲᠤ ᠤᠷᠢᠳᠠᠪᠠᠷ ᠮᠡᠳᠡᠬᠦᠯᠬᠦ ᠬᠡᠷᠡᠭᠳᠡᠢ᠂ ᠶᠡᠭᠡ ᠲᠡᠬᠡᠳᠤ ᠰᠤᠷᠭᠠᠭᠤᠯᠢ ᠶᠢᠨ ᠰᠢᠯᠭᠠᠯᠳᠠ ᠶᠢᠨ ᠬᠢᠷᠢ ᠪᠦᠳᠦᠮᠵᠢ ᠳᠤ ᠪᠤᠳᠤᠵᠤ ᠤᠷᠤᠭᠤᠯᠬᠤ ᠬᠢᠴᠢᠶᠠᠯ ᠲᠦᠷᠦᠯ ᠢ ᠦᠨᠳᠤᠷ ᠲᠤᠮᠳᠠᠳᠤ ᠶᠢᠨ ᠬᠤᠭᠤᠴᠠᠭᠠᠨ ᠤ 3 ᠵᠢᠯ ᠳᠤ ᠬᠤᠪᠢᠶᠠᠵᠥ ᠰᠢᠯᠭᠠᠨ᠎ᠠ᠃ ᠰᠤᠷᠤᠭᠴᠢᠳ ᠤᠨ ᠰᠤᠩᠭᠤᠬᠰᠠᠠ ᠬᠢᠴᠢᠶᠠᠯ ᠲᠦᠷᠦᠯ ᠢᠶᠠᠨ ᠰᠤᠯᠢᠬᠤ ᠶᠢ ᠵᠦᠪᠰᠢᠶᠡᠷᠡᠨ᠎ᠠ᠂ ᠰᠤᠷᠤᠭᠴᠢᠳ ᠶᠠᠮᠠᠷ ᠨᠢᠬᠡ ᠬᠢᠴᠢᠶᠠᠯ ᠲᠦᠷᠦᠯ ᠢᠶᠠᠨ ᠰᠠᠶᠢᠠ ᠰᠢᠯᠭᠠᠵᠥ ᠲᠡᠶᠢᠯᠦᠭᠰᠡᠡ ᠦᠬᠡᠢ ᠪᠤᠯ ᠬᠤᠶᠠᠳᠠᠬᠢ ᠤᠳᠠᠭ᠎ᠠ ᠰᠢᠯᠭᠠᠵᠥ ᠪᠤᠯᠤᠨ᠎ᠠ᠃       ᠰᠤᠷᠤᠭᠴᠢ ᠶᠢᠨ ᠶᠡᠷᠦᠩᠬᠡᠢ ᠬᠡᠪ ᠴᠢᠨᠠᠷ ᠢ ᠦᠨᠡᠯᠡᠬᠦ ᠠᠭᠤᠯᠭ᠎ᠠ ᠶᠢ ᠦᠵᠡᠯ ᠰᠠᠨᠠᠭ᠎ᠠ ᠵᠠᠩ ᠮᠤᠷᠠᠯ᠂ ᠰᠤᠷᠤᠯᠭ᠎ᠠ ᠶᠢᠨ ᠬᠢᠷᠢ ᠲᠦᠪᠰᠢᠨ᠂ ᠪᠡᠶ᠎ᠠ ᠰᠡᠳᠬᠢᠴᠡ ᠶᠢᠨ ᠡᠷᠡᠬᠦᠯ ᠴᠢᠬᠢᠷᠠᠭ᠂ ᠤᠷᠠᠯᠢᠭ ᠤᠨ ᠬᠡᠪ ᠪᠤᠯᠪᠠᠰᠤᠷᠠᠯ᠂ ᠨᠡᠶᠢᠬᠡᠮ ᠤᠨ ᠦᠢᠯᠡᠳᠦᠯᠬᠡ ᠵᠡᠷᠭᠡ 5 ᠳᠠᠯ᠎ᠠ ᠳᠤ ᠬᠤᠪᠢᠶᠠᠨ᠎ᠠ᠃ ᠰᠢᠨ᠎ᠠ ᠲᠦᠷᠦ ᠶᠢᠨ ᠪᠤᠳᠤᠯᠭ᠎ᠠ ᠳᠤ᠂ ᠶᠡᠷᠦᠩᠬᠡᠢ ᠬᠡᠪ ᠴᠢᠨᠠᠷ ᠢ ᠦᠨᠡᠯᠡᠬᠦ ᠳᠤ ᠪᠤᠳᠠᠳᠤ ᠳᠡᠮᠳᠡᠭᠯᠡᠯ ᠬᠢᠬᠦ᠂ ᠡᠮᠬᠢᠳᠬᠡᠨ ᠰᠤᠩᠭᠤᠬᠤ᠂ ᠤᠯᠠᠨ ᠳᠤ ᠨᠡᠶᠢᠳᠡᠯᠡᠵᠤ ᠬᠢᠨᠠᠨ ᠬᠠᠷᠭᠤᠭᠤᠯᠬᠤ᠂ ᠳᠠᠩᠰᠠ ᠡᠪᠬᠡᠮᠡᠯ ᠬᠢᠬᠦ᠂ ᠮᠠᠲ᠋ᠧᠷᠢᠶᠠᠯ ᠢ ᠬᠡᠷᠡᠭᠯᠡᠬᠦ 5 ᠳᠡᠰ ᠳᠠᠷᠠᠭᠠᠯᠠᠯ ᠢᠶᠠᠷ ᠬᠢᠬᠦ ᠳᠤᠬᠠᠢ ᠳᠤᠳᠤᠷᠬᠠᠢ ᠳᠤᠭᠳᠠᠭᠠᠵᠠᠢ᠃
 
ᠢᠷᠡᠯᠲᠡ᠄ ᠦᠪᠤᠷ ᠮᠣᠩᠭᠤᠯ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号