ᠬᠡᠶᠢᠮᠤᠷᠢ ᠭᠡᠳᠡᠭ ᠤᠨ ᠲᠤᠬᠠᠢ
ᠨᠡᠶᠢᠲᠡᠯᠡᠭᠰᠡᠨ ᠴᠠᠭ᠄
2015/1/4
        ᠬᠡᠶᠢᠮᠣᠷᠢ ᠭᠡᠳᠡᠭ ᠤᠨ ᠲᠤᠬᠠᠢ ᠬᠡᠶᠢᠮᠣᠷᠢ ᠬᠡᠮᠡᠳᠡᠭ ᠤᠨ ᠤᠴᠢᠷ ᠰᠢᠯᠲᠠᠭᠠᠨ ᠨᠢ ᠬᠡᠢ ᠨᠢ ᠮᠣᠷᠢ ᠶᠢ ᠬᠥᠯᠥᠭᠯᠡᠳᠡᠭ ᠤᠴᠢᠷ ᠠᠴᠠ ︽ᠬᠡᠶᠢᠮᠣᠷᠢ︾ ᠬᠡᠮᠡᠳᠡᠭ᠃ ᠬᠡᠶᠢᠮᠣᠷᠢ ᠨᠢ ᠪᠢᠳᠡ ᠨᠠᠷ ᠤᠨ ᠰᠡᠳᠬᠢᠯ ᠤᠨ ᠬᠥᠯᠥᠭ ᠪᠣᠯᠣᠭᠰᠠᠨ ᠨᠠᠷᠢᠨ ᠪᠡᠶ᠎ᠡ ᠪᠥᠭᠡᠳ ᠨᠠᠷᠢᠨ ᠠᠮᠢᠨ ᠪᠠᠷᠢᠭᠴᠢ ᠬᠡᠢ ᠪᠣᠯᠠᠢ᠃ ᠬᠥᠮᠥᠨ ᠳᠤ ᠶᠡᠷᠦ ᠨᠢ 2 ᠪᠡᠶ᠎ᠡ ᠪᠤᠢ ᠪᠥᠭᠡᠳ᠂ ᠪᠦᠳᠦᠭᠦᠨ ᠪᠡᠶ᠎ᠡ ᠨᠢ ᠲᠠᠪᠤᠨ ᠮᠠᠬᠠᠪᠤᠳ ᠢ ᠰᠢᠲᠦᠳᠡᠭ᠃ ᠮᠠᠬᠠᠪᠤᠳ ᠨᠢ 42 ᠮᠢᠩᠭᠠᠨ ᠰᠤᠳᠠᠯ ᠢ ᠰᠢᠲᠦᠳᠡᠭ᠃ ᠰᠤᠳᠠᠯ ᠨᠢ ᠠᠮᠢᠨ ᠬᠡᠢ ᠶᠢ ᠰᠢᠲᠦᠳᠡᠭ᠃ ᠬᠡᠢ ᠨᠢ ᠰᠡᠳᠬᠢᠯ ᠪᠠ ᠳᠤᠰᠤᠯ ᠢ ᠰᠢᠲᠦᠳᠡᠭ᠃ ᠲᠡᠶᠢᠮᠦ ᠠᠴᠠ ᠪᠡᠶ᠎ᠡ ᠶᠢᠨ ᠨᠠᠷᠢᠨ ᠪᠦᠲᠦᠴᠡ ᠶᠢ ᠮᠡᠳᠡᠬᠦ ᠨᠢ ᠶᠡᠭᠡ ᠴᠢᠬᠤᠯᠠ᠃      ᠬᠡᠶᠢᠮᠣᠷᠢ ᠶᠢᠨ ᠳᠠᠷᠴᠤᠭ ᠬᠡᠶᠢᠰᠬᠡᠬᠦ ᠶᠢᠨ ᠤᠴᠢᠷ      ᠪᠤᠳ᠋ᠳ᠋ᠾᠠ ᠶᠢᠨ ᠭᠦᠨ ᠤᠬᠠᠭᠠᠨ ᠳᠤ ᠬᠥᠮᠥᠨ ᠤ ᠰᠦᠨᠡᠰᠦ ᠶᠢ ᠬᠥᠳᠡᠯᠭᠡᠵᠦ ᠪᠠᠶᠢᠳᠠᠭ 10 ᠲᠥᠷᠥᠯ ᠤᠨ ᠬᠡᠢ ᠣᠷᠣᠰᠢᠳᠠᠭ᠃ ᠲᠡᠳᠡᠭᠡᠷ ᠨᠢ ᠲᠠ ᠪᠢᠳᠡᠨ ᠤ ᠦᠵᠡᠵᠦ ᠬᠠᠷᠠᠬᠤ᠂ ᠰᠠᠨᠠᠵᠤ᠂ ᠰᠡᠷᠭᠦᠬᠦ᠂ ᠢᠳᠡᠵᠦ ᠤᠤᠭᠤᠬᠤ᠂ ᠤᠤᠭᠤᠭᠰᠠᠨ ᠢᠳᠡᠭᠰᠡᠨ ᠢᠶᠠᠨ ᠪᠣᠯᠪᠠᠰᠤᠷᠠᠭᠤᠯᠬᠤ ᠵᠡᠷᠭᠡ ᠪᠦᠬᠦ ᠯᠠ ᠵᠦᠢᠯ ᠢ ᠵᠣᠬᠢᠴᠠᠭᠤᠯᠵᠤ ᠪᠠᠶᠢᠳᠠᠭ ᠨᠢᠭᠡ ᠶᠣᠰᠣᠨ ᠤ ᠬᠥᠳᠡᠯᠭᠡᠭᠴᠢ ᠬᠦᠴᠦ ᠭᠡᠨ᠎ᠡ᠃ ᠡᠨᠡ ᠬᠡᠢ ᠶᠢᠨ ᠬᠦᠴᠦ ᠪᠠᠷ ᠬᠥᠮᠥᠰ ᠠᠮᠢᠳᠤᠷᠠᠯ ᠢᠶᠠᠨ ᠲᠡᠳᠬᠦᠵᠦ ᠂ ᠰᠦᠨᠡᠰᠦᠨ ᠤ ᠬᠥᠳᠡᠯᠭᠡᠨ ᠢᠶᠠᠨ ᠵᠣᠬᠢᠴᠠᠭᠤᠯᠳᠠᠭ ᠠᠵᠠᠢ᠃ ᠡᠶᠢᠮᠦ ᠴᠦ ᠤᠴᠢᠷ ᠠᠴᠠ ᠰᠦᠨᠡᠰᠦᠨ ᠤ ᠬᠥᠯᠥᠭᠯᠡᠳᠡᠭ ᠢ ᠬᠡᠢ ᠶᠢ ᠮᠣᠷᠢ ᠯᠤᠭ᠎ᠠ ᠠᠳᠠᠯᠢᠳᠬᠠᠵᠤ ︽ᠬᠡᠶᠢᠮᠣᠷᠢ︾ ᠬᠡᠮᠡᠳᠡᠭ ᠠᠵᠠᠢ᠃      ᠬᠡᠶᠢᠮᠣᠷᠢ ᠮᠠᠭᠤᠲᠠᠬᠤ ᠪᠠᠷ ᠰᠦᠨᠡᠰᠦᠨ ᠤ ᠴᠢᠳᠠᠯ ᠮᠠᠭᠤᠲᠠᠵᠤ᠂ ᠠᠯᠢᠪᠠ ᠶᠢ ᠰᠠᠨᠠᠵᠤ ᠰᠡᠳᠬᠢᠬᠦ  ᠨᠢ ᠮᠠᠭᠤᠲᠠᠳᠠᠭ ᠭᠡᠵᠦ ᠦᠵᠡᠳᠡᠭ ᠤᠴᠢᠷ ᠠᠴᠠ ᠬᠡᠶᠢᠮᠣᠷᠢ ᠪᠠᠨ ᠰᠡᠷᠭᠦᠭᠡᠳᠡᠭ ᠪᠠᠶᠢᠨ᠎ᠠ᠃ ᠡᠨᠡ ᠬᠡᠢ ᠶᠢ ᠰᠡᠷᠭᠦᠭᠡᠬᠦ  ᠳᠤ ᠡᠮ ᠤᠤᠭᠤᠭᠠᠳ ᠪᠠᠷᠢᠶ᠎ᠠ ᠵᠠᠰᠠᠯ ᠬᠢᠭᠡᠳ ᠰᠠᠶᠢᠵᠢᠷᠠᠳᠠᠭ ᠦᠭᠡᠢ ᠲᠤᠯᠠ ᠲᠤᠰᠬᠠᠶᠢᠯᠠᠨ ᠵᠠᠩ ᠦᠢᠯᠡ ᠶᠢᠨ ᠳᠠᠭᠤ ᠰᠡᠷᠭᠦᠭᠡᠳᠡᠭ᠃ ᠬᠡᠶᠢᠮᠣᠷᠢ ᠶᠢ ᠰᠡᠷᠭᠦᠭᠡᠬᠦ ᠳᠡᠭᠡᠨ ᠭᠦᠨ ᠤᠬᠠᠭᠠᠨ ᠤ ᠡᠭᠦᠳᠡᠨ ᠠᠴᠠ ᠰᠦᠰᠦᠭᠯᠡᠵᠦ ᠥᠨᠳᠥᠷ ᠠᠭᠤᠯᠠ ᠶᠢᠨ ᠣᠷᠣᠢ ᠳᠤ ᠭᠠᠷᠬᠤ᠂ ᠨᠣᠮ ᠤᠨ ᠬᠦᠴᠦ ᠶᠢ ᠰᠢᠩᠭᠡᠭᠡᠬᠦ᠂ ᠵᠥᠪ ᠰᠡᠳᠬᠢᠯ ᠡᠪᠦᠷᠯᠡᠬᠦ᠂ ᠰᠠᠶᠢᠬᠠᠨ ᠦᠨᠦᠷᠲᠡᠨ ᠲᠡᠷᠢᠭᠦᠲᠡᠨ ᠢ ᠠᠰᠢᠭᠯᠠᠳᠠᠭ᠃ ᠶᠡᠬᠡᠩᠬᠢ ᠬᠥᠮᠥᠨ ᠥᠪᠡᠷ ᠤᠨ ᠰᠦᠰᠦᠭ ᠢᠶᠠᠷ ᠬᠡᠶᠢᠮᠣᠷᠢ ᠶᠢ ᠳᠠᠷᠴᠤᠭ ᠲᠤ ᠣᠷᠣᠰᠢᠭᠠᠵᠤ ᠡᠷᠦᠬᠡ ᠭᠡᠷ ᠤᠨ ᠢᠶᠠᠨ ᠬᠦᠨᠳᠦᠳᠬᠡᠯᠲᠤ ᠭᠠᠵᠠᠷ ᠵᠠᠯᠠᠪᠠᠰᠤ ᠬᠡᠶᠢᠮᠣᠷᠢ ᠰᠡᠷᠭᠦᠭᠡᠳᠡᠭ ᠭᠡᠵᠤ ᠦᠵᠡᠳᠡᠭ᠃                ︵ᠺᠢᠷᠢᠯ ᠦᠰᠦᠭ ᠠᠴᠠ ᠰᠣᠶᠣᠯᠪᠠᠭᠠᠲᠤᠷ ᠬᠥᠷᠪᠡᠭᠦᠯᠪᠡ︶  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号