ᠲᠡᠷ᠎ᠡ ᠮᠣᠳᠣ
ᠨᠡᠶᠢᠲᠡᠯᠡᠭᠰᠡᠨ ᠴᠠᠭ᠄
2015/1/29
                        ᠲᠡᠮᠦᠷ ᠵᠠᠮ ᠤᠨ ᠲᠡᠷ᠎ᠡ ᠮᠣᠳᠣᠨ ᠲᠡᠭᠡᠭᠦᠷ ᠬᠤᠶᠠᠷ ᠰᠣᠭᠳᠣᠭᠤ ᠡᠷ᠎ᠡ ᠬᠠᠷᠠᠩᠭᠤᠢ ᠶᠢᠨ ᠲᠣᠮᠳᠠ ᠬᠡᠯᠳᠦᠷᠬᠢᠯᠡᠨ ᠠᠯᠬᠤᠨ᠎ᠠ᠃ ᠶᠡᠭᠡ ᠵᠠᠮ ᠣᠭᠳᠣᠯᠬᠤ ᠭᠤᠯᠳᠣᠩ ᠬᠦᠬᠦᠷᠭᠡ ᠠᠷᠠᠢ ᠬᠤᠯᠠ ᠣᠴᠢᠷ ᠠᠴᠠ ᠶᠠᠪᠠᠭᠠᠨ ᠬᠦᠮᠦᠰ ᠴᠠᠭ ᠢᠶᠠᠨ ᠪᠠᠷᠢᠬᠤ᠂ ᠣᠨᠣᠪᠴᠢᠳᠠᠢ ᠬᠡᠯᠡᠪᠡᠯ ᠵᠠᠮ ᠲᠣᠪᠴᠢᠯᠠᠵᠣ ᠲᠣᠳᠠᠭᠤ ᠬᠡᠳᠦ ᠠᠯᠬᠤᠬᠤ ᠶᠢᠨ ᠲᠦᠯᠦᠭᠡ ᠡᠭᠦᠪᠡᠷ ᠵᠠᠮ ᠣᠭᠳᠣᠯᠣᠨ᠎ᠠ᠃ ᠲᠡᠮᠦᠷ ᠵᠠᠮ ᠢᠶᠠᠷ ᠦᠳᠡ ᠶᠢᠨ ᠡᠮᠦᠨᠡᠬᠢ ᠲᠣᠯᠣᠭᠠᠨ ᠴᠠᠭ᠂ ᠦᠳᠡ ᠶᠢᠨ ᠬᠤᠶᠢᠨᠠᠬᠢ ᠭᠤᠷᠪᠠᠨ ᠴᠠᠭ ᠲᠤ ᠭᠠᠯᠳᠣ ᠲᠡᠷᠭᠡ ᠦᠩᠭᠡᠷᠡᠨ᠎ᠡ᠃ ᠵᠠᠮ ᠤᠨ ᠬᠠᠵᠠᠭᠤᠳᠠᠬᠢ ᠬᠦᠮᠦᠰ ᠡᠨᠡ ᠵᠣᠷᠰᠢᠯ ᠢ ᠠᠳᠬᠤᠵᠣ ᠲᠡᠮᠦᠷ ᠵᠠᠮ ᠢ ᠵᠠᠮ ᠣᠭᠳᠣᠯᠬᠤ ᠲᠦᠳᠡ ᠱᠣᠭᠤᠮ ᠪᠣᠯᠭᠠᠵᠠᠢ᠃ ᠬᠤᠶᠠᠷ ᠰᠣᠭᠳᠣᠭᠤ ᠨᠦᠬᠦᠷ ᠬᠡᠰᠡᠭ ᠠᠯᠬᠤᠭᠰᠠᠨ ᠢᠶᠠᠨ ᠬᠡᠯᠡᠯᠴᠡᠭᠡ ᠲᠠᠢ ᠶᠣᠮᠰᠢᠭ ᠵᠡᠷᠭᠡᠴᠡᠨ ᠵᠣᠭᠰᠣᠭᠠᠳ ᠵᠠᠮ ᠲᠡᠮᠦᠷ ᠲᠡᠭᠡᠷ᠎ᠡ ᠮᠣᠷᠢ ᠬᠠᠷᠠᠪᠠ᠃                   — ᠡᠨᠡ ᠲᠠᠭᠤ ᠮᠧᠲᠷᠣ᠋ ᠶᠢᠨ ᠲᠠᠭᠤ ᠶᠢ ᠲᠠᠷᠣᠬᠤ ᠨᠢ᠂ ᠬᠠ ᠬᠠ᠂᠂᠂                   ᠨᠢᠭᠡ ᠨᠢ ᠮᠣᠷᠢ ᠬᠠᠷᠠᠭᠰᠠᠨ ᠭᠠᠵᠠᠷ ᠠᠴᠠ ᠪᠠᠨ ᠵᠢᠭᠠᠬᠠᠨ ᠣᠷᠣᠭᠰᠢ ᠠᠯᠬᠤᠭᠠᠳ ᠲᠡᠷ᠎ᠡ ᠮᠣᠳᠣᠨ ᠲᠡᠭᠡᠷ᠎ᠡ ᠰᠠᠭᠤᠪᠠ᠃                   — ᠬᠦᠱᠢ᠂ ᠭᠠᠯᠳᠣ ᠶᠢᠨ ᠱᠣᠣᠭᠢᠯ ᠰᠣᠨᠣᠰᠳᠠᠵᠣ ᠪᠠᠶᠢᠨ᠎ᠠ ᠰᠢᠦ᠃ ᠵᠠᠮ ᠠᠴᠠ ᠭᠠᠷᠣᠶ᠎ᠠ᠃                   — ᠭᠠᠯᠳᠣ ᠶᠢᠨ ᠱᠣᠣᠭᠢᠯ ᠭᠡᠨ᠎ᠡ ᠡ᠂ ᠲᠠᠭᠠᠷᠢᠬᠤ ᠶᠢ ᠨᠢ ᠨᠢᠭᠡ ᠬᠠᠷᠠᠶ᠎ᠠ ᠳ᠋ᠠ᠃                   ᠴᠠᠭᠠᠳᠣᠬᠢ ᠨᠢ ᠰᠠᠭᠤᠭᠰᠠᠨ ᠣᠷᠣᠨ ᠠᠴᠠ ᠪᠠᠨ ᠪᠣᠰᠤᠭ᠎ᠠ ᠦᠭᠡᠢ ᠮᠦᠷᠳᠡᠭᠡᠨ ᠲᠠᠮᠠᠭᠢ ᠭᠠᠷᠭᠠᠵᠣ ᠨᠣᠴᠣᠭᠠᠭᠠᠳ ᠣᠳᠠᠭᠠᠬᠠᠨ ᠰᠣᠷᠣᠪᠠ᠃ ᠨᠦᠭᠦᠭᠡ ᠨᠢ ᠱᠣᠭᠤᠮ ᠤᠨ ᠵᠠᠬ᠎ᠠ ᠳᠤ ᠵᠢᠷᠦᠬᠡ ᠲᠦᠭᠰᠢᠨ ᠵᠠᠮ ᠤᠨ ᠬᠤᠶᠠᠷ ᠲᠠᠯ᠎ᠠ ᠶᠢ ᠰᠡᠷᠡᠮᠵᠢᠳᠡᠢ ᠴᠢᠩᠨᠠᠨ ᠵᠤᠭᠰᠣᠵᠠᠢ᠃ ᠡᠨᠡ ᠵᠠᠯᠠᠭᠤ ᠭᠠᠯᠳᠣ ᠲᠡᠷᠭᠡᠨ ᠵᠠᠮ ᠲᠡᠭᠡᠷ᠎ᠡ ᠠᠩᠬ᠎ᠠ ᠢᠷᠡᠵᠦ ᠪᠣᠢ ᠪᠦᠭᠡᠳ ᠲᠡᠷᠭᠡ ᠬᠡᠳᠦᠢ ᠳᠤ ᠢᠷᠡᠬᠦ ᠶᠢ ᠮᠡᠳᠡᠳᠡᠭ ᠦᠭᠡᠢ᠃ ᠦᠴᠦᠭᠡᠳᠦᠷ ᠦᠭᠡᠷ᠎ᠡ ᠬᠤᠳᠠ ᠠᠴᠠ ᠢᠷᠡᠵᠦ ᠠᠭᠤᠯᠵᠠᠯᠳᠤᠭ᠎ᠠ ᠦᠭᠡᠢ ᠣᠳᠠᠭᠰᠠᠨ ᠪᠠᠭ᠎ᠠ ᠶᠢᠨ ᠠᠨᠳᠠ ᠪᠠᠨ ᠡᠷᠭᠢᠵᠡᠢ᠃ ᠬᠤᠶᠠᠭᠤᠯᠠ ᠵᠠᠮ ᠤᠨ ᠴᠠᠭᠠᠨᠠᠬᠠᠨ ᠠᠷᠢᠬᠢᠨ ᠮᠣᠬᠤᠯᠠᠭ ᠲᠤ ᠰᠦᠨᠢ ᠲᠣᠮᠳᠠᠯᠠᠳᠠᠯ᠎ᠠ ᠠᠷᠢᠬᠢᠳᠠᠭᠠᠳ ᠪᠣᠴᠠᠵᠣ ᠶᠠᠪᠣᠭ᠎ᠠ ᠨᠢ ᠡᠨᠡ᠃ ᠰᠦᠨᠢ ᠲᠣᠮᠳᠠᠯᠠᠭᠰᠠᠨ ᠪᠣᠯᠪᠠᠴᠣ ᠲᠡᠮᠦᠷ ᠵᠠᠮ ᠢᠶᠠᠷ ᠭᠠᠭᠴᠠ ᠬᠤᠶᠠᠷ ᠬᠦᠮᠦᠰ ᠵᠠᠮ ᠣᠭᠳᠣᠯᠣᠨ᠎ᠠ᠃                   — ᠰᠦᠨᠢ ᠶᠢᠨ ᠮᠧᠲᠷᠣ᠋ ᠶᠢ ᠬᠠᠷᠠ ᠯᠡ ᠳ᠋ᠠ᠃ ᠰᠦᠨᠢ ᠲᠣᠮᠳᠠ ᠠᠶᠠᠯᠠᠬᠤ ᠬᠦᠮᠦᠨ ᠪᠠᠶᠢᠵᠣ ᠯᠡ ᠪᠠᠶᠢᠳᠠᠭ ᠃ ᠶᠠᠳᠠᠷᠠᠭᠰᠠᠨ ᠨᠢᠭᠡ ᠨᠢ ᠮᠧᠲᠷᠣ᠋ ᠲᠡᠭᠡᠷ᠎ᠡ ᠮᠣᠷᠢ ᠰᠢᠭ᠋ ᠵᠣᠭᠰᠤᠭ᠎ᠠ ᠪᠠᠷ ᠢᠶᠠᠨ ᠣᠨᠳᠠᠴᠢᠬᠠᠳᠠᠭ ᠰᠢᠦ ᠳ᠋ᠠ᠃                   — ᠡᠶᠢᠮᠦ ᠣᠯᠠᠨ ᠬᠦᠮᠦᠰ ᠵᠦᠭ ᠵᠦᠭ ᠢᠶᠠᠨ ᠪᠠᠷᠢᠭᠠᠳ ᠰᠢᠷᠭᠤᠯᠵᠢ ᠰᠢᠦᠬᠠᠨ ᠶᠠᠭᠠᠷᠠᠯᠳᠠᠢ ᠠᠶᠠᠯᠠᠵᠣ ᠪᠠᠶᠢᠳᠠᠭ᠃ ᠶᠠᠭᠤᠨ ᠳᠤ ᠶᠠᠭᠠᠷᠠᠳᠠᠭ ᠶᠣᠮ ᠪᠣᠯ᠂ ᠬᠠᠴᠢᠨ ᠰᠢᠦ᠃                   — ᠬᠦᠮᠦᠨ ᠦᠪᠡᠷ ᠢᠶᠠᠨ ᠠᠮᠢᠳᠣᠷᠠᠯ ᠤᠨ ᠲᠡᠷ᠎ᠡ ᠮᠣᠳᠣ ᠪᠠᠶᠢᠭ᠎ᠠ ᠶᠣᠮ᠃ ᠡᠳᠦᠷ ᠪᠦᠷᠢ ᠲᠣᠭᠳᠠᠭᠰᠠᠨ ᠴᠠᠭ ᠲᠤ ᠲᠣᠭᠳᠠᠭᠰᠠᠨ ᠵᠦᠭ ᠪᠠᠷᠢᠵᠣ ᠨᠢᠭᠡᠨ ᠠᠵᠣ ᠬᠢᠳᠡᠭ᠃ ᠱᠠᠯ ᠲᠡᠮᠡᠢ᠂ ᠲᠦᠢ︕                   — ᠬᠦᠳᠡᠭᠡ ᠳᠤ ᠲᠠᠣᠯᠠᠢ ᠨᠢᠭᠡ ᠵᠠᠪᠠᠯ ᠵᠢᠮ᠎ᠠ ᠪᠠᠷ ᠢᠶᠠᠨ ᠭᠦᠶᠦᠳᠡᠭ ᠰᠢᠳᠡ᠃ ᠲᠡᠭᠡᠭᠡᠳ ᠣᠷᠬᠠᠨ ᠳᠤ ᠣᠨᠠᠴᠢᠬᠠᠳᠠᠭ᠃ ᠲᠡᠷᠡ ᠦᠶᠡᠰ ᠶᠠᠮᠠᠷ ᠲᠡᠨᠡᠭ ᠠᠮᠢᠳᠠᠨ ᠶᠣᠮ ᠪᠣᠢ ᠭᠡᠵᠦ ᠦᠷᠦᠪᠳᠡᠳᠡᠭ ᠪᠠᠶᠢᠯ᠎ᠠ ᠰᠢᠦ᠃ ᠦᠨᠦᠳᠦᠷ ᠪᠢᠳᠡ ᠶᠠᠭ ᠲᠡᠷᠡ ᠲᠠᠣᠯᠠᠢ ᠰᠢᠭ᠋ ᠵᠢᠮ᠎ᠠ ᠪᠠᠷ ᠢᠶᠠᠨ ᠭᠦᠶᠦᠳᠡᠭ ᠪᠣᠯᠴᠢᠬᠠᠵᠠᠢ᠃                   — ᠴᠠᠭᠠᠨ᠎ᠠ ᠬᠠᠰᠢᠯᠭ᠎ᠠ ᠶᠢᠨ ᠲᠡᠷᠭᠡᠳᠡ᠂ ᠶᠠᠭ ᠲᠡᠷᠡᠭᠦᠬᠡᠨ ᠳᠤ ᠭᠡᠵᠦ ᠲᠡᠮᠡᠭᠢ ᠰᠣᠷᠣᠭᠰᠠᠨ ᠵᠠᠯᠠᠭᠤ ᠵᠢᠭᠠᠪᠠ᠃                   — ᠲᠡᠨᠳᠡ ᠶᠠᠭᠠᠬᠢᠭ᠎ᠠ ᠪᠣᠢ︖                   — ᠶᠠᠭ ᠲᠡᠨᠳᠡ ᠪᠢ ᠬᠠᠷᠠᠩᠭᠤᠢ ᠰᠦᠨᠢ ᠪᠠᠷ ᠵᠠᠮ ᠤᠨ ᠬᠦᠮᠦᠨ ᠢ ᠣᠣᠯᠭᠠᠯᠠᠭᠰᠠᠨ ᠶᠣᠮ᠃ ᠴᠠᠭᠠᠳᠣᠬᠢ ᠴᠢᠨᠢ ᠶᠣᠰᠣᠳᠠᠢ ᠭᠠᠷ ᠢᠶᠠᠨ ᠡᠷᠭᠦᠨ ᠪᠠᠭᠤᠵᠣ ᠦᠭᠭᠦᠭᠰᠡᠨ ᠶᠣᠮᠳᠠᠭ᠃                   ᠨᠦᠭᠦᠭᠡ ᠵᠠᠯᠠᠭᠤ ᠣᠳᠠᠳᠠᠯ᠎ᠠ ᠲᠣᠭᠤᠢ ᠪᠣᠯᠪᠠ᠃                   — ᠪᠢ ᠮᠦᠩᠭᠦᠨ ᠳᠤ ᠲᠣᠷᠠᠯᠠᠭ᠎ᠠ ᠦᠭᠡᠢ᠃                   — ᠲᠡᠭᠡᠭᠡᠳ ᠶᠠᠭᠠᠬᠢᠬᠤ ᠳᠤ ᠪᠠᠨ ᠵᠠᠮ ᠤᠨ ᠬᠦᠮᠦᠨ ᠣᠣᠯᠭᠠᠯᠠᠵᠣ ᠪᠠᠶᠢᠭ᠎ᠠ ᠶᠣᠮ︖                   — ᠪᠣᠬᠢᠮᠳᠠᠭᠠᠳ᠂᠂᠂                   ᠬᠤᠶᠠᠭᠤᠯᠠ ᠠᠬᠢᠭᠠᠳ ᠯᠡ ᠲᠣᠭᠤᠢ ᠪᠣᠯᠪᠠ᠃ ᠣᠳᠣᠭᠠᠳᠣ ᠬᠤᠳᠠ ᠶᠢᠨ ᠲᠡᠭᠷᠢ ᠳᠤ ᠣᠳᠣᠨ ᠤ ᠪᠠᠷ᠎ᠠ ᠠᠯᠠᠭ᠎ᠠ᠃ ᠵᠠᠮ ᠤᠨ ᠰᠦᠮᠡᠭᠡᠷ ᠳ᠋ᠧᠩ ᠲᠡᠮᠦᠷ ᠵᠠᠮ ᠤᠨ ᠭᠤᠯᠳᠣᠩ ᠠᠴᠠ ᠲᠣᠷᠣᠭᠰᠢ ᠭᠡᠷᠡᠯ ᠮᠠᠭᠤᠳᠠᠢ ᠣᠳᠣᠳ ᠰᠢᠭ᠋ ᠪᠦᠦᠳᠡᠭᠡᠷ ᠬᠠᠷᠠᠭᠳᠠᠨ᠎ᠠ᠃ ᠲᠦᠴᠢᠨᠡᠨ ᠣᠯᠠᠨ ᠬᠦᠮᠦᠨ ᠳᠤ ᠭᠡᠷᠡᠯ ᠲᠦᠭᠡᠭᠡᠭᠡᠳ ᠶᠠᠳᠠᠷᠠᠭᠰᠠᠨ ᠶᠣᠮ ᠦᠦ ᠳ᠋ᠠ ᠭᠡᠯᠳᠡᠢ᠃ ᠬᠤᠳᠠ ᠶᠢᠨ ᠮᠧᠲᠷᠣ᠋ ᠪᠠᠭᠳᠠᠵᠣ ᠶᠠᠳᠠᠳᠠᠯ᠎ᠠ ᠬᠦᠮᠦᠨ ᠴᠢᠬᠢᠭᠡᠳ ᠭᠤᠷᠪᠠᠨ ᠮᠢᠨᠣᠲ ᠠᠯᠣᠰᠯᠠᠬᠤ ᠪᠦᠷᠢ ᠲᠡᠮᠦᠷ ᠵᠠᠮ ᠤᠨ ᠲᠣᠭᠤᠣᠷ ᠢᠨᠴᠠᠭ᠎ᠠ ᠠᠯᠳᠠᠬᠤ ᠮᠡᠳᠦ ᠰᠦᠢᠯᠡᠭᠯᠡᠨ ᠦᠩᠭᠡᠷᠡᠨ᠎ᠡ᠃ ᠬᠤᠶᠠᠭᠤᠯᠠ ᠦᠨᠦ ᠦᠳᠡᠰᠢ ᠬᠡᠦᠬᠡᠳ ᠨᠠᠰᠣᠨ ᠤ ᠭᠡᠭᠡᠨ ᠲᠣᠷᠠᠳᠬᠠᠯ᠂ ᠲᠣᠩᠭᠠᠯᠠᠭ ᠬᠦᠳᠡᠭᠡ ᠪᠠᠨ ᠠᠬᠢᠨ ᠲᠠᠬᠢᠨ ᠲᠣᠷᠠᠰᠴᠣ ᠴᠢᠮᠠᠯᠠᠬᠤ ᠶᠢᠨ ᠠᠷᠭ᠎ᠠ ᠦᠭᠡᠢ ᠫᠢᠸᠣ᠋ ᠵᠠᠯᠭᠢᠯᠠᠵᠠᠢ᠃                   — ᠲᠡᠭᠦᠨ ᠠᠴᠠ ᠠᠷᠠᠢ ᠴᠠᠭᠠᠨ᠎ᠠ ᠲᠡᠷ᠎ᠡ ᠮᠣᠳᠣᠨ ᠤ ᠵᠠᠬ᠎ᠠ ᠳᠤ ᠭᠡᠵᠦ ᠵᠠᠯᠠᠭᠤ ᠦᠭᠦᠯᠡᠪᠡ᠃                   — ᠪᠠᠰᠠ ᠶᠠᠭᠠᠬᠢᠭ᠎ᠠ ᠪᠣᠢ ᠴᠢ︖                   — ᠰᠣᠭᠤ ᠰᠢᠭ᠋ ᠴᠡᠮᠴᠡᠭᠡᠷ ᠠᠮᠢᠳᠠᠨ ᠲᠠᠭᠠᠷᠠᠯᠳᠣᠭᠠᠳ᠂ ᠰᠦᠨᠢ ᠲᠣᠮᠳᠠ ᠭᠠᠭᠴᠠᠭᠠᠷ ᠡᠨᠡᠭᠦᠷ ᠠᠶᠠᠯᠠᠭᠠᠳ ᠵᠣᠷᠢᠭᠳᠠᠢ ᠭᠡᠳᠡᠭ ᠨᠢ᠃                   — ᠶᠠᠭᠠᠬᠢᠭᠰᠠᠨ ᠭᠡᠵᠦ︖                   — ᠭᠦᠨ ᠬᠠᠷᠠᠩᠭᠤᠢ ᠳᠤ᠂ ᠭᠠᠭᠴᠠᠭᠠᠷ ᠭᠡᠯᠳᠦᠷᠢᠬᠦ ᠰᠣᠭᠳᠣᠭᠤ ᠡᠷ᠎ᠡ ᠳᠤ ᠰᠣᠭᠤ ᠰᠢᠭ᠋ ᠠᠮᠢᠳᠠᠨ ᠣᠴᠠᠷᠠᠯ᠎ᠠ᠃ ᠶᠠᠭᠠᠬᠢᠳᠠᠭ ᠪᠣᠢ᠂ ᠪᠣᠳᠣᠭᠠᠴᠢ ᠳ᠋ᠠ ᠭᠡᠵᠦ ᠨᠦᠭᠦᠭᠡ ᠵᠠᠯᠠᠭᠤ ᠬᠠᠳᠠᠭᠠᠨᠠᠨ ᠢᠨᠢᠶᠡᠪᠡ᠃                   — ᠦᠭᠡᠢ ᠪᠠᠶᠢᠯᠭᠦᠢ︕                   ᠵᠣᠭᠰᠣᠵᠣ ᠪᠠᠶᠢᠭᠰᠠᠨ ᠨᠦᠬᠦᠷ ᠭᠠᠯᠳᠣ ᠲᠡᠷᠭᠡ ᠢᠷᠡᠬᠦ ᠦᠭᠡᠢ ᠭᠡᠳᠡᠭ ᠲᠤ ᠢᠳᠡᠭᠡᠭᠰᠡᠨ ᠪᠣᠯᠣᠯᠳᠠᠢ ᠲᠡᠷ᠎ᠡ ᠮᠣᠳᠣᠨ ᠲᠡᠭᠡᠷ᠎ᠡ ᠯᠠᠭ ᠰᠠᠭᠤᠪᠠ᠃                   — ᠡᠳᠦᠷᠵᠢᠨ ᠲᠡᠷ᠎ᠡ ᠮᠣᠳᠣ ᠰᠢᠭ᠋᠂ ᠡᠨᠡ ᠠᠮᠢᠳᠣᠷᠠᠯ ᠦᠪᠡᠰᠦᠪᠡᠨ ᠭᠠᠯᠳᠣ ᠲᠡᠷᠭᠡ ᠶᠣᠮ᠃ ᠭᠠᠳᠠᠭ᠎ᠠ ᠪᠢ ᠬᠡᠨ ᠠᠴᠠ ᠴᠦ ᠴᠡᠪᠡᠷᠬᠡᠨ ᠭᠠᠩᠭᠠᠯᠠᠵᠣ ᠬᠡᠨ ᠠᠴᠠ ᠴᠦ ᠪᠣᠯᠪᠠᠰᠣᠨ ᠶᠠᠪᠣᠵᠣ ᠴᠢᠳᠠᠨ᠎ᠠ᠃ ᠠᠭᠤᠯᠵᠠᠭᠰᠠᠨ ᠬᠦᠮᠦᠨ ᠤ ᠰᠡᠳᠬᠢᠯ ᠳᠤ ᠬᠤᠨᠣᠭᠰᠢᠳᠠᠯ᠎ᠠ ᠲᠣᠯᠠᠭᠠᠬᠠᠨ ᠢᠨᠢᠶᠡᠮᠰᠦᠭᠯᠡᠵᠦ ᠴᠢᠳᠠᠨ᠎ᠠ᠃ ᠠᠵᠢᠯ ᠤᠨ ᠬᠢᠨ᠂ ᠦᠶᠡᠷᠬᠡᠳᠡᠭ ᠬᠦᠮᠦᠰ ᠤᠨ ᠲᠣᠮᠳᠠ ᠨᠡᠷ᠎ᠡ ᠬᠦᠨᠳᠦᠳᠡᠢ᠂ ᠬᠦᠮᠦᠨ ᠮᠦᠰᠦᠳᠡᠢ ᠶᠠᠪᠣᠵᠣ ᠪᠠᠰᠠ ᠴᠢᠳᠠᠨ᠎ᠠ᠃ ᠭᠡᠳᠡᠯ᠎ᠡ ᠲᠡᠨᠳᠡ ᠪᠢ ᠠᠮᠢᠳᠣᠷᠠᠯ ᠲᠣᠭᠯᠠᠵᠣ ᠪᠠᠶᠢᠭ᠎ᠠ ᠶᠣᠮ᠃ ᠪᠢ ᠡᠨᠡ ᠵᠦᠴᠦᠭᠡ ᠠᠴᠠ ᠵᠠᠯᠬᠠᠵᠣ ᠪᠠᠶᠢᠨ᠎ᠠ᠃ ᠬᠤᠳᠠ ᠶᠢᠨ ᠪᠦᠷᠬᠦᠭ ᠲᠡᠭᠷᠢ᠂ ᠴᠢᠯᠳᠡᠩ ᠬᠦᠮᠦᠰ ᠤᠨ ᠲᠣᠮᠳᠠ ᠪᠣᠬᠢᠮᠳᠠᠭᠠᠳ ᠪᠠᠶᠢᠨ᠎ᠠ᠃ ᠬᠠᠶᠠ ᠰᠦᠨᠢ ᠪᠣᠯᠳᠠᠯ᠎ᠠ ᠭᠠᠭᠴᠠᠭᠠᠷ ᠠᠷᠢᠬᠢᠳᠠᠭᠠᠳ ᠠᠳᠡ ᠢᠷᠡᠵᠦ ᠰᠠᠭᠤᠳᠠᠭ᠃ ᠭᠡᠷᠡᠯ ᠭᠡᠭᠡ᠂ ᠱᠣᠣᠭᠢᠶᠠᠨ ᠠᠴᠠ ᠲᠦᠷ ᠵᠠᠶᠢᠯᠠᠵᠣ ᠠᠳᠡ ᠢᠷᠡᠭᠡᠳ ᠬᠦᠮᠦᠨ ᠠᠩᠨᠠᠳᠠᠭ᠃                   — ᠲᠦᠷᠦᠭᠦᠨ ᠤ ᠬᠡᠯᠡᠭᠰᠡᠨ ᠴᠢᠨᠢ ᠦᠨᠡᠨ ᠶᠣᠮ ᠦᠦ ᠭᠡᠵᠦ ᠨᠦᠭᠦᠭᠡ ᠵᠠᠯᠠᠭᠤ ᠠᠰᠠᠭᠤᠪᠠ᠃                   — ᠶᠠᠭᠤ ᠦᠨᠡᠨ ᠭᠡᠵᠦ︖                   — ᠰᠦᠨᠢ ᠲᠣᠮᠳᠠ ᠭᠠᠭᠴᠠᠭᠠᠷ ᠶᠠᠪᠣᠭ᠎ᠠ ᠪᠦᠰᠡᠭᠦᠢ ᠶᠢ︖                   — ᠲᠡᠷᠡᠭᠦᠷ ᠰᠠᠶᠢᠬᠠᠨ ᠬᠠᠶᠢᠪᠠᠯ ᠡᠩᠭᠡᠷ ᠤᠨ ᠬᠢᠨᠢ ᠲᠣᠪᠴᠢ ᠨᠢ ᠣᠯᠳᠠᠨ᠎ᠠ ᠪᠠᠶᠢᠬᠤ ᠡ᠃ ᠰᠠᠷᠠᠪᠴᠢᠨ ᠮᠠᠯᠠᠭᠠᠶᠢᠳᠣ ᠢᠷᠡᠳᠡᠯ᠎ᠡ ᠨᠠᠭᠠᠳᠣᠬᠢ ᠴᠢᠨᠢ ᠬᠠᠮᠢᠭ᠎ᠠ ᠴᠦ ᠲᠣᠳᠠᠭᠠᠵᠣ ᠠᠮᠵᠢᠨ᠎ᠠ᠃                   ᠬᠤᠶᠠᠭᠤᠯᠠ ᠲᠣᠭᠤᠢ ᠪᠣᠯᠪᠠ᠃ ᠰᠦᠨᠢ ᠶᠢᠨ ᠮᠧᠲᠷᠣ᠋ ᠶᠠᠭᠠᠷᠠᠯᠳᠠᠢ ᠲᠠᠪᠬᠢᠭᠰᠠᠭᠠᠷ᠃                   — ᠶᠠᠭᠠᠬᠢᠭᠠᠳ ᠢᠩᠭᠢᠳᠡᠭ ᠪᠣᠢ᠂ ᠨᠦᠬᠦᠷ ᠮᠢᠨᠢ᠂ ᠪᠢᠳᠡ ᠬᠠᠮᠤᠭ ᠤᠨ ᠰᠠᠶᠢᠬᠠᠨ ᠬᠦᠮᠦᠰ ᠪᠣᠯᠣᠶ᠎ᠠ ᠭᠡᠵᠦ ᠶᠠᠷᠢᠳᠠᠭ ᠪᠢᠰᠢ ᠪᠢᠯᠡ ᠦᠦ︖                   — ᠪᠣᠬᠢᠮᠳᠠᠭᠠᠳ᠂᠂᠂                   ᠴᠠᠭᠠᠨ᠎ᠠ ᠠᠴᠠ ᠬᠦᠯ ᠤᠨ ᠴᠢᠮᠡᠭᠡ ᠲᠣᠭᠤᠯᠳᠠᠪᠠ᠃ ᠶᠡᠭᠡ ᠬᠤᠳᠠ ᠶᠢᠨ ᠬᠦᠯ ᠠᠴᠠ ᠰᠠᠶ᠋ᠢᠬᠠᠨ ᠠᠶᠠᠷᠯᠠᠭᠰᠠᠨ ᠲᠡᠷᠡ ᠬᠦᠮᠦᠨ ᠤ ᠬᠦᠯ ᠤᠨ ᠴᠢᠮᠡᠭᠡ ᠲᠣᠳᠣ ᠠᠴᠠ ᠲᠣᠳᠣ᠃                   — ᠬᠦᠱᠢ︕ ᠲᠣᠭᠤᠢ ᠪᠠᠢ᠂ ᠠᠩ ᠢᠷᠡᠯ᠎ᠡ᠃                   — ᠪᠣᠯᠢᠶ᠎ᠠ ᠳ᠋ᠠ᠂ ᠶᠠᠮᠠᠷ ᠰᠣᠯᠢᠶ᠎ᠠ ᠶᠣᠮ᠃                   ᠬᠠᠷᠠᠩᠭᠤᠢ ᠶᠢᠨ ᠲᠣᠮᠳᠠᠭᠤᠷ ᠲᠡᠷᠡ ᠬᠦᠮᠦᠨ ᠭᠡᠯᠳᠦᠷᠬᠢᠯᠡᠨ ᠭᠠᠷᠴᠣ ᠢᠷᠡᠯ᠎ᠡ᠃ ᠪᠠᠰᠠ ᠴᠦ ᠵᠢᠭᠠᠬᠠᠨ ᠪᠠᠯᠭᠤᠭᠰᠠᠨ ᠨᠦᠬᠦᠷ ᠪᠣᠯᠣᠯᠳᠠᠢ᠃ ᠮᠦᠷᠦᠨ ᠳᠤ ᠪᠠᠨ ᠲᠣᠮᠣ ᠪᠣᠭᠴᠣ ᠮᠦᠷᠦᠪᠴᠢᠯᠡᠵᠡᠢ᠃ ᠲᠡᠶᠢᠮᠦ ᠲᠣᠮᠣ ᠪᠣᠭᠴᠣᠨ ᠳᠤ ᠶᠠᠭᠤ ᠴᠦ ᠪᠠᠶᠢᠵᠣ ᠪᠣᠯᠬᠤ ᠶᠣᠮ᠃                 — ᠬᠦᠱᠢ︕                   ᠭᠠᠭᠴᠠᠭᠠᠷ ᠭᠡᠯᠳᠦᠷᠢᠭᠰᠡᠨ ᠨᠦᠬᠦᠷ ᠬᠠᠷᠠᠩᠭᠤᠢ ᠠᠴᠠ ᠬᠦᠮᠦᠨ ᠲᠠᠭᠤᠳᠠᠬᠤ ᠳᠤ ᠴᠣᠴᠢᠷᠳᠠᠬᠤ ᠳᠤ ᠪᠠᠨ ᠠᠷᠠᠢ ᠯᠡ ᠪᠦᠳᠦᠴᠢᠨ ᠣᠨᠠᠭᠰᠠᠨ ᠦᠭᠡᠢ᠃                   — ᠲᠠᠮᠠᠭᠢ ᠰᠣᠯᠢᠬᠤ ᠦᠦ︖                   ᠴᠠᠭᠠᠳᠣᠬᠢ ᠬᠦᠮᠦᠨ ᠬᠡᠰᠡᠭ ᠨᠠᠮ ᠪᠣᠯᠣᠭᠠᠳ ︽ᠲᠡᠭᠡᠯᠭᠦᠢ᠂ ᠲᠠᠮᠠᠭᠢ ᠰᠣᠯᠢᠶ᠎ᠠ︾ ᠭᠡᠵᠦ ᠪᠣᠭᠴᠣᠨ ᠠᠴᠠ ᠎ ᠪᠠᠨ ᠰᠠᠨᠳᠣᠷᠣᠯᠳᠠᠢ ᠲᠠᠮᠠᠭᠢ ᠭᠠᠷᠭᠠᠭᠠᠳ ᠰᠣᠭᠤᠯᠪᠠ᠃ ᠡᠳᠡᠨ ᠤ ᠨᠣᠴᠣᠭᠠᠭᠰᠠᠨ ᠲᠠᠮᠠᠭᠢ ᠶᠢ ᠶᠠᠭᠠᠷᠠᠣᠬᠠᠨ ᠠᠪᠣᠭᠠᠳ ᠲᠣᠳᠠᠭᠠᠬᠤ ᠠᠴᠠ ᠴᠠᠭᠠᠰᠢ ᠦᠭᠡᠢ ᠭᠦᠶᠦᠵᠦ ᠣᠳᠣᠯ᠎ᠠ᠃                   — ᠨᠦᠬᠦᠷ ᠮᠢᠨᠢ᠂ ᠰᠠᠶ᠋ᠢ ᠶᠢᠨ ᠦᠭᠡᠨ ᠳᠤ ᠴᠢᠨᠢ ᠢᠳᠡᠭᠡᠵᠦ ᠬᠦᠢᠳᠡᠨ ᠬᠦᠯᠦᠰᠦ ᠴᠢᠭᠢᠭᠯᠡᠭᠰᠡᠨ ᠰᠢᠦ᠃                   — ᠶᠠᠭ ᠲᠡᠷᠡᠭᠦᠬᠡᠨ ᠳᠤ ᠨᠢᠯᠪᠣᠰᠣᠨ ᠤ ᠮᠢᠨᠢ ᠣᠷᠣᠮ ᠪᠣᠢ᠃ ᠣᠯᠠᠨ ᠬᠦᠮᠦᠨ ᠤ ᠲᠣᠮᠳᠠ ᠬᠦᠮᠦᠨ ᠠᠮᠠᠷᠬᠠᠨ ᠭᠠᠭᠴᠠᠭᠠᠷᠳᠠᠳᠠᠭ ᠪᠠᠶᠢᠬᠤ ᠶᠣᠮ᠃ ᠬᠤᠳᠠ ᠶᠢᠨ ᠬᠦᠮᠦᠰ ᠨᠣᠳᠤᠭ ᠤᠨ ᠬᠦᠮᠦᠰ ᠰᠢᠭ ᠵᠦᠷᠢᠵᠦ ᠦᠩᠭᠡᠷᠡᠬᠦ ᠳᠤ ᠪᠠᠨ ᠲᠠᠮᠠᠭᠢ ᠰᠣᠯᠢᠵᠣ ᠮᠡᠨᠳᠦ ᠪᠠᠨ ᠠᠰᠠᠭᠤᠵᠣ ᠪᠠᠶᠢᠪᠠᠯ ᠶᠠᠮᠠᠷ ᠰᠠᠶᠢᠬᠠᠨ ᠪᠣᠢ᠃                   ᠬᠤᠶᠠᠭᠤᠯᠠ ᠪᠣᠰᠣᠭᠠᠳ ᠵᠠᠮ ᠢᠶᠠᠷ ᠴᠠᠭᠠᠰᠢᠯᠠᠨ ᠣᠳᠣᠯ᠎ᠠ᠃       ᠰᠡᠭᠦᠯᠴᠢ ᠶᠢᠨ ᠡᠭᠡᠯᠵᠢᠨ ᠤ ᠮᠧᠲᠷᠣ᠋ ᠠᠶᠠᠨᠴᠢᠳ ᠢᠶᠠᠨ ᠲᠦᠯᠦᠭᠡᠯᠡᠨ ᠣᠷᠳᠣᠬᠠᠨ ᠰᠡᠭᠦᠷᠡᠰᠦᠯᠡᠭᠰᠡᠭᠡᠷ ᠲᠡᠮᠦᠷ ᠵᠠᠮ ᠤᠨ ᠲᠣᠭᠤᠣᠷ ᠦᠩᠭᠡᠷᠡᠵᠦ ᠪᠠᠶᠢᠯ᠎ᠠ᠃                                                                                                                    ᠬᠦᠬᠡᠬᠤᠳᠠᠨ᠎ᠠ          2014-12-30    
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号