ᠰᠤᠷᠤᠭᠴᠢᠳ ᠤᠨ ᠲᠦᠷᠢᠮᠵᠢᠬᠦᠨ ᠪᠢᠴᠢᠯᠭᠡ ᠶᠢ ᠬᠡᠷᠭᠢᠨ ᠵᠢᠯᠤᠭᠤᠳᠬᠤ ᠲᠤᠬᠠᠢ ᠦᠬᠦᠯᠡᠬᠦ ᠨᠢ
ᠨᠡᠶᠢᠲᠡᠯᠡᠭᠰᠡᠨ ᠴᠠᠭ᠄
2015/1/27
     ᠮᠠᠨ ᠤ ᠮᠤᠩᠭᠤᠯ ᠦᠨᠳᠤᠰᠤᠳᠡᠨ ᠪᠤᠯ ᠠᠯᠢ ᠡᠷᠳᠡᠨ ᠠᠴᠠ ᠠᠪᠤᠭᠠᠳ ᠦᠪᠡᠷ ᠤᠨ ᠦᠭᠡ ᠬᠡᠯᠡ ᠦᠰᠦᠭ ᠪᠢᠴᠢᠭ ᠲᠠᠢ᠂ ᠮᠤᠷᠢᠨ ᠲᠤᠭᠤᠷᠠᠢ ᠪᠠᠷ ᠠᠽᠢᠶ᠎ᠠ ᠡᠸᠦᠷᠦᠫᠡ ᠶᠢ ᠲᠤᠩᠰᠤᠯᠭᠠᠵᠦ ᠶᠠᠪᠤᠭᠰᠠᠨ ᠪᠠᠭᠠᠳᠤᠷᠯᠢᠭ ᠦᠨᠳᠤᠰᠦᠳᠠᠨ ᠪᠤᠯᠬᠤ ᠶᠤᠮ᠃ ᠭᠡᠪᠡᠴᠦ ᠤᠳᠤᠬᠠᠨ ᠳᠤ ᠢᠷᠠᠭᠤ ᠰᠠᠶᠢᠬᠠᠨ ᠤᠡᠭᠰᠢᠯᠭ᠎ᠠ ᠲᠠᠢ᠂ ᠢᠯᠭᠤᠮ ᠰᠠᠶᠢᠬᠠᠨ ᠪᠢᠴᠢᠯᠭᠡ ᠲᠠᠢ ᠮᠤᠩᠭᠤᠯ ᠬᠡᠯᠡ ᠮᠢᠨᠢ ᠴᠠᠭ ᠡᠷᠡᠨ ᠤ ᠬᠠᠳᠠᠭᠤ ᠰᠢᠯᠭᠠᠯᠳᠠ ᠳᠤ ᠤᠴᠠᠷᠠᠭᠠᠳ ᠪᠠᠶᠢᠨ᠎ᠠ᠃ ᠮᠤᠩᠭᠤᠯ ᠬᠡᠦᠬᠡᠳ ᠤᠳ ᠮᠢᠨᠢ ᠦᠪᠡᠷ ᠤᠨ ᠦᠭᠡ ᠬᠡᠯᠡ ᠪᠠᠨ ᠰᠤᠷᠬᠤ ᠲᠤᠷ᠎ᠠ ᠦᠬᠡᠢ᠂ ᠨᠡᠩ ᠢᠯᠠᠩᠭᠤᠶ᠎ᠠ ᠮᠤᠩᠭᠤᠯ ᠦᠰᠦᠭ ᠢᠶᠠᠨ ᠲᠦᠷᠢᠮᠵᠢᠬᠦᠨ ᠵᠦᠪ ᠰᠠᠶᠢᠬᠠᠨ ᠪᠢᠴᠢᠵᠦ ᠴᠢᠳᠠᠳᠠᠭ ᠬᠡᠦᠬᠡᠳ ᠮᠢᠨᠢ ᠡᠳᠦᠷ ᠢᠷᠡᠬᠦᠶ᠎ᠡ ᠴᠦᠬᠡᠷᠡᠵᠦ ᠪᠠᠶᠢᠨ᠎ᠠ᠃ ᠡᠶᠢᠮᠦ ᠠᠴᠠ ᠮᠠᠨ ᠤ ᠮᠤᠩᠭᠤᠯ ᠬᠡᠯᠡᠨ ᠤ ᠪᠠᠭᠰᠢᠨᠠᠷ ᠡᠬᠦᠨ ᠢ ᠬᠦᠨᠳᠦᠳᠭᠡᠨ ᠦᠵᠡᠵᠦ᠂ ᠰᠤᠷᠤᠭᠴᠢᠳ ᠢᠶᠠᠨ ᠡᠷᠬᠡᠪᠰᠢ ᠲᠤᠤᠷ᠎ᠠ ᠤᠨ ᠠᠴᠠ ᠨᠢ ᠡᠬᠢᠯᠡᠨ ᠰᠠᠶᠢᠳᠤᠷ ᠵᠢᠭᠠᠨ ᠵᠢᠯᠤᠭᠤᠳᠬᠤ ᠬᠡᠷᠡᠭᠳᠡᠢ᠃ ᠲᠡᠭᠡᠪᠡᠯ ᠡᠬᠦᠨ ᠳᠤ ᠬᠡᠯᠡᠵᠦ ᠪᠠᠶᠢᠭ᠎ᠠ ᠲᠦᠷᠢᠮᠵᠢᠬᠦᠨ ᠪᠢᠴᠢᠯᠭᠡ ᠭᠡᠳᠡᠭ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠮᠤᠩᠭᠤᠯ ᠬᠡᠯᠡ ᠪᠢᠴᠢᠭ ᠤᠨ ᠠᠵᠢᠯ ᠤᠨ ᠵᠦᠪᠯᠡᠯ ᠠᠴᠠ ᠪᠠᠳᠤᠯᠠᠭᠰᠠᠨ ︽ᠴᠢᠮᠡᠳ ᠲᠢᠭ︾ ᠢᠶᠠᠷ ᠪᠠᠷᠢᠮᠵᠢᠶ᠎ᠠ ᠪᠤᠯᠭᠠᠵᠦ᠂ ᠴᠡᠪᠡᠷ ᠲᠡᠭᠰᠢ᠂ ᠵᠢᠭᠳᠡ᠂ ᠵᠤᠬᠢᠬᠤ ᠬᠤᠷᠳᠤᠴᠠ ᠲᠠᠢ ᠪᠢᠴᠢᠬᠦ ᠶᠢ ᠵᠢᠭᠠᠵᠦ ᠪᠠᠶᠢᠨ᠎ᠠ᠃ ᠲᠦᠷᠢᠮᠵᠢᠬᠦᠨ ᠪᠢᠴᠢᠯᠭᠡ ᠪᠠᠷ ᠵᠦᠪ ᠲᠡᠭᠰᠢ᠂ ᠴᠡᠪᠡᠷ ᠵᠢᠭᠳᠡ ᠪᠢᠴᠢᠵᠦ ᠢᠯᠡᠳᠬᠡᠬᠦ ᠨᠢ ᠬᠦᠮᠦᠰ ᠤᠨ ᠦᠰᠦᠭ ᠪᠢᠴᠢᠭ ᠢᠶᠠᠷ ᠬᠠᠷᠢᠯᠴᠠᠬᠤ ᠬᠠᠮᠤᠭ ᠤᠨ ᠦᠨᠳᠤᠰᠦᠨ ᠠᠷᠭ᠎ᠠ ᠵᠠᠮ ᠮᠦᠷᠳᠡᠭᠡᠨ ᠡᠬᠡ ᠬᠡᠯᠡ ᠪᠠᠨ ᠰᠤᠷᠴᠤ ᠬᠡᠷᠡᠭᠯᠡᠬᠦ  ᠶᠢᠨ ᠰᠠᠭᠤᠷᠢ ᠪᠤᠯᠤᠨ᠎ᠠ᠃ ᠮᠤᠩᠭᠤᠯ ᠬᠡᠯᠡᠨ ᠤ ᠲᠦᠷᠢᠮᠵᠢᠬᠦᠨ ᠪᠢᠴᠢᠯᠭᠡ ᠨᠢ ᠠᠳᠠᠯᠢ ᠪᠤᠰᠤ ᠱᠠᠳᠤᠨ ᠳᠤ ᠠᠳᠠᠯᠢ ᠪᠤᠰᠤ ᠶᠢᠨ ᠱᠠᠭᠠᠷᠳᠠᠯᠭ᠎ᠠ ᠲᠠᠢ ᠪᠠᠶᠢᠳᠠᠭ᠃ ᠪᠠᠭ᠎ᠠ ᠰᠤᠷᠭᠠᠭᠤᠯᠢ ᠶᠢᠨ ᠲᠤᠤᠷ᠎ᠠ ᠤᠨ ᠤ ᠲᠦᠷᠢᠮᠵᠢᠬᠦᠨ ᠪᠢᠴᠢᠯᠭᠡ  ᠶᠢᠨ ᠱᠠᠭᠠᠷᠳᠠᠯᠭ᠎ᠠ ᠭᠡᠪᠡᠯ ᠴᠠᠭᠠᠨ ᠲᠤᠯᠤᠭᠠᠢ ᠶᠢᠨ ᠵᠢᠷᠤᠯᠭ᠎ᠠ ᠶᠢᠨ ᠨᠡᠷ᠎ᠡ ᠶᠢ ᠮᠡᠳᠡᠵᠦ᠂ ᠦᠪᠡᠷ ᠤᠨ ᠰᠤᠷᠴᠤ ᠡᠵᠡᠮᠰᠢᠭᠰᠡᠨ ᠦᠰᠦᠭ ᠢᠶᠠᠨ ᠲᠠᠪᠤᠨ ᠱᠤᠭᠤᠮ ᠳᠤ ᠵᠦᠪ᠂ ᠴᠡᠪᠡᠷ ᠲᠦᠷᠢᠮᠵᠢᠬᠦᠨ ᠰᠠᠶᠢᠬᠠᠨ ᠵᠤᠬᠢᠬᠤ ᠬᠤᠷᠳᠤᠴᠠ  ᠲᠠᠢ ᠪᠢᠴᠢᠵᠦ ᠴᠢᠳᠠᠬᠤ ᠶᠠᠪᠤᠳᠠᠯ ᠪᠤᠯᠤᠨ᠎ᠠ᠃ ᠲᠡᠭᠡᠪᠡᠯ ᠰᠤᠷᠤᠭᠴᠢᠳ ᠢ ᠡᠨᠡ ᠲᠠᠯ᠎ᠠ ᠪᠠᠷ ᠬᠡᠷᠬᠢᠨ ᠵᠢᠭᠠᠨ ᠵᠢᠯᠤᠭᠤᠳᠬᠤ ᠲᠤᠬᠠᠢ ᠲᠤᠪᠴᠢ ᠶᠠᠷᠢᠶ᠎ᠠ︕      ᠨᠢᠭᠡ᠂ ᠪᠠᠭᠰᠢ ᠵᠠᠪᠠᠯ ᠦᠪᠡᠷ ᠤᠨ ᠪᠡᠶ᠎ᠡ ᠪᠠᠷ ᠢᠶᠠᠨ ᠬᠡᠪ ᠲᠦᠷᠢᠮ ᠪᠤᠯᠬᠤ ᠬᠡᠷᠡᠭᠳᠡᠢ᠃      ᠤᠴᠢᠷ ᠨᠢ ᠪᠠᠭ᠎ᠠ ᠬᠡᠦᠬᠡᠳ ᠤᠨ ᠲᠠᠷᠢᠬᠢᠨ ᠳᠤ ᠪᠠᠭᠰᠢ ᠬᠦᠮᠦᠨ ᠤ ᠨᠢᠭᠡ ᠦᠭᠡ ᠨᠢᠬᠡ ᠬᠦᠳᠡᠯᠦᠯ ᠨᠢ ᠴᠦᠮ ᠵᠢᠷᠤᠭ ᠱᠤᠭᠤᠭᠰᠠᠨ ᠮᠠᠳᠦ ᠰᠡᠶᠢᠯᠦᠭᠳᠡᠨ ᠬᠤᠴᠤᠷᠳᠠᠭ ᠪᠤᠯᠬᠤᠷ ᠪᠠᠭᠰᠢ ᠬᠦᠮᠦᠨ ᠴᠠᠭ ᠢᠮᠠᠭᠳᠠ ᠪᠡᠶ᠎ᠡ ᠪᠠᠨ ᠴᠢᠩᠭ᠎ᠠ ᠱᠠᠭᠠᠷᠳᠠᠵᠦ ᠰᠠᠮᠪᠠᠷ᠎ᠠ ᠲᠡᠭᠡᠷ᠎ᠡ ᠪᠢᠴᠢᠬᠦ᠂ ᠲᠠᠰᠬᠠᠯ ᠪᠤᠯᠪᠠᠰᠤᠷᠠᠯ ᠢ ᠴᠤᠬᠤᠪᠤᠷᠢᠯᠠᠬᠤ ᠲᠤ ᠬᠦᠷᠳᠡᠯ᠎ᠡ ᠴᠡᠪᠡᠷ ᠭᠤᠶᠤᠬᠠᠨ᠂ ᠵᠦᠪ ᠲᠦᠷᠢᠮᠵᠢᠬᠦᠨ ᠰᠠᠶᠢᠬᠠᠨ ᠪᠢᠴᠢᠬᠦ ᠶᠢ ᠠᠩᠬᠠᠷᠴᠤ ᠬᠢᠴᠢᠶᠡᠩᠭᠦ᠋ᠢᠯᠠᠨ ᠪᠡᠶᠡᠯᠡᠬᠦᠯᠬᠦ ᠬᠡᠷᠡᠭᠳᠡᠢ᠃      ᠬᠤᠶᠠᠷ᠂ ᠰᠤᠷᠤᠭᠴᠢᠳ ᠢ ᠨᠢᠭᠡᠳᠦᠭᠡᠷ ᠤᠨ ᠤ ᠡᠬᠢᠨ ᠤ ᠬᠤᠭᠤᠴᠠᠭ᠎ᠠ ᠠᠴᠠ ᠨᠢ ᠡᠬᠢᠯᠡᠨ ᠲᠠᠪᠤᠨ ᠱᠤᠭᠤᠮ  ᠲᠤ ᠪᠢᠴᠢᠬᠦᠯᠦᠨ ᠰᠤᠷᠭᠠᠵᠦ᠂ ᠦᠰᠦᠭ ᠤᠨ ᠵᠢᠷᠤᠯᠭ᠎ᠠ᠂ ᠨᠡᠷᠡᠶᠢᠳᠦᠯ ᠢ ᠵᠠᠪᠠᠯ ᠨᠠᠷᠢᠯᠢᠭ ᠰᠠᠶᠢᠬᠠᠨ ᠮᠡᠳᠡᠬᠦᠯᠵᠦ ᠵᠢᠭᠠᠨ ᠵᠢᠯᠤᠭᠤᠳᠬᠤ ᠬᠡᠷᠡᠭᠳᠡᠢ᠃      ᠪᠠᠭᠰᠢ ᠠᠴᠠ ᠵᠠᠪᠠᠯ ᠰᠢᠨ᠎ᠡ ᠰᠤᠷᠬᠤ ᠠᠭᠤᠯᠭ᠎ᠠ ᠪᠠᠨ ᠲᠠᠪᠤᠨ ᠱᠤᠭᠤᠮ ᠳᠤ ᠰᠠᠮᠪᠠᠷ᠎ᠠ ᠳᠤ ᠲᠠᠭᠠᠭᠤᠯᠦᠨ ᠪᠢᠴᠢᠬᠦᠯᠵᠦ᠂ ᠰᠤᠷᠤᠭᠴᠢᠳ ᠢ ᠯᠠᠪᠳᠠᠭᠤᠨ ᠪᠠᠳᠤᠳᠠᠢ ᠡᠵᠡᠮᠰᠢᠬᠦᠯᠬᠦ ᠬᠡᠷᠡᠭᠳᠡᠢ᠃ ᠡᠨᠡ ᠨᠢ ᠵᠦᠪᠬᠡᠨ ᠨᠢᠬᠡ ᠯᠡ ᠴᠠᠭ  ᠤᠨ ᠬᠤᠭᠤᠴᠠᠭᠠᠨ ᠤ ᠠᠵᠢᠯᠯᠠᠭ᠎ᠠ ᠪᠢᠰᠢ᠂ ᠬᠠᠷᠢᠨ ᠤᠷᠳᠤ ᠬᠤᠭᠤᠴᠠᠭᠠᠳᠤ᠂ ᠲᠡᠰᠪᠦᠷᠢ ᠲᠠᠭᠠᠮᠠᠭᠠᠢ ᠤᠷᠤᠯᠳᠤᠬᠤ ᠨᠢᠭᠡᠨ ᠬᠠᠳᠠᠭᠤᠵᠢᠯᠳᠠᠢ ᠰᠢᠷᠭᠠᠭᠤ ᠠᠵᠢᠯᠯᠠᠭ᠎ᠠ ᠪᠤᠯᠬᠤ ᠶᠤᠮ᠃ ᠡᠶᠢᠮᠦ ᠠᠴᠠ ᠮᠠᠨ ᠤ ᠪᠠᠭᠰᠢ ᠨᠠᠷ ᠤᠳᠠᠭᠠᠨ ᠲᠠᠭᠠᠮᠠᠭᠠᠢ ᠤᠷᠤᠯᠳᠤᠵᠦ᠂ ᠰᠤᠷᠤᠭᠴᠢ ᠪᠠᠨ ᠵᠠᠪᠠᠯ ᠵᠦᠪ ᠲᠦᠷᠢᠮᠵᠢᠬᠦᠨ ᠰᠠᠶᠢᠬᠠᠨ ᠪᠢᠴᠢᠬᠦᠯᠵᠦ ᠰᠤᠷᠭᠠᠨ᠎ᠠ᠃      ᠭᠤᠷᠪᠠ᠂ ᠪᠠᠭᠰᠢ ᠠᠴᠠ ᠰᠤᠷᠤᠭᠴᠢ ᠪᠠᠨ ᠵᠠᠪᠠᠯ ᠴᠠᠭ ᠲᠤᠬᠠᠢ ᠳᠤ ᠨᠢ ᠵᠢᠭᠠᠨ ᠵᠢᠯᠤᠭᠤᠳᠬᠤ ᠬᠡᠷᠡᠭᠳᠡᠢ᠃      ᠰᠤᠷᠤᠭᠴᠢᠳ ᠤᠨ ᠲᠠᠰᠢᠶ᠎ᠠ ᠪᠢᠴᠢᠯᠬᠡ᠂ ᠦᠰᠦᠭ ᠤᠨ ᠵᠢᠷᠤᠯᠭ᠎ᠠ᠂ ᠡᠯᠧᠮᠧᠨᠲ ᠢ ᠴᠠᠭ ᠲᠤᠬᠠᠢ ᠳᠤᠨᠢ ᠬᠢᠨᠠᠵᠦ ᠪᠠᠶᠢᠴᠠᠭᠠᠨ᠂ ᠰᠤᠷᠤᠭᠴᠢ ᠶᠢ ᠵᠢᠭᠠᠨ ᠵᠢᠯᠤᠭᠤᠳᠴᠤ ᠠᠯᠳᠠᠭ᠎ᠠ ᠪᠤᠷᠤᠭᠤ ᠶᠢ ᠨᠢ ᠵᠠᠯᠠᠷᠠᠭᠤᠯᠤᠨ ᠦᠭᠴᠦ᠂ ᠵᠦᠪ ᠲᠦᠷᠢᠮᠵᠢᠬᠦᠨ ᠪᠢᠴᠢᠬᠦᠯᠵᠦ ᠰᠤᠷᠭᠠᠨ᠎ᠠ᠃      ᠲᠦᠷᠪᠡ᠂ ᠡᠳᠦᠷ ᠪᠤᠯᠭᠠᠨ ᠲᠦᠷᠢᠮᠵᠢᠬᠦᠨ ᠪᠢᠴᠢᠯᠭᠡ ᠶᠢᠨ ᠪᠤᠯᠪᠠᠰᠤᠷᠠᠯ ᠢ ᠬᠢᠯᠭᠡᠨ᠎ᠡ᠃      ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾ ᠭᠡᠳᠡᠭᠴᠢᠯᠡᠨ ᠪᠢᠳᠡ ᠵᠠᠪᠠᠯ ᠰᠤᠷᠤᠭᠴᠢᠳ ᠲᠤ ᠬᠠᠷᠠᠬᠠᠨ ᠪᠠᠭ᠎ᠠ ᠠᠴᠠ ᠨᠢ ᠨᠠᠷᠢᠨ ᠬᠢᠨᠠᠮᠠᠭᠠᠢ ᠪᠡᠶ᠎ᠠ ᠲᠠᠭᠠᠭᠠᠨ ᠰᠤᠷᠤᠯᠴᠠᠬᠤ ᠲᠠᠳᠬᠠᠯ ᠢ ᠪᠤᠢ ᠪᠤᠯᠭᠠᠨ ᠦᠭᠬᠦ ᠬᠡᠷᠡᠭᠳᠡᠢ᠃ ᠡᠨᠡ ᠨᠢ ᠲᠡᠬᠦᠨ ᠤ ᠬᠤᠵᠢᠮ ᠬᠤᠶᠢᠰᠢᠳᠠ ᠶᠢᠨ ᠰᠤᠷᠤᠯᠭ᠎ᠠ ᠳᠤ ᠲᠤᠩ ᠶᠡᠭᠡ ᠠᠴᠢ ᠬᠤᠯᠪᠤᠭᠳᠠᠯ ᠲᠠᠢ ᠶᠤᠮ᠃ ᠡᠶᠢᠮᠦ ᠠᠴᠠ ᠪᠠᠭᠰᠢ ᠨᠠᠷ ᠡᠨᠡᠬᠦ ᠲᠠᠯ᠎ᠠ ᠶᠢᠨ ᠪᠤᠯᠪᠠᠰᠤᠷᠠᠯ ᠢ ᠬᠢᠯᠬᠡᠬᠦ ᠳᠡᠭᠡᠨ ᠶᠠᠭᠤᠨ ᠤ ᠡᠮᠦᠨ᠎ᠡ ᠦᠵᠡᠯ ᠰᠠᠨᠠᠭᠠᠨ ᠤ ᠬᠦᠮᠦᠵᠢᠯ ᠢ ᠰᠠᠶᠢᠳᠤᠷ ᠬᠢᠭᠰᠡᠨ ᠪᠠᠶᠢᠬᠤ ᠬᠡᠷᠡᠭᠳᠡᠢ᠃ ᠤᠴᠢᠷ ᠨᠢ ᠡᠨᠡᠬᠦ ᠪᠤᠯᠪᠠᠰᠤᠷᠠᠯ ᠢ ᠬᠢᠬᠦ ᠳᠤ ᠪᠠᠭᠰᠢ ᠰᠤᠷᠤᠭᠴᠢ ᠶᠢᠨ ᠬᠠᠵᠠᠭᠤ ᠳᠤ ᠦᠬᠡᠢ᠂ ᠰᠤᠷᠤᠭᠴᠢ ᠪᠡᠶ᠎ᠠ ᠪᠠᠨ ᠲᠠᠭᠠᠭᠠᠨ ᠪᠡᠶᠠᠯᠡᠬᠦᠯᠵᠦ ᠪᠠᠶᠢᠬᠤ ᠶᠤᠮ᠃ ᠭᠡᠪᠡᠴᠦ ᠬᠤᠭᠤᠰᠤᠨ ᠦᠵᠡᠯ ᠰᠠᠨᠠᠭᠠᠨ ᠤ ᠬᠦᠮᠦᠵᠢᠯ ᠢ ᠰᠤᠷᠤᠭᠴᠢᠳ ᠲᠤ ᠬᠢᠭᠡᠳ ᠪᠤᠯᠬᠤ ᠶᠤᠮ ᠪᠢᠰᠢ᠂ ᠬᠠᠷᠢᠨ ᠪᠢᠴᠢᠬᠦ ᠠᠷᠭ᠎ᠠ ᠠᠪᠴᠠᠯ ᠤᠨ ᠲᠠᠯ᠎ᠠ ᠠᠴᠠ ᠵᠢᠭᠠᠨ ᠵᠢᠯᠤᠭᠤᠳᠬᠤ ᠬᠡᠷᠡᠭᠳᠡᠢ᠃ ᠰᠤᠷᠤᠭᠴᠢᠳ ᠢ ᠵᠠᠪᠠᠯ ᠬᠢᠴᠢᠶᠡᠯ ᠤᠨ ᠭᠠᠳᠠᠭᠤᠷ ᠬᠤᠷᠢᠨ ᠮᠢᠨᠦ᠋ᠲ ᠤᠨ ᠴᠠᠭ ᠢ ᠵᠠᠷᠤᠴᠠᠭᠤᠯᠵᠦ᠂ ᠡᠳᠦᠷ ᠪᠤᠯᠭᠠᠨ ᠬᠠᠯᠠᠰᠢᠷᠠᠯ ᠦᠬᠡᠢ ᠪᠠᠷ ᠰᠡᠳᠭᠢᠯ ᠲᠠᠯᠪᠢᠨ ᠲᠠᠪᠤᠨ ᠱᠤᠭᠤᠮ ᠲᠤ 4 - 8 ᠱᠤᠭᠤᠮ ᠨᠠᠷᠢᠨ ᠬᠢᠨᠠᠮᠠᠭᠠᠢ ᠵᠦᠪ ᠲᠦᠷᠢᠮᠵᠢᠬᠦᠨ ᠰᠠᠶᠢᠬᠠᠨ ᠪᠢᠴᠢᠬᠦᠯᠦᠨ᠎ᠠ᠃ ᠬᠡᠬᠦ ᠳᠡᠭᠡᠨ ᠦᠰᠦᠭ ᠤᠨ ᠶᠡᠭᠡ ᠪᠠᠭ᠎ᠠ ᠶᠢ ᠲᠡᠩᠴᠡᠭᠦᠷᠢᠳᠡᠢ ᠪᠢᠴᠢᠬᠦ᠂ ᠲᠠᠰᠬᠠᠯ ᠢᠶᠠᠨ ᠬᠤᠭᠤᠰᠤᠨ ᠢᠶᠠᠷ ᠦᠯᠦ ᠦᠯᠡᠳᠡᠭᠡᠬᠦ᠂ ᠤᠯᠠᠭᠠᠨ ᠮᠦᠷ ᠢ ᠠᠩᠬᠠᠷᠬᠤ ᠵᠡᠷᠭᠡ ᠲᠠᠯ᠎ᠠ ᠪᠠᠷ ᠰᠤᠷᠤᠭᠴᠢ ᠳᠡᠭᠡᠨ ᠰᠠᠶᠢᠬᠠᠨ ᠠᠩᠬᠠᠷᠤᠭᠤᠯᠵᠦ ᠨᠠᠷᠢᠨ ᠬᠢᠨᠠᠮᠠᠭᠠᠢ ᠰᠠᠶᠢᠬᠠᠨ ᠪᠢᠴᠢᠬᠦᠯᠵᠦ ᠰᠤᠷᠭᠠᠨ᠎ᠠ᠃      ᠲᠠᠪᠤ᠂ ᠰᠤᠷᠤᠭᠴᠢᠳ ᠢ ᠵᠠᠪᠠᠯ ᠦᠰᠦᠭ ᠢᠶᠠᠨ ᠴᠡᠭᠡᠵᠢᠯᠡᠭᠰᠡᠨ ᠰᠠᠭᠤᠷᠢᠨ ᠲᠡᠭᠡᠷ᠎ᠡ ᠴᠡᠭᠡᠵᠢ ᠪᠠᠷ ᠪᠢᠴᠢᠬᠦ ᠲᠠᠳᠬᠠᠯ ᠲᠠᠢ ᠪᠤᠯᠭᠠᠨ ᠬᠦᠮᠦᠵᠢᠬᠦᠯᠬᠦ ᠬᠡᠷᠡᠭᠳᠡᠢ᠃ ᠡᠨᠡ ᠲᠠᠯ᠎ᠠ ᠶᠢᠨ ᠠᠰᠠᠭᠤᠳᠠᠯ ᠨᠢ ᠮᠦᠨ ᠴᠦ ᠪᠠᠭᠰᠢ ᠨᠠᠷ ᠤᠨ ᠰᠠᠨᠠᠭᠠᠨ ᠳᠠᠭᠠᠨ ᠠᠪᠬᠤ ᠴᠢᠬᠤᠯᠠ ᠲᠠᠢ ᠨᠢᠭᠡᠨ ᠠᠰᠠᠭᠤᠳᠠᠯ ᠪᠤᠯᠤᠨ᠎ᠠ᠃ ᠮᠠᠨ ᠤ ᠤᠯᠠᠩᠬᠢ ᠰᠤᠷᠤᠭᠴᠢᠳ ᠭᠡᠷ ᠤᠨ ᠠᠵᠢᠯ ᠭᠡᠰᠡᠨ ᠦᠬᠡᠢ ᠪᠠᠭᠰᠢ ᠶᠢᠨ ᠲᠠᠰᠬᠠᠯ ᠭᠡᠰᠡᠨ ᠦᠬᠡᠢ᠂ ᠲᠠᠰᠬᠠᠯ ᠦᠯᠡᠳᠡᠭᠰᠡᠭᠡᠷ ᠶᠠᠭᠠᠷᠠᠤ ᠰᠠᠨᠳᠤᠷᠤᠤ ᠬᠤᠷᠳᠤᠨ ᠬᠢᠵᠦ ᠲᠠᠭᠤᠰᠬᠠᠬᠤ ᠶᠢ ᠰᠠᠨᠳᠤᠷᠴᠤ᠂ ᠨᠡᠩ ᠢᠯᠠᠩᠭᠤᠶ᠎ᠠ ᠮᠤᠩᠭᠤᠯ ᠦᠰᠦᠭ ᠢ ᠪᠢᠴᠢᠬᠦ ᠳᠤ ᠵᠦᠪ ᠪᠢᠴᠢᠬᠦ ᠶᠢ ᠡᠷᠬᠢᠮᠯᠡᠵᠦ ᠦᠵᠡᠬᠦ ᠦᠬᠡᠢ᠂ ᠬᠠᠷᠢᠨ ᠬᠤᠷᠳᠤᠨ ᠢ ᠡᠷᠬᠢᠮᠯᠡᠵᠦ᠂ ᠨᠢᠭᠡ ᠶᠢ ᠦᠵᠡᠨ᠂ ᠨᠢᠭᠡ ᠶᠢ ᠪᠢᠴᠢᠵᠦ᠂ ᠬᠠᠮᠤᠭ ᠰᠡᠬᠦᠯ ᠳᠤ ᠪᠢᠴᠢᠭᠰᠡᠨ ᠦᠰᠦᠭ ᠨᠢ ᠮᠤᠭᠠᠢ ᠶᠠᠪᠤᠵᠦ ᠪᠠᠶᠢᠬᠤ ᠮᠡᠳᠦ ᠮᠤᠰᠬᠢᠷᠠᠨ ᠬᠠᠷᠠᠭᠳᠠᠵᠦ ᠨᠡᠯᠢᠶᠡᠳ ᠦᠰᠦᠭ ᠢᠶᠠᠨ ᠪᠤᠷᠤᠭᠤ ᠪᠢᠴᠢᠭᠰᠠᠨ ᠪᠠᠶᠢᠳᠠᠭ᠃ ᠨᠠᠩ ᠴᠢᠬᠤᠯᠠ ᠨᠢ ᠦᠰᠦᠭ ᠢᠶᠠᠨ ᠪᠠᠰᠠ ᠵᠦᠪ ᠡᠵᠡᠮᠰᠢᠵᠦ ᠲᠡᠶᠢᠯᠦᠭᠰᠡᠨ ᠦᠬᠡᠢ ᠪᠠᠶᠢᠳᠠᠭ᠃ ᠡᠶᠢᠮᠦ ᠠᠴᠠ ᠰᠤᠷᠤᠭᠴᠢᠳ ᠢ ᠵᠦᠪ ᠲᠠᠯ᠎ᠠ ᠠᠴᠠ ᠵᠢᠯᠤᠭᠤᠳᠤᠨ ᠦᠰᠦᠭ ᠢᠶᠠᠨ ᠵᠠᠪᠠᠯ ᠵᠦᠪ ᠤᠡᠭᠰᠢᠵᠦ ᠴᠡᠡᠭᠡᠵᠢᠯᠡᠭᠰᠡᠨ ᠰᠠᠭᠤᠷᠢᠨ ᠲᠡᠭᠡᠷ᠎ᠡ ᠰᠠᠶ᠋ᠢ ᠪᠢᠴᠢᠬᠦᠯᠦᠨ᠎ᠠ᠃ ᠡᠨᠡ ᠨᠢ ᠦᠰᠦᠭ ᠤᠨ ᠨᠢᠷᠤᠭᠤ ᠶᠢ ᠠᠰᠬᠠᠨ ᠭᠠᠷᠭᠠᠬᠤ᠂ ᠦᠰᠦᠭ ᠨᠢ ᠲᠤᠮᠳᠠ  ᠪᠠᠨ ᠲᠠᠰᠤᠯᠳᠠᠵᠦ ᠦᠵᠡᠭᠳᠡᠬᠦ ᠦᠬᠡᠢ ᠪᠠᠶᠢᠵᠦ᠂ ᠦᠰᠦᠭ ᠢ ᠲᠦᠷᠢᠮᠵᠢᠬᠦᠨ ᠲᠡᠭᠰᠢ ᠪᠢᠴᠢᠬᠦ ᠳᠤ ᠲᠤᠩ ᠴᠢᠬᠤᠯᠠ ᠪᠠᠶᠢᠳᠠᠭ᠃      ᠵᠢᠷᠭᠤᠭ᠎ᠠ᠂ ᠰᠤᠷᠤᠭᠴᠢ ᠪᠠᠨ ᠦᠷᠬᠦᠯᠵᠢ ᠵᠤᠷᠢᠭᠵᠢᠭᠤᠯᠵᠦ ᠪᠠᠶᠢᠬᠤ ᠬᠡᠷᠡᠭᠳᠡᠢ᠃      ︽ᠬᠦᠴᠦ ᠪᠠᠷ ᠮᠢᠩᠭᠠᠨ ᠵᠢᠩ ᠢ ᠡᠷᠬᠦᠬᠦ ᠳᠤ ᠠᠷᠭ᠎ᠠ ᠪᠠᠷ ᠲᠦᠮᠡᠨ ᠵᠢᠩ ᠢ ᠡᠷᠬᠦᠨ᠎ᠡ︾ ᠭᠡᠰᠡᠨ ᠮᠡᠷᠭᠡᠨ ᠦᠭᠡ ᠪᠠᠶᠢᠳᠠᠭ᠃ ᠡᠶᠢᠮᠦ ᠠᠴᠠ ᠮᠠᠨ ᠤ ᠪᠠᠭᠰᠢ ᠪᠤᠯᠤᠭᠰᠠᠳ ᠰᠤᠷᠤᠭᠴᠢᠳ ᠢ ᠬᠠᠷ᠎ᠠ ᠠᠯᠪᠠ ᠪᠠᠷ ᠱᠠᠭᠠᠷᠳᠠᠵᠦ ᠪᠢᠴᠢᠬᠦᠯᠬᠦ ᠪᠢᠰᠢ᠂ ᠬᠠᠷᠢᠨ ᠰᠤᠷᠤᠭᠴᠢᠳ ᠤᠨ ᠢᠶᠠᠨ ᠦᠴᠦᠬᠡᠨ ᠴᠦ ᠭᠡᠰᠡᠨ ᠲᠠᠪᠠᠭᠤᠯᠢᠭ ᠲᠠᠯ᠎ᠠ ᠠᠮᠵᠢᠯᠳᠠ ᠲᠠᠢ ᠲᠠᠯ᠎ᠠ ᠶᠢ ᠮᠠᠭᠳᠠᠨ ᠵᠤᠷᠢᠭᠵᠢᠭᠤᠯᠵᠦ᠂ ᠰᠤᠷᠤᠭᠴᠢᠳ ᠢ ᠵᠠᠪᠠᠯ ᠪᠠᠶ᠎ᠡ ᠳᠡᠭᠡᠨ ᠢᠳᠡᠭᠡᠯ ᠲᠠᠢ ᠪᠤᠯᠭᠠᠨ᠂ ᠦᠪᠡᠷ ᠤᠨ ᠲᠤᠳᠤᠭᠠᠳᠤ ᠰᠡᠳᠬᠢᠯᠬᠡ ᠠᠴᠠ ᠪᠠᠨ ᠦᠨᠳᠦᠰᠦᠳᠡᠨ ᠤ ᠦᠭᠡ ᠬᠡᠯᠡ ᠪᠠᠨ ᠰᠤᠷᠬᠤ ᠤᠷᠮᠠᠰᠢᠯ ᠲᠠᠢ ᠪᠤᠯᠭᠠᠨ᠎ᠠ᠃ ᠵᠢᠱᠢᠶᠡᠯᠡᠪᠠᠯ᠄ ᠲᠠᠰᠬᠠᠯ ᠪᠤᠯᠪᠠᠰᠤᠷᠠᠯ ᠢ ᠴᠤᠬᠤᠪᠤᠷᠢᠯᠠᠬᠤ ᠳᠤ ︽ᠰᠢᠯᠢᠳᠡᠭ︾᠂ ︽ᠰᠠᠶᠢᠨ︾᠂ ︽ᠪᠢᠴᠢᠬᠠᠨ ᠤᠷᠠᠨ ᠪᠢᠴᠢᠯᠭᠡᠳᠡᠨ ᠲᠡᠭᠡᠨ ᠪᠠᠶᠠᠷ ᠬᠦᠷᠭᠡᠶ᠎ᠡ︾᠂ ︽ᠲᠤᠩ ᠭᠤᠶᠤ ᠪᠢᠴᠢᠯ᠎ᠡ︾᠂ ︽ᠪᠦᠷᠢᠨ ᠵᠦᠪ ᠪᠢᠴᠢᠯ᠎ᠠ︾ ᠬᠡᠬᠦ ᠮᠡᠳᠣ ᠶᠢᠨ ᠮᠠᠬᠳᠠᠭᠠᠯ ᠵᠣᠷᠢᠬᠵᠢᠭᠤᠯᠣᠯ ᠤᠨ ᠦᠬᠡ ᠶᠢ ᠣᠯᠠᠨ ᠰᠢᠭ᠋ ᠪᠢᠴᠢᠵᠣ᠂ ᠲᠡᠳᠠᠨ ᠢ ᠪᠠᠶᠠᠷᠯᠠᠭᠤᠯᠣᠨ᠂ ᠬᠠᠶᠠ ᠵᠠᠷᠢᠮ ᠳᠤ ᠪᠠᠨ ᠣᠨᠴᠠ ᠰᠠᠶᠢᠬᠠᠨ ᠪᠢᠴᠢᠭᠰᠡᠨ ᠰᠣᠷᠣᠬᠴᠢ ᠶᠢᠨ ᠲᠠᠰᠬᠠᠯ ᠪᠣᠯᠪᠠᠰᠣᠷᠠᠯ ᠢ ᠣᠯᠠᠨ ᠤ ᠲᠣᠮᠳᠠ ᠲᠡᠯᠬᠡᠨ ᠦᠵᠡᠬᠦᠯᠬᠦ᠂ ᠬᠠᠷᠢᠯᠴᠠᠨ ᠲᠠᠭᠤᠷᠢᠶᠠᠨ ᠪᠢᠴᠢᠬᠦᠯᠬᠦ᠂ ᠪᠣᠳᠠᠰ ᠢᠶᠠᠷ ᠱᠠᠩᠨᠠᠬᠤ ᠬᠦᠬᠢᠬᠦᠯᠣᠯ ᠤᠨ ᠲᠡᠮᠳᠡᠭ ᠦᠭᠴᠣ ᠵᠣᠷᠢᠬᠵᠢᠭᠤᠯᠬᠤ ᠬᠡᠬᠦ ᠮᠡᠳᠣ ᠶᠢᠨ ᠠᠷᠭ᠎ᠠ ᠶᠢ ᠬᠠᠪᠰᠣᠷᠭᠠᠨ ᠬᠡᠷᠡᠭᠯᠡᠵᠣ ᠪᠣᠯᠣᠨ᠎ᠠ᠃      ᠲᠣᠯᠤᠭ᠎ᠠ᠂ ᠴᠡᠪᠠᠷ ᠪᠢᠴᠢᠯᠭᠡ ᠶᠢᠨ ᠣᠷᠣᠯᠳᠣᠭᠠᠨ ᠢ ᠦᠷᠬᠦᠯᠵᠢ ᠶᠢᠨ ᠴᠢᠨᠠᠷᠳᠠᠢ ᠶᠠᠪᠣᠬᠳᠠᠭᠤᠯᠬᠤ ᠬᠡᠷᠡᠭᠳᠠᠢ᠃      ᠣᠷᠣᠯᠳᠣᠭᠠᠨ ᠮᠦᠷᠦ᠋ᠢᠴᠡᠬᠡᠨ ᠢᠶᠠᠷ ᠰᠣᠷᠣᠬᠴᠢ ᠶᠢᠨ ᠣᠷᠮ᠎ᠠ ᠶᠢ ᠬᠦᠭᠵᠢᠬᠡᠬᠦ ᠨᠢ ᠪᠠᠰᠠ ᠨᠢᠬᠡᠨ ᠴᠢᠬᠤᠯᠠ ᠠᠷᠭ᠎ᠠ ᠶᠤᠮ᠃ ᠣᠴᠢᠷ ᠨᠢ ᠣᠷᠣᠯᠳᠣᠭᠠᠨ ᠮᠦᠷᠦ᠋ᠢᠴᠡᠬᠡᠨ ᠢᠶᠠᠷ ᠲᠠᠮᠵᠢᠨ ᠰᠣᠷᠣᠬᠴᠢᠳ ᠦᠪᠠᠷ ᠤᠨ ᠲᠠᠪᠠᠭᠤᠯᠢᠭ ᠲᠠᠯ᠎ᠠ᠂ ᠲᠠᠪᠰᠢᠯᠳᠠ ᠲᠠᠢ ᠲᠠᠯ᠎ᠠ ᠪᠠᠨ ᠣᠯᠵᠣ ᠮᠡᠳᠡᠨ᠂ ᠡᠬᠦᠨ ᠢᠶᠠᠷ ᠲᠠᠮᠵᠢᠨ ᠣᠯᠠᠮ ᠵᠣᠷᠢᠬᠵᠢᠨ᠂ ᠦᠪᠠᠷ ᠤᠨ ᠪᠡᠶ᠎ᠠ ᠳᠡᠭᠡᠨ ᠨᠡᠩ ᠢᠳᠡᠬᠡᠯ ᠲᠠᠢ ᠪᠣᠯᠵᠣ᠂ ᠨᠡᠩ ᠣᠷᠮ᠎ᠠ ᠲᠠᠢ ᠴᠢᠷᠮᠠᠶᠢᠨ ᠰᠣᠷᠣᠯᠴᠠᠳᠠᠭ ᠪᠠᠶᠢᠨ᠎ᠠ᠃ ᠡᠶᠢᠮᠣ ᠠᠴᠠ ᠮᠠᠨ ᠤ ᠪᠠᠭᠰᠢᠨᠠᠷ ᠰᠣᠷᠣᠬᠴᠢᠳ ᠤᠨ ᠦᠪᠠᠷ ᠢ ᠪᠠᠨ ᠢᠯᠡᠷᠡᠬᠦᠯᠬᠦ ᠲᠣᠷᠠᠳᠠᠢ ᠪᠠᠶᠢᠳᠠᠭ ᠣᠨᠴᠠᠯᠢᠭ ᠢ ᠪᠠᠷᠢᠵᠣ᠂ ᠦᠪᠠᠷ ᠤᠨ ᠢᠶᠠᠨ ᠵᠢᠭᠠᠨ ᠰᠣᠷᠭᠠᠬᠤ ᠦᠷ᠎ᠡ ᠠᠰᠢᠭ ᠢᠶᠠᠨ ᠲᠡᠬᠡᠭᠰᠢᠯᠡᠬᠦᠯᠵᠣ ᠪᠣᠯᠬᠤ ᠶᠤᠮ᠃      ᠲᠡᠬᠡᠷᠡᠬᠢ ᠲᠣᠷᠡᠳᠣᠯᠳᠠ ᠨᠢ ᠵᠦᠪᠬᠡᠨ ᠬᠤᠪᠢ ᠬᠦᠮᠣᠨ ᠤ ᠦᠴᠣᠬᠡᠨ ᠪᠠᠭ᠎ᠠ ᠣᠯᠣᠯᠳᠠ ᠲᠡᠳᠣᠢ ᠪᠣᠯᠣᠨ᠎ᠠ᠃ ᠬᠠᠭᠤᠴᠢ ᠦᠬᠡᠨ ᠳᠤ ︽ᠣᠷᠠᠨ ᠪᠡᠷᠢ ᠪᠣᠯᠪᠠᠴᠣ ᠣᠳᠠᠰᠣ ᠵᠡᠬᠦᠣ ᠦᠬᠡᠢ ᠪᠣᠯ ᠣᠶᠣᠳᠠᠯ ᠣᠶᠣᠵᠣ ᠴᠢᠳᠠᠬᠤ ᠦᠬᠡᠢ ︾ ᠬᠡᠳᠡᠭᠴᠢᠯᠠᠨ ᠦᠪᠠᠷ ᠤᠨ ᠦᠨᠳᠣᠰᠣᠳᠠᠨ ᠤ ᠪᠠᠨ ᠦᠬᠡ ᠬᠡᠯᠡ ᠦᠰᠦᠭ ᠪᠢᠴᠢᠬ ᠢᠶᠠᠨ ᠲᠦᠷᠢᠮᠵᠢᠬᠦᠨ ᠰᠠᠶᠢᠬᠠᠨ ᠵᠦᠪ ᠪᠢᠴᠢᠬᠦ ᠨᠢ ᠦᠨᠡᠨᠳᠡᠬᠡᠨ ᠪᠠᠶᠢᠰᠢᠩ ᠤᠨ ᠰᠠᠭᠤᠷᠢ ᠪᠠᠨ ᠪᠠᠳᠣᠳᠠᠢ ᠲᠠᠯᠪᠢᠵᠣ ᠪᠠᠶᠢᠬᠤ ᠲᠠᠢ ᠠᠳᠠᠯᠢ ᠶᠤᠮ᠃ ᠬᠡᠷᠪᠡ ᠦᠪᠡᠷ ᠤᠨ ᠦᠨᠳᠣᠰᠣᠳᠠᠨ ᠤ ᠪᠠᠨ ᠦᠬᠡ ᠦᠰᠦᠭ ᠢᠶᠠᠨ ᠲᠦᠷᠢᠮᠵᠢᠬᠦᠨ ᠵᠦᠪ ᠰᠠᠶᠢᠬᠠᠨ ᠪᠢᠴᠢᠵᠣ ᠴᠢᠳᠠᠬᠤ ᠦᠬᠡᠢ ᠪᠣᠯ ᠬᠡᠷᠬᠢᠨ ᠦᠨᠳᠣᠰᠣᠳᠠᠨ ᠤ ᠪᠠᠨ ᠦᠬᠡ ᠬᠡᠯᠡ ᠳᠡᠭᠡᠨ ᠬᠠᠶᠢᠷᠠᠳᠠᠢ᠂ ᠨᠡᠩ ᠴᠢᠨᠠᠬᠰᠢᠯᠠᠨ ᠭᠦᠭᠵᠢᠬᠦᠯᠤᠨ ᠪᠠᠳᠠᠷᠠᠭᠤᠯᠣᠶ᠎ᠠ ᠬᠡᠵᠣ ᠬᠡᠯᠡᠵᠣ ᠴᠢᠳᠠᠬᠤ ᠪᠢᠯᠡ︖ ᠡᠶᠢᠮᠣ ᠠᠴᠠ ᠪᠢᠳᠠ ᠬᠡᠣᠬᠡᠳ ᠢᠶᠠᠨ ᠬᠠᠷᠠᠬᠠᠨ ᠪᠠᠭ᠎ᠠ ᠠᠴᠠ ᠨᠢ ᠮᠣᠩᠭᠤᠯ ᠦᠰᠦᠭ ᠢᠶᠠᠨ ᠵᠦᠪ ᠲᠦᠷᠢᠮᠵᠢᠬᠦᠨ ᠪᠢᠴᠢᠬᠦ ᠠᠴᠠ ᠡᠬᠢᠯᠡᠨ ᠵᠢᠭᠠᠨ ᠵᠢᠯᠣᠭᠤᠳᠴᠣ᠂ ᠮᠤᠩᠭᠤᠯ ᠬᠡᠯᠡ ᠦᠰᠦᠭ ᠪᠢᠴᠢᠭ ᠢᠶᠠᠨ ᠰᠠᠶᠢᠨ ᠰᠤᠷᠴᠤ ᠡᠵᠡᠮᠰᠢᠬᠦ ᠶᠢᠨ ᠰᠠᠭᠤᠷᠢ ᠶᠢᠨ ᠰᠠᠭᠤᠷᠢ ᠶᠢ ᠪᠠᠳᠣ ᠲᠠᠯᠪᠢᠶ᠎ᠠ᠃          ᠵᠤᠬᠢᠶᠠᠭᠴᠢ ᠶᠢᠨ ᠬᠠᠶ᠋ᠢᠭ᠄ ᠠᠷᠤ ᠬᠤᠷᠴᠢᠨ ᠤ ᠬᠠᠨ ᠠᠭᠤᠯᠠ ᠪᠠᠭ᠎ᠠ ᠰᠤᠷᠭᠠᠭᠤᠯᠢ
 
ᠢᠷᠡᠯᠲᠡ᠄ ᠤᠯᠠᠭᠠᠨ ᠬᠠᠳᠠ ᠶᠢᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号