| ᠮᠠᠨ ᠤ ᠮᠤᠩᠭᠤᠯ ᠦᠨᠳᠤᠰᠤᠳᠡᠨ ᠪᠤᠯ ᠠᠯᠢ ᠡᠷᠳᠡᠨ ᠠᠴᠠ ᠠᠪᠤᠭᠠᠳ ᠦᠪᠡᠷ ᠤᠨ ᠦᠭᠡ ᠬᠡᠯᠡ ᠦᠰᠦᠭ | ᠪᠢᠴᠢᠭ ᠲᠠᠢ᠂ ᠮᠤᠷᠢᠨ ᠲᠤᠭᠤᠷᠠᠢ ᠪᠠᠷ ᠠᠽᠢᠶ᠎ᠠ ᠡᠸᠦᠷᠦᠫᠡ ᠶᠢ ᠲᠤᠩᠰᠤᠯᠭᠠᠵᠦ ᠶᠠᠪᠤᠭᠰᠠᠨ ᠪᠠᠭᠠᠳᠤᠷᠯᠢᠭ | ᠦᠨᠳᠤᠰᠦᠳᠠᠨ ᠪᠤᠯᠬᠤ ᠶᠤᠮ᠃ ᠭᠡᠪᠡᠴᠦ ᠤᠳᠤᠬᠠᠨ ᠳᠤ ᠢᠷᠠᠭᠤ ᠰᠠᠶᠢᠬᠠᠨ ᠤᠡᠭᠰᠢᠯᠭ᠎ᠠ ᠲᠠᠢ᠂ ᠢᠯᠭᠤᠮ ᠰᠠᠶᠢᠬᠠᠨ | ᠪᠢᠴᠢᠯᠭᠡ ᠲᠠᠢ ᠮᠤᠩᠭᠤᠯ ᠬᠡᠯᠡ ᠮᠢᠨᠢ ᠴᠠᠭ ᠡᠷᠡᠨ ᠤ ᠬᠠᠳᠠᠭᠤ ᠰᠢᠯᠭᠠᠯᠳᠠ ᠳᠤ ᠤᠴᠠᠷᠠᠭᠠᠳ ᠪᠠᠶᠢᠨ᠎ᠠ᠃ ᠮᠤᠩᠭᠤᠯ | ᠬᠡᠦᠬᠡᠳ ᠤᠳ ᠮᠢᠨᠢ ᠦᠪᠡᠷ ᠤᠨ ᠦᠭᠡ ᠬᠡᠯᠡ ᠪᠠᠨ ᠰᠤᠷᠬᠤ ᠲᠤᠷ᠎ᠠ ᠦᠬᠡᠢ᠂ ᠨᠡᠩ ᠢᠯᠠᠩᠭᠤᠶ᠎ᠠ ᠮᠤᠩᠭᠤᠯ | ᠦᠰᠦᠭ ᠢᠶᠠᠨ ᠲᠦᠷᠢᠮᠵᠢᠬᠦᠨ ᠵᠦᠪ ᠰᠠᠶᠢᠬᠠᠨ ᠪᠢᠴᠢᠵᠦ ᠴᠢᠳᠠᠳᠠᠭ ᠬᠡᠦᠬᠡᠳ ᠮᠢᠨᠢ ᠡᠳᠦᠷ ᠢᠷᠡᠬᠦᠶ᠎ᠡ ᠴᠦᠬᠡᠷᠡᠵᠦ | ᠪᠠᠶᠢᠨ᠎ᠠ᠃ ᠡᠶᠢᠮᠦ ᠠᠴᠠ ᠮᠠᠨ ᠤ ᠮᠤᠩᠭᠤᠯ ᠬᠡᠯᠡᠨ ᠤ ᠪᠠᠭᠰᠢᠨᠠᠷ ᠡᠬᠦᠨ ᠢ ᠬᠦᠨᠳᠦᠳᠭᠡᠨ ᠦᠵᠡᠵᠦ᠂ | ᠰᠤᠷᠤᠭᠴᠢᠳ ᠢᠶᠠᠨ ᠡᠷᠬᠡᠪᠰᠢ ᠲᠤᠤᠷ᠎ᠠ ᠤᠨ ᠠᠴᠠ ᠨᠢ ᠡᠬᠢᠯᠡᠨ ᠰᠠᠶᠢᠳᠤᠷ ᠵᠢᠭᠠᠨ ᠵᠢᠯᠤᠭᠤᠳᠬᠤ ᠬᠡᠷᠡᠭᠳᠡᠢ᠃ | ᠲᠡᠭᠡᠪᠡᠯ ᠡᠬᠦᠨ ᠳᠤ ᠬᠡᠯᠡᠵᠦ ᠪᠠᠶᠢᠭ᠎ᠠ ᠲᠦᠷᠢᠮᠵᠢᠬᠦᠨ ᠪᠢᠴᠢᠯᠭᠡ ᠭᠡᠳᠡᠭ ᠨᠢ ᠦᠪᠦᠷ ᠮᠤᠩᠭᠤᠯ ᠤᠨ ᠦᠪᠡᠷᠳᠡᠭᠡᠨ | ᠵᠠᠰᠠᠬᠤ ᠤᠷᠤᠨ ᠤ ᠮᠤᠩᠭᠤᠯ ᠬᠡᠯᠡ ᠪᠢᠴᠢᠭ ᠤᠨ ᠠᠵᠢᠯ ᠤᠨ ᠵᠦᠪᠯᠡᠯ ᠠᠴᠠ ᠪᠠᠳᠤᠯᠠᠭᠰᠠᠨ ︽ᠴᠢᠮᠡᠳ ᠲᠢᠭ︾ | ᠢᠶᠠᠷ ᠪᠠᠷᠢᠮᠵᠢᠶ᠎ᠠ ᠪᠤᠯᠭᠠᠵᠦ᠂ ᠴᠡᠪᠡᠷ ᠲᠡᠭᠰᠢ᠂ ᠵᠢᠭᠳᠡ᠂ ᠵᠤᠬᠢᠬᠤ ᠬᠤᠷᠳᠤᠴᠠ ᠲᠠᠢ ᠪᠢᠴᠢᠬᠦ ᠶᠢ ᠵᠢᠭᠠᠵᠦ ᠪᠠᠶᠢᠨ᠎ᠠ᠃ | ᠲᠦᠷᠢᠮᠵᠢᠬᠦᠨ ᠪᠢᠴᠢᠯᠭᠡ ᠪᠠᠷ ᠵᠦᠪ ᠲᠡᠭᠰᠢ᠂ ᠴᠡᠪᠡᠷ ᠵᠢᠭᠳᠡ ᠪᠢᠴᠢᠵᠦ ᠢᠯᠡᠳᠬᠡᠬᠦ ᠨᠢ ᠬᠦᠮᠦᠰ ᠤᠨ ᠦᠰᠦᠭ | ᠪᠢᠴᠢᠭ ᠢᠶᠠᠷ ᠬᠠᠷᠢᠯᠴᠠᠬᠤ ᠬᠠᠮᠤᠭ ᠤᠨ ᠦᠨᠳᠤᠰᠦᠨ ᠠᠷᠭ᠎ᠠ ᠵᠠᠮ ᠮᠦᠷᠳᠡᠭᠡᠨ ᠡᠬᠡ ᠬᠡᠯᠡ ᠪᠠᠨ ᠰᠤᠷᠴᠤ ᠬᠡᠷᠡᠭᠯᠡᠬᠦ | ᠶᠢᠨ ᠰᠠᠭᠤᠷᠢ ᠪᠤᠯᠤᠨ᠎ᠠ᠃ ᠮᠤᠩᠭᠤᠯ ᠬᠡᠯᠡᠨ ᠤ ᠲᠦᠷᠢᠮᠵᠢᠬᠦᠨ ᠪᠢᠴᠢᠯᠭᠡ ᠨᠢ ᠠᠳᠠᠯᠢ ᠪᠤᠰᠤ ᠱᠠᠳᠤᠨ ᠳᠤ ᠠᠳᠠᠯᠢ | ᠪᠤᠰᠤ ᠶᠢᠨ ᠱᠠᠭᠠᠷᠳᠠᠯᠭ᠎ᠠ ᠲᠠᠢ ᠪᠠᠶᠢᠳᠠᠭ᠃ ᠪᠠᠭ᠎ᠠ ᠰᠤᠷᠭᠠᠭᠤᠯᠢ ᠶᠢᠨ ᠲᠤᠤᠷ᠎ᠠ ᠤᠨ ᠤ ᠲᠦᠷᠢᠮᠵᠢᠬᠦᠨ ᠪᠢᠴᠢᠯᠭᠡ | ᠶᠢᠨ ᠱᠠᠭᠠᠷᠳᠠᠯᠭ᠎ᠠ ᠭᠡᠪᠡᠯ ᠴᠠᠭᠠᠨ ᠲᠤᠯᠤᠭᠠᠢ ᠶᠢᠨ ᠵᠢᠷᠤᠯᠭ᠎ᠠ ᠶᠢᠨ ᠨᠡᠷ᠎ᠡ ᠶᠢ ᠮᠡᠳᠡᠵᠦ᠂ ᠦᠪᠡᠷ ᠤᠨ ᠰᠤᠷᠴᠤ | ᠡᠵᠡᠮᠰᠢᠭᠰᠡᠨ ᠦᠰᠦᠭ ᠢᠶᠠᠨ ᠲᠠᠪᠤᠨ ᠱᠤᠭᠤᠮ ᠳᠤ ᠵᠦᠪ᠂ ᠴᠡᠪᠡᠷ ᠲᠦᠷᠢᠮᠵᠢᠬᠦᠨ ᠰᠠᠶᠢᠬᠠᠨ ᠵᠤᠬᠢᠬᠤ ᠬᠤᠷᠳᠤᠴᠠ | ᠲᠠᠢ ᠪᠢᠴᠢᠵᠦ ᠴᠢᠳᠠᠬᠤ ᠶᠠᠪᠤᠳᠠᠯ ᠪᠤᠯᠤᠨ᠎ᠠ᠃ ᠲᠡᠭᠡᠪᠡᠯ ᠰᠤᠷᠤᠭᠴᠢᠳ ᠢ ᠡᠨᠡ ᠲᠠᠯ᠎ᠠ ᠪᠠᠷ ᠬᠡᠷᠬᠢᠨ ᠵᠢᠭᠠᠨ | ᠵᠢᠯᠤᠭᠤᠳᠬᠤ ᠲᠤᠬᠠᠢ ᠲᠤᠪᠴᠢ ᠶᠠᠷᠢᠶ᠎ᠠ︕ | ᠨᠢᠭᠡ᠂ ᠪᠠᠭᠰᠢ ᠵᠠᠪᠠᠯ ᠦᠪᠡᠷ ᠤᠨ ᠪᠡᠶ᠎ᠡ ᠪᠠᠷ ᠢᠶᠠᠨ ᠬᠡᠪ ᠲᠦᠷᠢᠮ ᠪᠤᠯᠬᠤ ᠬᠡᠷᠡᠭᠳᠡᠢ᠃ | ᠤᠴᠢᠷ ᠨᠢ ᠪᠠᠭ᠎ᠠ ᠬᠡᠦᠬᠡᠳ ᠤᠨ ᠲᠠᠷᠢᠬᠢᠨ ᠳᠤ ᠪᠠᠭᠰᠢ ᠬᠦᠮᠦᠨ ᠤ ᠨᠢᠭᠡ ᠦᠭᠡ ᠨᠢᠬᠡ ᠬᠦᠳᠡᠯᠦᠯ ᠨᠢ ᠴᠦᠮ | ᠵᠢᠷᠤᠭ ᠱᠤᠭᠤᠭᠰᠠᠨ ᠮᠠᠳᠦ ᠰᠡᠶᠢᠯᠦᠭᠳᠡᠨ ᠬᠤᠴᠤᠷᠳᠠᠭ ᠪᠤᠯᠬᠤᠷ ᠪᠠᠭᠰᠢ ᠬᠦᠮᠦᠨ ᠴᠠᠭ ᠢᠮᠠᠭᠳᠠ ᠪᠡᠶ᠎ᠡ ᠪᠠᠨ | ᠴᠢᠩᠭ᠎ᠠ ᠱᠠᠭᠠᠷᠳᠠᠵᠦ ᠰᠠᠮᠪᠠᠷ᠎ᠠ ᠲᠡᠭᠡᠷ᠎ᠡ ᠪᠢᠴᠢᠬᠦ᠂ ᠲᠠᠰᠬᠠᠯ ᠪᠤᠯᠪᠠᠰᠤᠷᠠᠯ ᠢ ᠴᠤᠬᠤᠪᠤᠷᠢᠯᠠᠬᠤ ᠲᠤ ᠬᠦᠷᠳᠡᠯ᠎ᠡ ᠴᠡᠪᠡᠷ | ᠭᠤᠶᠤᠬᠠᠨ᠂ ᠵᠦᠪ ᠲᠦᠷᠢᠮᠵᠢᠬᠦᠨ ᠰᠠᠶᠢᠬᠠᠨ ᠪᠢᠴᠢᠬᠦ ᠶᠢ ᠠᠩᠬᠠᠷᠴᠤ ᠬᠢᠴᠢᠶᠡᠩᠭᠦ᠋ᠢᠯᠠᠨ ᠪᠡᠶᠡᠯᠡᠬᠦᠯᠬᠦ ᠬᠡᠷᠡᠭᠳᠡᠢ᠃ | ᠬᠤᠶᠠᠷ᠂ ᠰᠤᠷᠤᠭᠴᠢᠳ ᠢ ᠨᠢᠭᠡᠳᠦᠭᠡᠷ ᠤᠨ ᠤ ᠡᠬᠢᠨ ᠤ ᠬᠤᠭᠤᠴᠠᠭ᠎ᠠ ᠠᠴᠠ ᠨᠢ ᠡᠬᠢᠯᠡᠨ ᠲᠠᠪᠤᠨ ᠱᠤᠭᠤᠮ | ᠲᠤ ᠪᠢᠴᠢᠬᠦᠯᠦᠨ ᠰᠤᠷᠭᠠᠵᠦ᠂ ᠦᠰᠦᠭ ᠤᠨ ᠵᠢᠷᠤᠯᠭ᠎ᠠ᠂ ᠨᠡᠷᠡᠶᠢᠳᠦᠯ ᠢ ᠵᠠᠪᠠᠯ ᠨᠠᠷᠢᠯᠢᠭ ᠰᠠᠶᠢᠬᠠᠨ ᠮᠡᠳᠡᠬᠦᠯᠵᠦ | ᠵᠢᠭᠠᠨ ᠵᠢᠯᠤᠭᠤᠳᠬᠤ ᠬᠡᠷᠡᠭᠳᠡᠢ᠃ | ᠪᠠᠭᠰᠢ ᠠᠴᠠ ᠵᠠᠪᠠᠯ ᠰᠢᠨ᠎ᠡ ᠰᠤᠷᠬᠤ ᠠᠭᠤᠯᠭ᠎ᠠ ᠪᠠᠨ ᠲᠠᠪᠤᠨ ᠱᠤᠭᠤᠮ ᠳᠤ ᠰᠠᠮᠪᠠᠷ᠎ᠠ ᠳᠤ ᠲᠠᠭᠠᠭᠤᠯᠦᠨ | ᠪᠢᠴᠢᠬᠦᠯᠵᠦ᠂ ᠰᠤᠷᠤᠭᠴᠢᠳ ᠢ ᠯᠠᠪᠳᠠᠭᠤᠨ ᠪᠠᠳᠤᠳᠠᠢ ᠡᠵᠡᠮᠰᠢᠬᠦᠯᠬᠦ ᠬᠡᠷᠡᠭᠳᠡᠢ᠃ ᠡᠨᠡ ᠨᠢ ᠵᠦᠪᠬᠡᠨ ᠨᠢᠬᠡ ᠯᠡ ᠴᠠᠭ | ᠤᠨ ᠬᠤᠭᠤᠴᠠᠭᠠᠨ ᠤ ᠠᠵᠢᠯᠯᠠᠭ᠎ᠠ ᠪᠢᠰᠢ᠂ ᠬᠠᠷᠢᠨ ᠤᠷᠳᠤ ᠬᠤᠭᠤᠴᠠᠭᠠᠳᠤ᠂ ᠲᠡᠰᠪᠦᠷᠢ ᠲᠠᠭᠠᠮᠠᠭᠠᠢ ᠤᠷᠤᠯᠳᠤᠬᠤ | ᠨᠢᠭᠡᠨ ᠬᠠᠳᠠᠭᠤᠵᠢᠯᠳᠠᠢ ᠰᠢᠷᠭᠠᠭᠤ ᠠᠵᠢᠯᠯᠠᠭ᠎ᠠ ᠪᠤᠯᠬᠤ ᠶᠤᠮ᠃ ᠡᠶᠢᠮᠦ ᠠᠴᠠ ᠮᠠᠨ ᠤ ᠪᠠᠭᠰᠢ ᠨᠠᠷ ᠤᠳᠠᠭᠠᠨ | ᠲᠠᠭᠠᠮᠠᠭᠠᠢ ᠤᠷᠤᠯᠳᠤᠵᠦ᠂ ᠰᠤᠷᠤᠭᠴᠢ ᠪᠠᠨ ᠵᠠᠪᠠᠯ ᠵᠦᠪ ᠲᠦᠷᠢᠮᠵᠢᠬᠦᠨ ᠰᠠᠶᠢᠬᠠᠨ ᠪᠢᠴᠢᠬᠦᠯᠵᠦ ᠰᠤᠷᠭᠠᠨ᠎ᠠ᠃ | ᠭᠤᠷᠪᠠ᠂ ᠪᠠᠭᠰᠢ ᠠᠴᠠ ᠰᠤᠷᠤᠭᠴᠢ ᠪᠠᠨ ᠵᠠᠪᠠᠯ ᠴᠠᠭ ᠲᠤᠬᠠᠢ ᠳᠤ ᠨᠢ ᠵᠢᠭᠠᠨ ᠵᠢᠯᠤᠭᠤᠳᠬᠤ ᠬᠡᠷᠡᠭᠳᠡᠢ᠃ | ᠰᠤᠷᠤᠭᠴᠢᠳ ᠤᠨ ᠲᠠᠰᠢᠶ᠎ᠠ ᠪᠢᠴᠢᠯᠬᠡ᠂ ᠦᠰᠦᠭ ᠤᠨ ᠵᠢᠷᠤᠯᠭ᠎ᠠ᠂ ᠡᠯᠧᠮᠧᠨᠲ ᠢ ᠴᠠᠭ ᠲᠤᠬᠠᠢ ᠳᠤᠨᠢ | ᠬᠢᠨᠠᠵᠦ ᠪᠠᠶᠢᠴᠠᠭᠠᠨ᠂ ᠰᠤᠷᠤᠭᠴᠢ ᠶᠢ ᠵᠢᠭᠠᠨ ᠵᠢᠯᠤᠭᠤᠳᠴᠤ ᠠᠯᠳᠠᠭ᠎ᠠ ᠪᠤᠷᠤᠭᠤ ᠶᠢ ᠨᠢ ᠵᠠᠯᠠᠷᠠᠭᠤᠯᠤᠨ ᠦᠭᠴᠦ᠂ | ᠵᠦᠪ ᠲᠦᠷᠢᠮᠵᠢᠬᠦᠨ ᠪᠢᠴᠢᠬᠦᠯᠵᠦ ᠰᠤᠷᠭᠠᠨ᠎ᠠ᠃ | ᠲᠦᠷᠪᠡ᠂ ᠡᠳᠦᠷ ᠪᠤᠯᠭᠠᠨ ᠲᠦᠷᠢᠮᠵᠢᠬᠦᠨ ᠪᠢᠴᠢᠯᠭᠡ ᠶᠢᠨ ᠪᠤᠯᠪᠠᠰᠤᠷᠠᠯ ᠢ ᠬᠢᠯᠭᠡᠨ᠎ᠡ᠃ | ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾ ᠭᠡᠳᠡᠭᠴᠢᠯᠡᠨ ᠪᠢᠳᠡ | ᠵᠠᠪᠠᠯ ᠰᠤᠷᠤᠭᠴᠢᠳ ᠲᠤ ᠬᠠᠷᠠᠬᠠᠨ ᠪᠠᠭ᠎ᠠ ᠠᠴᠠ ᠨᠢ ᠨᠠᠷᠢᠨ ᠬᠢᠨᠠᠮᠠᠭᠠᠢ ᠪᠡᠶ᠎ᠠ ᠲᠠᠭᠠᠭᠠᠨ ᠰᠤᠷᠤᠯᠴᠠᠬᠤ ᠲᠠᠳᠬᠠᠯ ᠢ | ᠪᠤᠢ ᠪᠤᠯᠭᠠᠨ ᠦᠭᠬᠦ ᠬᠡᠷᠡᠭᠳᠡᠢ᠃ ᠡᠨᠡ ᠨᠢ ᠲᠡᠬᠦᠨ ᠤ ᠬᠤᠵᠢᠮ ᠬᠤᠶᠢᠰᠢᠳᠠ ᠶᠢᠨ ᠰᠤᠷᠤᠯᠭ᠎ᠠ ᠳᠤ ᠲᠤᠩ ᠶᠡᠭᠡ | ᠠᠴᠢ ᠬᠤᠯᠪᠤᠭᠳᠠᠯ ᠲᠠᠢ ᠶᠤᠮ᠃ ᠡᠶᠢᠮᠦ ᠠᠴᠠ ᠪᠠᠭᠰᠢ ᠨᠠᠷ ᠡᠨᠡᠬᠦ ᠲᠠᠯ᠎ᠠ ᠶᠢᠨ ᠪᠤᠯᠪᠠᠰᠤᠷᠠᠯ ᠢ ᠬᠢᠯᠬᠡᠬᠦ ᠳᠡᠭᠡᠨ | ᠶᠠᠭᠤᠨ ᠤ ᠡᠮᠦᠨ᠎ᠡ ᠦᠵᠡᠯ ᠰᠠᠨᠠᠭᠠᠨ ᠤ ᠬᠦᠮᠦᠵᠢᠯ ᠢ ᠰᠠᠶᠢᠳᠤᠷ ᠬᠢᠭᠰᠡᠨ ᠪᠠᠶᠢᠬᠤ ᠬᠡᠷᠡᠭᠳᠡᠢ᠃ ᠤᠴᠢᠷ ᠨᠢ ᠡᠨᠡᠬᠦ | ᠪᠤᠯᠪᠠᠰᠤᠷᠠᠯ ᠢ ᠬᠢᠬᠦ ᠳᠤ ᠪᠠᠭᠰᠢ ᠰᠤᠷᠤᠭᠴᠢ ᠶᠢᠨ ᠬᠠᠵᠠᠭᠤ ᠳᠤ ᠦᠬᠡᠢ᠂ ᠰᠤᠷᠤᠭᠴᠢ ᠪᠡᠶ᠎ᠠ ᠪᠠᠨ ᠲᠠᠭᠠᠭᠠᠨ | ᠪᠡᠶᠠᠯᠡᠬᠦᠯᠵᠦ ᠪᠠᠶᠢᠬᠤ ᠶᠤᠮ᠃ ᠭᠡᠪᠡᠴᠦ ᠬᠤᠭᠤᠰᠤᠨ ᠦᠵᠡᠯ ᠰᠠᠨᠠᠭᠠᠨ ᠤ ᠬᠦᠮᠦᠵᠢᠯ ᠢ ᠰᠤᠷᠤᠭᠴᠢᠳ ᠲᠤ ᠬᠢᠭᠡᠳ | ᠪᠤᠯᠬᠤ ᠶᠤᠮ ᠪᠢᠰᠢ᠂ ᠬᠠᠷᠢᠨ ᠪᠢᠴᠢᠬᠦ ᠠᠷᠭ᠎ᠠ ᠠᠪᠴᠠᠯ ᠤᠨ ᠲᠠᠯ᠎ᠠ ᠠᠴᠠ ᠵᠢᠭᠠᠨ ᠵᠢᠯᠤᠭᠤᠳᠬᠤ ᠬᠡᠷᠡᠭᠳᠡᠢ᠃ | ᠰᠤᠷᠤᠭᠴᠢᠳ ᠢ ᠵᠠᠪᠠᠯ ᠬᠢᠴᠢᠶᠡᠯ ᠤᠨ ᠭᠠᠳᠠᠭᠤᠷ ᠬᠤᠷᠢᠨ ᠮᠢᠨᠦ᠋ᠲ ᠤᠨ ᠴᠠᠭ ᠢ ᠵᠠᠷᠤᠴᠠᠭᠤᠯᠵᠦ᠂ ᠡᠳᠦᠷ ᠪᠤᠯᠭᠠᠨ | ᠬᠠᠯᠠᠰᠢᠷᠠᠯ ᠦᠬᠡᠢ ᠪᠠᠷ ᠰᠡᠳᠭᠢᠯ ᠲᠠᠯᠪᠢᠨ ᠲᠠᠪᠤᠨ ᠱᠤᠭᠤᠮ ᠲᠤ 4 - 8 ᠱᠤᠭᠤᠮ ᠨᠠᠷᠢᠨ ᠬᠢᠨᠠᠮᠠᠭᠠᠢ ᠵᠦᠪ | ᠲᠦᠷᠢᠮᠵᠢᠬᠦᠨ ᠰᠠᠶᠢᠬᠠᠨ ᠪᠢᠴᠢᠬᠦᠯᠦᠨ᠎ᠠ᠃ ᠬᠡᠬᠦ ᠳᠡᠭᠡᠨ ᠦᠰᠦᠭ ᠤᠨ ᠶᠡᠭᠡ ᠪᠠᠭ᠎ᠠ ᠶᠢ ᠲᠡᠩᠴᠡᠭᠦᠷᠢᠳᠡᠢ ᠪᠢᠴᠢᠬᠦ᠂ | ᠲᠠᠰᠬᠠᠯ ᠢᠶᠠᠨ ᠬᠤᠭᠤᠰᠤᠨ ᠢᠶᠠᠷ ᠦᠯᠦ ᠦᠯᠡᠳᠡᠭᠡᠬᠦ᠂ ᠤᠯᠠᠭᠠᠨ ᠮᠦᠷ ᠢ ᠠᠩᠬᠠᠷᠬᠤ ᠵᠡᠷᠭᠡ ᠲᠠᠯ᠎ᠠ ᠪᠠᠷ | ᠰᠤᠷᠤᠭᠴᠢ ᠳᠡᠭᠡᠨ ᠰᠠᠶᠢᠬᠠᠨ ᠠᠩᠬᠠᠷᠤᠭᠤᠯᠵᠦ ᠨᠠᠷᠢᠨ ᠬᠢᠨᠠᠮᠠᠭᠠᠢ ᠰᠠᠶᠢᠬᠠᠨ ᠪᠢᠴᠢᠬᠦᠯᠵᠦ ᠰᠤᠷᠭᠠᠨ᠎ᠠ᠃ | ᠲᠠᠪᠤ᠂ ᠰᠤᠷᠤᠭᠴᠢᠳ ᠢ ᠵᠠᠪᠠᠯ ᠦᠰᠦᠭ ᠢᠶᠠᠨ ᠴᠡᠭᠡᠵᠢᠯᠡᠭᠰᠡᠨ ᠰᠠᠭᠤᠷᠢᠨ ᠲᠡᠭᠡᠷ᠎ᠡ ᠴᠡᠭᠡᠵᠢ ᠪᠠᠷ ᠪᠢᠴᠢᠬᠦ | ᠲᠠᠳᠬᠠᠯ ᠲᠠᠢ ᠪᠤᠯᠭᠠᠨ ᠬᠦᠮᠦᠵᠢᠬᠦᠯᠬᠦ ᠬᠡᠷᠡᠭᠳᠡᠢ᠃ | ᠡᠨᠡ ᠲᠠᠯ᠎ᠠ ᠶᠢᠨ ᠠᠰᠠᠭᠤᠳᠠᠯ ᠨᠢ ᠮᠦᠨ ᠴᠦ ᠪᠠᠭᠰᠢ ᠨᠠᠷ ᠤᠨ ᠰᠠᠨᠠᠭᠠᠨ ᠳᠠᠭᠠᠨ ᠠᠪᠬᠤ ᠴᠢᠬᠤᠯᠠ ᠲᠠᠢ ᠨᠢᠭᠡᠨ | ᠠᠰᠠᠭᠤᠳᠠᠯ ᠪᠤᠯᠤᠨ᠎ᠠ᠃ ᠮᠠᠨ ᠤ ᠤᠯᠠᠩᠬᠢ ᠰᠤᠷᠤᠭᠴᠢᠳ ᠭᠡᠷ ᠤᠨ ᠠᠵᠢᠯ ᠭᠡᠰᠡᠨ ᠦᠬᠡᠢ ᠪᠠᠭᠰᠢ ᠶᠢᠨ ᠲᠠᠰᠬᠠᠯ | ᠭᠡᠰᠡᠨ ᠦᠬᠡᠢ᠂ ᠲᠠᠰᠬᠠᠯ ᠦᠯᠡᠳᠡᠭᠰᠡᠭᠡᠷ ᠶᠠᠭᠠᠷᠠᠤ ᠰᠠᠨᠳᠤᠷᠤᠤ ᠬᠤᠷᠳᠤᠨ ᠬᠢᠵᠦ ᠲᠠᠭᠤᠰᠬᠠᠬᠤ ᠶᠢ ᠰᠠᠨᠳᠤᠷᠴᠤ᠂ | ᠨᠡᠩ ᠢᠯᠠᠩᠭᠤᠶ᠎ᠠ ᠮᠤᠩᠭᠤᠯ ᠦᠰᠦᠭ ᠢ ᠪᠢᠴᠢᠬᠦ ᠳᠤ ᠵᠦᠪ ᠪᠢᠴᠢᠬᠦ ᠶᠢ ᠡᠷᠬᠢᠮᠯᠡᠵᠦ ᠦᠵᠡᠬᠦ ᠦᠬᠡᠢ᠂ ᠬᠠᠷᠢᠨ | ᠬᠤᠷᠳᠤᠨ ᠢ ᠡᠷᠬᠢᠮᠯᠡᠵᠦ᠂ ᠨᠢᠭᠡ ᠶᠢ ᠦᠵᠡᠨ᠂ ᠨᠢᠭᠡ ᠶᠢ ᠪᠢᠴᠢᠵᠦ᠂ ᠬᠠᠮᠤᠭ ᠰᠡᠬᠦᠯ ᠳᠤ ᠪᠢᠴᠢᠭᠰᠡᠨ ᠦᠰᠦᠭ ᠨᠢ | ᠮᠤᠭᠠᠢ ᠶᠠᠪᠤᠵᠦ ᠪᠠᠶᠢᠬᠤ ᠮᠡᠳᠦ ᠮᠤᠰᠬᠢᠷᠠᠨ ᠬᠠᠷᠠᠭᠳᠠᠵᠦ ᠨᠡᠯᠢᠶᠡᠳ ᠦᠰᠦᠭ ᠢᠶᠠᠨ ᠪᠤᠷᠤᠭᠤ ᠪᠢᠴᠢᠭᠰᠠᠨ ᠪᠠᠶᠢᠳᠠᠭ᠃ | ᠨᠠᠩ ᠴᠢᠬᠤᠯᠠ ᠨᠢ ᠦᠰᠦᠭ ᠢᠶᠠᠨ ᠪᠠᠰᠠ ᠵᠦᠪ ᠡᠵᠡᠮᠰᠢᠵᠦ ᠲᠡᠶᠢᠯᠦᠭᠰᠡᠨ ᠦᠬᠡᠢ ᠪᠠᠶᠢᠳᠠᠭ᠃ ᠡᠶᠢᠮᠦ ᠠᠴᠠ | ᠰᠤᠷᠤᠭᠴᠢᠳ ᠢ ᠵᠦᠪ ᠲᠠᠯ᠎ᠠ ᠠᠴᠠ ᠵᠢᠯᠤᠭᠤᠳᠤᠨ ᠦᠰᠦᠭ ᠢᠶᠠᠨ ᠵᠠᠪᠠᠯ ᠵᠦᠪ ᠤᠡᠭᠰᠢᠵᠦ ᠴᠡᠡᠭᠡᠵᠢᠯᠡᠭᠰᠡᠨ ᠰᠠᠭᠤᠷᠢᠨ | ᠲᠡᠭᠡᠷ᠎ᠡ ᠰᠠᠶ᠋ᠢ ᠪᠢᠴᠢᠬᠦᠯᠦᠨ᠎ᠠ᠃ ᠡᠨᠡ ᠨᠢ ᠦᠰᠦᠭ ᠤᠨ ᠨᠢᠷᠤᠭᠤ ᠶᠢ ᠠᠰᠬᠠᠨ ᠭᠠᠷᠭᠠᠬᠤ᠂ ᠦᠰᠦᠭ ᠨᠢ ᠲᠤᠮᠳᠠ | ᠪᠠᠨ ᠲᠠᠰᠤᠯᠳᠠᠵᠦ ᠦᠵᠡᠭᠳᠡᠬᠦ ᠦᠬᠡᠢ ᠪᠠᠶᠢᠵᠦ᠂ ᠦᠰᠦᠭ ᠢ ᠲᠦᠷᠢᠮᠵᠢᠬᠦᠨ ᠲᠡᠭᠰᠢ ᠪᠢᠴᠢᠬᠦ ᠳᠤ ᠲᠤᠩ ᠴᠢᠬᠤᠯᠠ | ᠪᠠᠶᠢᠳᠠᠭ᠃ | ᠵᠢᠷᠭᠤᠭ᠎ᠠ᠂ ᠰᠤᠷᠤᠭᠴᠢ ᠪᠠᠨ ᠦᠷᠬᠦᠯᠵᠢ ᠵᠤᠷᠢᠭᠵᠢᠭᠤᠯᠵᠦ ᠪᠠᠶᠢᠬᠤ ᠬᠡᠷᠡᠭᠳᠡᠢ᠃ | ︽ᠬᠦᠴᠦ ᠪᠠᠷ ᠮᠢᠩᠭᠠᠨ ᠵᠢᠩ ᠢ ᠡᠷᠬᠦᠬᠦ ᠳᠤ ᠠᠷᠭ᠎ᠠ ᠪᠠᠷ ᠲᠦᠮᠡᠨ ᠵᠢᠩ ᠢ ᠡᠷᠬᠦᠨ᠎ᠡ︾ ᠭᠡᠰᠡᠨ ᠮᠡᠷᠭᠡᠨ | ᠦᠭᠡ ᠪᠠᠶᠢᠳᠠᠭ᠃ ᠡᠶᠢᠮᠦ ᠠᠴᠠ ᠮᠠᠨ ᠤ ᠪᠠᠭᠰᠢ ᠪᠤᠯᠤᠭᠰᠠᠳ ᠰᠤᠷᠤᠭᠴᠢᠳ ᠢ ᠬᠠᠷ᠎ᠠ ᠠᠯᠪᠠ ᠪᠠᠷ ᠱᠠᠭᠠᠷᠳᠠᠵᠦ | ᠪᠢᠴᠢᠬᠦᠯᠬᠦ ᠪᠢᠰᠢ᠂ ᠬᠠᠷᠢᠨ ᠰᠤᠷᠤᠭᠴᠢᠳ ᠤᠨ ᠢᠶᠠᠨ ᠦᠴᠦᠬᠡᠨ ᠴᠦ ᠭᠡᠰᠡᠨ ᠲᠠᠪᠠᠭᠤᠯᠢᠭ ᠲᠠᠯ᠎ᠠ ᠠᠮᠵᠢᠯᠳᠠ ᠲᠠᠢ | ᠲᠠᠯ᠎ᠠ ᠶᠢ ᠮᠠᠭᠳᠠᠨ ᠵᠤᠷᠢᠭᠵᠢᠭᠤᠯᠵᠦ᠂ ᠰᠤᠷᠤᠭᠴᠢᠳ ᠢ ᠵᠠᠪᠠᠯ ᠪᠠᠶ᠎ᠡ ᠳᠡᠭᠡᠨ ᠢᠳᠡᠭᠡᠯ ᠲᠠᠢ ᠪᠤᠯᠭᠠᠨ᠂ ᠦᠪᠡᠷ ᠤᠨ | ᠲᠤᠳᠤᠭᠠᠳᠤ ᠰᠡᠳᠬᠢᠯᠬᠡ ᠠᠴᠠ ᠪᠠᠨ ᠦᠨᠳᠦᠰᠦᠳᠡᠨ ᠤ ᠦᠭᠡ ᠬᠡᠯᠡ ᠪᠠᠨ ᠰᠤᠷᠬᠤ ᠤᠷᠮᠠᠰᠢᠯ ᠲᠠᠢ ᠪᠤᠯᠭᠠᠨ᠎ᠠ᠃ | ᠵᠢᠱᠢᠶᠡᠯᠡᠪᠠᠯ᠄ ᠲᠠᠰᠬᠠᠯ ᠪᠤᠯᠪᠠᠰᠤᠷᠠᠯ ᠢ ᠴᠤᠬᠤᠪᠤᠷᠢᠯᠠᠬᠤ ᠳᠤ ︽ᠰᠢᠯᠢᠳᠡᠭ︾᠂ ︽ᠰᠠᠶᠢᠨ︾᠂ ︽ᠪᠢᠴᠢᠬᠠᠨ | ᠤᠷᠠᠨ ᠪᠢᠴᠢᠯᠭᠡᠳᠡᠨ ᠲᠡᠭᠡᠨ ᠪᠠᠶᠠᠷ ᠬᠦᠷᠭᠡᠶ᠎ᠡ︾᠂ ︽ᠲᠤᠩ ᠭᠤᠶᠤ ᠪᠢᠴᠢᠯ᠎ᠡ︾᠂ ︽ᠪᠦᠷᠢᠨ ᠵᠦᠪ ᠪᠢᠴᠢᠯ᠎ᠠ︾ | ᠬᠡᠬᠦ ᠮᠡᠳᠣ ᠶᠢᠨ ᠮᠠᠬᠳᠠᠭᠠᠯ ᠵᠣᠷᠢᠬᠵᠢᠭᠤᠯᠣᠯ ᠤᠨ ᠦᠬᠡ ᠶᠢ ᠣᠯᠠᠨ ᠰᠢᠭ᠋ ᠪᠢᠴᠢᠵᠣ᠂ ᠲᠡᠳᠠᠨ ᠢ ᠪᠠᠶᠠᠷᠯᠠᠭᠤᠯᠣᠨ᠂ | ᠬᠠᠶᠠ ᠵᠠᠷᠢᠮ ᠳᠤ ᠪᠠᠨ ᠣᠨᠴᠠ ᠰᠠᠶᠢᠬᠠᠨ ᠪᠢᠴᠢᠭᠰᠡᠨ ᠰᠣᠷᠣᠬᠴᠢ ᠶᠢᠨ ᠲᠠᠰᠬᠠᠯ ᠪᠣᠯᠪᠠᠰᠣᠷᠠᠯ ᠢ ᠣᠯᠠᠨ ᠤ ᠲᠣᠮᠳᠠ | ᠲᠡᠯᠬᠡᠨ ᠦᠵᠡᠬᠦᠯᠬᠦ᠂ ᠬᠠᠷᠢᠯᠴᠠᠨ ᠲᠠᠭᠤᠷᠢᠶᠠᠨ ᠪᠢᠴᠢᠬᠦᠯᠬᠦ᠂ ᠪᠣᠳᠠᠰ ᠢᠶᠠᠷ ᠱᠠᠩᠨᠠᠬᠤ ᠬᠦᠬᠢᠬᠦᠯᠣᠯ ᠤᠨ ᠲᠡᠮᠳᠡᠭ | ᠦᠭᠴᠣ ᠵᠣᠷᠢᠬᠵᠢᠭᠤᠯᠬᠤ ᠬᠡᠬᠦ ᠮᠡᠳᠣ ᠶᠢᠨ ᠠᠷᠭ᠎ᠠ ᠶᠢ ᠬᠠᠪᠰᠣᠷᠭᠠᠨ ᠬᠡᠷᠡᠭᠯᠡᠵᠣ ᠪᠣᠯᠣᠨ᠎ᠠ᠃ | ᠲᠣᠯᠤᠭ᠎ᠠ᠂ ᠴᠡᠪᠠᠷ ᠪᠢᠴᠢᠯᠭᠡ ᠶᠢᠨ ᠣᠷᠣᠯᠳᠣᠭᠠᠨ ᠢ ᠦᠷᠬᠦᠯᠵᠢ ᠶᠢᠨ ᠴᠢᠨᠠᠷᠳᠠᠢ ᠶᠠᠪᠣᠬᠳᠠᠭᠤᠯᠬᠤ ᠬᠡᠷᠡᠭᠳᠠᠢ᠃ | | ᠣᠷᠣᠯᠳᠣᠭᠠᠨ ᠮᠦᠷᠦ᠋ᠢᠴᠡᠬᠡᠨ ᠢᠶᠠᠷ ᠰᠣᠷᠣᠬᠴᠢ ᠶᠢᠨ ᠣᠷᠮ᠎ᠠ ᠶᠢ ᠬᠦᠭᠵᠢᠬᠡᠬᠦ ᠨᠢ ᠪᠠᠰᠠ ᠨᠢᠬᠡᠨ ᠴᠢᠬᠤᠯᠠ | ᠠᠷᠭ᠎ᠠ ᠶᠤᠮ᠃ ᠣᠴᠢᠷ ᠨᠢ ᠣᠷᠣᠯᠳᠣᠭᠠᠨ ᠮᠦᠷᠦ᠋ᠢᠴᠡᠬᠡᠨ ᠢᠶᠠᠷ ᠲᠠᠮᠵᠢᠨ ᠰᠣᠷᠣᠬᠴᠢᠳ ᠦᠪᠠᠷ ᠤᠨ ᠲᠠᠪᠠᠭᠤᠯᠢᠭ | ᠲᠠᠯ᠎ᠠ᠂ ᠲᠠᠪᠰᠢᠯᠳᠠ ᠲᠠᠢ ᠲᠠᠯ᠎ᠠ ᠪᠠᠨ ᠣᠯᠵᠣ ᠮᠡᠳᠡᠨ᠂ ᠡᠬᠦᠨ ᠢᠶᠠᠷ ᠲᠠᠮᠵᠢᠨ ᠣᠯᠠᠮ ᠵᠣᠷᠢᠬᠵᠢᠨ᠂ ᠦᠪᠠᠷ ᠤᠨ | ᠪᠡᠶ᠎ᠠ ᠳᠡᠭᠡᠨ ᠨᠡᠩ ᠢᠳᠡᠬᠡᠯ ᠲᠠᠢ ᠪᠣᠯᠵᠣ᠂ ᠨᠡᠩ ᠣᠷᠮ᠎ᠠ ᠲᠠᠢ ᠴᠢᠷᠮᠠᠶᠢᠨ ᠰᠣᠷᠣᠯᠴᠠᠳᠠᠭ ᠪᠠᠶᠢᠨ᠎ᠠ᠃ ᠡᠶᠢᠮᠣ ᠠᠴᠠ | ᠮᠠᠨ ᠤ ᠪᠠᠭᠰᠢᠨᠠᠷ ᠰᠣᠷᠣᠬᠴᠢᠳ ᠤᠨ ᠦᠪᠠᠷ ᠢ ᠪᠠᠨ ᠢᠯᠡᠷᠡᠬᠦᠯᠬᠦ ᠲᠣᠷᠠᠳᠠᠢ ᠪᠠᠶᠢᠳᠠᠭ ᠣᠨᠴᠠᠯᠢᠭ ᠢ ᠪᠠᠷᠢᠵᠣ᠂ | ᠦᠪᠠᠷ ᠤᠨ ᠢᠶᠠᠨ ᠵᠢᠭᠠᠨ ᠰᠣᠷᠭᠠᠬᠤ ᠦᠷ᠎ᠡ ᠠᠰᠢᠭ ᠢᠶᠠᠨ ᠲᠡᠬᠡᠭᠰᠢᠯᠡᠬᠦᠯᠵᠣ ᠪᠣᠯᠬᠤ ᠶᠤᠮ᠃ | ᠲᠡᠬᠡᠷᠡᠬᠢ ᠲᠣᠷᠡᠳᠣᠯᠳᠠ ᠨᠢ ᠵᠦᠪᠬᠡᠨ ᠬᠤᠪᠢ ᠬᠦᠮᠣᠨ ᠤ ᠦᠴᠣᠬᠡᠨ ᠪᠠᠭ᠎ᠠ ᠣᠯᠣᠯᠳᠠ ᠲᠡᠳᠣᠢ ᠪᠣᠯᠣᠨ᠎ᠠ᠃ | ᠬᠠᠭᠤᠴᠢ ᠦᠬᠡᠨ ᠳᠤ ︽ᠣᠷᠠᠨ ᠪᠡᠷᠢ ᠪᠣᠯᠪᠠᠴᠣ ᠣᠳᠠᠰᠣ ᠵᠡᠬᠦᠣ ᠦᠬᠡᠢ ᠪᠣᠯ ᠣᠶᠣᠳᠠᠯ ᠣᠶᠣᠵᠣ ᠴᠢᠳᠠᠬᠤ ᠦᠬᠡᠢ | ︾ ᠬᠡᠳᠡᠭᠴᠢᠯᠠᠨ ᠦᠪᠠᠷ ᠤᠨ ᠦᠨᠳᠣᠰᠣᠳᠠᠨ ᠤ ᠪᠠᠨ ᠦᠬᠡ ᠬᠡᠯᠡ ᠦᠰᠦᠭ ᠪᠢᠴᠢᠬ ᠢᠶᠠᠨ ᠲᠦᠷᠢᠮᠵᠢᠬᠦᠨ ᠰᠠᠶᠢᠬᠠᠨ | ᠵᠦᠪ ᠪᠢᠴᠢᠬᠦ ᠨᠢ ᠦᠨᠡᠨᠳᠡᠬᠡᠨ ᠪᠠᠶᠢᠰᠢᠩ ᠤᠨ ᠰᠠᠭᠤᠷᠢ ᠪᠠᠨ ᠪᠠᠳᠣᠳᠠᠢ ᠲᠠᠯᠪᠢᠵᠣ ᠪᠠᠶᠢᠬᠤ ᠲᠠᠢ ᠠᠳᠠᠯᠢ ᠶᠤᠮ᠃ | ᠬᠡᠷᠪᠡ ᠦᠪᠡᠷ ᠤᠨ ᠦᠨᠳᠣᠰᠣᠳᠠᠨ ᠤ ᠪᠠᠨ ᠦᠬᠡ ᠦᠰᠦᠭ ᠢᠶᠠᠨ ᠲᠦᠷᠢᠮᠵᠢᠬᠦᠨ ᠵᠦᠪ ᠰᠠᠶᠢᠬᠠᠨ ᠪᠢᠴᠢᠵᠣ ᠴᠢᠳᠠᠬᠤ | ᠦᠬᠡᠢ ᠪᠣᠯ ᠬᠡᠷᠬᠢᠨ ᠦᠨᠳᠣᠰᠣᠳᠠᠨ ᠤ ᠪᠠᠨ ᠦᠬᠡ ᠬᠡᠯᠡ ᠳᠡᠭᠡᠨ ᠬᠠᠶᠢᠷᠠᠳᠠᠢ᠂ ᠨᠡᠩ ᠴᠢᠨᠠᠬᠰᠢᠯᠠᠨ ᠭᠦᠭᠵᠢᠬᠦᠯᠤᠨ | ᠪᠠᠳᠠᠷᠠᠭᠤᠯᠣᠶ᠎ᠠ ᠬᠡᠵᠣ ᠬᠡᠯᠡᠵᠣ ᠴᠢᠳᠠᠬᠤ ᠪᠢᠯᠡ︖ ᠡᠶᠢᠮᠣ ᠠᠴᠠ ᠪᠢᠳᠠ ᠬᠡᠣᠬᠡᠳ ᠢᠶᠠᠨ ᠬᠠᠷᠠᠬᠠᠨ ᠪᠠᠭ᠎ᠠ ᠠᠴᠠ ᠨᠢ | ᠮᠣᠩᠭᠤᠯ ᠦᠰᠦᠭ ᠢᠶᠠᠨ ᠵᠦᠪ ᠲᠦᠷᠢᠮᠵᠢᠬᠦᠨ ᠪᠢᠴᠢᠬᠦ ᠠᠴᠠ ᠡᠬᠢᠯᠡᠨ ᠵᠢᠭᠠᠨ ᠵᠢᠯᠣᠭᠤᠳᠴᠣ᠂ ᠮᠤᠩᠭᠤᠯ ᠬᠡᠯᠡ | ᠦᠰᠦᠭ ᠪᠢᠴᠢᠭ ᠢᠶᠠᠨ ᠰᠠᠶᠢᠨ ᠰᠤᠷᠴᠤ ᠡᠵᠡᠮᠰᠢᠬᠦ ᠶᠢᠨ ᠰᠠᠭᠤᠷᠢ ᠶᠢᠨ ᠰᠠᠭᠤᠷᠢ ᠶᠢ ᠪᠠᠳᠣ ᠲᠠᠯᠪᠢᠶ᠎ᠠ᠃ | | ᠵᠤᠬᠢᠶᠠᠭᠴᠢ ᠶᠢᠨ ᠬᠠᠶ᠋ᠢᠭ᠄ ᠠᠷᠤ ᠬᠤᠷᠴᠢᠨ ᠤ ᠬᠠᠨ ᠠᠭᠤᠯᠠ ᠪᠠᠭ᠎ᠠ ᠰᠤᠷᠭᠠᠭᠤᠯᠢ | |