ᠴᠠᠰᠤ ᠲᠠᠢ ᠴᠠᠰᠤ ᠦᠭᠡᠢ ᠭᠡᠳᠡᠭ ᠠᠴᠠ ᠰᠡᠳᠬᠢᠭᠳᠡᠭᠰᠡᠨ ᠨᠢ
ᠨᠡᠶᠢᠲᠡᠯᠡᠭᠰᠡᠨ ᠴᠠᠭ᠄
2015/1/17
        ᠡᠨᠡ ᠡᠪᠦᠯ ᠮᠠᠨ ᠤ ᠬᠡᠰᠢᠭᠳᠡᠨ ᠨᠤᠳᠤᠭ ᠲᠤ ᠦᠨᠳᠦᠰᠦᠨ ᠳᠡᠭᠡᠨ ᠴᠠᠰᠤ ᠦᠭᠡᠢ᠃ ᠵᠢᠯ ᠳᠡᠭᠡᠨ ᠪᠤᠰᠤᠳ ᠭᠠᠵᠠᠷ ᠠᠴᠠ ᠶᠡᠷᠦ ᠨᠢ ᠴᠠᠰᠤ ᠶᠡᠭᠡ ᠪᠠᠭᠤᠳᠠᠭ ︽ᠲᠡᠭᠷᠢ ᠠᠴᠠ ᠤᠶᠢᠷᠠᠬᠠᠨ︾ ᠪᠠᠶᠠᠨᠴᠠᠭᠠᠨ ᠳᠤ ᠴᠦ ᠭᠡᠳ ᠲᠡᠮᠡᠢ ᠶᠡᠭᠡ ᠴᠠᠰᠤ ᠦᠭᠡᠢ᠃ ᠠᠭᠤᠯᠠ ᠲᠠᠯ᠎ᠠ ᠶᠢᠨ ᠬᠦᠷᠦᠰᠤ ᠶᠢ ᠲᠦᠩᠬᠡᠵᠢ ᠪᠦᠳᠡᠭᠡᠭᠰᠡᠨ ᠯᠠ ᠭᠡᠮᠡᠷ ᠴᠠᠰᠤ ᠪᠠᠭᠤᠵᠠᠢ᠃       ᠡᠨᠡ ᠨᠢ ᠬᠠᠷᠢᠨ ᠬᠦᠮᠦᠨ ᠬᠠᠷ᠎ᠠ ᠨᠠᠭᠠᠰᠢ ᠴᠠᠭᠠᠰᠢ ᠶᠠᠪᠤᠵᠤ ᠰᠠᠭᠤᠬᠤ ᠳᠤ ᠶᠠᠮᠠᠷ ᠴᠤ ᠬᠠᠷᠰᠢ ᠰᠠᠭᠠᠳ ᠦᠭᠡᠢ ᠲᠦᠬᠦᠮ ᠪᠤᠯᠵᠤ᠂ ᠴᠠᠰᠤ ᠵᠤᠳ ᠲᠠᠢ ᠲᠡᠮᠡᠴᠡᠬᠦ ᠤᠴᠢᠷ ᠠᠴᠠ ᠵᠠᠶᠢᠯᠠᠭᠤᠯᠵᠠᠢ᠃       ᠨᠤᠳᠤᠭ ᠤᠨ ᠮᠢᠨᠢ ᠡᠪᠦᠭᠡᠳ ᠤᠤᠯ ᠨᠢ ︽ᠤᠯᠠᠷᠢᠯ ᠤᠨ ᠶᠠᠭᠤᠮ᠎ᠠ ᠤᠯᠠᠷᠢᠯ ᠳᠠᠭᠠᠨ ᠪᠠᠶᠢᠪᠠᠯ ᠰᠠᠶᠢᠬᠠᠨ︾ ᠬᠡᠮᠡᠵᠤ ︽ᠡᠪᠦᠯ ᠤᠨ ᠤᠯᠠᠷᠢᠯ ᠴᠠᠰᠤ ᠲᠠᠢ ᠪᠤᠯ ᠰᠠᠶᠢᠬᠠᠨ︾ ᠭᠡᠵᠦ ᠶᠠᠷᠢᠳᠠᠭ ᠨᠢ ᠰᠠᠨᠠᠭᠳᠠᠵᠤ ᠪᠠᠶᠢᠨ᠎ᠠ᠃       ᠮᠠᠨ ᠤ ᠨᠤᠳᠤᠭ ᠲᠤ ᠡᠪᠤᠯ ᠤᠨ ᠤᠯᠠᠷᠢᠯ ᠳᠤ ᠴᠠᠰᠤ ᠦᠭᠡᠢ ᠬᠠᠷ᠎ᠠ ᠪᠠᠷ ᠡᠪᠦᠯᠵᠢᠪᠡᠯ ᠲᠤᠤᠷᠠᠬᠢ ᠮᠡᠳᠦ ᠮᠠᠭᠤ ᠲᠠᠯ᠎ᠠ ᠶᠢ ᠠᠪᠴᠢᠷᠠᠳᠠᠭ ᠪᠠᠶᠢᠯ᠎ᠠ᠃       ᠡᠪᠦᠯ ᠴᠠᠰᠤ ᠦᠭᠡᠢ ᠬᠠᠷ᠎ᠠ ᠪᠠᠷ ᠬᠦᠢᠳᠡᠷᠡᠪᠡᠯ ᠲᠠᠪᠤᠨ ᠬᠤᠰᠢᠭᠤ ᠮᠠᠯ ᠳᠤ ᠮᠠᠭᠤ ᠪᠠᠶᠢᠳᠠᠭ᠃ ᠤᠨᠴᠠᠭᠠᠶᠢᠯᠠᠨ ᠬᠠᠷ᠎ᠠ ᠪᠠᠷ ᠬᠦᠢᠳᠡᠷᠡᠵᠦ ᠬᠦᠢᠳᠡᠨ ᠰᠠᠯᠬᠢ ᠦᠷᠬᠦᠯᠵᠢᠯᠡᠪᠡᠯ ᠮᠠᠯ ᠶᠠᠰᠤᠨ ᠳᠠᠭᠠᠨ ᠤᠷᠤᠳᠠᠯ᠎ᠠ ᠬᠤᠷᠤᠰᠴᠤ ᠮᠠᠰᠢ ᠲᠦᠷᠭᠡᠨ ᠮᠠᠭᠤᠳᠠᠳᠠᠭ ᠪᠦᠭᠡᠳ ᠭᠡᠮ ᠬᠠᠷᠭᠤᠬᠤ ᠳᠤ ᠬᠦᠷᠪᠡᠯ ᠬᠢᠯᠪᠠᠷᠬᠠᠨ ᠦᠬᠦᠵᠦ ᠰᠦᠢᠳᠳᠡᠭ       ᠡᠪᠦᠯ ᠴᠠᠰᠤ ᠦᠭᠡᠢ ᠬᠠᠷ᠎ᠠ ᠪᠠᠷ ᠡᠪᠤᠯᠵᠢᠪᠠᠯ ᠤᠯᠠᠨ ᠠᠷᠪᠢᠨ ᠠᠰᠢᠭ ᠦᠭᠡᠢ ᠪᠠᠺᠲ᠋ᠧᠷᠢ ᠰᠠᠯᠬᠢᠨ  ᠤ ᠠᠶ᠎ᠠ ᠪᠠᠷ ᠬᠤᠭ ᠲᠤᠭᠤᠰᠤ ᠶᠢ ᠲᠠᠭᠠᠨ ᠲᠡᠭᠳᠡᠵᠤ ᠡᠪᠡᠳᠴᠢᠨ ᠬᠢᠵᠢᠭ ᠲᠡᠯᠭᠡᠷᠡᠬᠦᠯᠳᠡᠭ᠃ ᠴᠠᠰᠤ ᠤᠷᠤᠭᠰᠠᠭᠠᠷ ᠦᠨᠡᠭᠡᠷ ᠬᠦᠮᠦᠨ ᠮᠠᠯ ᠤᠨ ᠭᠡᠰᠡᠨ ᠦᠭᠡᠢ ᠠᠮᠢᠰᠬᠤᠯ ᠨᠢ ᠬᠦᠷᠳᠡᠯ᠎ᠠ ᠲᠡᠨᠢᠬᠦᠨ ᠪᠤᠯᠴᠢᠬᠠᠳᠠᠭ᠃ ᠨᠡᠩ ᠲᠤᠷᠠᠳᠤᠭᠤᠰᠢᠳᠠᠢ ᠨᠢ ᠬᠤᠭ ᠲᠤᠭᠤᠰᠤ ᠲᠠᠷᠤᠭᠳᠠᠭᠠᠳ ᠲᠠᠭᠰᠢᠭᠤᠷ ᠨᠠᠶᠢᠳᠠᠭᠤᠷ ᠬᠠᠯᠳᠠᠪᠦᠷᠢᠳᠦ ᠡᠪᠡᠳᠴᠢᠨ ᠴᠤ ᠪᠠᠭ᠎ᠠ ᠪᠤᠯᠴᠢᠬᠠᠳᠠᠭ ᠶᠤᠮ᠃       ᠡᠪᠦᠯ ᠴᠠᠰᠤ ᠦᠭᠡᠢ ᠬᠠᠷ᠎ᠠ ᠪᠠᠷ ᠡᠪᠤᠯᠵᠢᠪᠠᠯ ᠮᠠᠯᠴᠢᠳ ᠤᠨ ᠪᠡᠯᠴᠢᠭᠡᠷ ᠢᠶᠠᠨ ᠲᠠᠭᠠᠵᠤ ᠨᠡᠬᠦᠳᠡᠯᠯᠡᠬᠦ᠂ ᠡᠪᠦᠯ ᠤᠨ ᠤᠳᠤᠷ ᠶᠠᠪᠤᠬᠤ ᠳᠤ ᠠᠰᠢᠭ ᠦᠭᠡᠢ ᠪᠠᠶᠢᠳᠠᠭ᠃ ᠮᠠᠨ ᠤ ᠨᠤᠳᠤᠭ ᠲᠤ ᠪᠤᠯ ᠴᠠᠰᠤ ᠨᠡᠯᠢᠶᠡᠳ ᠤᠷᠤᠵᠤ ᠮᠠᠯ ᠴᠠᠰᠤ ᠲᠤᠯᠢᠶᠠᠨ ᠢᠳᠡᠵᠦ ᠴᠢᠳᠠᠬᠤ ᠪᠠᠶᠢᠳᠠᠯ ᠳᠤ ᠤᠷᠤᠭᠰᠠᠭᠠᠷ ᠬᠤᠯᠠᠨ ᠰᠢᠷᠭ᠎ᠠ ᠲᠠᠭ᠎ᠠ  ᠶᠢᠨ ᠡᠯᠠᠰᠤ ᠪᠠᠷ ᠡᠪᠦᠯᠵᠢᠶᠡᠨ ᠠᠴᠠ ᠪᠠᠨ ᠨᠡᠯᠢᠶᠡᠳ ᠵᠠᠶᠢᠳᠠᠢ ᠭᠠᠵᠠᠷ ᠢᠶᠠᠷ ᠪᠠᠷᠤᠭ ᠰᠠᠷ᠎ᠠ ᠤᠷᠴᠢᠮ ᠤᠨ ᠡᠪᠦᠯ ᠤᠨ ᠤᠳᠤᠷ ᠶᠠᠪᠤᠵᠤ ᠵᠠᠪᠳᠤᠳᠠᠭ᠃ ᠬᠠᠮᠤᠭ ᠬᠤᠯᠠ ᠨᠢ ᠰᠢᠷ᠎ᠠ ᠮᠦᠷᠡᠨ ᠤ ᠡᠬᠢ ᠳᠤ ᠬᠦᠷᠴᠦ ᠤᠳᠤᠷᠯᠠᠳᠠᠭ ᠪᠠᠶᠢᠭᠰᠠᠨ ᠪᠢᠯᠡ᠃       ᠬᠤᠯᠠ ᠤᠳᠤᠷᠯᠠᠳᠠᠭ ᠨᠢ ᠬᠠᠪᠤᠷ ᠤᠨ ᠤᠯᠠᠷᠢᠯ ᠤᠨ ᠡᠪᠡᠰᠦ ᠪᠡᠯᠴᠢᠭᠡᠷ ᠢᠶᠠᠨ ᠨᠦᠭᠡᠴᠡᠯᠡᠨ ᠦᠯᠡᠳᠡᠭᠡᠵᠦ᠂ ᠮᠠᠯ ᠤᠨ ᠲᠠᠷᠭᠤ ᠬᠦᠴᠦ ᠪᠠᠭᠤᠷᠠᠭᠰᠠᠨ ᠦᠶ᠎ᠡ ᠳᠤ ᠠᠰᠢᠭᠯᠠᠬᠤ ᠶᠢ ᠪᠤᠳᠤᠯᠬᠢᠯᠠᠭᠰᠠᠨ ᠶᠤᠮ᠃ ᠬᠠᠪᠤᠷ ᠤᠨ ᠤᠯᠠᠷᠢᠯ ᠶᠡᠷᠦ ᠨᠢ ᠮᠠᠯ ᠲᠦᠯᠯᠡᠬᠦ ᠶᠠᠭᠠᠷᠠᠯᠳᠠᠢ ᠤᠯᠠᠷᠢᠯ ᠪᠤᠯᠳᠠᠭ ᠪᠠ ᠮᠠᠯ ᠤᠨ ᠲᠠᠷᠭᠤ ᠬᠦᠴᠦ ᠴᠤ ᠮᠠᠭᠤᠳᠠᠬᠤ ᠵᠦᠭ ᠲᠤ ᠤᠷᠤᠴᠢᠬᠠᠳᠠᠭ ᠠᠴᠠ ᠪᠡᠯᠴᠢᠭᠡᠷ ᠢ ᠨᠢ ᠤᠶᠢᠷᠠᠳᠤᠭᠤᠯᠵᠤ ᠦᠭᠬᠦ ᠭᠡᠰᠡᠨ ᠤᠬᠠᠭᠠᠨ ᠶᠤᠮ᠃       ᠦᠩᠭᠡᠷᠡᠭᠰᠡᠨ ᠤ ᠬᠤᠳᠳᠤᠭ ᠤᠰᠤ ᠠᠷᠪᠢᠨ ᠦᠭᠡᠢ ᠪᠠᠶᠢᠳᠠᠯ ᠤᠨ ᠲᠤᠤᠷ᠎ᠠ ᠮᠠᠯᠴᠢᠳ ᠭᠤᠤᠯ  ᠨᠢ ᠴᠠᠰᠤ ᠶᠢ ᠲᠦᠰᠢᠵᠦ ᠡᠪᠦᠯ ᠤᠨ ᠤᠳᠤᠷ ᠶᠠᠪᠤᠳᠠᠭ ᠪᠠᠶᠢᠭᠰᠠᠨ ᠪᠢᠯᠡ᠃       ᠤᠳᠤᠷᠴᠢᠨ ᠨᠢ᠂ ᠤᠳᠤᠷ ᠤᠨ ᠭᠡᠷ ᠲᠡᠭᠡᠨ ᠲᠠᠷᠠᠭ᠎ᠠ ᠡᠳᠦᠷ ᠤᠨ ᠢᠶᠠᠨ ᠢᠳᠡᠬᠦ ᠴᠠᠰᠤ ︵ᠤᠰᠤ︶ ᠶᠢ ᠲᠦᠷᠦᠬᠦᠦ ᠡᠳᠦᠷ ᠤᠨ ᠢᠶᠠᠨ ᠤᠷᠤᠢ ᠨᠢ ᠬᠤᠭᠤᠯᠠᠨ ᠤ ᠪᠠᠨ ᠲᠠᠷᠠᠭᠠᠬᠢ ᠬᠠᠯᠠᠭᠤᠨ ᠲᠤᠭᠤᠭᠠᠨ ᠳᠤ ᠬᠢᠵᠦ ᠬᠠᠶᠢᠯᠠᠭᠤᠯᠤᠨ ᠠᠪᠬᠤ ᠳᠤ᠂ ᠭᠡᠷ ᠨᠢ ᠴᠤ ᠨᠢᠭᠡ ᠰᠦᠨᠢ ᠲᠤᠯᠠᠭᠠᠨ ᠢᠶᠠᠨ ᠬᠠᠳᠠᠭᠠᠯᠠᠮ᠎ᠠ ᠬᠠᠯᠠᠭᠤᠨ ᠲᠤᠯᠠᠭᠠᠨ ᠪᠤᠯᠴᠢᠬᠠᠳᠠᠭ ᠪᠢᠯᠠ᠃       ᠴᠠᠰᠤᠨ ᠤ ᠤᠰᠤ ᠪᠠᠷ ᠴᠠᠢ ᠴᠢᠨᠠᠵᠤ ᠤᠤᠭᠤᠬᠤ ᠳᠤ ᠰᠦ ᠲᠠᠢ ᠴᠠᠢ ᠨᠢ ᠬᠦᠬᠡᠷᠡᠬᠦ ᠴᠤ ᠦᠭᠡᠢ ᠮᠦᠷᠳᠡᠭᠡᠨ ᠠᠮᠳᠠ ᠪᠠᠷ ᠴᠤ ᠰᠠᠶᠢᠬᠠᠨ ᠪᠠᠶᠢᠳᠠᠭ ᠨᠢ ᠤᠳᠤ ᠪᠤᠯᠳᠠᠯ᠎ᠠ ᠴᠡᠬᠡᠵᠢᠯᠡᠭᠳᠡᠭᠰᠡᠬᠡᠷ ᠪᠠᠶᠢᠨ᠎ᠠ᠃       ᠨᠤᠳᠤᠭ ᠤᠨ ᠮᠢᠨᠢ ᠠᠭᠤᠯᠠ ᠲᠠᠯ᠎ᠠ ᠪᠠᠷ ᠪᠠᠭᠤᠭᠰᠠᠨ ᠲᠠᠷᠡ ᠦᠶ᠎ᠡ ᠶᠢᠨ ᠴᠠᠰᠤ ᠦᠨᠡᠬᠡᠷ ᠴᠤ ᠴᠠᠪ ᠴᠠᠭᠠᠨ ᠴᠡᠪ ᠴᠡᠪᠡᠷ ᠪᠠᠶᠢᠭᠰᠠᠨ ᠳ᠋ᠠ᠃       ᠤᠳᠤ ᠪᠢᠳᠡ ᠤᠳᠤᠷᠯᠠᠳᠠᠭ ᠭᠠᠵᠠᠷ ᠢᠶᠠᠷ ᠢᠶᠠᠨ ᠤᠳᠤᠷᠯᠠᠨ ᠶᠠᠪᠤᠵᠤ᠂ ᠨᠤᠳᠤᠭ ᠤᠨ ᠢᠶᠠᠨ ᠡᠪᠦᠯ  ᠤᠨ ᠴᠠᠰᠤ ᠶᠢ ᠬᠠᠶᠢᠯᠠᠭᠤᠯᠵᠤ ᠢᠳᠡᠪᠡᠯ ᠶᠠᠭᠠᠬᠢᠳᠠᠭ ᠪᠤᠯ︕                                  2015.1.15   
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号