ᠰᠠᠶᠢᠨ ᠠᠪᠤ ᠪᠤᠯᠬᠤ 10 ᠵᠦᠪᠯᠡᠮᠵᠢ
ᠨᠡᠶᠢᠲᠡᠯᠡᠭᠰᠡᠨ ᠴᠠᠭ᠄
2015/1/14
     ᠰᠠᠶᠢᠨ ᠠᠪᠤ ᠪᠤᠯᠬᠤ ᠶᠢᠨ ᠲᠤᠯᠠᠳᠠ ᠬᠡᠤᠬᠡᠳ ᠢᠶᠠᠨ ᠬᠠᠷᠢᠭᠤ ᠨᠡᠬᠡᠯ ᠦᠭᠡᠢ ᠬᠠᠶᠢᠷᠠᠯᠠᠬᠤ ᠳᠤ ᠯᠡ ᠬᠠᠩᠭᠠᠯᠳᠠᠳᠠᠢ᠃ ᠭᠡᠬᠦ ᠳᠤ ᠪᠠᠨ ᠲᠠ ᠲᠤᠤᠷᠠᠬᠢ ᠵᠦᠪᠯᠡᠮᠵᠢ ᠶᠢ ᠠᠩᠬᠠᠷᠪᠠᠯ ᠢᠯᠡᠬᠦᠦ ᠰᠠᠶᠢᠨ ᠠᠪᠤ ᠪᠤᠯᠵᠤ ᠴᠢᠳᠠᠨ᠎ᠠ      ᠬᠡᠤᠬᠡᠳ ᠲᠠᠢ ᠪᠤᠯᠬᠤ ᠠᠰᠠᠭᠤᠳᠠᠯ ᠢ ᠠᠪᠤ ᠡᠵᠢ ᠤᠳ ᠬᠠᠮᠳᠤ ᠳᠤ ᠪᠠᠨ ᠰᠢᠢᠳᠳᠡᠭ ᠴᠦ ᠬᠡᠯ᠎ᠡ᠂ ᠬᠡᠤᠬᠡᠳ ᠲᠦᠷᠦᠭᠰᠡᠨ ᠤ ᠲᠠᠷᠠᠭ᠎ᠠ ᠲᠡᠬᠦᠨ ᠢ ᠠᠰᠠᠷᠠᠬᠤ᠂ ᠠᠷᠠᠴᠢᠯᠠᠬᠤ᠂ ᠬᠦᠮᠦᠵᠢᠬᠦᠯᠬᠦ ᠠᠵᠢᠯ ᠤᠳ ᠨᠢ ᠭᠠᠭᠴᠠᠬᠠᠨ ᠡᠵᠢ ᠎ ᠶᠢᠨ ᠡᠬᠦᠷᠬᠡ ᠮᠡᠳᠤ ᠪᠤᠷᠤᠭᠤ ᠲᠠᠰᠢᠶ᠎ᠠ ᠤᠶᠢᠯᠭᠠᠯᠲᠠ ᠪᠠᠶᠢᠳᠠᠭ᠃ ᠲᠡᠭᠡᠪᠡᠯ ᠠᠪᠤ ᠴᠦ ᠭᠡᠰᠡᠨ᠂ ᠬᠡᠤᠬᠡᠳ ᠤᠨ ᠢᠶᠠᠨ ᠠᠮᠢᠳᠤᠷᠠᠯ ᠳᠤ ᠮᠠᠰᠢ ᠴᠢᠬᠤᠯᠠᠳᠠᠢ ᠪᠦᠬᠡᠳ ᠲᠤᠮᠤ ᠤᠷᠤᠨ ᠵᠠᠢ ᠶᠢ ᠡᠵᠡᠯᠡᠳᠡᠭ᠃ ᠠᠪᠤ ᠨᠢ ᠬᠡᠤᠬᠡᠳ ᠲᠠᠢ ᠪᠠᠨ ᠡᠷᠡᠬᠦᠯ᠂ ᠰᠠᠶᠢᠬᠠᠨ ᠬᠠᠷᠢᠯᠴᠠᠭ᠎ᠠ ᠲᠤᠭᠳᠠᠭᠠᠵᠤ ᠴᠢᠳᠠᠪᠠᠰᠤ ᠬᠡᠤᠬᠡᠳ ᠤᠨ ᠬᠤᠪᠢ ᠬᠦᠮᠦᠨ ᠤ ᠬᠦᠭᠵᠢᠯᠳᠠ ᠳᠤ ᠡᠶᠡᠷᠬᠦ ᠨᠦᠯᠦᠬᠡ ᠦᠵᠡᠬᠦᠯᠦᠨ᠎ᠡ᠃ ᠡᠶᠢᠮᠤ ᠠᠴᠠ ᠠᠪᠤ ᠤᠳ ᠶᠠᠭᠤᠨ ᠤ ᠡᠮᠤᠨ᠎ᠡ ᠬᠡᠤᠬᠡᠳ ᠢᠶᠠᠨ ︽ᠲᠤᠳᠤᠷ᠎ᠠ ᠪᠠᠨ ᠬᠠᠶᠢᠷᠠᠯᠠᠵᠤ ᠶᠠᠪᠤᠬᠤ︾᠎ ᠪᠠᠨ ᠪᠤᠯᠢᠬᠤ ᠴᠠᠭ ᠨᠢ ᠢᠷᠡᠵᠠᠢ᠃ ᠲᠠᠷᠠᠭ᠎ᠠ ᠨᠢ ᠠᠪᠤ ᠶᠢᠨ ᠬᠢᠬᠦ ᠶᠤᠰᠤᠳᠠᠢ ᠵᠦᠢᠯᠡᠰ ᠤᠨ ᠪᠦᠬᠦᠳᠠ ᠶᠢ ᠨᠢ ᠠᠪᠤ ᠦᠪᠡᠷ ᠢᠶᠠᠨ ᠰᠤᠷᠴᠤ ᠪᠤᠯᠤᠨ᠎ᠠ ᠰᠢᠤ ᠳ᠋ᠠ ᠁      ⒈ ᠲᠠᠶᠢᠪᠤᠩ ᠪᠠᠶᠢᠬᠤ      ᠬᠡᠤᠬᠡᠳ ᠵᠠᠷᠢᠮ ᠳᠤ ᠪᠠᠨ ᠰᠠᠨᠠᠭ᠎ᠠ ᠲᠠᠢ ᠪᠠᠷ᠂ ᠵᠠᠷᠢᠮ ᠳᠤ ᠪᠠᠨ ᠰᠠᠨᠠᠮᠰᠠᠷ ᠦᠭᠡᠢ ᠪᠠᠷ ᠠᠪᠤ ᠶᠢᠨ ᠢᠶᠠᠨ ᠦᠢᠯᠡᠳᠤᠯ ᠪᠦᠷᠢ ᠶᠢ ᠶᠠᠭ ᠲᠠᠭᠤᠷᠢᠶᠠᠳᠠᠭ᠃ ᠰᠠᠶᠢᠨ ᠠᠪᠤ ᠪᠠᠶ᠎ᠡ ᠶᠢ ᠪᠠᠨ ᠰᠠᠶᠢᠨ ᠪᠠᠷᠢᠵᠤ ᠴᠢᠳᠠᠳᠠᠭ ᠪᠠᠶᠢᠬᠤ ᠶᠤᠰᠤᠳᠠᠢ ᠪᠦᠬᠡᠳ ᠬᠡᠤᠬᠡᠳ ᠲᠤ ᠪᠠᠨ ᠬᠡᠳᠤ ᠶᠡᠭᠡ ᠠᠭᠤᠷᠯᠠᠬᠤ ᠦᠭᠡᠢ᠂ ᠬᠠᠰᠬᠢᠷᠴᠤ ᠭᠤᠤᠭᠴᠢᠬᠤ ᠦᠭᠡᠢ᠂ ᠵᠢᠭᠠᠬᠠᠨ ᠰᠠᠬᠢᠯᠭ᠎ᠠ ᠦᠭᠡᠶᠢᠳᠡᠭᠰᠡᠨ ᠤ ᠬᠢᠨᠢ ᠲᠦᠯᠦᠬᠡ ᠲᠤᠮᠤᠭᠠᠬᠠᠨ ᠰᠢᠢᠳᠬᠡᠯ ᠢ ᠤᠨᠤᠭᠠᠬᠤ ᠦᠭᠡᠢ ᠪᠠᠶᠢᠬᠤ ᠬᠡᠷᠡᠭᠳᠠᠢ᠃ ᠬᠡᠤᠬᠡᠳ ᠲᠠᠨᠢ ᠠᠪᠤ ᠠᠴᠠ ᠪᠠᠨ ᠶᠠᠭᠠᠬᠢᠵᠤ ᠠᠭᠤᠷᠯᠠᠳᠠᠭ ᠢ ᠰᠤᠷᠤᠭᠠᠰᠠᠢ ᠬᠡᠵᠤ ᠲᠠ ᠬᠦᠰᠡᠬᠦ ᠦᠭᠡᠢ ᠪᠢᠵᠡ ᠳ᠋ᠡ︖      ⒉ ᠬᠠᠶᠢᠷᠠᠯᠠᠬᠤ      ᠬᠡᠤᠬᠡᠳ ᠲᠤ ᠪᠠᠨ ᠠᠪᠤ ᠨᠢ ᠬᠠᠶᠢᠷᠠᠳᠠᠢ ᠬᠡᠳᠡᠭ ᠢᠶᠠᠨ ᠪᠠᠶᠢᠩᠭᠤ ᠰᠠᠨᠠᠭᠤᠯᠵᠤ ᠪᠠᠶᠢᠬᠤ ᠬᠡᠷᠡᠭᠳᠠᠢ᠃ ᠲᠡᠬᠦᠨ ᠎ ᠳᠤ ᠬᠡᠯᠡ ᠶᠠᠷᠢᠶ᠎ᠠ ᠪᠠᠷ ᠬᠠᠶᠢᠷᠠᠳᠠᠢ ᠬᠡᠳᠡᠭ ᠢᠶᠠᠨ ᠤᠶᠢᠯᠠᠭᠠᠭᠤᠯᠬᠤ ᠶᠢᠨ ᠵᠡᠷᠬᠡᠴᠡᠭᠡ ᠱᠠᠭᠠᠷᠳᠠᠯᠭ᠎ᠠ ᠲᠠᠢ ᠦᠶ᠎ᠡ ᠳᠤ ᠲᠡᠬᠦᠨ ᠢ ᠲᠡᠮᠵᠢᠵᠤ᠂ ᠨᠢᠯᠪᠤᠰᠤ ᠶᠢ ᠨᠢ ᠠᠷᠴᠢᠵᠤ ᠡᠩᠬᠡᠷ ᠲᠤ ᠪᠠᠨ ᠨᠠᠭᠠᠨ ᠲᠡᠪᠡᠷᠢᠳᠡᠭ ᠪᠠᠶᠢᠬᠤ ᠶᠤᠰᠤᠳᠠᠢ᠃ ᠬᠡᠤᠬᠡᠳ ᠲᠠᠨᠠᠢ ᠲᠤᠮᠤ ᠪᠤᠯᠤᠭᠰᠠᠨ ᠴᠦ ᠬᠡᠰᠡᠨ᠂ ᠬᠡᠳᠤᠨ ᠨᠠᠰᠤᠳᠠᠢ ᠴᠦ ᠪᠠᠶᠢᠭᠰᠠᠨ ᠠᠪᠤ ᠤᠳ ᠬᠡᠤᠬᠡᠳ ᠢᠶᠠᠨ ᠢᠩᠬᠢᠵᠤ ᠯᠡ ᠬᠠᠶᠢᠷᠠᠯᠠᠬᠤ ᠬᠡᠷᠡᠭᠳᠠᠢ᠃      ⒊ ᠲᠡᠪᠴᠢᠶᠡᠷᠢ ᠲᠠᠢ ᠪᠠᠶᠢᠬᠤ      ᠵᠠᠷᠢᠮ ᠦᠶ᠎ᠡ ᠳᠤ ᠲᠠ ᠬᠡᠤᠬᠡᠳ ᠤᠨ ᠢᠶᠠᠨ ᠲᠠᠯ᠎ᠠ ᠪᠠᠷ ︽ᠨᠠᠭᠠᠳᠤ ᠵᠠᠬ᠎ᠠ ᠶᠢᠨ ᠵᠠᠷᠢᠮ ᠵᠦᠢᠯᠡᠰ ᠢ 80 ᠬᠡᠯᠡᠬᠦᠯᠦᠯ ᠦᠭᠡᠢ ᠰᠤᠷᠤᠮᠠᠷ ᠶᠤᠮ᠂ ᠤᠳᠤ ᠡᠬᠦᠷᠬᠡ ᠬᠠᠷᠢᠭᠤᠴᠠᠯᠭ᠎ᠠ ᠲᠠᠢ ᠪᠤᠯᠬᠤ ᠴᠠᠭ ᠨᠢ ᠪᠤᠯᠤᠭᠰᠠᠨ︾ ᠬᠡᠵᠤ ᠪᠤᠳᠤᠳᠠᠭ ᠪᠠᠶᠢᠵᠤ ᠪᠤᠯᠤᠨ᠎ᠠ᠃ ᠲᠡᠶᠢᠮᠤ ᠦᠶ᠎ᠡ ᠳᠤ ᠲᠠ ᠬᠡᠤᠬᠡᠳ ᠢᠶᠠᠨ ︽ᠮᠢᠨᠤ ᠬᠦᠦ ᠴᠢᠨᠢ ᠬᠡᠤᠬᠡᠳ ᠰᠢᠤ ᠳ᠋ᠠ︾ ᠬᠡᠵᠤ ᠪᠤᠳᠤᠵᠤ ᠪᠠᠢ᠃ ᠲᠡᠪᠴᠢᠶᠠᠷᠢ ᠲᠠᠢ ᠪᠠᠢ᠃ ᠲᠡᠬᠦᠨ ᠳᠤ ᠬᠤᠭᠤᠴᠠᠭ᠎ᠠ ᠤᠯᠭᠤ᠂ ᠲᠡᠬᠡᠪᠡᠯ ᠲᠠ ᠯᠡ ᠬᠤᠵᠢᠨ᠎ᠠ᠃      ⒋ ᠪᠠᠭ᠋ᠠᠷᠬᠠᠬᠤ ᠰᠡᠳᠬᠢᠯ      ᠠᠪᠤ ᠨᠢ ᠬᠦᠦ ᠪᠠᠷ ᠢᠶᠠᠨ ᠪᠠᠭ᠋ᠠᠷᠬᠠᠬᠤ ᠨᠢ ᠬᠡᠤᠬᠡᠳ ᠢ ᠶᠠᠮᠠᠷ ᠶᠡᠭᠡ ᠪᠠᠶᠠᠷᠯᠠᠭᠤᠯᠬᠤ ᠪᠤᠯ︖ ᠬᠡᠳᠡᠯ᠎ᠡ ᠶᠡᠬᠡᠩᠬᠢ ᠠᠪᠤ ᠤᠳ ᠬᠡᠤᠬᠡᠳ ᠢᠶᠠᠨ ᠪᠠᠭ᠋ᠠᠷᠬᠠᠵᠤ ᠪᠠᠶᠢᠭ᠎ᠠ ᠪᠠᠨ ᠲᠡᠬᠦᠨ ᠳᠤ ᠦᠪᠡᠷ ᠲᠤ ᠨᠢ ᠬᠡᠯᠡᠬᠦ ᠪᠠᠨ ᠮᠠᠷᠳᠠᠵᠤ᠂ ᠨᠡᠶᠢᠵᠠ ᠨᠦᠬᠦᠳ᠂ ᠠᠵᠢᠯ ᠤᠨ ᠬᠠᠮᠳᠤ ᠤᠯᠠᠨ ᠳᠤ ᠪᠠᠨ ᠲᠡᠬᠦᠪᠡᠷ ᠪᠠᠭ᠋ᠠᠷᠬᠠᠨ ᠶᠠᠷᠢᠳᠠᠭ᠃ ᠬᠡᠤᠬᠡᠳ᠂ ᠠᠪᠤ ᠨᠢ ᠦᠪᠡᠷ ᠢᠶᠠᠷ ᠨᠢ ᠪᠠᠭ᠋ᠠᠷᠬᠠᠵᠤ ᠪᠠᠶᠢᠭ᠎ᠠ ᠶᠢ ᠮᠡᠳᠡᠬᠦ ᠶᠤᠰᠤᠳᠠᠢ᠃ ᠬᠡᠤᠬᠡᠳ ᠲᠤ ᠦᠪᠡᠷ ᠲᠤ ᠨᠢ ᠪᠠᠭ᠋ᠠᠷᠬᠠᠵᠤ ᠪᠠᠶᠢᠭ᠎ᠠ ᠎ ᠪᠠᠨ ᠬᠡᠯᠡᠬᠦ ᠳᠤ ᠲᠡᠷᠡ ᠦᠢᠯᠡᠳᠤᠯ ᠢᠶᠠᠨ ᠠᠯᠢ ᠪᠤᠯᠬᠤ ᠪᠠᠷ ᠲᠠᠬᠢᠨ ᠲᠠᠪᠳᠠᠬᠤ ᠶᠢ ᠬᠢᠴᠢᠶᠡᠳᠡᠭ᠃ ᠬᠡᠷᠪᠡ ᠬᠢᠴᠢᠶᠡᠯ ᠰᠤᠷᠤᠯᠭ᠎ᠠ ᠳᠤ ᠪᠠᠨ ᠰᠢᠮᠳᠠᠨ ᠰᠤᠷᠤᠯᠴᠠᠵᠤ᠂ ᠤᠨᠴᠠ ᠰᠠᠶᠢᠨ ᠳ᠋ᠦᠩ ᠲᠠᠢ ᠰᠤᠷᠤᠯᠴᠠᠵᠤ ᠪᠠᠶᠢᠭ᠎ᠠ ᠪᠠᠷ ᠨᠢ ᠠᠪᠤ ᠨᠢ ᠪᠠᠭ᠋ᠠᠷᠬᠠᠳᠠᠭ ᠢ ᠨᠢ ᠬᠡᠤᠬᠡᠳ ᠮᠡᠳᠡᠪᠡᠯ ᠠᠮᠵᠢᠯᠳᠠ ᠪᠠᠨ ᠦᠷᠬᠦᠯᠵᠢᠯᠡᠬᠦᠯᠬᠦ ᠶᠢᠨ ᠲᠦᠯᠦᠬᠡ ᠪᠦᠬᠦᠶᠢᠯᠡ ᠬᠦᠴᠦ ᠪᠠᠨ ᠰᠢᠪᠬᠠᠨ᠎ᠠ᠃ ᠬᠡᠷᠪᠡ ᠲᠠ ︽ᠮᠢᠨᠤ ᠬᠦᠦ ᠰᠠᠶᠢᠨ ᠬᠦᠦ ᠰᠢᠤ︾ ᠬᠡᠮᠡᠨ ᠲᠡᠬᠦᠪᠡᠷ ᠪᠠᠭ᠋ᠠᠷᠬᠠᠳᠠᠭ ᠪᠤᠯ ᠬᠡᠤᠬᠡᠳ ᠲᠨᠠᠢ ᠰᠠᠶᠢᠨ ᠯᠡ ᠬᠦᠮᠦᠨ ᠪᠤᠯᠤᠨ᠎ᠠ᠃ ᠶᠠᠳᠠᠵᠤ ᠯᠡ ᠪᠤᠯᠬᠤ ᠶᠢᠨ ᠲᠦᠯᠦᠬᠡ ᠬᠢᠴᠢᠶᠡᠨ᠎ᠡ᠃      ⒌ ᠦᠨᠡᠨᠴᠢ ᠪᠠᠢ      ᠲᠠ ᠬᠡᠤᠬᠡᠳ ᠲᠤ ᠪᠠᠨ ᠦᠨᠡᠨᠴᠢ ᠪᠠᠶᠢᠬᠤ ᠶᠤᠰᠤᠳᠠᠢ᠃ ᠬᠡᠤᠬᠡᠳ ᠦᠨᠡᠨᠴᠢ ᠰᠢᠳᠤᠷᠭᠤ ᠵᠠᠩ ᠴᠢᠨᠠᠷ ᠢ ᠡᠴᠢᠬᠡ ᠡᠬᠡ ᠠᠴᠠ ᠪᠠᠨ ᠯᠡ ᠰᠤᠷᠤᠯᠴᠠᠨ᠎ᠠ᠃ ᠶᠠᠮᠠᠷ ᠨᠢᠬᠡᠨ ᠵᠦᠢᠯ ᠬᠡᠤᠬᠡᠳ ᠲᠤ ᠲᠠᠨᠢ ᠮᠠᠭᠤ ᠬᠡᠵᠤ ᠪᠤᠳᠤᠪᠠᠯ ᠲᠡᠬᠦᠨ ᠢ ᠪᠠᠨ ᠶᠠᠭᠠᠬᠢᠭᠠᠳ ᠮᠠᠭᠤ ᠪᠤᠯᠬᠤ ᠶᠢ ᠬᠡᠤᠬᠡᠳ ᠲᠤ ᠪᠠᠨ ᠰᠠᠶᠢᠳᠤᠷ ᠲᠠᠶᠢᠯᠪᠤᠷᠢᠯᠠᠨ ᠤᠶᠢᠯᠠᠭᠠᠭᠤᠯ᠃ ᠨᠢᠭᠤᠵᠤ ᠬᠠᠭᠠᠵᠤ ᠬᠤᠳᠠᠯ ᠶᠠᠷᠢᠬᠤ ᠬᠡᠷᠡᠭ ᠦᠭᠡᠢ᠃      ⒍ ᠰᠢᠢᠳᠮᠠᠬᠡᠢ᠂ ᠲᠤᠤᠱᠳᠠᠢ ᠪᠠᠢ      ᠶᠠᠮᠠᠷ ᠨᠢᠭᠡᠨ ᠲᠦᠷᠢᠮ ᠵᠢᠷᠤᠮ ᠲᠠᠯᠪᠢᠭᠰᠠᠨ ᠪᠤᠯ ᠲᠡᠬᠦᠨ ᠳᠤ ᠪᠠᠨ ᠦᠨᠡᠨᠴᠢ᠂ ᠲᠤᠤᠱᠳᠠᠢ ᠪᠠᠢ᠃ ᠬᠡᠷᠪᠡ ᠤᠷᠤᠢ ᠶᠢᠨ 8 ᠴᠠᠭ ᠲᠤ ᠪᠦᠬᠦᠳᠠ ᠬᠡᠷ ᠲᠤ ᠪᠠᠨ ᠢᠷᠡᠭᠰᠡᠨ ᠪᠠᠶᠢᠨ᠎ᠠ ᠬᠡᠰᠡᠨ ᠰᠢᠢᠳᠪᠤᠷᠢ ᠭᠠᠷᠭᠠᠭᠰᠠᠨ ᠯᠡ ᠪᠤᠯ ᠬᠡᠤᠬᠡᠳ ᠲᠠᠨᠢ 8 ᠴᠠᠭ 7 ᠮᠢᠨᠦ᠋ᠲ ᠲᠤ ᠬᠡᠷ ᠲᠤ ᠪᠠᠨ ᠤᠷᠤᠵᠤ ᠢᠷᠡᠪᠡᠯ ᠵᠤᠬᠢᠬᠤ ᠰᠢᠢᠳᠬᠡᠯ ᠢ ᠠᠮᠰᠠᠬᠤ ᠶᠤᠰᠤᠳᠠᠢ᠃ ᠮᠡᠳᠡᠬᠡᠵᠢ ᠲᠡᠬᠦᠨ ᠳᠤ ᠬᠡᠯᠡᠬᠦ ᠲᠠᠶᠢᠯᠪᠤᠷᠢ᠂ ᠬᠦᠨᠳᠤᠳᠬᠡᠬᠦ ᠰᠢᠯᠳᠠᠭᠠᠨ ᠪᠠᠶᠢᠭᠰᠠᠨ ᠯᠡ ᠪᠠᠶᠢᠭ᠎ᠠ ᠭᠡᠬᠦ ᠎ ᠳᠤ ᠪᠠᠨ ᠠᠮᠢᠳᠤᠷᠠᠯ ᠲᠡᠭᠡᠷ᠎ᠡ ᠦᠷᠬᠦᠯᠵᠢ ᠲᠦᠭᠰᠢᠬᠦᠷᠢ ᠵᠠᠷᠯᠠᠭᠰᠠᠨ ︽ᠤᠨᠴᠠᠭᠠᠢ ᠪᠠᠶᠢᠳᠠᠯ︾ ᠡᠬᠦᠰᠦᠨ᠎ᠡ ᠬᠡᠵᠤ ᠪᠠᠶᠢᠬᠤ ᠦᠭᠡᠢ ᠰᠢᠤ ᠳ᠋ᠠ᠃ ᠨᠦᠬᠦᠬᠡᠳᠡᠬᠦᠷ ᠭᠠᠷᠭᠠᠭᠰᠠᠨ ᠰᠢᠢᠳᠪᠤᠷᠢ ᠪᠠᠨ ᠬᠡᠷᠡᠭᠵᠢᠬᠦᠯᠵᠤ᠂ ᠨᠠᠭᠠᠰᠢ ᠴᠠᠭᠠᠰᠢ ᠵᠦᠬᠡᠯᠡᠷᠡᠬᠦ ᠦᠭᠡᠢ ᠪᠠᠶᠢᠬᠤ ᠬᠡᠷᠡᠭᠳᠠᠢ᠃ ᠬᠡᠤᠬᠡᠳ ᠲᠤ ᠪᠠᠨ ᠡᠷᠬᠡ ᠴᠢᠯᠦᠬᠡ ᠤᠯᠭᠤ᠃ ᠵᠠᠷᠢᠮ ᠦᠶ᠎ᠡ ᠳᠤ ᠬᠡᠤᠬᠡᠳ ᠲᠠᠨᠢ ᠭᠠᠷᠭᠠᠭᠰᠠᠨ ᠰᠢᠢᠳᠪᠤᠷᠢ᠂ ᠲᠦᠷᠢᠮ ᠢ ᠵᠥᠷᠢᠴᠡᠴᠢᠬᠡᠪᠡᠯ᠂ ᠵᠠᠪᠰᠠᠷᠯᠠᠭ᠎ᠠ ᠠᠪᠴᠤ᠂ ᠭᠠᠭᠴᠠ ᠤᠳᠠᠭ᠎ᠠ ᠶᠢᠨ ᠬᠦᠨᠳᠤᠳᠬᠡᠬᠦ ᠰᠢᠯᠳᠠᠭᠠᠨ ᠪᠠᠶᠢᠭᠰᠠᠨ ᠢ ᠲᠡᠬᠦᠨ ᠳᠤ ᠮᠡᠳᠡᠷᠡᠬᠦᠯ᠃      ⒎ ᠦᠪᠡᠷ ᠢᠶᠠᠷ ᠢᠶᠠᠨ ᠪᠠᠢ      ᠠᠪᠤ ᠤᠳ ᠬᠡᠤᠬᠡᠳ ᠤᠨ ᠢᠶᠠᠨ ᠲᠡᠷᠬᠡᠳᠡ ᠦᠪᠡᠷ ᠢᠶᠠᠷ ᠢᠶᠠᠨ ᠪᠠᠶᠢᠬᠤ ᠨᠢ ᠮᠠᠰᠢ ᠴᠢᠬᠤᠯᠠ᠃ ᠵᠠᠷᠢᠮ ᠬᠦᠮᠦᠰ ᠬᠡᠤᠬᠡᠳ ᠤᠨ ᠢᠶᠠᠨ ᠲᠡᠷᠬᠡᠳᠡ ᠱᠠᠯ ᠦᠭᠡᠷ᠎ᠡ ᠬᠦᠮᠦᠨ ᠪᠤᠯᠵᠤ ᠬᠤᠪᠢᠷᠠᠳᠠᠭ᠃ ᠬᠡᠤᠬᠡᠳ ᠡᠬᠦᠨ ᠢ ᠮᠡᠳᠡᠷᠡᠳᠡᠭ ᠪᠠ ᠡᠨᠡ ᠨᠢ ᠲᠡᠬᠦᠨ ᠳᠤ ᠬᠠᠷᠢᠨ ᠴᠦ ᠰᠥᠷᠭᠦ ᠨᠦᠯᠦᠬᠡ ᠦᠵᠡᠬᠦᠯᠦᠨ᠎ᠡ᠃ ᠠᠪᠤ ᠳᠤ ᠪᠠᠨ ᠢᠳᠡᠬᠡᠬᠦ ᠢᠳᠡᠬᠡᠯ ᠢ ᠨᠢ ᠠᠯᠳᠠᠷᠠᠭᠤᠯᠵᠤ ︵ᠲᠡᠭᠦᠨ ᠢ ᠬᠠᠭᠤᠷᠴᠤ ᠪᠠᠶᠢᠭ᠎ᠠ ᠭᠡᠰᠡᠨ ᠦᠭᠡ ᠤᠴᠢᠷ ᠠᠴᠠ᠂ ᠠᠪᠤ ᠨᠢ ᠬᠤᠶᠠᠷ ᠨᠢᠭᠤᠷ ᠭᠠᠷᠭᠠᠵᠤ ᠪᠠᠶᠢᠭ᠎ᠠ ᠶᠢ ᠮᠡᠳᠡᠷᠡᠨ᠎ᠡ︶ ᠢᠩᠬᠢᠵᠤ ᠪᠤᠯᠳᠠᠭ ᠶᠤᠮ ᠪᠠᠶᠢᠨ᠎ᠠ ᠬᠡᠵᠤ ᠪᠤᠳᠤᠵᠤ ᠡᠬᠢᠯᠡᠨ᠎ᠡ᠃ ᠲᠠ ᠥᠪᠡᠷ ᠎ ᠢᠶᠠᠷ ᠢᠶᠠᠨ ᠪᠠᠶᠢᠵᠤ ᠴᠢᠳᠠᠬᠤ ᠦᠭᠡᠢ ᠪᠤᠯ ᠬᠡᠤᠬᠡᠳ ᠲᠠᠨᠢ ᠲᠠᠨ ᠤ ᠲᠡᠷᠬᠡᠳᠡ ᠨᠢᠭᠡ ᠦᠭᠡᠷ᠎ᠡ᠂ ᠪᠤᠰᠤᠳ ᠦᠶ᠎ᠡ ᠳᠤ ᠵᠢᠱᠢᠶ᠎ᠡ ᠨᠢ ᠨᠠᠶᠢᠵᠠ ᠨᠦᠬᠦᠳ ᠤᠨ ᠢᠶᠠᠨ ᠲᠡᠷᠭᠡᠳᠡ ᠱᠠᠯ ᠦᠬᠡᠷ᠎ᠡ ᠬᠦᠮᠦᠨ ᠪᠠᠶᠢᠬᠤ ᠪᠤᠯᠤᠨ᠎ᠠ᠃      ⒏ ᠡᠬᠢᠯᠡᠭᠡᠳ ᠬᠡᠤᠬᠡᠳ ᠲᠤ ᠪᠠᠨ ᠡᠴᠢᠬᠡ᠂ ᠲᠠᠷᠠᠭ᠎ᠠ ᠨᠢ ᠨᠠᠶᠢᠵᠠ ᠨᠢ ᠪᠠᠶᠢᠬᠤ      ᠵᠦᠪᠬᠡᠨ ᠡᠴᠢᠬᠡ ᠡᠬᠡ ᠪᠠᠶᠢᠬᠤ ᠪᠢᠰᠢ ᠵᠠᠷᠢᠮ ᠦᠶ᠎ᠡ ᠳᠤ ᠬᠡᠤᠬᠡᠳ ᠲᠤ ᠪᠠᠨ ᠨᠠᠶᠢᠵᠠ ᠨᠦᠬᠦᠷ ᠰᠢᠭ ᠨᠢ ᠪᠠᠶᠢᠬᠤ ᠭᠠᠶᠢᠬᠠᠯᠳᠠᠢ ᠵᠦᠢᠯ᠃ ᠬᠡᠬᠦ ᠳᠤ ᠪᠠᠨ ᠠᠯᠢ ᠨᠢ ᠡᠬᠢ ᠲᠦᠷᠦᠬᠦᠨ ᠳᠤ ᠪᠠᠶᠢᠬᠤ ᠶᠢ ᠦᠪᠡᠷ ᠢᠶᠠᠨ ᠰᠠᠶᠢᠨ ᠲᠤᠬᠢᠷᠠᠭᠤᠯ᠃ ᠬᠡᠤᠬᠡᠳ ᠲᠤ ᠲᠠᠨᠢ ᠨᠠᠶᠢᠵᠠ ᠨᠦᠬᠦᠳ ᠠᠴᠠ ᠢᠯᠡᠬᠦᠦ ᠲᠠᠢ ᠪᠠᠷ ᠰᠠᠶᠢᠨ ᠠᠪᠤ ᠬᠡᠷᠡᠭᠳᠠᠢ ᠰᠢᠤ ᠳ᠋ᠠ᠃ ᠡᠨᠡ ᠬᠡᠷᠡᠭᠴᠡᠭᠡ ᠪᠠᠨ ᠦᠭᠡᠷ᠎ᠡ ᠭᠠᠵᠠᠷ ᠪᠤᠤ ᠬᠠᠶᠢᠭᠠᠰᠠᠢ ᠬᠡᠵᠤ ᠪᠠᠶᠢᠭ᠎ᠠ ᠪᠤᠯ ᠲᠡᠭᠦᠨ ᠲᠠᠢ ᠨᠦᠬᠦᠷᠯᠡᠬᠦ ᠠᠴᠠ ᠪᠠᠨ ᠡᠮᠤᠨ᠎ᠡ ᠠᠪᠤ ᠨᠢ ᠪᠤᠯ᠃      ⒐ ᠬᠦᠨᠳᠦᠳᠬᠡᠯ ᠲᠠᠢ ᠪᠠᠶᠢᠬᠤ      ᠲᠠ ᠦᠪᠡᠷ ᠢ ᠪᠠᠨ ᠬᠦᠨᠳᠤᠯᠡᠬᠦᠯᠬᠦ ᠶᠢᠨ ᠠᠳᠠᠯᠢ ᠬᠡᠤᠬᠡᠳ ᠢᠶᠠᠨ ᠴᠦ ᠮᠦᠨ ᠬᠦᠨᠳᠤᠯᠡᠬᠦ ᠨᠢ ᠴᠢᠬᠤᠯᠠ᠃ ᠲᠡᠬᠦᠨ ᠲᠠᠢ ᠪᠡᠶ᠎ᠡ ᠪᠠᠨ ᠲᠠᠭᠠᠭᠠᠭᠰᠠᠨ ᠬᠦᠮᠦᠨ ᠰᠢᠭ ᠯᠡ ᠶᠠᠷᠢᠯᠴᠠᠵᠤ᠂ ᠲᠡᠬᠦᠨ ᠳᠤ ᠠᠯᠢᠪᠠ ᠵᠦᠢᠯᠡᠰ ᠢ ᠰᠤᠷᠤᠯᠴᠠᠬᠤ᠂ ᠲᠠᠳᠤᠯᠭᠠᠰᠢᠬᠤ ᠳᠤ ᠨᠢ ᠬᠤᠭᠤᠴᠠᠭ᠎ᠠ ᠤᠯᠭᠤᠬᠤ᠂ ᠲᠡᠬᠦᠨ ᠳᠤ ᠶᠠᠭ ᠢᠵᠢᠯ ᠨᠦᠬᠦᠴᠡᠯ ᠪᠠᠶᠢᠳᠠᠯ ᠢ ᠪᠦᠷᠢᠳᠦᠬᠦᠯᠵᠤ ᠦᠭᠬᠦ ᠵᠡᠷᠬᠡ ᠨᠢ ᠲᠡᠭᠦᠨ ᠢ ᠬᠦᠨᠳᠤᠳᠬᠡᠵᠤ ᠪᠠᠶᠢᠭ᠎ᠠ ᠶᠢᠨ ᠨᠢᠭᠡᠨ ᠢᠯᠡᠷᠡᠯ ᠶᠤᠮ᠃ ᠲᠡᠬᠦᠨ ᠤ ᠭᠠᠷᠭᠠᠭᠰᠠᠨ ᠰᠢᠢᠳᠪᠤᠷᠢ ᠶᠢ ᠨᠢ ᠬᠦᠨᠳᠤᠳᠬᠡ᠃ ᠲᠡᠬᠦᠨ ᠤ ᠭᠠᠷᠭᠠᠭᠰᠠᠨ ᠰᠢᠢᠳᠪᠤᠷᠢ ᠲᠠᠨ ᠤ ᠪᠤᠳᠤᠵᠤ ᠪᠠᠶᠢᠭ᠎ᠠ ᠎ ᠲᠠᠢ ᠢᠵᠢᠯ ᠪᠢᠰᠢ ᠪᠠᠶᠢᠭᠰᠠᠨ ᠴᠦ ᠬᠡᠯ᠎ᠡ ᠬᠦᠨᠳᠤᠳᠬᠡᠯ ᠦᠵᠡᠬᠦᠯ᠃ ᠡᠨᠡ ᠨᠢ ᠲᠡᠬᠦᠨ ᠳᠤ ᠵᠦᠪ ᠵᠦᠢ ᠲᠠᠢ ᠶᠢ ᠵᠦᠪᠯᠡᠵᠤ ᠬᠡᠷᠡᠭ ᠦᠭᠡᠢ ᠭᠡᠰᠡᠨ ᠦᠭᠡ ᠪᠢᠰᠢ ᠪᠦᠬᠡᠳ ᠬᠦᠮᠦᠨ ᠪᠦᠷ ᠦᠪᠡᠷ ᠤᠨ ᠭᠡᠰᠡᠨ ᠠᠮᠢᠳᠤᠷᠠᠯ ᠤᠨ ᠵᠠᠮ ᠲᠠᠢ ᠭᠡᠳᠡᠭ ᠢ ᠬᠦᠯᠢᠶᠡᠨ ᠵᠦᠪᠰᠢᠶᠡᠷᠠ᠃ ᠢᠩᠬᠢᠵᠤ ᠪᠠᠶᠢᠵᠤ ᠯᠡ ᠬᠡᠤᠬᠡᠳ ᠲᠠᠨᠢ ᠤᠶᠤᠨ ᠤᠬᠠᠭᠠᠨ᠂ ᠰᠡᠳᠬᠢᠯ ᠰᠠᠨᠠᠭ᠎ᠠ ᠎ ᠪᠠᠷ ᠢᠶᠠᠨ ᠪᠡᠶ᠎ᠡ ᠪᠠᠨ ᠲᠠᠭᠠᠭᠠᠭᠰᠠᠨ ᠦᠬᠡᠷ᠎ᠡ ᠬᠦᠮᠦᠨ ᠪᠤᠯᠤᠨ ᠲᠦᠯᠦᠪᠰᠢᠷᠡᠨ᠎ᠡ᠃      ⒑ ᠲᠡᠨᠳᠡ ᠪᠡᠯᠡᠨ ᠪᠠᠶᠢᠬᠤ      ᠬᠦᠮᠦᠨ ᠪᠦᠬᠦᠨ ᠠᠮᠢᠳᠤᠷᠠᠯ ᠳᠤ ᠦᠪᠡᠷ ᠲᠠᠢ ᠨᠢ ᠤᠶᠢᠷ᠎ᠠ ᠲᠤᠳᠤᠨᠤ ᠬᠠᠷᠢᠴᠠᠳᠠᠭ᠂ ᠲᠡᠬᠦᠨ ᠳᠤ ᠠᠩᠬᠠᠷᠤᠯ ᠬᠠᠯᠠᠮᠵᠢ ᠲᠠᠯᠪᠢᠳᠠᠭ᠂ ᠲᠡᠬᠦᠨ ᠤ ᠲᠦᠯᠦᠬᠡ ᠱᠠᠭᠠᠷᠳᠠᠯᠭ᠎ᠠ ᠲᠠᠢ ᠪᠦᠬᠦᠨ ᠢ ᠬᠢᠳᠡᠭ᠂ ᠶᠠᠮᠠᠷ ᠨᠢᠭᠡᠨ ᠵᠦᠢᠯ ᠬᠢᠬᠦ ᠳᠤ ᠎ ᠨᠢ ︽ᠲᠡᠨᠳᠡ ᠪᠡᠯᠡᠨ ᠪᠠᠶᠢᠳᠠᠭ︾ ᠠᠪᠤ ᠬᠦᠮᠦᠨ ᠬᠡᠷᠡᠭᠳᠡᠢ᠃ ᠲᠡᠬᠦᠨ ᠳᠤ ᠴᠠᠭ ᠵᠠᠪ ᠭᠠᠷᠭᠠᠵᠤ᠂ ᠠᠩᠬᠠᠷᠤᠯ ᠬᠠᠯᠠᠮᠵᠢ ᠲᠠᠯᠪᠢᠭᠳᠤᠨ᠃      ᠮᠡᠳᠡᠭᠡᠵᠢ ᠬᠡᠷᠡᠭ ᠲᠡᠭᠡᠷᠡᠬᠢ ᠬᠡᠳᠤᠬᠡᠨ ᠦᠬᠦᠯᠡᠪᠤᠷᠢ ᠰᠠᠶᠢᠨ ᠠᠪᠤ ᠪᠤᠯᠬᠤ ᠳᠤ ᠪᠦᠬᠦᠳᠠ ᠬᠠᠩᠭᠠᠯᠳᠠᠳᠠᠢ ᠪᠢᠰᠢ ᠶᠤᠮ᠃ ᠬᠡᠬᠦ ᠳᠤ ᠪᠠᠨ ᠨᠠᠭᠠᠳᠤ ᠵᠠᠬ᠎ᠠ ᠨᠢ ᠡᠨᠡ ᠪᠦᠬᠦᠨ ᠢ ᠠᠩᠬᠠᠷᠬᠤ ᠳᠤ ᠰᠠᠶᠢᠨ ᠠᠪᠤ ᠪᠤᠯᠬᠤ ᠡᠬᠢᠯᠡᠯ ᠲᠠᠯᠪᠢᠭᠳᠠᠨ᠎ᠠ᠃ ᠡᠳᠡᠬᠡᠷ ᠢ ᠬᠢᠵᠤ ᠴᠢᠳᠠᠪᠠᠯ ᠡᠰᠡᠪᠡᠯ ᠨᠠᠭᠠᠳᠤ ᠵᠠᠬ᠎ᠠ ᠨᠢ ︽ᠡᠶᠢᠮᠤ ᠪᠠᠶᠢᠵᠤ ᠴᠢᠳᠠᠪᠠᠯ︾ ᠲᠠ ᠰᠠᠶᠢᠨ ᠠᠪᠤ ᠪᠤᠯᠬᠤ ᠵᠠᠮ ᠳᠤ ᠨᠡᠯᠢᠶᠡᠳ ᠠᠬᠢᠴᠠ ᠲᠠᠢ ᠤᠷᠤᠭᠰᠢᠯᠠᠵᠤ ᠶᠠᠪᠤᠨ᠎ᠠ ᠬᠡᠵᠤ ᠤᠶᠢᠯᠭᠠᠵᠤ ᠪᠤᠯᠤᠨ᠎ᠠ᠃ ᠨᠦᠬᠦᠬᠡᠳᠡᠬᠦᠷ ᠦᠶ᠎ᠡ ᠦᠶ᠎ᠡ ᠪᠦᠳᠦᠯ ᠦᠬᠡᠶᠢᠳᠡᠪᠠᠯ ︽ᠰᠠᠶᠢᠨ ᠠᠪᠤ ᠪᠢᠰᠢ ᠶᠤᠮ ᠪᠠᠶᠢᠨ᠎ᠠ︾ ᠭᠡᠰᠡᠨ ᠦᠭᠡ ᠪᠢᠰᠢ᠃ ᠤᠨᠠᠵᠤ ᠪᠤᠰᠤᠭᠠᠳ ᠲᠠᠬᠢᠭᠠᠳ ᠯᠡ ᠤᠷᠤᠭᠰᠢᠯᠠᠭᠠᠳ ᠪᠠᠢ᠃
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号