| | ᠡᠪᠤᠯ ᠤᠨ ᠠᠮᠠᠷᠠᠯᠳᠠ ᠶᠢᠨ ᠴᠢᠯᠤᠭᠡ ᠪᠤᠯᠴᠢᠬᠠᠯ᠎ᠠ᠃ ᠲᠡᠭᠡᠪᠡᠯ ᠰᠤᠷᠤᠭᠴᠢᠳ ᠠᠮᠠᠷᠠᠯᠳᠠ ᠶᠢᠨ | ᠬᠤᠭᠤᠴᠠᠭᠠᠠ ᠳᠤ ᠶᠠᠭᠤ ᠬᠢᠬᠦ ᠶᠢ ᠬᠦᠰᠡᠵᠤ ᠪᠠᠶᠢᠭ᠎ᠠ ᠪᠤᠯ︖ ᠭᠡᠷ ᠤᠨ ᠠᠬᠠᠮᠠᠳ ᠬᠡᠦᠬᠡᠳ ᠢᠶᠠᠨ ᠶᠠᠭᠤ ᠬᠢᠯᠭᠡᠨ᠎ᠠ | ᠭᠡᠵᠤ ᠰᠠᠨᠠᠳᠠᠭ ᠪᠤᠯ︖ ᠡᠨᠡ ᠲᠤᠬᠠᠢ ᠰᠤᠷᠪᠤᠯᠵᠢᠯᠠᠭᠴᠢ ᠦᠢᠷ᠎ᠠ ᠳᠤ ᠭᠡᠰᠡᠭ ᠤᠶᠤᠳᠠᠠ᠂ ᠦᠨᠳᠦᠷ ᠲᠤᠮᠳᠠᠳᠤ | ᠰᠤᠷᠭᠠᠭᠤᠯᠢ ᠶᠢᠨ ᠰᠤᠷᠤᠭᠴᠢ᠂ ᠠᠩᠬ᠎ᠠ ᠲᠤᠮᠳᠠᠳᠤ ᠰᠤᠷᠭᠠᠭᠤᠯᠢ ᠶᠢᠨ ᠰᠤᠷᠤᠭᠴᠢ᠂ ᠪᠠᠭ᠎ᠠ ᠰᠤᠷᠭᠠᠭᠤᠯᠢ ᠶᠢᠨ | ᠰᠤᠷᠤᠭᠴᠢ ᠵᠢᠴᠢ ᠭᠡᠷ ᠤᠨ ᠠᠬᠠᠮᠠᠳ ᠤᠨ ᠲᠤᠮᠳᠠ ᠪᠠᠶᠢᠴᠠᠭᠠᠯᠳᠠ ᠬᠢᠵᠤ ᠪᠠᠶᠢᠳᠠᠯ ᠢ ᠤᠢᠢᠯᠠᠭᠠᠪᠠ᠃ | ᠪᠠᠶᠢᠴᠠᠭᠠᠯᠳᠠ ᠶᠢᠨ ᠲᠤᠮᠳᠠ ᠬᠠᠭᠠᠰ ᠲᠤᠭᠠᠠ ᠤ ᠪᠠᠭ᠎ᠠ ᠰᠤᠷᠭᠠᠭᠤᠯᠢ ᠶᠢᠨ ᠰᠤᠷᠤᠭᠴᠢ ᠡᠳᠤᠷ ᠡᠳᠤᠷ ᠲᠠᠰᠬᠠᠯ ᠬᠢᠬᠦ | ᠲᠤᠷ᠎ᠠ ᠦᠭᠡᠢ᠂ ᠬᠢᠴᠢᠶᠠᠯ ᠲᠦᠷᠦᠯ ᠤᠨ ᠲᠤᠷ᠎ᠠ ᠪᠠᠬ᠎ᠠ ᠶᠢᠨ ᠠᠩᠬᠢ ᠳᠤ ᠤᠷᠤᠯᠴᠠᠬᠤ ᠲᠤᠷ᠎ᠠ ᠦᠭᠡᠢ︔ ᠠᠩᠬ᠎ᠠ | ᠲᠤᠮᠳᠠᠳᠤ ᠶᠢᠨ ᠰᠤᠷᠤᠭᠴᠢ ᠭᠠᠭᠴᠠᠭᠠᠷ ᠢᠶᠠᠨ ᠡᠳᠤᠷ ᠲᠤᠵᠢ ᠭᠡᠷ ᠲᠡᠭᠡᠨ ᠪᠤᠬᠢᠨᠢᠳᠤᠨ ᠰᠠᠭᠤᠬᠤ ᠲᠤᠷ᠎ᠠ ᠦᠭᠡᠢ︔ | 95% ᠠᠴᠠ ᠲᠡᠭᠡᠭᠰᠢᠬᠢ ᠭᠡᠷ ᠤᠨ ᠠᠬᠠᠮᠠᠳ ᠬᠡᠦᠬᠡᠳ ᠤᠨ ᠢᠶᠠᠨ ᠡᠳᠤᠷ ᠲᠤᠵᠢ ᠲᠧᠯᠸᠢᠰ ᠤᠨ ᠡᠮᠤᠨ᠎ᠠ ᠰᠠᠭᠤᠵᠤ | ᠲᠧᠯᠸᠢᠰ ᠦᠵᠡᠬᠦ ᠪᠠ ᠺᠤᠮᠫᠢᠦ᠋ᠲ᠋ᠧᠷ ᠨᠠᠭᠠᠳᠬᠤ ᠶᠢ ᠬᠦᠰᠡᠬᠦ ᠦᠭᠡᠢ ᠪᠠᠶᠢᠭ᠎ᠠ ᠶᠢ ᠤᠢᠢᠯᠠᠭᠠᠭᠰᠠᠠ ᠪᠠᠶᠢᠨ᠎ᠠ᠃ | | | ᠰᠤᠷᠤᠭᠴᠢᠳ᠄ ᠲᠠᠰᠬᠠᠯ ᠲᠠᠪᠳᠠᠯᠭ᠎ᠠ ᠳᠤ ᠬᠦᠳᠦᠯᠦᠭᠳᠡᠬᠦ ᠲᠤᠷ᠎ᠠ ᠦᠭᠡᠢ | | ︽ᠠᠮᠠᠷᠠᠯᠳᠠ ᠶᠢᠨ ᠬᠤᠭᠤᠴᠠᠭᠠᠠ ᠳᠤ ᠡᠳᠤᠷ ᠲᠤᠵᠢ ᠭᠡᠷ ᠲᠡᠭᠡᠨ ᠰᠠᠭᠤᠵᠤ ᠲᠠᠪᠳᠠᠬᠤ ᠪᠤᠶᠤ ᠲᠠᠰᠬᠠᠯ ᠬᠢᠬᠦ | ᠲᠤᠷ᠎ᠠ ᠦᠭᠡᠢ︾᠂ ︽ᠪᠢ ᠲᠠᠪᠳᠠᠬᠤ ᠠᠩᠬᠢ ᠳᠤ ᠤᠷᠤᠯᠴᠠᠬᠤ ᠲᠤᠷ᠎ᠠ ᠦᠭᠡᠢ︾ ᠁ ᠰᠤᠷᠪᠤᠯᠵᠢᠯᠠᠭ᠎ᠠ | ᠬᠦᠯᠢᠶᠡᠭᠰᠡᠡ ᠲᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠲᠤᠳᠤᠷ᠎ᠠ ᠡᠶᠢᠮᠤᠷᠬᠦ ᠪᠤᠳᠤᠯ ᠲᠠᠢ ᠰᠤᠷᠤᠭᠴᠢ | 90% ᠢ ᠡᠵᠡᠯᠡᠵᠤ ᠪᠠᠶᠢᠯ᠎ᠠ᠃ ᠠᠮᠠᠷᠠᠯᠳᠠ ᠶᠢᠨ ᠬᠤᠭᠤᠴᠠᠭᠠᠠ ᠳᠤ ᠪᠠᠭᠰᠢ ᠶᠢᠨ ᠦᠯᠡᠳᠡᠭᠡᠭᠰᠡᠡ ᠲᠠᠰᠬᠠᠯ | ᠲᠠᠭᠠᠭᠠᠯᠭᠠᠪᠤᠷᠢ ᠶᠢ ᠬᠢᠬᠦ ᠨᠢ ᠵᠦᠪ᠂ ᠭᠡᠪᠡᠴᠤ ᠠᠮᠠᠷᠠᠯᠳᠠ ᠲᠠᠯᠪᠢᠴᠢᠬᠠᠭᠰᠠᠠ ᠪᠠᠶᠢᠳᠠᠯ᠎ᠠ ᠪᠠᠰᠠ ᠬᠢᠴᠢᠶᠠᠯ | ᠤᠷᠤᠬᠤ ᠲᠠᠢ ᠠᠳᠠᠯᠢ ᠡᠳᠤᠷ ᠲᠤᠵᠢ ᠲᠤᠭᠳᠠᠭᠰᠠᠠ ᠴᠠᠭ ᠲᠠᠢ ᠲᠠᠰᠬᠠᠯ ᠬᠢᠬᠦ ᠪᠠ ᠬᠢᠴᠢᠶᠠᠯ ᠲᠠᠪᠳᠠᠬᠤ ᠲᠤᠷ᠎ᠠ | ᠦᠭᠡᠢ ᠭᠡᠵᠤ ᠲᠡᠳᠠ ᠶᠠᠷᠢᠵᠠᠭᠠᠨ᠎ᠠ᠃ ︽ᠡᠪᠤᠯ ᠤᠨ ᠠᠮᠠᠷᠠᠯᠳᠠ ᠶᠢᠨ ᠬᠤᠭᠤᠴᠠᠭᠠᠠ ᠳᠤ ᠪᠦᠷ ᠲᠤᠭᠠᠠ ᠤ ᠲᠠᠪᠳᠠᠬᠤ | ᠠᠩᠬᠢ ᠳᠤ ᠤᠷᠤᠯᠴᠠᠳᠠᠭ ᠲᠤᠯᠠ ᠨᠠᠳᠠ ᠶᠠᠷᠤᠨᠢ ᠨᠢ ᠠᠮᠠᠷᠠᠯᠳᠠ ᠶᠢᠨ ᠬᠤᠭᠤᠴᠠᠭᠠᠠ ᠤ ᠴᠢᠯᠤᠭᠡ ᠲᠠᠯᠪᠢᠭᠰᠠᠠ | ᠲᠦᠷᠦᠭᠳᠡᠯ ᠤᠷᠤᠳᠠᠭ ᠦᠭᠡᠢ︾ ᠭᠡᠵᠤ ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠳᠤ | ᠲᠤᠮᠳᠠᠳᠤ ᠰᠤᠷᠭᠠᠭᠤᠯᠢ ᠶᠢᠨ ᠠᠩᠬ᠎ᠠ ᠲᠤᠮᠳᠠᠳᠤ ᠶᠢᠨ ᠠᠩᠬᠢ ᠶᠢᠨ ᠰᠤᠷᠤᠭᠴᠢ ᠠᠩᠬᠢᠷ ᠶᠠᠷᠢᠨ᠎ᠠ᠃ | ᠠᠩᠬ᠎ᠠ ᠲᠤᠮᠳᠠᠳᠤ ᠰᠤᠷᠭᠠᠭᠤᠯᠢ ᠶᠢᠨ ᠰᠤᠷᠤᠭᠴᠢ ᠶᠢᠨ ᠤᠯᠠᠩᠬᠢ ᠨᠢ ᠠᠮᠠᠷᠠᠯᠳᠠ ᠶᠢᠨ ᠬᠤᠭᠤᠴᠠᠭᠠᠠ ᠳᠤ | ᠲᠠᠪᠳᠠᠬᠤ ᠠᠩᠬᠢ ᠳᠤ ᠤᠷᠤᠯᠴᠠᠬᠤ ᠲᠤᠷ᠎ᠠ ᠦᠭᠡᠢ ᠮᠦᠷᠲᠡᠭᠡᠡ ᠡᠳᠤᠷ ᠲᠤᠵᠢ ᠭᠡᠷ ᠲᠡᠭᠡᠨ ᠰᠠᠭᠤᠬᠤ ᠶᠢ ᠬᠦᠰᠡᠬᠦ | ᠦᠭᠡᠢ ᠪᠠᠶᠢᠯ᠎ᠠ᠃ ︽ᠭᠠᠭᠴᠠᠭᠠᠷ ᠢᠶᠠᠨ ᠭᠡᠷ ᠲᠡᠭᠡᠨ ᠰᠠᠭᠤᠵᠤ ᠲᠧᠯᠸᠢᠰ ᠦᠵᠡᠬᠦ ᠲᠤᠷ᠎ᠠ ᠦᠭᠡᠢ᠂ ᠠᠪᠤ ᠡᠵᠢ ᠴᠤ | ᠪᠢᠳᠠᠠ ᠢ ᠡᠳᠤᠷ ᠲᠤᠵᠢ ᠲᠧᠯᠸᠢᠰ ᠦᠵᠡᠵᠤ᠂ ᠺᠤᠮᠫᠢᠦ᠋ᠲ᠋ᠧᠷ ᠨᠠᠭᠠᠳᠴᠢᠬᠠᠯᠠ ᠭᠡᠵᠤ ᠰᠠᠨᠠᠭ᠎ᠠ ᠪᠤᠯᠳᠠᠭ᠂ | ᠦᠨᠡᠡ ᠳᠡᠭᠡᠨ ᠪᠢᠳᠠᠨᠤᠰ ᠴᠤ ᠢᠩᠬᠢᠬᠦ ᠲᠤᠷ᠎ᠠ ᠦᠭᠡᠢ᠂ ᠭᠡᠪᠡᠴᠤ ᠡᠳᠤᠷᠵᠢᠨ ᠭᠡᠷ ᠲᠡᠭᠡᠨ ᠰᠠᠭᠤᠪᠠᠯ ᠲᠠᠰᠬᠠᠯ ᠬᠢᠬᠦ᠂ | ᠲᠧᠯᠸᠢᠰ ᠦᠵᠡᠵᠤ ᠺᠤᠮᠫᠢᠦ᠋ᠲ᠋ᠧᠷ ᠨᠠᠭᠠᠳᠬᠤ ᠠᠴᠠ ᠦᠭᠡᠷ᠎ᠠ ᠶᠠᠭᠤ ᠬᠢᠨ᠎ᠠ ᠳ᠋ᠡ︾ ᠭᠡᠵᠤ ᠬᠦᠬᠡᠬᠤᠳᠠ ᠶᠢᠨ | ᠦᠨᠳᠦᠰᠦᠳᠡᠡ ᠤ ᠲᠤᠷᠰᠢᠯᠳᠠ ᠶᠢᠨ ᠪᠠᠭ᠎ᠠ ᠰᠤᠷᠭᠠᠭᠤᠯᠢ ᠶᠢᠨ ᠰᠤᠷᠤᠭᠴᠢ ᠮᠦᠴᠢᠷ ᠶᠠᠷᠢᠨ᠎ᠠ᠃ ᠤᠯᠠᠩᠬᠢ ᠰᠤᠷᠤᠭᠴᠢ | ᠠᠮᠠᠷᠠᠯᠳᠠ ᠶᠢᠨ ᠬᠤᠭᠤᠴᠠᠭᠠᠠ ᠳᠤ ᠨᠤᠮ ᠤᠨ ᠰᠠᠩ ᠳᠤ ᠤᠴᠢᠬᠤ ᠶᠢ ᠬᠦᠰᠡᠨ᠎ᠠ᠂ ᠬᠠᠮᠳᠤ ᠰᠤᠷᠤᠭᠴᠢ ᠨᠠᠶᠢᠵᠢ | ᠨᠦᠬᠦᠳ ᠲᠠᠢ ᠪᠠᠨ ᠨᠠᠭᠠᠳᠬᠤ ᠶᠢ ᠪᠤᠳᠤᠨ᠎ᠠ᠂ ᠠᠪᠤ ᠡᠵᠢ ᠲᠠᠢ ᠪᠠᠨ ᠬᠠᠮᠳᠤ ᠵᠤᠭᠠᠴᠠᠬᠤ ᠶᠢ ᠬᠦᠰᠡᠵᠤ ᠪᠠᠶᠢᠯ᠎ᠠ᠃ | | | ᠪᠠᠭ᠎ᠠ ᠰᠤᠷᠭᠠᠭᠤᠯᠢ ᠶᠢᠨ ᠰᠤᠷᠤᠭᠴᠢᠳ ᠠᠮᠠᠷᠠᠯᠳᠠ ᠶᠢᠨ | ᠴᠠᠭ ᠢᠶᠠᠨ ᠦᠪᠡᠷ ᠢᠶᠠᠨ ᠲᠤᠬᠢᠷᠠᠭᠤᠯᠬᠤ ᠶᠢ ᠬᠦᠰᠡᠨ᠎ᠠ | | ︽ᠲᠠᠰᠬᠠᠯ ᠲᠠᠭᠠᠭᠠᠯᠭᠠᠪᠤᠷᠢ ᠴᠦᠭᠡᠡ ᠰᠢᠭ ᠦᠯᠡᠳᠡᠭᠡᠬᠦ ᠶᠢ ᠬᠦᠰᠡᠨ᠎ᠠ᠂ ᠡᠪᠤᠯ ᠤᠨ ᠠᠮᠠᠷᠠᠯᠳᠠ ᠶᠢᠨ | ᠬᠤᠭᠤᠴᠠᠭᠠᠠ ᠤ ᠴᠠᠭ ᠢᠶᠠᠨ ᠪᠢᠳᠠ ᠦᠪᠡᠰᠤᠪᠠᠨ ᠡᠵᠡᠮᠳᠡᠡ ᠲᠤᠬᠢᠷᠠᠭᠤᠯᠵᠤ᠂ ᠶᠠᠭᠤ ᠬᠢᠬᠦ ᠲᠤᠷᠠᠳᠠᠢ ᠪᠤᠯ ᠶᠠᠭᠤ ᠪᠠᠨ | ᠬᠢᠬᠦ ᠶᠢ ᠬᠦᠰᠡᠵᠤ ᠪᠠᠶᠢᠨ᠎ᠠ᠃ ᠪᠢ ᠠᠮᠠᠷᠠᠯᠳᠠ ᠶᠢᠨ ᠬᠤᠭᠤᠴᠠᠭᠠᠠ ᠳᠤ ᠲᠠᠰᠬᠠᠯ ᠬᠢᠬᠦ ᠠᠴᠠ ᠭᠠᠳᠠᠨ᠎ᠠ ᠨᠤᠮ | ᠤᠩᠰᠢᠨ᠎ᠠ᠂ ᠠᠪᠤ ᠡᠵᠢ ᠲᠠᠢ ᠪᠠᠨ ᠭᠠᠳᠠᠨ᠎ᠠ ᠤᠷᠤᠨ ᠳᠤ ᠵᠤᠭᠠᠴᠠᠬᠤ ᠪᠠᠷ ᠶᠠᠪᠤᠶ᠎ᠠ ᠭᠡᠵᠤ ᠪᠤᠳᠤᠵᠤ ᠪᠠᠶᠢᠨ᠎ᠠ︾ ᠭᠡᠵᠤ | ᠤᠷᠳᠤᠰ ᠬᠤᠳᠠ ᠶᠢᠨ ᠮᠤᠩᠭᠤᠯ ᠲᠤᠮᠳᠠᠳᠤ ᠰᠤᠷᠭᠠᠭᠤᠯᠢ ᠶᠢᠨ ᠰᠤᠷᠤᠭᠴᠢ ᠲᠤᠤᠯᠢᠰ ᠶᠠᠷᠢᠨ᠎ᠠ᠃ ᠲᠤᠤᠯᠢᠰ ᠰᠢᠭ᠋ | ᠡᠶᠢᠮᠤ ᠪᠤᠳᠤᠯ ᠲᠠᠢ ᠰᠤᠷᠤᠭᠴᠢ ᠤᠯᠠᠩᠬᠢ ᠲᠤᠭ᠎ᠠ ᠶᠢ ᠡᠵᠡᠯᠡᠵᠤ ᠪᠠᠶᠢᠭ᠎ᠠ ᠶᠢ ᠪᠠᠶᠢᠴᠠᠭᠠᠯᠳᠠ ᠶᠢᠨ ᠲᠤᠮᠳᠠ | ᠤᠢᠢᠯᠠᠭᠠᠪᠠ᠃ | ︽ᠡᠨᠡ ᠵᠢᠯ ᠤᠨ ᠡᠪᠤᠯ ᠤᠨ ᠠᠮᠠᠷᠠᠯᠳᠠ ᠶᠢᠨ ᠬᠤᠭᠤᠴᠠᠭᠠᠠ ᠤ ᠴᠠᠭ ᠢᠶᠠᠨ ᠦᠪᠡᠷ ᠢᠶᠠᠨ ᠡᠵᠡᠮᠳᠡᠨ᠎ᠠ᠂ ᠪᠢ | ᠤᠷᠠᠠ ᠵᠢᠷᠤᠭ ᠲᠤ ᠪᠠᠬ᠎ᠠ ᠲᠠᠢ᠂ ᠠᠮᠠᠷᠠᠯᠳᠠ ᠶᠢᠨ ᠬᠤᠭᠤᠴᠠᠭᠠᠠ ᠳᠤ ᠡᠨᠡ ᠲᠠᠯ᠎ᠠ ᠶᠢᠨ ᠮᠡᠷᠭᠡᠵᠢᠯ ᠢᠶᠠᠨ | ᠲᠡᠭᠡᠭᠰᠢᠯᠡᠬᠦᠯᠤᠶᠠ ᠭᠡᠵᠤ ᠪᠤᠳᠤᠵᠤ ᠪᠠᠶᠢᠨ᠎ᠠ᠂ ᠡᠬᠦᠨ ᠠᠴᠠ ᠭᠠᠳᠠᠨ᠎ᠠ ᠠᠮᠠᠷᠠᠯᠳᠠ ᠶᠢᠨ ᠬᠤᠭᠤᠴᠠᠭᠠᠠ ᠳᠤ ᠬᠠᠨᠤᠳᠠᠯ᠎ᠠ | ᠤᠨᠳᠠᠵᠤ᠂ ᠰᠠᠨᠠᠭᠠᠠ ᠲᠠᠪᠠ ᠪᠠᠷ ᠢᠶᠠᠨ ᠨᠠᠭᠠᠳᠬᠤ ᠶᠢ ᠬᠦᠰᠡᠨ᠎ᠠ︾ ᠭᠡᠵᠤ ᠬᠦᠬᠡᠬᠤᠳᠠ ᠶᠢᠨ ᠮᠤᠩᠭᠤᠯ | ᠦᠨᠳᠦᠰᠦᠳᠡᠡ ᠤ ᠰᠤᠷᠭᠠᠭᠤᠯᠢ ᠶᠢᠨ ᠲᠠᠪᠤᠳᠤᠭᠠᠷ ᠤᠨ ᠤ ᠰᠤᠷᠤᠭᠴᠢ ᠪᠦᠷᠬᠦᠳ ᠶᠠᠷᠢᠵᠤ ᠪᠠᠶᠢᠪᠠ᠃ | | | ᠠᠩᠬ᠎ᠠ ᠲᠤᠮᠳᠠᠳᠤ ᠶᠢᠨ ᠰᠤᠷᠤᠭᠴᠢᠳ᠄ ᠰᠤᠷᠤᠯᠴᠠᠬᠤ | ᠲᠦᠯᠦᠪᠯᠡᠭᠡ ᠪᠠᠨ ᠦᠪᠡᠷ ᠢᠶᠠᠨ ᠲᠤᠭᠳᠠᠭᠠᠨ᠎ᠠ | | ᠠᠩᠬ᠎ᠠ ᠲᠤᠮᠳᠠᠳᠤ ᠶᠢᠨ ᠰᠤᠷᠤᠭᠴᠢᠳ ᠦᠪᠡᠷ ᠤᠨ ᠭᠡᠬᠦ ᠦᠵᠡᠯ ᠪᠤᠳᠤᠯ ᠲᠠᠢ ᠪᠤᠯᠤᠭᠰᠠᠠ ᠲᠤᠯᠠ ᠪᠠᠶ᠎ᠠ ᠪᠠᠨ | ᠲᠠᠭᠠᠭᠠᠵᠤ ᠠᠰᠠᠭᠤᠳᠠᠯ ᠢ ᠰᠡᠳᠬᠢᠬᠦ ᠴᠢᠳᠠᠪᠤᠷᠢ ᠲᠠᠢ ᠪᠤᠯᠤᠭᠰᠠᠠ ᠪᠠᠶᠢᠨ᠎ᠠ᠃ ︽ᠠᠮᠠᠷᠠᠯᠳᠠ ᠶᠢᠨ ᠬᠤᠭᠤᠴᠠᠭᠠᠠ ᠤ | ᠰᠤᠷᠤᠯᠴᠠᠬᠤ ᠪᠠ ᠨᠠᠭᠠᠳᠬᠤ ᠲᠦᠯᠦᠪᠯᠡᠭᠡ ᠶᠢ ᠴᠦᠮ ᠪᠢ ᠦᠪᠡᠷ ᠢᠶᠠᠨ ᠲᠤᠬᠢᠷᠠᠭᠤᠯᠤᠭᠰᠠᠠ ᠰᠢᠤ᠂ ᠲᠠᠰᠬᠠᠯ ᠢᠶᠠᠨ | ᠬᠢᠨ᠎ᠠ᠂ ᠲᠠᠪᠳᠠᠨ᠎ᠠ᠂ ᠨᠠᠭᠠᠳᠤᠨ᠎ᠠ᠂ ᠪᠠᠰᠠ ᠬᠠᠶᠢᠨᠠᠠ ᠳᠤ ᠵᠤᠭᠠᠴᠠᠨ᠎ᠠ︾ ᠭᠡᠵᠤ ᠬᠦᠬᠡᠬᠤᠳᠠ ᠶᠢᠨ ᠮᠤᠩᠭᠤᠯ | ᠦᠨᠳᠦᠰᠦᠳᠡᠡ ᠤ ᠰᠤᠷᠭᠠᠭᠤᠯᠢ ᠶᠢᠨ ᠠᠩᠬ᠎ᠠ ᠲᠤᠮᠳᠠᠳᠤ ᠶᠢᠨ ᠠᠩᠬᠢ ᠶᠢᠨ ᠰᠤᠷᠤᠭᠴᠢ ᠰᠡᠯᠬᠢᠨ ᠶᠠᠷᠢᠨ᠎ᠠ᠃ ︽ | ᠡᠪᠤᠯ ᠤᠨ ᠠᠮᠠᠷᠠᠯᠳᠠ ᠶᠢᠨ ᠬᠤᠭᠤᠴᠠᠭᠠᠠ ᠤ ᠴᠠᠭ ᠢᠶᠠᠨ ᠦᠪᠡᠷ ᠢᠶᠠᠨ ᠲᠤᠬᠢᠷᠠᠭᠤᠯ ᠭᠡᠵᠤ ᠬᠦᠦ ᠳᠡᠭᠡᠨ ᠵᠠᠬᠢᠭᠰᠠᠠ | ᠶᠤᠮ᠃ ᠲᠡᠬᠦᠨ ᠤ ᠲᠤᠭᠳᠠᠭᠠᠭᠰᠠᠠ ᠰᠤᠷᠤᠯᠴᠠᠵᠤ ᠨᠠᠭᠠᠳᠬᠤ ᠲᠦᠯᠦᠪᠯᠡᠭᠡ ᠨᠢ ᠨᠠᠯᠢᠶᠠᠳ ᠵᠤᠬᠢᠰᠳᠠᠢ ᠪᠠᠶᠢᠪᠠ᠃ | ᠬᠠᠶᠢᠨᠠᠠ ᠳᠤ ᠵᠤᠭᠠᠴᠠᠬᠤ ᠪᠠᠷ ᠶᠠᠪᠤᠬᠤ ᠵᠠᠮ ᠱᠤᠭᠤᠮ᠂ ᠪᠠᠭᠤᠳᠠᠯ ᠵᠡᠷᠭᠡ ᠪᠠᠨ ᠴᠦᠮ ᠦᠪᠡᠷ ᠢᠶᠠᠨ ᠲᠤᠭᠳᠠᠭᠠᠵᠤ | ᠲᠤᠬᠢᠷᠠᠭᠤᠯᠤᠭᠰᠠᠠ ᠰᠢᠤ᠃ ᠶᠠᠷᠤᠨᠢ ᠠᠮᠠᠷᠠᠯᠳᠠ ᠶᠢᠨ ᠬᠤᠭᠤᠴᠠᠭᠠᠠ ᠤ ᠰᠤᠷᠤᠯᠴᠠᠵᠤ ᠨᠠᠭᠠᠳᠬᠤ ᠲᠦᠯᠦᠪᠯᠡᠭᠡ | ᠲᠤᠭᠳᠠᠭᠠᠬᠤ ᠪᠠᠷ ᠲᠡᠮᠵᠢᠭᠤᠯᠤᠨ ᠬᠡᠦᠬᠡᠳ ᠤᠨ ᠪᠠᠶ᠎ᠠ ᠪᠠᠨ ᠲᠠᠭᠠᠭᠠᠵᠤ ᠠᠰᠠᠭᠤᠳᠠᠯ ᠢ ᠰᠡᠳᠬᠢᠵᠤ ᠰᠢᠢᠳᠪᠤᠷᠢᠯᠡᠬᠦ | ᠴᠢᠳᠠᠪᠤᠷᠢ ᠶᠢ ᠬᠦᠮᠦᠵᠢᠬᠦᠯᠵᠤ ᠪᠤᠯᠬᠤ ᠪᠦᠭᠡᠳ ᠪᠠᠰᠠ ᠬᠡᠦᠬᠡᠳ ᠲᠤ ᠠᠮᠠᠷᠠᠯᠳᠠ ᠶᠢᠨ ᠬᠤᠭᠤᠴᠠᠭᠠᠠ ᠤ ᠴᠠᠭ ᠢᠶᠠᠨ | ᠦᠪᠡᠷ ᠢᠶᠠᠨ ᠡᠵᠡᠮᠳᠡᠬᠦ ᠡᠷᠭᠡ ᠶᠢ ᠤᠯᠭᠤᠵᠤ ᠪᠤᠯᠤᠨ᠎ᠠ︾ ᠭᠡᠵᠤ ᠰᠡᠯᠬᠢᠨ ᠤ ᠠᠪᠤ ᠶᠠᠷᠢᠨ᠎ᠠ᠃ | ᠰᠡᠯᠬᠢᠨ ᠤ ᠠᠪᠤ ᠲᠠᠢ ᠠᠳᠠᠯᠢ ᠤᠯᠠᠩᠬᠢ ᠭᠡᠷ ᠤᠨ ᠠᠬᠠᠮᠠᠳ ᠠᠮᠠᠷᠠᠯᠳᠠ ᠶᠢᠨ ᠬᠤᠭᠤᠴᠠᠭᠠᠠ ᠳᠤ | ᠬᠡᠦᠬᠡᠳ ᠤᠨ ᠢᠶᠠᠨ ︽ᠰᠤᠷᠤᠯᠴᠠᠵᠤ ᠨᠠᠭᠠᠳᠬᠤ ᠶᠢ ᠤᠶᠠᠯᠳᠤᠭᠤᠯᠬᠤ︾ ᠪᠠ ︽ᠨᠡᠶᠢᠬᠡᠮ ᠤᠨ ᠮᠡᠳᠡᠯᠭᠡ ᠪᠠᠨ | ᠲᠡᠭᠡᠭᠰᠢᠯᠡᠬᠦᠯᠬᠦ︾᠂ ︽ᠬᠠᠷᠠᠴᠠ ᠪᠠᠨ ᠲᠠᠯᠠᠵᠤ ᠪᠠᠶ᠎ᠠ ᠰᠡᠳᠬᠢᠴᠠ ᠪᠠᠨ ᠡᠷᠡᠬᠦᠯᠵᠢᠬᠦᠯᠤᠨ︾᠂ ︽ᠪᠠᠶ᠎ᠠ ᠪᠠᠨ | ᠲᠠᠭᠠᠭᠠᠵᠤ ᠠᠰᠠᠭᠤᠳᠠᠯ ᠢ ᠰᠡᠳᠬᠢᠵᠤ ᠰᠢᠢᠳᠪᠤᠷᠢᠯᠡᠬᠦ ᠴᠢᠳᠠᠪᠤᠷᠢ︾ ᠪᠠᠨ ᠲᠡᠭᠡᠭᠰᠢᠯᠡᠬᠦᠯᠬᠦ ᠶᠢ ᠬᠦᠰᠡᠵᠤ ᠪᠠᠶᠢᠪᠠ᠃ | | | ᠦᠨᠳᠦᠷ ᠲᠤᠮᠳᠠᠳᠤ ᠶᠢᠨ ᠰᠤᠷᠤᠭᠴᠢ᠄ ᠰᠤᠷᠤᠯᠴᠠᠵᠤ | ᠠᠮᠠᠷᠠᠬᠤ ᠪᠠᠨ ᠤᠶᠠᠯᠳᠤᠭᠤᠯᠬᠤ ᠶᠢ ᠪᠤᠳᠤᠨ᠎ᠠ | | ᠦᠨᠳᠦᠷ ᠲᠤᠮᠳᠠᠳᠤ ᠶᠢᠨ ᠰᠤᠷᠤᠭᠴᠢᠳ ᠲᠤ ᠠᠪᠴᠤ ᠭᠡᠯᠡᠪᠡᠯ ᠰᠤᠷᠤᠯᠭ᠎ᠠ ᠶᠢᠨ ᠲᠠᠷᠤᠭᠠᠰᠤ ᠬᠠᠷᠢᠴᠠᠩᠭᠤᠢ | ᠬᠦᠨᠳᠤ ᠪᠤᠯᠬᠤᠷ ᠠᠮᠠᠷᠡᠯᠳᠠ ᠶᠢᠨ ᠬᠤᠭᠤᠴᠠᠭ᠎ᠠ ᠪᠤᠯ ᠲᠠᠳᠠᠠ ᠤ ᠪᠠᠶ᠎ᠠ ᠰᠡᠳᠬᠢᠴᠡ ᠳᠡᠭᠡᠨ ᠲᠤᠬᠢᠷᠠᠭᠤᠯᠤᠯᠳᠠ ᠬᠢᠬᠦ | ᠬᠠᠮᠤᠭ ᠤᠨ ᠰᠠᠶᠢᠨ ᠴᠠᠭ ᠲᠤᠬᠢᠶᠠᠯ ᠪᠤᠯᠬᠤ ᠶᠤᠮ᠃ ᠬᠦᠬᠡᠬᠤᠳᠠ ᠶᠢᠨ ᠮᠤᠩᠭᠤᠯ ᠦᠨᠳᠦᠰᠦᠳᠡᠡ ᠤ | ᠰᠤᠷᠭᠠᠭᠤᠯᠢ ᠶᠢᠨ ᠦᠨᠳᠦᠷ ᠲᠤᠮᠳᠠᠳᠤ ᠶᠢᠨ ᠰᠤᠷᠤᠭᠴᠢ ᠴᠠᠰᠤᠨ᠎ᠠ᠄ ︽ᠡᠪᠤᠯ ᠤᠨ ᠠᠮᠠᠷᠠᠯᠳᠠ ᠳᠤ ᠬᠠᠨᠤᠳᠠᠯ᠎ᠠ | ᠤᠨᠳᠠᠶ᠎ᠠ ᠭᠡᠵᠤ ᠪᠤᠳᠤᠨ᠎ᠠ᠂ ᠭᠡᠪᠡᠴᠤ ᠰᠤᠷᠤᠯᠭ᠎ᠠ ᠶᠢᠨ ᠲᠠᠷᠤᠭᠠᠰᠤ ᠬᠦᠨᠳᠤ᠂ ᠤᠳᠠᠯ ᠦᠭᠡᠢ ᠨᠢᠭᠡᠳᠤᠯᠳᠠᠢ | ᠰᠢᠯᠭᠠᠯᠳᠠ ᠳᠤ ᠤᠷᠤᠯᠴᠠᠬᠤ ᠲᠤᠯᠠ ᠬᠠᠰᠢᠯᠠ ᠬᠢᠴᠢᠶᠠᠯ ᠢᠶᠠᠨ ᠪᠠᠳᠤᠳᠬᠠᠵᠤ ᠲᠠᠪᠳᠠᠬᠤ ᠨᠢ ᠴᠢᠬᠤᠯᠠ᠂ | ᠲᠡᠶᠢᠮᠤ ᠠᠴᠠ ᠠᠮᠠᠷᠠᠯᠳᠠ ᠶᠢᠨ ᠬᠤᠭᠤᠴᠠᠭᠠᠠ ᠳᠤ ᠰᠤᠷᠤᠯᠴᠠᠬᠤ ᠪᠠ ᠠᠮᠠᠷᠠᠬᠤ ᠪᠠᠨ ᠰᠠᠶᠢᠬᠠᠠ ᠤᠶᠠᠯᠳᠤᠭᠤᠯᠵᠤ | ᠲᠤᠬᠢᠷᠠᠭᠤᠯᠤᠶᠠ︾ ᠭᠡᠵᠤ ᠶᠠᠷᠢᠨ᠎ᠠ᠃ ᠴᠠᠰᠤᠨ᠎ᠠ ᠲᠠᠢ ᠠᠳᠠᠯᠢ ᠪᠠᠷ ᠤᠯᠠᠩᠬᠢ ᠦᠨᠳᠦᠷ ᠲᠤᠮᠳᠠᠳᠤ ᠶᠢᠨ ᠰᠤᠷᠤᠭᠴᠢ | ᠡᠪᠤᠯ ᠤᠨ ᠠᠮᠠᠷᠠᠯᠳᠠ ᠶᠢᠨ ᠬᠤᠭᠤᠴᠠᠭᠠᠠ ᠳᠤ ᠬᠢᠴᠢᠶᠠᠯ ᠰᠤᠷᠤᠯᠭ᠎ᠠ ᠪᠠᠨ ᠪᠠᠳᠤᠳᠬᠠᠬᠤ ᠶᠢᠨ ᠲᠠᠭᠠᠤ ᠳᠤ ᠪᠠᠶ᠎ᠠ | ᠰᠡᠳᠬᠢᠴᠡ ᠳᠡᠭᠡᠨ ᠲᠤᠬᠢᠷᠠᠭᠤᠯᠤᠯᠳᠠ ᠬᠢᠵᠤ᠂ ᠢᠯᠡᠬᠦᠭᠡᠡ ᠠᠮᠠᠷᠠᠶ᠎ᠠ ᠭᠡᠵᠤ ᠪᠤᠳᠤᠵᠤ ᠪᠠᠶᠢᠯ᠎ᠠ᠃ | ︽ᠦᠨᠳᠦᠷ ᠲᠤᠮᠳᠠᠳᠤ ᠶᠢᠨ ᠰᠤᠷᠤᠭᠴᠢ ᠶᠢᠨ ᠰᠤᠷᠤᠯᠭ᠎ᠠ ᠶᠢᠨ ᠲᠠᠷᠤᠭᠠᠰᠤ ᠬᠦᠨᠳᠤ᠂ ᠠᠮᠠᠷᠠᠯᠳᠠ ᠶᠢᠨ | ᠬᠤᠭᠤᠴᠠᠭᠠᠠ ᠳᠤ ᠬᠦᠷᠦᠯᠴᠡᠬᠦ ᠦᠭᠡᠢ ᠲᠠᠯ᠎ᠠ ᠪᠠᠨ ᠨᠦᠬᠦᠪᠤᠷᠢᠯᠡᠬᠦ ᠨᠢ ᠴᠢᠬᠤᠯᠠ᠂ ᠲᠠᠶᠢᠮᠤ ᠠᠴᠠ ᠬᠡᠦᠬᠡᠳ ᠤᠳ | ᠠᠮᠠᠷᠠᠯᠳᠠ ᠶᠢᠨ ᠬᠤᠭᠤᠴᠠᠭᠠᠠ ᠤ ᠴᠠᠭ ᠢᠶᠠᠨ ᠠᠰᠢᠬᠯᠠᠠ ᠬᠢᠴᠢᠶᠠᠯ ᠢᠶᠠᠨ ᠲᠠᠪᠳᠠᠬᠤ ᠶᠢᠨ ᠲᠠᠭᠠᠤ ᠰᠠᠶᠢᠳᠤᠷ | ᠰᠡᠯᠡᠬᠦᠴᠡᠡ ᠠᠮᠠᠷᠠᠵᠤ᠂ ᠨᠢᠭᠡᠳᠤᠯᠳᠠᠢ ᠰᠢᠯᠭᠠᠯᠳᠠ ᠳᠤ ᠰᠢᠯᠢᠳᠡᠭ ᠬᠢᠷᠢ ᠪᠦᠳᠦᠮᠵᠢ ᠤᠯᠬᠤ ᠶᠢ ᠬᠦᠰᠡᠨ᠎ᠠ︾ ᠭᠡᠵᠤ | ᠭᠡᠷ ᠤᠨ ᠠᠬᠠᠮᠠᠳ ᠵᠤᠷᠢᠭᠳᠤ ᠶᠠᠷᠢᠨ᠎ᠠ᠃ | ︽ᠦᠨᠳᠦᠷ ᠲᠤᠮᠳᠠᠳᠤ ᠶᠢᠨ ᠰᠤᠷᠤᠭᠴᠢᠳ ᠠᠮᠠᠷᠠᠯᠳᠠ ᠶᠢᠨ ᠬᠤᠭᠤᠴᠠᠭᠠᠠ ᠳᠤ ᠪᠠᠶ᠎ᠠ ᠪᠠᠨ ᠰᠤᠯᠠ ᠰᠡᠯᠡᠬᠦᠦ | ᠲᠠᠯᠪᠢᠵᠤ᠂ ᠲᠤᠷ᠎ᠠ ᠲᠠᠪᠠ ᠪᠠᠷ ᠢᠶᠠᠨ ᠨᠠᠭᠠᠳᠴᠤ ᠴᠡᠩᠬᠡᠵᠤ ᠪᠤᠯᠬᠤ ᠦᠭᠡᠢ᠂ ᠴᠠᠭ ᠢ ᠵᠠᠪᠳᠤᠨ ᠮᠡᠳᠡᠬᠦ ᠦᠭᠡᠢ | ᠴᠢᠳᠠᠬᠤ ᠦᠭᠡᠢ ᠵᠦᠢᠯ ᠢᠶᠠᠨ ᠪᠠᠳᠤᠳᠬᠠᠵᠤ ᠪᠠᠬᠢᠵᠢᠬᠦᠯᠪᠠᠯ ᠵᠤᠬᠢᠨ᠎ᠠ᠂ ᠶᠠᠷᠢᠶᠠᠠ ᠦᠭᠡᠢ ᠠᠮᠠᠷᠠᠯᠳᠠ ᠶᠢᠨ | ᠬᠤᠭᠤᠴᠠᠭ᠎ᠠ ᠶᠤᠮ ᠴᠢᠨᠢ ᠰᠤᠷᠤᠯᠴᠠᠬᠤ ᠪᠠ ᠠᠮᠠᠷᠠᠬᠤ ᠪᠠᠨ ᠵᠤᠬᠢᠴᠠᠭᠤᠯᠬᠤ ᠨᠢ ᠵᠦᠪ︾ ᠭᠡᠵᠤ ᠰᠤᠷᠤᠭᠴᠢ | ᠦᠨᠡᠨᠴᠢ ᠰᠤᠷᠪᠤᠯᠵᠢᠯᠠᠭᠴᠢ ᠳᠤ ᠶᠠᠷᠢᠨ᠎ᠠ᠃ | | | ᠤᠶᠤᠳᠠᠳ᠄ ᠦᠢᠯᠡᠳᠤᠯᠭᠡ ᠲᠠᠳᠤᠯᠭ᠎ᠠ ᠳᠤ ᠤᠷᠤᠯᠴᠠᠵᠤ | ᠴᠢᠳᠠᠪᠤᠷᠢ ᠪᠠᠨ ᠲᠡᠭᠡᠭᠰᠢᠯᠡᠬᠦᠯᠬᠦ ᠶᠢ ᠬᠦᠰᠡᠨ᠎ᠠ | | ᠭᠡᠷ ᠲᠡᠭᠡᠨ ᠬᠠᠷᠢᠨ᠎ᠠ᠂ ᠦᠢᠯᠡᠳᠤᠯᠭᠡ ᠲᠠᠳᠤᠯᠭ᠎ᠠ ᠳᠤ ᠤᠷᠤᠯᠴᠠᠨ᠎ᠠ᠃ ᠡᠨᠡ ᠪᠤᠯ ᠰᠤᠷᠪᠤᠯᠵᠢᠯᠠᠭ᠎ᠠ | ᠬᠦᠯᠢᠶᠡᠭᠰᠡᠡ ᠤᠯᠠᠩᠬᠢ ᠤᠶᠤᠳᠠᠠ ᠤ ᠨᠡᠶᠢᠳᠡᠮ ᠤᠨ ᠬᠠᠷᠢᠭᠤᠯᠳᠠ ᠪᠤᠯᠤᠨ᠎ᠠ᠃ ᠦᠪᠦᠷ ᠮᠤᠩᠭᠤᠯ ᠤᠨ ᠪᠠᠭᠰᠢ ᠶᠢᠨ | ᠶᠡᠭᠡ ᠰᠤᠷᠭᠠᠭᠤᠯᠢ ᠶᠢᠨ ᠤᠶᠤᠳᠠᠠ ᠲᠠᠨ᠎ᠠ᠄ ︽ᠪᠢ ᠤᠳᠤ ᠭᠤᠷᠪᠠᠳᠤᠭᠠᠷ ᠤᠨ ᠤ ᠤᠶᠤᠳᠠᠠ ᠪᠤᠯᠪᠠ᠃ ᠡᠨᠡ | ᠵᠢᠯ ᠤᠨ ᠡᠪᠤᠯ ᠤᠨ ᠠᠮᠠᠷᠠᠯᠳᠠ ᠶᠢᠨ ᠬᠤᠭᠤᠴᠠᠭ᠎ᠠ ᠨᠠᠯᠢᠶᠠᠳ ᠤᠷᠳᠤ᠂ ᠡᠨᠡᠬᠦ ᠴᠠᠭ ᠢ ᠠᠰᠢᠬᠯᠠᠠ ᠨᠡᠶᠢᠬᠡᠮ ᠤᠨ | ᠦᠢᠯᠡᠳᠤᠯᠭᠡ ᠳᠤ ᠢᠯᠡᠬᠦᠭᠡᠡ ᠤᠷᠤᠯᠴᠠᠵᠤ ᠴᠢᠳᠠᠪᠤᠷᠢ ᠪᠠᠨ ᠨᠡᠮᠡᠭᠳᠡᠬᠦᠯᠦᠶᠠ ᠭᠡᠵᠤ ᠪᠤᠳᠤᠨ᠎ᠠ᠃ ᠤᠳᠤᠬᠠᠠ ᠳᠤ ᠨᠢᠭᠡ | ᠬᠠᠮ ᠲᠡᠯᠭᠡᠬᠦᠷ ᠲᠤ ᠲᠦᠷ ᠠᠵᠢᠯᠯᠠᠬᠤ ᠪᠠᠷ ᠲᠤᠭᠳᠠᠭᠠᠳ ᠪᠠᠶᠢᠨ᠎ᠠ᠂ ᠠᠵᠢᠯᠯᠠᠬᠤ ᠲᠤᠮᠳᠠ ᠪᠠᠨ ᠲᠤᠷᠰᠢᠯᠭ᠎ᠠ | ᠬᠤᠷᠠᠮᠳᠤᠭᠤᠯᠵᠤ᠂ ᠲᠡᠬᠦᠰᠦᠭᠰᠡᠡ ᠤ ᠲᠠᠷᠠᠭ᠎ᠠ ᠠᠵᠢᠯ ᠤᠯᠬᠤ ᠳᠠᠭᠠᠨ ᠰᠠᠭᠤᠷᠢ ᠲᠠᠯᠪᠢᠨ᠎ᠠ︾ ᠭᠡᠵᠤ | ᠰᠤᠷᠪᠤᠯᠵᠢᠯᠠᠭᠴᠢ ᠳᠤ ᠶᠠᠷᠢᠯ᠎ᠠ᠃ | ︽ᠮᠠᠨ ᠤ ᠰᠤᠷᠭᠠᠭᠤᠯᠢ 1 ᠰᠠᠷ᠎ᠠ ᠶᠢᠨ 18 ᠳᠤ ᠡᠪᠤᠯ ᠤᠨ ᠠᠮᠠᠷᠠᠯᠳᠠ ᠶᠢᠨ ᠴᠢᠯᠤᠭᠡ ᠲᠠᠯᠪᠢᠴᠢᠬᠠᠭᠰᠠᠠ᠂ | ᠡᠨᠡ ᠵᠢᠯ ᠤᠨ ᠡᠪᠤᠯ ᠤᠨ ᠠᠮᠠᠷᠠᠯᠳᠠ ᠶᠢᠨ ᠴᠢᠯᠤᠭᠡ ᠤᠷᠳᠤ ᠲᠤᠯᠠ ᠡᠨᠡᠬᠦ ᠴᠠᠭ ᠢ ᠠᠰᠢᠬᠯᠠᠠ ᠲᠠᠳᠤᠯᠭ᠎ᠠ ᠬᠢᠬᠦ | ᠰᠠᠨᠠᠭ᠎ᠠ ᠲᠠᠢ᠂ ᠤᠳᠤᠬᠠᠠ ᠳᠤ ᠰᠢᠶᠠᠮᠸᠠᠨ ᠤ ᠨᠢᠭᠡ ᠬᠤᠪᠢ ᠬᠦᠮᠦᠨ ᠤ ᠭᠡᠷᠡᠯ ᠵᠢᠷᠤᠭ ᠰᠡᠬᠦᠳᠡᠷ ᠤᠨ ᠭᠠᠵᠠᠷ ᠲᠦᠷ | ᠲᠠᠳᠤᠯᠭ᠎ᠠ ᠬᠢᠬᠦ ᠪᠠᠷ ᠲᠤᠭᠳᠠᠪᠠ᠂ ᠤᠳᠠᠯ ᠦᠭᠡᠢ ᠤᠴᠢᠨ᠎ᠠ︾ ᠭᠡᠵᠤ ᠬᠦᠬᠡᠬᠤᠳᠠ ᠦᠨᠳᠦᠰᠦᠳᠡᠡ ᠤ ᠲᠡᠭᠡᠳᠤ | ᠰᠤᠷᠭᠠᠭᠤᠯᠢ ᠶᠢᠨ ᠤᠶᠤᠳᠠᠠ ᠲᠠᠪᠠᠯᠭᠠᠠ ᠡᠪᠤᠯ ᠤᠨ ᠠᠮᠠᠷᠠᠯᠳᠠ ᠶᠢᠨ ᠬᠤᠭᠤᠴᠠᠭᠠᠠ ᠳᠤ ᠲᠠᠳᠤᠯᠭ᠎ᠠ ᠬᠢᠬᠦ | ᠪᠤᠳᠤᠯ ᠢᠶᠠᠨ ᠨᠢᠭᠤᠯ ᠦᠭᠡᠢ ᠶᠠᠷᠢᠵᠤ ᠪᠠᠶᠢᠯ᠎ᠠ᠃ | ᠶᠡᠭᠡ ᠰᠤᠷᠭᠠᠭᠤᠯᠢ ᠶᠢᠨ ᠲᠦᠷᠪᠡᠳᠤᠭᠡᠷ ᠤᠨ ᠤ ᠲᠡᠬᠦᠰᠬᠦ ᠤᠶᠤᠳᠠᠠ ᠳᠤ ᠠᠪᠴᠤ ᠭᠡᠯᠡᠪᠡᠯ ᠠᠰᠫᠢᠷᠠᠨᠲ | ᠰᠢᠯᠭᠠᠭᠤᠯᠬᠤ᠂ ᠲᠡᠬᠦᠰᠬᠦ ᠦᠬᠦᠯᠡᠯ ᠢᠶᠠᠨ ᠪᠢᠴᠢᠬᠦ ᠪᠠ ᠠᠵᠢᠯ ᠡᠷᠢᠬᠦ ᠪᠤᠯ ᠡᠨᠡ ᠡᠪᠤᠯ ᠤᠨ ᠠᠮᠠᠷᠠᠯᠳᠠ ᠶᠢᠨ | ᠬᠤᠭᠤᠴᠠᠭᠠᠠ ᠤ ᠵᠠᠩᠬᠢᠯᠠᠭ᠎ᠠ ᠶᠢᠨ ᠦᠭᠡᠰ ᠪᠤᠯᠵᠤ ᠪᠠᠶᠢᠯ᠎ᠠ᠃ ᠦᠪᠦᠷ ᠮᠤᠩᠭᠤᠯ ᠤᠨ ᠪᠠᠭᠰᠢ ᠶᠢᠨ ᠶᠡᠭᠡ | ᠰᠤᠷᠭᠠᠭᠤᠯᠢ ᠶᠢᠨ ᠲᠦᠷᠪᠡᠳᠤᠭᠡᠷ ᠤᠨ ᠤ ᠤᠶᠤᠳᠠᠠ ᠴᠡᠯᠡᠭᠡᠷ ᠲᠦᠷᠦᠬᠦᠭᠡᠡ ᠠᠰᠫᠢᠷᠠᠨᠲ ᠤᠨ ᠰᠢᠯᠭᠠᠯᠳᠠ ᠳᠤ | ᠤᠷᠤᠯᠴᠠᠵᠠᠢ᠃ ︽ᠡᠪᠤᠯ ᠤᠨ ᠠᠮᠠᠷᠠᠯᠳᠠ ᠳᠤ ᠪᠢ ᠭᠡᠷ ᠲᠡᠭᠡᠨ ᠬᠠᠷᠢᠬᠤ ᠦᠭᠡᠢ᠂ ᠠᠰᠫᠢᠷᠠᠨᠲ ᠡᠯᠰᠡᠬᠦ | ᠰᠢᠯᠭᠠᠯᠳᠠ ᠶᠢᠨ ᠬᠢᠷᠢ ᠪᠦᠳᠦᠮᠵᠢ ᠪᠠᠨ ᠬᠦᠯᠢᠶᠡᠵᠤ ᠰᠠᠭᠤᠬᠤ ᠶᠢᠨ ᠲᠠᠭᠠᠤ ᠳᠤ ᠲᠡᠬᠦᠰᠬᠦ ᠦᠬᠦᠯᠡᠯ ᠢᠶᠠᠨ ᠪᠢᠴᠢᠨ᠎ᠠ᠂ | ᠪᠠᠰᠠ ᠠᠵᠢᠯᠳᠠᠠ ᠡᠯᠰᠡᠬᠦ ᠮᠡᠳᠡᠭᠡ ᠵᠠᠩᠬᠢ ᠶᠢ ᠠᠵᠢᠬᠯᠠᠨ᠎ᠠ᠂ ᠡᠬᠦᠨ ᠤ ᠬᠠᠮᠳᠤ ᠴᠠᠭᠠᠠ ᠰᠠᠷ᠎ᠠ ᠶᠢᠨ ᠦᠶ᠎ᠠ ᠪᠠᠷ ᠲᠦᠷ | ᠴᠠᠭ ᠤᠨ ᠠᠵᠢᠯ ᠡᠷᠢᠵᠤ ᠬᠢᠨ᠎ᠠ᠂ ᠦᠨᠡᠡ ᠳᠡᠭᠡᠨ ᠦᠢᠷ᠎ᠠ ᠶᠢᠨ ᠭᠡᠳᠤᠨ ᠵᠢᠯ ᠲᠡᠬᠦᠰᠬᠦ ᠤᠶᠤᠳᠠᠳ ᠤᠨ ᠲᠤᠭ᠎ᠠ | ᠨᠡᠮᠡᠭᠳᠡᠬᠦ ᠶᠢ ᠲᠠᠭᠠᠯᠳᠤᠨ ᠠᠵᠢᠯ ᠤᠯᠬᠤ ᠠᠰᠠᠭᠤᠳᠠᠯ ᠴᠤ ᠬᠦᠨᠳᠤ ᠨᠤᠴᠢᠳᠠᠢ ᠪᠤᠯᠵᠤ ᠪᠠᠶᠢᠨ᠎ᠠ᠂ ᠢᠯᠠᠩᠭᠤᠶ᠎ᠠ | ᠪᠢᠳᠠᠨᠤᠰ ᠰᠢᠭ᠋ ᠮᠤᠩᠭᠤᠯ ᠢᠶᠠᠷ ᠰᠤᠷᠤᠭᠰᠠᠠ ᠤᠶᠤᠳᠠᠳ ᠤᠨ ᠠᠵᠢᠯ ᠤᠯᠬᠤ ᠲᠠᠷᠤᠭᠠᠰᠤ ᠨᠡᠩ ᠬᠦᠨᠳᠤ ᠶᠤᠮ᠂ | ᠡᠶᠢᠮᠤ ᠪᠠᠶᠢᠳᠠᠯ ᠲᠤᠤᠷ᠎ᠠ ᠪᠢᠳᠠ ᠦᠢᠯᠡᠳᠤᠯᠭᠡ ᠶᠢᠨ ᠴᠢᠳᠠᠪᠤᠷᠢ ᠪᠠᠨ ᠠᠯᠢ ᠴᠢᠳᠠᠬᠤ ᠪᠠᠷ ᠲᠡᠭᠡᠭᠰᠢᠯᠡᠬᠦᠯᠵᠤ᠂ | ᠦᠷᠢᠰᠦᠯᠳᠦᠭᠡᠡ ᠤ ᠲᠤᠮᠳᠠ ᠲᠠᠪᠠᠭᠤ ᠪᠠᠶᠢᠷᠢ ᠶᠢ ᠡᠵᠡᠯᠡᠬᠦ ᠪᠠᠷ ᠴᠢᠷᠮᠠᠶᠢᠪᠠᠯ ᠵᠤᠬᠢᠨ᠎ᠠ︾ ᠭᠡᠵᠤ ᠶᠠᠷᠢᠨ᠎ᠠ᠃ | | | ᠭᠡᠷ ᠤᠨ ᠠᠬᠠᠮᠠᠳ᠄ ᠬᠡᠦᠬᠡᠳ ᠤᠨ ᠢᠶᠠᠨ ᠨᠤᠮ ᠦᠵᠡᠬᠦ ᠪᠠ | ᠪᠠᠶ᠎ᠠ ᠪᠠᠨ ᠲᠠᠪᠳᠠᠠ ᠪᠤᠯᠪᠠᠰᠤᠷᠠᠭᠤᠯᠬᠤ ᠶᠢ ᠬᠦᠰᠡᠨ᠎ᠠ | | ︽ᠡᠪᠤᠯ ᠤᠨ ᠠᠮᠠᠷᠠᠯᠳᠠ ᠶᠢᠨ ᠴᠢᠯᠤᠭᠡ ᠲᠠᠯᠪᠢᠭᠰᠠᠠ ᠤ ᠲᠠᠷᠠᠭ᠎ᠠ ᠪᠢ ᠬᠦᠦ ᠪᠠᠨ ᠬᠤᠰᠢᠭᠤᠨ ᠲᠦᠪ ᠲᠤ | ᠪᠠᠶᠢᠭ᠎ᠠ ᠡᠪᠦᠭᠡ ᠶᠢᠨ ᠭᠡᠷ ᠲᠤᠨᠢ ᠶᠠᠪᠤᠭᠤᠯᠵᠤ᠂ ᠨᠠᠰᠤᠳᠠᠠ ᠳᠤ ᠭᠡᠦᠭᠡᠳ ᠤᠨ ᠲᠠᠰᠬᠠᠯ ᠬᠢᠬᠦ᠂ ᠨᠤᠮ ᠦᠵᠡᠬᠦ ᠶᠢ | ᠬᠢᠨᠠᠵᠤ ᠵᠢᠯᠤᠭᠤᠳᠬᠤ ᠶᠢ ᠨᠠᠶᠢᠳᠠᠪᠠ᠃ ᠦᠨᠡᠨ ᠳᠡᠭᠡᠨ ᠤᠳᠤ ᠶᠢᠨ ᠭᠡᠦᠭᠡᠳ ᠦᠨᠡᠭᠡᠷ ᠬᠦᠭᠡᠷᠤᠬᠦ᠋ᠢᠯᠡᠯᠳᠡᠢ᠂ | ᠨᠠᠭᠠᠳᠬᠤ ᠠᠴᠠ ᠨᠠᠶᠢᠵᠢ ᠦᠭᠡᠢ᠂ ᠶᠠᠪᠤᠬᠤ ᠠᠴᠠ ᠭᠠᠵᠠᠷ ᠦᠭᠡᠢ︾ ᠭᠡᠵᠤ ᠭᠡᠷ ᠤᠨ ᠠᠬᠠᠮᠠᠳ ᠤᠶᠤᠨ ᠶᠠᠷᠢᠨ᠎ᠠ᠃ | | ᠠᠮᠠᠷᠠᠯᠳᠠ ᠶᠢᠨ ᠬᠤᠭᠤᠴᠠᠭᠠᠠ ᠳᠤ ᠬᠡᠦᠬᠡᠳ ᠤᠳ ᠢᠯᠡᠬᠦᠭᠡᠡ ᠨᠤᠮ ᠤᠩᠰᠢᠵᠤ᠂ ᠢᠯᠡᠬᠦᠭᠡᠡ | ᠰᠤᠷᠤᠯᠴᠠᠬᠤ ᠶᠢ ᠬᠦᠰᠡᠨ᠎ᠠ᠃ ᠡᠨᠡ ᠪᠤᠯ ᠲᠤᠮᠳᠠᠳᠤ ᠪᠠᠭ᠎ᠠ ᠰᠤᠷᠭᠠᠭᠤᠯᠢ ᠶᠢᠨ ᠤᠯᠠᠩᠬᠢ ᠭᠡᠷ ᠤᠨ ᠠᠬᠠᠮᠠᠳ ᠤᠨ | ᠬᠦᠰᠡᠯ ᠪᠠᠶᠢᠯ᠎ᠠ᠃ ᠡᠬᠦᠨ ᠠᠴᠠ ᠭᠠᠳᠠᠨ᠎ᠠ ᠦᠨᠳᠦᠷ ᠲᠤᠮᠳᠠᠳᠤ ᠪᠤᠯᠤᠨ ᠠᠩᠬ᠎ᠠ ᠲᠤᠮᠳᠠᠳᠤ ᠶᠢᠨ ᠰᠤᠷᠤᠭᠴᠢ ᠶᠢᠨ | ᠭᠡᠷ ᠤᠨ ᠠᠬᠠᠮᠠᠳ ᠪᠠᠰᠠ ᠬᠡᠦᠬᠡᠳ ᠤᠨ ᠢᠶᠠᠨ ᠪᠠᠶ᠎ᠠ ᠶᠢᠨ ᠲᠠᠮᠢᠷ ᠤᠨ ᠬᠦᠳᠡᠯᠭᠡᠭᠡᠡ ᠳᠤ ᠤᠷᠤᠯᠴᠠᠵᠤ ᠪᠠᠶ᠎ᠠ | ᠮᠠᠬᠠᠪᠤᠳ ᠢᠶᠠᠨ ᠢᠯᠡᠬᠦᠭᠡᠡ ᠲᠠᠪᠳᠠᠠ ᠪᠤᠯᠪᠠᠰᠤᠷᠠᠭᠤᠯᠬᠤ ᠶᠢ ᠬᠦᠰᠡᠵᠤ ᠪᠠᠶᠢᠯ᠎ᠠ᠃ ᠪᠠᠰᠠ ᠵᠠᠷᠢᠮ ᠤᠶᠤᠳᠠᠠ ᠤ | ᠭᠡᠷ ᠤᠨ ᠠᠬᠠᠮᠠᠳ ᠬᠡᠦᠬᠡᠳ ᠢᠶᠠᠨ ᠨᠡᠶᠢᠬᠡᠮ ᠤᠨ ᠦᠢᠯᠡᠳᠤᠯᠭᠡ ᠲᠠᠳᠤᠯᠭ᠎ᠠ ᠳᠤ ᠤᠷᠤᠯᠴᠠᠵᠤ ᠮᠡᠳᠡᠯᠭᠡ | ᠴᠢᠳᠠᠪᠤᠷᠢ ᠪᠠᠨ ᠨᠡᠮᠡᠭᠳᠡᠬᠦᠯᠬᠦ ᠶᠢ ᠬᠦᠰᠡᠵᠤ ᠪᠠᠶᠢᠪᠠ᠃ | | |