ᠨᠠᠪᠴᠢᠨ ᠳᠤ ᠡᠷᠬᠦᠬᠦ ᠲᠠᠭᠤᠤ
ᠨᠡᠶᠢᠲᠡᠯᠡᠭᠰᠡᠨ ᠴᠠᠭ᠄
2014/9/5
  
 
        ᠪᠤᠴᠠᠭᠠᠳ ᠪᠤᠴᠠᠭᠠᠳ ᠪᠠᠷᠠᠰᠢ ᠦᠭᠡᠢ ᠶᠠᠭᠠᠭᠢᠭᠰᠠᠨ ᠤᠷᠳᠤᠬᠠᠨ ᠨᠠᠮᠤᠷ ᠶᠤᠮ ᠳ᠋ᠠ︕       ᠠᠯᠢᠮᠠᠨ ᠰᠢᠷ᠎ᠠ ᠨᠠᠷᠠ ᠠᠭᠤᠯᠠᠨ ᠲᠠᠯᠳᠠᠭᠤᠷ ᠤᠨᠠᠵᠤ᠂ ᠨᠠᠮᠤᠷ ᠤᠨ ᠰᠠᠷᠢᠬᠦᠨ ᠠᠮᠢᠰᠬᠤᠭ᠎ᠠ ᠳᠤ ᠨᠠᠪᠴᠢᠨ ᠲᠠᠯᠪᠢ ᠦᠶ᠎ᠠ ᠦᠶ᠎ᠠ ᠡᠭᠡ ᠭᠠᠵᠠᠷ ᠤᠨ ᠡᠯᠢᠭᠡᠨ ᠳᠤ ᠨᠡᠬᠦᠵᠡᠭᠡᠨ᠎ᠡ᠃      ᠪᠢ ᠴᠤ ᠠᠮᠠᠷᠠᠯᠳᠠ ᠶᠢᠨ ᠴᠢᠯᠤᠭᠡ ᠪᠠᠨ ᠤᠯᠵᠤ ᠠᠷᠤ ᠭᠡᠷ ᠲᠤ ᠪᠠᠨ ᠪᠤᠴᠠᠯ᠎ᠠ᠃ ᠲᠦᠷᠪᠡᠨ ᠵᠢᠯ  ᠤᠨ ᠰᠤᠷᠤᠯᠭ᠎ᠠ ᠶᠢᠨ ᠠᠮᠢᠳᠤᠷᠠᠯ ᠤᠨ ᠡᠳᠤᠷ ᠬᠤᠨᠤᠭ ᠲᠦᠬᠦᠷᠴᠤ᠂ ᠠᠮᠢᠰᠬᠤᠯ ᠠᠪᠬᠤ ᠰᠠᠨᠠᠭ᠎ᠠ ᠲᠠᠢ ᠡᠭᠡ ᠨᠤᠳᠤᠭ  ᠢᠶᠠᠨ ᠡᠷᠢᠨ ᠰᠠᠨᠠᠭᠠᠯᠵᠠᠬᠤ ᠰᠡᠳᠭᠢᠯ ᠤᠨ ᠡᠷᠬᠡ ᠪᠠᠷ ᠨᠠᠷᠠᠨ ᠤ ᠵᠠᠯᠠᠭᠤ ᠪᠠᠷ ᠨᠤᠳᠤᠭ ᠤᠷᠤᠭᠤ ᠪᠠᠨ ᠶᠠᠭᠠᠷᠠᠨ ᠲᠠᠪᠬᠢᠯ᠎ᠠ᠃ ᠰᠦᠮᠡᠶᠢᠨ ᠰᠦᠮᠡᠶᠢᠨ ᠠᠯᠤᠰ ᠲᠠᠷᠳᠡᠭᠡ ᠠᠴᠠ ᠡᠭᠡ ᠨᠤᠳᠤᠭ ᠮᠢᠨᠢ ᠲᠤᠳᠤᠷᠠᠨ ᠲᠤᠳᠤᠷᠠᠭᠰᠠᠭᠠᠷ ᠦᠭᠡᠳᠠ ᠠᠴᠠ ᠦᠷᠦᠴᠡ ᠪᠠᠨ ᠲᠡᠯᠭᠡᠨ ᠡᠬᠡ ᠶᠢᠨ ᠬᠠᠶᠢᠷ᠎ᠠ ᠶᠢ ᠰᠢᠪᠡᠨᠡᠵᠦ ᠤᠭᠳᠤᠯ᠎ᠠ᠃ ᠨᠤᠳᠤᠭ ᠲᠤ ᠪᠠᠨ ᠤᠶᠢᠷᠠᠳᠤᠬᠤ ᠲᠤᠳᠤᠮ ᠴᠠᠪᠡᠷ ᠠᠭᠠᠷ ᠲᠤᠨᠢ ᠵᠢᠷᠦᠬᠡ ᠰᠡᠳᠬᠢᠯ ᠤᠬᠢᠶᠠᠭᠳᠠᠵᠤ ᠦᠩᠬᠡ ᠲᠠᠢ ᠨᠠᠮᠤᠷ ᠤᠨ ᠰᠠᠶᠢᠬᠠᠨ ᠪᠠᠶᠢᠭᠠᠯᠢ ᠳᠤᠨᠢ ᠡᠯᠢᠭᠡᠨ ᠬᠠᠶᠢᠷ᠎ᠠ ᠠᠷᠭᠠᠮᠵᠢᠭᠳᠠᠨ᠎ᠠ᠃       ᠡᠪᠤᠯᠵᠢᠶᠠᠨ ᠤ ᠪᠠᠨ ᠲᠠᠷᠭᠡᠳᠠ ᠬᠦᠷᠦᠭᠡᠳ ᠭᠡᠷ ᠤᠨ ᠢᠶᠠᠨ ᠡᠮᠤᠨᠡᠭᠢ ᠮᠤᠳᠤᠨ ᠲᠤᠤᠷ᠎ᠠ ᠤᠴᠢᠬᠤ  ᠳᠤ ᠪᠤᠳᠤᠬᠤ ᠠᠴᠠ ᠤᠶᠠᠷᠠᠮ᠎ᠠ ᠬᠤᠯᠠ ᠶᠢᠨ ᠬᠤᠯᠠ ᠲᠠᠯ᠎ᠠ ᠶᠢᠨ ᠵᠠᠷᠭᠡᠯᠭᠡᠨ ᠤ ᠲᠤᠮᠳᠠ ᠨᠠᠪᠴᠢᠰ ᠤᠨ ᠤᠨᠠᠬᠤ ᠠᠶᠠᠰ ᠲᠠᠢ ᠡᠵᠢ ᠮᠢᠨᠢ ᠨᠠᠶᠢᠭᠤᠨ᠎ᠠ᠃ ᠡᠵᠢ ᠬᠦᠮᠤᠨ ᠤ ᠤᠶᠠᠷᠠᠭᠤᠨ ᠡᠶᠡᠪᠡᠷᠬᠦᠤ ᠬᠠᠶᠢᠷ᠎ᠠ ᠮᠢᠨᠤ ᠰᠢᠳᠤᠳᠡᠭ ᠨᠠᠷᠠ ᠪᠢᠯᠠ᠃ ᠪᠠᠷᠠᠭᠤᠨ ᠠᠭᠤᠯᠠᠨ ᠤ ᠲᠤᠯᠤᠭᠠᠢ ᠳᠤ ᠨᠠᠷᠠ ᠵᠢᠷᠭᠠᠬᠤ ᠰᠢᠬᠠᠬᠤ ᠳᠤ ᠮᠤᠳᠤᠳ ᠤᠨ ᠲᠤᠤᠷ᠎ᠠ ᠡᠵᠢ ᠲᠠᠢ  ᠪᠠᠨ ᠬᠠᠮᠳᠤ ᠤᠨᠠᠭᠰᠠᠨ ᠰᠢᠷᠭᠠᠯ ᠨᠠᠪᠴᠢᠰ ᠢ ᠲᠠᠬᠦᠵᠤ ᠡᠯᠢᠭᠡᠨ ᠳᠤ ᠪᠠᠨ ᠨᠠᠭᠠᠵᠤ ᠲᠠᠭᠢᠨ ᠡᠭᠡ ᠭᠠᠵᠠᠷ ᠤᠨ ᠡᠯᠢᠭᠡᠨ  ᠳᠤ ᠠᠶᠠᠷᠬᠠᠨ ᠪᠤᠴᠠᠭᠠᠵᠤ ᠨᠠᠮᠤᠷ ᠤᠨ ᠨᠠᠪᠴᠢ ᠡᠬᠡ ᠭᠠᠵᠠᠷ ᠲᠤ ᠪᠠᠨ ᠰᠢᠮ᠎ᠡ ᠪᠤᠯᠤᠨ ᠰᠢᠩᠭᠡᠳᠡᠭ ᠤᠨ ᠤᠴᠢᠷ ᠢ ᠡᠵᠢ ᠮᠢᠨᠢ ᠨᠠᠳᠠ ᠳᠤ ᠲᠠᠨᠢᠭᠤᠯᠵᠤ ᠪᠢ ᠬᠠᠶᠢᠷ᠎ᠠ ᠪᠠᠨ ᠡᠬᠡ ᠲᠡᠯᠡᠬᠡᠢ ᠳᠤ ᠪᠠᠨ ᠲᠡᠭᠡᠵᠤ ᠬᠠᠳᠠᠭᠠᠯᠠᠵᠤ ᠲᠠᠯᠪᠢᠭᠰᠠᠨ ᠪᠢᠯᠡ︕ ᠰᠡᠳᠭᠢᠯ ᠤᠨ ᠦᠨᠳᠤᠷ ᠲᠤ ᠨᠠᠷᠠ ᠬᠤᠷᠭᠤᠳᠠᠭ ᠰᠠᠶᠢᠬᠠᠨ ᠠᠮᠢᠳᠤᠷᠠᠯ ᠳᠤ ᠪᠠᠨ ᠰᠤᠭᠳᠤᠭᠤᠷᠠᠨ ᠰᠠᠭᠤᠳᠠᠯ᠎ᠠ ᠵᠢᠪᠡᠷ ᠰᠠᠯᠭᠢᠨ ᠤ ᠠᠶ᠎ᠠ ᠪᠠᠷ ᠦᠨᠦᠴᠢᠨ ᠨᠠᠪᠴᠢ ᠡᠪᠤᠳᠤᠭ᠌ ᠲᠠᠭᠡᠷ᠎ᠠ ᠮᠢᠨᠢ ᠤᠨᠠᠯ᠎ᠠ ᠁ ᠬᠠᠷᠠᠵᠤ ᠬᠠᠷᠠᠭᠠᠳ ᠡᠩᠭᠦᠷᠡᠢ ᠨᠠᠪᠴᠢᠨ ᠳᠤ ᠰᠡᠳᠬᠢᠯᠭᠡ ᠪᠠᠨ ᠰᠢᠪᠡᠨᠡᠵᠤ ᠦᠪᠡᠷ ᠤᠨ ᠡᠷᠭᠡ ᠦᠭᠡᠢ ᠲᠠᠷᠠ ᠨᠠᠪᠴᠢᠨ ᠲᠠᠭᠡᠷ᠎ᠠ ᠨᠢᠯᠪᠦᠰᠦ ᠮᠢᠨᠢ ᠰᠤᠪᠤᠷᠠᠨ ᠪᠠᠭᠤᠯ᠎ᠠ ᠁ ᠪᠢ ᠪᠤᠯᠪᠠᠷᠠᠶᠢᠬᠠᠨ ᠨᠠᠪᠴᠢ ᠶᠢ ᠭᠡᠴᠢᠶᠠᠩᠭᠡᠨ ᠪᠠᠶᠢᠵᠤ᠂ ᠡᠭᠡ ᠭᠠᠵᠠᠷ  ᠤᠨ ᠢᠶᠠᠨ ᠡᠯᠢᠭᠡᠨ ᠳᠤ ᠨᠠᠭᠠᠯᠳᠤᠭᠤᠯᠤᠨ ᠲᠠᠯᠪᠢᠯ᠎ᠠ᠃       ᠪᠤᠳᠤᠯ ᠳᠠᠭᠠᠨ ᠲᠠᠷᠤᠭᠳᠠᠨ ᠤᠷᠮ᠎ᠠ ᠮᠭᠤᠳᠠᠶᠢᠬᠠᠨ ᠭᠡᠷ ᠲᠤ ᠪᠠᠨ ᠤᠷᠤᠶ᠎ᠠ ᠭᠡᠵᠤ ᠡᠷᠭᠢᠳᠠᠯ᠎ᠠ ᠭᠡᠳᠤᠨ ᠬᠠᠷ᠎ᠠ ᠲᠠᠷᠭᠡ ᠡᠮᠤᠨᠡᠬᠦᠷ ᠲᠤᠭᠤᠰᠤ ᠮᠠᠨᠠᠷᠠᠭᠤᠯᠤᠨ ᠦᠩᠭᠡᠷᠡᠵᠤ ᠭᠠᠷᠤᠯ᠎ᠠ᠃ ᠡᠨᠡ ᠬᠦ ᠪᠠᠶᠢᠳᠠᠯ ᠢ ᠬᠠᠷᠠᠭᠠᠳ ᠲᠤᠯᠤᠭᠠᠢ ᠲᠦᠨᠡᠷᠡᠬᠦ‍ ᠰᠢᠭ ᠪᠤᠯᠤᠭᠰᠠᠨ ᠢᠶᠠᠨ ᠬᠤᠯᠠ ᠶᠢ ᠬᠠᠷᠠᠵᠤ ᠴᠢᠯᠡᠭᠡ ᠪᠠᠨ ᠲᠠᠶᠢᠯᠬᠤ ᠰᠠᠨᠠᠭ᠎ᠠ ᠲᠠᠢ ᠬᠠᠷᠠᠭ᠎ᠠ ᠰᠤᠩᠭᠠᠳᠠᠯ᠎ᠠ ᠦᠨᠤᠭᠢ ᠬᠦᠨᠳᠠᠶᠢᠷᠡᠨ ᠬᠦᠩᠭᠡᠶᠢᠭᠰᠠᠨ ᠠᠯᠤᠰ ᠤᠨ ᠠᠭᠤᠯᠠᠰ ᠨᠠᠳᠠ ᠠᠴᠠ ᠦᠷᠢ ᠨᠡᠭᠡᠵᠤ ᠪᠠᠶᠢᠮᠠᠷ ᠠᠶᠤᠮᠰᠢᠭᠳᠠᠢ ᠠᠩᠭᠠᠶᠢᠨ᠎ᠠ᠃ ᠪᠢ ᠶᠠᠭᠤ ᠨᠢᠭᠡ ᠪᠠᠷ ᠦᠪᠡᠷ ᠲᠤ ᠪᠠᠨ ᠲᠠᠶᠢᠳᠬᠠᠷᠠᠭᠤᠯᠤᠯ ᠤᠯᠭᠤᠬᠤ ᠰᠠᠨᠠᠭ᠎ᠠ ᠲᠠᠢ ᠦᠨᠳᠦᠷ ᠵᠦᠭ ᠠᠯᠬᠤᠯᠠᠯ᠎ᠠ᠃ ᠬᠦᠩᠭᠡᠨ ᠰᠠᠯᠭᠢ ᠦᠨᠤᠭᠢ ᠨᠠᠪᠴᠢ ᠶᠢ ᠬᠤᠶᠢᠯᠠᠷᠠᠭᠤᠯᠤᠨ ᠭᠡᠶᠢᠰᠭᠡᠵᠤ ᠠᠯᠤᠰ ᠬᠤᠯᠠᠭᠢ ᠠᠭᠤᠯᠠ ᠶᠢᠨ ᠬᠤᠪᠠᠭ᠋ᠠᠢ ᠬᠦᠨᠳᠠᠢ ᠶᠢᠨ ᠠᠮᠠ ᠶᠢ ᠰᠠᠬᠢᠵᠤ ᠨᠤᠭᠤᠭᠠᠷᠠᠨ ᠬᠦᠰᠢᠭᠡᠯᠡᠨ ᠵᠡᠷᠭᠡᠯᠭᠡᠨ ᠲᠤᠮᠳᠠ  ᠠᠴᠠ ᠨᠠᠳᠠ ᠶᠢ ᠲᠠᠯᠠᠯᠤᠨ᠎ᠠ᠃ ᠡᠵᠢ ᠨᠤᠳᠤᠭ ᠬᠤᠶᠠᠷ ᠤᠨ ᠢᠶᠠᠨ ᠦᠷᠤᠪᠴᠢᠭᠡᠨ ᠬᠠᠶᠢᠷ᠎ᠠ ᠶᠢᠨ ᠬᠠᠷᠢᠭᠤ ᠳᠤ ᠶᠠᠭᠤ ᠨᠢᠭᠡ ᠭᠢᠬᠦ ᠴᠢᠬᠤᠯᠠᠳᠠᠢ ᠪᠤᠯᠤᠭᠰᠠᠨ ᠢᠶᠠᠨ ᠪᠢ ᠮᠡᠳᠡᠷᠡᠵᠦ ᠡᠬᠢᠯᠡᠪᠡ᠃ ᠦᠷᠭᠡᠨ ᠬᠤᠷᠸ᠎ᠠ ᠳᠤ ᠭᠠᠭᠴᠠᠬᠠᠨ ᠤᠯᠳᠠᠭᠰᠠᠨ ᠡᠵᠢ ᠶᠢᠨ ᠢᠶᠠᠨ ᠢᠳᠡᠷ ᠨᠠᠰᠤᠨ ᠤ ᠭᠢᠨᠢ ᠡᠷᠡᠬᠦᠯ ᠮᠡᠨᠳᠤ ᠶᠢ ᠬᠠᠮᠭᠠᠯᠠᠵᠤ ᠴᠢᠳᠠᠭᠰᠠᠨ ᠦᠭᠡᠢ ᠳᠤ ᠪᠠᠨ ᠦᠷᠤᠴᠠ ᠵᠢᠷᠤᠭᠡ ᠮᠢᠨᠢ ᠡᠳᠤᠢ ᠪᠤᠯᠳᠠᠯ᠎ᠠ ᠠᠮᠤᠷᠵᠢᠬᠤ ᠦᠭᠡᠢ ᠭᠠᠩᠰᠠᠯᠭᠠᠵᠤ ᠪᠠᠶᠢᠬᠤ ᠶᠢᠨ ᠲᠠᠭᠡᠷ᠎ᠡ ᠡᠭᠡ ᠨᠤᠳᠤᠭ ᠢ ᠮᠢᠨᠢ ᠤᠩ ᠴᠤᠩ ᠪᠤᠯᠭᠠᠵᠤ ᠪᠠᠶᠢᠭ᠎ᠠ ᠠᠭᠤᠷᠬᠠᠢ ᠨᠡᠭᠡᠭᠡᠯᠳᠡ ᠶᠢᠨ ᠲᠤᠭᠰᠢᠨ ᠰᠢᠭᠤᠷᠭ᠎ᠠ ᠵᠤᠭᠰᠤᠰᠢ ᠦᠭᠡᠢ ᠲᠡᠭᠳᠡᠵᠦ᠂ ᠡᠷᠢᠶᠡᠨ ᠠᠯᠠᠭ ᠪᠤᠯᠤᠭᠰᠠᠨ ᠨᠤᠳᠤᠭ ᠤᠨ ᠮᠢᠨᠢ ᠰᠦᠨᠡᠰᠦ ᠠᠮᠢᠨ ᠬᠡᠷᠡᠭ ᠨᠡᠬᠡᠵᠦ ᠬᠤᠯᠠ ᠠᠴᠠ ᠰᠡᠬᠦᠶᠢᠨ᠎ᠡ᠃ ᠬᠤᠯᠠ ᠶᠢᠨ ᠲᠠᠷᠳᠡᠭᠡ ᠳᠤ ᠠᠮᠢᠵᠢᠷᠠᠯ ᠪᠢᠯᠬᠠᠭᠰᠠᠨ ᠠᠶᠠᠯᠭᠤ ᠳᠤ ᠤᠨᠡᠨ ᠪᠤᠰᠤᠨ ᠵᠢᠳᠬᠦᠭᠰᠠᠭᠡᠷ ᠢᠷᠡᠭᠰᠠᠨ ᠰᠡᠳᠬᠢᠯ ᠮᠢᠨᠢ ᠵᠢᠷᠦᠬᠡ ᠪᠠᠷ ᠢᠶᠠᠨ ᠪᠢᠰᠢ ᠰᠦᠨᠡᠰᠦ ᠪᠠᠨ ᠠᠯᠳᠠᠵᠤ ᠤᠳᠠᠳᠠᠯ᠎ᠠ ᠡᠮᠵᠡᠭᠯᠡᠪᠡ ᠁ ᠡᠭᠡ ᠭᠠᠵᠠᠷ ᠤᠨ ᠵᠢᠷᠤᠭᠡ᠂ ᠡᠵᠢ ᠮᠢᠨᠢ ᠲᠠ ᠪᠤᠯ ᠲᠦᠷᠤᠯᠭᠢ ᠨᠤᠳᠤᠭ ᠤᠨ ᠠᠮᠢᠨ ᠰᠠᠭᠢᠶ᠎ᠠ ᠮᠦᠩᠭᠡ ᠶᠢᠨ ᠰᠢᠳᠤᠭᠡᠨ︕       ᠨᠤᠳᠤᠭ᠂ ᠡᠵᠢ ᠶᠢᠨ ᠢᠶᠠᠨ ᠲᠤᠯᠠᠭᠠᠨ ᠪᠦᠤᠪᠠᠢ ᠳᠤ ᠲᠠᠭᠠᠯᠠᠭᠳᠠᠨ ᠦᠰᠦᠭᠰᠡᠨ ᠪᠢ ᠲᠠᠨ ᠳᠤ  ᠪᠠᠨ ᠲᠠᠭᠤᠤ ᠪᠠᠨ ᠡᠷᠭᠦᠵᠦ ᠪᠠᠶᠢᠨ᠎ᠠ︕ ᠲᠠᠭᠤᠨ ᠳᠤ ᠤᠶᠠᠷᠠᠬᠤ ᠬᠤᠷᠸ᠎ᠠ ᠶᠢᠨ ᠰᠠᠶᠢᠬᠠᠨ ᠳᠤ ᠲᠠᠭᠤᠯᠠᠬᠤ ᠲᠤᠷᠠᠳᠠᠢ ᠮᠤᠩᠭᠤᠯ ᠨᠤᠳᠤᠭ ᠶᠤᠤᠯᠠᠵᠤ ᠪᠠᠶᠢᠨ᠎ᠠ᠃ ᠪᠢ ᠨᠤᠳᠤᠭ ᠤᠨ ᠢᠶᠠᠨ ᠰᠢᠷᠬ᠎ᠠ ᠰᠤᠷᠪᠢ ᠶᠢ ᠡᠳᠡᠭᠡᠬᠦ ᠵᠤᠷ ᠡᠷᠢᠵᠤ ᠲᠡᠭᠷᠢ ᠳᠤ ᠲᠠᠭᠠᠳᠬᠠᠯ᠎ᠠ — ᠨᠠᠷᠠ ᠲᠤᠯᠠᠶᠢᠵᠤ ᠬᠤᠷᠸ᠎ᠠ ᠲᠡᠨᠢᠢᠨ ᠬᠤᠷ᠎ᠠ ᠪᠠᠭᠤᠵᠤ ᠡᠬᠢᠯᠡᠪᠡ ᠁ ᠮᠢᠨᠤ ᠮᠤᠩᠭᠤᠯ ᠤᠷᠤᠨ ᠲᠡᠭᠷᠢ᠂ ᠨᠠᠷᠠᠨ ᠳᠠᠭᠠᠨ ᠲᠤᠶᠢᠯ ᠤᠨ ᠦᠨᠡᠨᠴᠢ ᠪᠠᠶᠢᠳᠠᠭ ᠰᠠᠨ︕ ᠨᠠᠪᠴᠢ ᠮᠢᠨᠢ ᠮᠢᠨᠤ ᠰᠡᠳᠬᠢᠯ ᠤᠨ ᠮᠡᠳᠡᠭᠴᠢ ᠪᠤᠯᠵᠤ ᠨᠢᠰᠦᠨ ᠪᠠᠭᠤᠭᠰᠠᠭᠠᠷ ᠡᠭᠡ ᠭᠠᠵᠠᠷ ᠢ ᠢᠯᠪᠢᠨ ᠢᠯᠪᠢᠨ ᠲᠠᠭᠢᠨ ᠠᠯᠠᠭᠠᠨ ᠲᠠᠭᠡᠷ᠎ᠠ ᠪᠠᠭᠤᠯ᠎ᠠ ᠁ ᠲᠠᠬᠦᠨ ᠢ ᠪᠠᠨ ᠦᠷᠦᠪᠳᠡᠩᠬᠡᠨ ᠪᠠᠶᠢᠵᠤ ᠬᠠᠶᠢᠷᠠᠯᠠᠩᠬᠠᠨᠨ ᠪᠤᠯᠵᠤ ᠬᠤᠪᠢ ᠵᠠᠶᠠᠭ᠎ᠠ ᠨᠢᠭᠡᠳᠦᠨ ᠳᠤ  ᠪᠠᠨ ᠰᠡᠳᠬᠢᠯ ᠤᠨ ᠦᠭᠡ ᠪᠠᠨ ᠲᠠᠮᠵᠢᠭᠤᠯᠤᠨ ᠡᠭᠡ ᠭᠠᠵᠠᠷ ᠤᠨ ᠢᠶᠠᠨ ᠡᠯᠢᠭᠡᠨ ᠳᠤ ᠪᠤᠴᠠᠭᠠᠨ ᠬᠠᠳᠠᠭᠠᠯᠠᠯ᠎ᠠ᠃ ᠨᠠᠷᠠᠯᠠᠭ ᠬᠤᠷᠸ᠎ᠠ ᠳᠤ ᠨᠠᠪᠴᠢ ᠴᠡᠴᠡᠭ ᠮᠦᠰᠢᠶᠠᠨ ᠲᠠᠯᠭᠡᠷᠡᠵᠤ᠂ ᠨᠠᠷᠠᠳᠤ ᠶᠢᠨ ᠵᠠᠢ ᠳᠤ ᠠᠮᠢᠳᠠᠨ ᠭᠤᠤᠯᠳᠠᠨ ᠡᠷᠭᠡ ᠲᠠᠷᠬᠠᠨ ᠬᠦᠷᠤᠪᠵᠢᠨ ᠲᠤᠷᠨᠢᠵᠤ ᠨᠠᠳᠠ ᠶᠢ ᠠᠮᠢ ᠨᠠᠰᠤᠨ ᠤ ᠤᠷᠢ ᠲᠠᠭᠤᠨ ᠢ ᠬᠠᠶᠢᠷᠠᠯᠠᠮᠤ ᠭᠡᠵᠤ ᠨᠠᠮ ᠲᠠᠭᠠᠳᠬᠠᠯ᠎ᠠ       ᠨᠠᠪᠴᠢ ᠮᠢᠨᠢ ᠤᠷᠭᠢᠯᠤᠮ᠎ᠠ ᠬᠠᠯᠠᠭᠤᠨ ᠰᠡᠳᠭᠢᠯ ᠤᠨ ᠲᠠᠭᠤᠤ ᠶᠢ ᠰᠢᠩᠭᠡᠭᠡᠵᠤ᠂ ᠦᠷ᠎ᠠ ᠳᠤ ᠪᠠᠨ ᠯᠠ ᠭᠡᠰᠡᠨ ᠡᠵᠢ ᠶᠢᠨ ᠠᠭᠤᠤ ᠬᠠᠶᠢᠷ᠎ᠠ᠂ ᠡᠵᠡᠨ ᠳᠤ ᠪᠠᠨ ᠯᠠ ᠭᠡᠰᠡᠨ ᠨᠤᠳᠤᠭ ᠤᠨ ᠦᠭᠭᠢᠶᠡᠮᠦᠷ ᠬᠠᠶᠢᠷ᠎ᠠ ᠶᠢ ᠡᠬᠡ ᠲᠡᠯᠡᠬᠡ᠊ ᠢ ᠶᠢᠨ ᠨᠠᠷᠠ ᠲᠠᠢ ᠭᠠᠵᠠᠷ ᠪᠤᠯᠭᠠᠨ ᠳᠤ ᠰᠠᠴᠤᠬᠤ ᠪᠤᠯᠤᠭᠠᠰᠠᠢ︕                  ᠬᠡᠰᠢᠭᠳᠡᠨ ᠬᠤᠰᠢᠭᠤᠨ ᠤ ᠪᠢᠷᠠᠭᠤ ᠳᠤ ᠮᠤᠩᠭᠤᠯ ᠲᠤᠮᠳᠠᠳᠤ ᠰᠤᠷᠭᠠᠭᠤᠯᠢ               ᠲᠡᠭᠡᠳᠤ ᠬᠤᠶᠠᠷ ᠤᠨ ᠲᠦᠷᠪᠡᠳᠤᠬᠡᠷ ᠠᠩᠬᠢ ᠶᠢᠨ ᠰᠡᠴᠡᠨᠳᠤᠶᠠᠭ᠎ᠠ               ᠵᠢᠯᠤᠭᠤᠳᠤᠭᠰᠠᠨ ᠪᠠᠭᠰᠢ᠄ ᠠᠯᠳᠠ  
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号