ᠡᠷᠡᠭᠦᠯ ᠮᠠᠠᠳᠤ ᠳᠤ ᠬᠤᠤᠷ ᠨᠦᠯᠤᠭᠡ ᠲᠠᠢ ᠳᠤᠯᠤᠭᠠᠠ ᠮᠠᠭᠤ ᠵᠠᠩᠰᠢᠯ
ᠨᠡᠶᠢᠲᠡᠯᠡᠭᠰᠡᠨ ᠴᠠᠭ᠄
2014/9/3
       ⒈ ᠦᠷᠯᠦᠭᠡ ᠶᠠᠭᠤ ᠴᠦ ᠢᠳᠡᠬᠦ ᠦᠭᠡᠢ ᠶᠢᠨ ᠬᠤᠤᠷ ᠨᠦᠯᠦᠭᠡ᠄ ᠲᠠᠨ ᠢ ᠴᠤᠭ ᠰᠦᠯᠳᠡ ᠦᠭᠡᠢ ᠪᠤᠯᠭᠠᠵᠤ᠂ ᠬᠤᠳᠤᠭᠠᠳᠤ ᠶᠢ ᠴᠢᠨᠢ ᠰᠢᠷᠬᠠᠳᠤᠭᠤᠯᠵᠤ᠂ ᠪᠠᠰᠠ ︽ᠦᠲᠡᠯᠦᠩᠭᠦᠢ︾ ᠬᠠᠷᠠᠭᠳᠠᠭᠤᠯᠤᠨ᠎ᠠ᠃ ᠵᠦᠪᠯᠡᠯᠭᠡ᠄ ᠦᠷᠯᠦᠭᠡᠨ ᠤ ᠬᠤᠭᠤᠯᠠ ᠶᠢ ᠵᠠᠪᠠᠯ ᠢᠳᠡᠬᠦ ᠮᠦᠷᠲᠡᠭᠡᠨ ᠬᠡᠮᠵᠢᠶ᠎ᠡ ᠴᠢᠨᠠᠷ ᠤᠨ ᠪᠠᠲᠤᠯᠠᠭ᠎ᠠ ᠲᠠᠢ᠂ ᠦᠳᠭᠡᠨ ᠰᠢᠩᠭᠡᠨ ᠪᠠ ᠮᠢᠬ᠎ᠠ ᠨᠤᠭᠤᠭ᠎ᠠ ᠨᠢ ᠲᠡᠩᠴᠡᠭᠦᠭᠡᠨ᠂ ᠦᠨᠳᠦᠷ ᠡᠨᠧᠷᠬᠢ ᠪᠦᠬᠦᠢ ᠢᠳᠡᠭᠡᠨ ᠢ ᠰᠤᠩᠭᠤᠭᠠᠷᠠᠢ       ⒉ ᠣᠷᠣᠢ ᠶᠢᠨ ᠬᠤᠭᠤᠯᠠ ᠶᠢ ᠭᠡᠲᠦᠷᠡᠲᠡᠯ᠎ᠡ ᠢᠳᠡᠬᠦ ᠶᠢᠨ ᠬᠤᠤᠷ ᠨᠦᠯᠦᠭᠡ᠄ ᠤᠷᠤᠢ ᠪᠦᠷᠦᠢ ᠎ ᠳᠤ ᠴᠢᠰᠤᠨ ᠳᠠᠬᠢ ᠨᠤᠶᠢᠷ ᠤᠨ ᠠᠷᠠᠯ ᠤᠨ ᠡᠳ᠋ ᠤᠨ ᠠᠭᠤᠯᠤᠭᠳᠠᠴᠠ ᠨᠢ ᠦᠳᠭᠡᠷᠡᠳᠡᠭ ᠪᠤᠯᠬᠤᠷ ᠴᠢᠰᠦᠨ ᠤ ᠰᠢᠬᠢᠷ ᠢ ᠦᠭᠡᠬᠦ ᠪᠤᠯᠭᠠᠨ ᠴᠢᠰᠤᠨ ᠰᠤᠳᠠᠯ ᠤᠨ ᠬᠠᠨ᠎ᠠ ᠪᠠ ᠬᠤᠳᠤᠭᠤᠳᠤᠨ ᠤ ᠬᠠᠨ᠎ᠠ ᠳᠤ ᠨᠠᠭᠠᠯᠳᠤᠭᠤᠯᠳᠠᠭ᠃ ᠡᠶᠢᠮᠦ ᠠᠴᠠ ᠤᠷᠤᠢ ᠬᠡᠲᠦᠷᠡᠲᠡᠯ᠎ᠡ ᠢᠳᠡᠪᠡᠯ ᠡᠳᠦᠷ ᠤᠨ ᠣᠳᠠᠭᠠᠨ ᠳᠤ ᠬᠦᠮᠦᠨ ᠢ ᠮᠠᠷᠢᠶᠠᠯᠠᠭᠤᠯᠳᠠᠭ᠂ ᠡᠭᠦᠨ ᠤ ᠬᠠᠮᠲᠤ ᠤᠷᠲᠤ ᠬᠤᠭᠤᠴᠠᠭ᠎ᠠ ᠪᠠᠷ ᠰᠢᠩᠭᠡᠭᠡᠭᠳᠡᠬᠦ ᠦᠭᠡᠢ ᠢᠳᠡᠭᠡᠨ ᠨᠢ ᠬᠦᠮᠦᠨ ᠤ ᠪᠡᠶ᠎ᠡ ᠶᠢᠨ ᠠᠮᠢᠳᠤ ᠪᠤᠳᠠᠰ ᠤᠨ ᠴᠠᠭ ᠢ ᠰᠠᠮᠠᠭᠤᠷᠠᠭᠤᠯᠵᠤ ᠬᠦᠮᠦᠨ ᠢ ᠨᠤᠶᠢᠷ ᠬᠤᠯᠵᠢᠭᠤᠯᠳᠠᠭ᠃ ᠵᠦᠪᠯᠡᠯᠭᠡ᠄ ᠨᠢᠭᠡᠲᠦᠭᠡᠷ ᠲᠤ᠂ ᠤᠷᠤᠢ ᠶᠢᠨ ᠬᠤᠭᠤᠯᠠ ᠶᠢ ᠡᠷᠲᠡᠭᠡᠨ ᠢᠳᠡᠬᠦ ᠨᠢ ᠰᠢᠭᠡᠰᠦ ᠰᠢᠭᠦᠷᠡᠭᠦᠯᠬᠦ ᠰᠢᠰᠲ᠋ᠧᠮ ᠤᠨ ᠴᠢᠯᠠᠭᠤᠵᠢᠯ ᠡᠪᠡᠳᠴᠢᠨ ᠤ ᠡᠪᠡᠳᠴᠢᠯᠡᠬᠦ ᠨᠤᠷᠮ᠎ᠠ ᠶᠢ ᠪᠦᠲᠦᠮᠵᠢᠲᠡᠢ ᠪᠠᠭᠠᠰᠬᠠᠨ᠎ᠠ᠃ ᠳᠠᠷᠠᠭ᠎ᠠ ᠨᠢ ᠤᠷᠤᠢ ᠶᠢᠨ ᠬᠤᠭᠤᠯᠠᠨ ᠳᠤ ᠮᠢᠬᠠᠨ ᠤ ᠵᠦᠢᠯ ᠢ ᠪᠠᠭ᠎ᠠ ᠡᠳ᠋ᠯᠡᠵᠦ᠂ ᠨᠤᠭᠤᠭ᠎ᠠ ᠵᠢᠮᠢᠰ ᠢᠶᠠᠷ ᠭᠤᠤᠯ ᠪᠤᠯᠭᠠᠨ᠎ᠠ᠃ ᠭᠤᠷᠪᠠᠲᠤᠭᠠᠷ ᠲᠤ᠂ ᠤᠷᠤᠢ ᠶᠢᠨ ᠬᠤᠭᠤᠯᠠ ᠪᠠᠨ ᠪᠠᠭ᠎ᠠ ᠢᠳᠡᠵᠦ᠂ ᠡᠨᠧᠷᠬᠢ ᠶᠢᠨ ᠬᠡᠮᠵᠢᠶ᠎ᠡ ᠪᠦᠬᠦ ᠡᠳᠦᠷ ᠤᠨ ᠶᠡᠷᠦᠩᠬᠡᠢ ᠡᠨᠧᠷᠬᠢ ᠶᠢᠨ 30%᠎ ᠠᠴᠠ ᠬᠡᠲᠦᠷᠡᠵᠦ ᠪᠤᠯᠬᠤ ᠦᠭᠡᠢ᠃       ⒊ ᠬᠤᠭᠤᠯᠠ ᠶᠢ ᠲᠦᠷᠭᠡᠨ ᠢᠳᠡᠬᠦ ᠶᠢᠨ ᠬᠤᠤᠷ ᠨᠦᠯᠦᠭᠡ᠄ ᠬᠤᠳᠤᠭᠤᠳᠤ ᠬᠡᠳᠡᠰᠦᠨ ᠤ ᠠᠴᠢᠶᠠᠯᠠᠪᠦᠷᠢ ᠬᠦᠨᠳᠦᠷᠡᠵᠦ ᠠᠮᠠᠷᠬᠠᠨ ᠮᠠᠷᠢᠶᠠᠯᠠᠳᠠᠭ᠃ ᠬᠤᠭᠤᠯᠠ ᠶᠢ ᠲᠦᠷᠭᠡᠨ ᠢᠳᠡᠬᠦ ᠨᠢ ᠦᠨᠡᠨᠳᠡᠭᠡᠨ ᠢᠳᠡᠭᠡᠨ ᠢ ᠪᠦᠷᠢᠮᠦᠰᠦᠨ ᠵᠠᠵᠢᠯᠵᠤ ᠴᠢᠳᠠᠬᠤ ᠦᠭᠡᠢ᠂ ᠠᠮᠠᠨ ᠳᠠᠬᠢ ᠢᠳᠡᠭᠡᠨ ᠪᠠ ᠰᠢᠯᠦᠰᠦᠨ ᠤ ᠴᠠᠷᠳᠠᠭᠤᠯ ᠤᠨ ᠢᠰᠭᠡᠭᠦᠷ ᠤᠨ ᠠᠩᠬᠠᠨ ᠤ ᠰᠢᠩᠭᠡᠭᠡᠯᠲᠡ ᠶᠢ ᠨᠦᠯᠦᠭᠡᠯᠡᠵᠦ᠂ ᠬᠤᠳᠤᠭᠤᠳᠤ ᠬᠡᠳᠡᠰᠦᠨ ᠤ ᠰᠢᠩᠭᠡᠭᠡᠯᠲᠡ ᠶᠢ ᠨᠦᠯᠦᠭᠡᠯᠡᠳᠡᠭ᠃ ᠨᠦᠭᠦᠭᠡ ᠲᠠᠯ᠎ᠠ ᠪᠠᠷ ᠵᠠᠵᠢᠯᠬᠤ ᠴᠠᠭ ᠨᠢ ᠤᠬᠤᠷ ᠪᠤᠯᠤᠭᠰᠠᠨ ᠠᠴᠠ ᠦᠯᠦᠰᠦᠭᠰᠡᠨ ᠭᠦᠴᠦᠨ ᠳᠡᠭᠡᠨ ᠬᠡᠲᠦᠷᠡᠯ᠎ᠡ ᠢᠳᠡᠬᠦ ᠶᠠᠪᠣᠳᠠᠯ ᠵᠦᠩᠳᠡᠬᠡᠨ ᠭᠠᠷᠳᠠᠭ ᠣᠴᠢᠷ ᠠᠴᠠ ᠠᠮᠠᠷᠬᠠᠨ ᠳᠠᠷᠭᠤᠯᠠᠳᠠᠭ᠃ ᠵᠦᠪᠯᠡᠯᠭᠡ᠄ ᠨᠠᠷᠢᠨ ᠵᠠᠵᠢᠯᠠᠵᠤ ᠤᠳᠠᠭᠠᠨ ᠵᠠᠯᠬᠢᠭᠠᠷᠠᠢ᠃       ⒋ ᠣᠰᠣ ᠣᠣᠭᠤᠬᠤ ᠵᠠᠩᠰᠢᠯ ᠦᠭᠡᠢ ᠶᠢᠨ ᠬᠤᠤᠷ ᠨᠦᠯᠦᠭᠡ᠄ ᠲᠠᠷᠢᠬᠢᠨ ᠤ ᠬᠦᠭᠰᠢᠷᠡᠯᠲᠡ ᠶᠢ ᠲᠦᠷᠭᠡᠳᠭᠡᠵᠦ᠂ ᠲᠠᠷᠢᠬᠢᠨ ᠤ ᠴᠢᠰᠤᠨ ᠰᠤᠳᠠᠯ᠂ ᠵᠢᠷᠣᠭᠡ ᠴᠢᠰᠣᠨ ᠰᠤᠳᠠᠯ ᠤᠨ ᠡᠪᠡᠳᠴᠢᠨ ᠡᠭᠦᠰᠭᠡᠵᠦ᠂ ᠳᠣᠲᠣᠷ ᠡᠷᠭᠡᠲᠡᠨ ᠤ ᠰᠢᠨ᠎ᠠ ᠬᠠᠭᠤᠴᠢᠨ ᠤ ᠰᠤᠯᠢᠯᠴᠠᠭ᠎ᠠ ᠶᠢ ᠨᠦᠯᠦᠭᠡᠯᠡᠨ᠎ᠠ᠃ ᠵᠦᠪᠯᠡᠯᠭᠡ᠄ ᠡᠳᠦᠷ ᠪᠦᠷᠢ 2000CC ᠣᠰᠣ ᠤᠤᠭᠤᠵᠤ ᠵᠠᠩᠰᠢᠭᠠᠷᠠᠢ᠃ ︵ᠬᠦᠢᠲᠡᠨ ᠤᠮᠳᠠᠭᠠᠨ ᠢ ᠪᠣᠳᠣᠬᠤ ᠦᠭᠡᠢ︶       ⒌ ᠵᠢᠮᠢᠰ ᠢᠶᠠᠷ ᠬᠤᠭᠤᠯᠠ ᠪᠤᠯᠭᠠᠬᠤ ᠶᠢᠨ ᠬᠤᠤᠷ ᠨᠦᠯᠦᠭᠡ᠄ ᠬᠦᠮᠦᠨ ᠤ ᠪᠡᠶ᠎ᠡ ᠳᠤ ᠣᠭᠤᠷᠠᠭ ᠦᠭᠡᠬᠦ ᠵᠡᠷᠭᠡ ᠰᠢᠮ᠎ᠡ ᠲᠡᠵᠢᠭᠡᠯ ᠲᠤᠲᠠᠭᠳᠠᠭᠰᠠᠨ ᠠᠴᠠ ᠪᠤᠯᠵᠤ ᠡᠪᠡᠳᠴᠢᠯᠡᠬᠦ ᠪᠤᠯᠤᠮᠵᠢ ᠲᠠᠢ᠃ ᠵᠦᠪᠯᠡᠯᠭᠡ᠄ ᠦᠪᠡᠷ ᠎ ᠤᠨ ᠪᠡᠶᠡᠨ ᠤ ᠢᠶᠠᠨ ᠪᠠᠶᠢᠳᠠᠯ ᠢ ᠦᠨᠳᠦᠰᠦᠯᠡᠵᠦ ᠵᠢᠮᠢᠰ ᠢᠳᠡᠬᠦ ᠬᠡᠮᠵᠢᠶ᠎ᠡ ᠪᠠᠨ ᠲᠤᠭᠲᠠᠭᠠᠨ᠎ᠠ᠃ ᠡᠭᠦᠨ ᠠᠴᠠ ᠭᠠᠳᠠᠨ᠎ᠠ ᠪᠤᠯᠬᠤ ᠶᠢᠨ ᠲᠤᠲᠤᠷ᠎ᠠ ᠦᠳᠡ ᠶᠢᠨ ᠡᠮᠦᠨ᠎ᠠ ᠵᠢᠮᠢᠰ ᠢᠳᠡᠪᠡᠯ ᠡᠯᠳᠡᠪ ᠵᠦᠢᠯ ᠤᠨ ᠸᠢᠲ᠋ᠠᠮᠢᠨ ᠡᠷᠦᠳᠡᠰᠦ ᠪᠤᠳᠠᠰ ᠨᠦᠭᠦᠭᠦ ᠳᠤ ᠠᠰᠢᠭᠲᠠᠢ ᠪᠠᠶᠢᠳᠠᠭ᠃       ⒍ ᠬᠤᠭᠤᠯᠠᠨ ᠤ ᠳᠠᠷᠠᠭ᠎ᠠ ᠲᠠᠮᠠᠬᠢ ᠲᠠᠲᠠᠬᠤ ᠶᠢᠨ ᠬᠤᠤᠷ ᠨᠦᠯᠦᠭᠡ᠄ ᠬᠤᠭᠤᠯᠠᠨ ᠤ ᠳᠠᠷᠠᠭ᠎ᠠ ᠲᠠᠮᠠᠬᠢ ᠲᠠᠲᠠᠬᠤ ᠨᠢ ᠡᠩ ᠤᠨ ᠴᠠᠭ ᠲᠤ ᠲᠠᠲᠠᠬᠤ ᠠᠴᠠ 10 ᠲᠠᠬᠢᠨ ᠢᠯᠡᠭᠦᠦ ᠬᠤᠤᠷᠳᠠᠳᠠᠭ ᠰᠢᠤ᠃ ᠤᠴᠢᠷ ᠨᠢ ᠬᠦᠮᠦᠨ ᠬᠤᠭᠤᠯᠠ ᠢᠳᠡᠭᠰᠡᠨ ᠤ ᠳᠠᠷᠠᠭ᠎ᠠ ᠬᠤᠳᠤᠭᠤᠳᠤ ᠬᠡᠳᠡᠰᠦᠨ ᠤ ᠠᠵᠢᠯᠯᠠᠭ᠎ᠠ ᠰᠢᠷᠦᠭᠦᠰᠴᠦ ᠴᠢᠰᠤᠨ ᠤ ᠡᠷᠭᠢᠯᠲᠡ ᠲᠦᠷᠭᠡᠳᠳᠡᠭ᠃ ᠡᠨᠡ ᠦᠶ᠎ᠡ ᠳᠤ ᠬᠦᠮᠦᠨ ᠤ ᠪᠡᠶ᠎ᠡ ᠶᠢᠨ ᠲᠠᠮᠠᠬᠢᠨ ᠤ ᠤᠲᠤᠭ᠎ᠠ ᠶᠢ ᠰᠢᠩᠭᠡᠭᠡᠬᠦ ᠴᠢᠳᠠᠪᠤᠷᠢ ᠴᠦ ︽ᠤᠷᠬᠢᠯ︾ ᠦᠶ᠎ᠡ ᠳᠤ ᠬᠦᠷᠳᠡᠭ ᠠᠴᠠ ᠲᠠᠮᠠᠬᠢᠨ ᠤ ᠬᠤᠤᠷᠲᠤ ᠪᠤᠳᠠᠰ ᠪᠡᠶᠡᠨ ᠳᠤ ᠠᠮᠠᠷᠬᠠᠨ ᠰᠢᠩᠭᠡᠨ᠎ᠠ᠃ ᠵᠦᠪᠯᠡᠯᠭᠡ᠄ ᠲᠠᠮᠠᠬᠢ ᠪᠠᠨ ᠲᠠᠰᠤ ᠵᠤᠭᠰᠤᠭᠠᠷᠠᠢ᠃       ⒎ ᠴᠠᠢ ᠪᠠᠨ ᠤᠷᠳᠤ ᠬᠤᠭᠤᠴᠠᠭ᠎ᠠ ᠪᠠᠷ ᠬᠠᠯᠠᠭᠤᠨ ᠤᠰᠤᠨ ᠳᠤ ᠳᠡᠪᠲᠦᠭᠡᠵᠦ ᠤᠤᠭᠤᠬᠤ ᠶᠢᠨ ᠬᠤᠤᠷ ᠨᠦᠯᠦᠭᠡ᠄ ᠨᠠᠪᠴᠢᠨ ᠴᠠᠢ ᠶᠢ 80 ᠭᠷᠠᠳᠦ᠋ᠰ ᠤᠨ ᠤᠰᠤᠨ ᠳᠤ ᠳᠡᠪᠲᠦᠭᠡᠪᠡᠯ ᠬᠠᠮᠤᠭ ᠲᠤᠬᠢᠷᠠᠮᠵᠢᠲᠠᠢ᠃ ᠬᠡᠷᠪᠡ ᠳᠤᠯᠠᠭᠠᠨ ᠢ ᠬᠠᠳᠠᠭᠠᠯᠠᠬᠤ ᠴᠤᠮᠤᠨ ᠳᠤ ᠤᠷᠲᠤ ᠬᠤᠭᠤᠴᠠᠭ᠎ᠠ ᠪᠠᠷ ᠴᠠᠢ ᠪᠠᠨ ᠳᠡᠪᠲᠦᠭᠡᠪᠡᠯ ᠴᠠᠢ ᠶᠢᠨ ᠳᠤᠲᠤᠷᠠᠬᠢ ᠸᠢᠲ᠋ᠠᠮᠢᠨ ᠢ ᠡᠪᠳᠡᠵᠦ᠂ ᠲᠠᠨᠨᠢᠨ ᠬᠦᠴᠢᠯ ᠢᠯᠭᠠᠷᠠᠵᠤ ᠬᠦᠮᠦᠨ ᠢ ᠬᠤᠤᠷᠳᠠᠭᠤᠯᠳᠠᠭ᠃ ᠵᠦᠪᠯᠡᠯᠭᠡ᠄ ᠴᠣᠮᠣ ᠪᠠᠷ ᠴᠠᠢ ᠳᠡᠪᠲᠦᠭᠡᠵᠦ᠂ ᠦᠷᠭᠦᠯᠵᠢ ᠰᠢᠨ᠎ᠠ ᠴᠠᠢ ᠰᠤᠯᠢᠵᠤ ᠤᠤᠭᠤᠭᠠᠷᠠᠢ᠃  
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号