ᠨᠤᠤᠰᠤᠨ ᠬᠠᠨᠳᠠᠭᠠᠰᠤ ᠤᠬᠢᠶᠠᠬᠤ ᠠᠷᠭ᠎ᠠ
ᠨᠡᠶᠢᠲᠡᠯᠡᠭᠰᠡᠨ ᠴᠠᠭ᠄
2014/9/23
     ᠨᠤᠤᠰᠤᠨ ᠬᠠᠨᠳᠠᠭᠠᠰᠤ ᠶᠢ ᠤᠭᠢᠶᠠᠬᠤ ᠥᠶᠠᠰ᠂ ᠴᠠᠢ ᠲᠠᠢ ᠤᠰᠤ ᠪᠠᠷ ᠤᠭᠢᠶᠠᠪᠠᠯ ᠬᠤᠪᠴᠠᠰᠤᠨ ᠤ ᠭᠭᠢᠷ ᠲᠤᠭᠤᠰᠤ ᠶᠢ ᠠᠷᠢᠯᠭᠠᠬᠤ ᠠᠴᠠ ᠭᠠᠳᠠᠨ᠎ᠠ ᠪᠠᠰᠨ ᠨᠤᠤᠰᠤᠨ ᠬᠠᠨᠳᠠᠭᠠᠰᠤ ᠶᠢᠨ ᠥᠩᠭᠡ ᠤᠨᠠᠬᠤ ᠥᠭᠡᠢ ᠪᠠᠶᠢᠵᠤ᠂ ᠡᠮᠤᠰᠬᠦ ᠬᠤᠭᠤᠴᠠᠭ᠎ᠠ ᠶᠢ ᠤᠷᠳᠤᠳᠬᠠᠨ᠎ᠠ᠃ ᠤᠭᠢᠶᠠᠬᠤ ᠠᠷᠭ᠎ᠠ᠄ ᠨᠢᠭᠡ ᠲᠦᠮᠫᠧᠨ ᠪᠤᠴᠠᠯᠤᠭᠰᠠᠨ ᠤᠰᠤᠨ ᠲᠠᠭᠡᠷ᠎ᠠ ᠵᠤᠭᠢᠬᠤ ᠭᠡᠮᠵᠢᠶᠠᠨ ᠤ ᠴᠠᠢ ᠶᠢᠨ ᠨᠠᠪᠴᠢ ᠭᠢᠵᠤ᠂ ᠴᠠᠢ ᠶᠢᠨ ᠨᠠᠪᠴᠢ ᠬᠥᠢᠴᠠᠳ ᠲᠠᠪᠳᠥᠭᠰᠠᠨ ᠤ ᠲᠠᠷᠠᠭ᠎ᠠ ᠴᠠᠢ ᠶᠢᠨ ᠨᠠᠪᠴᠢ ᠶᠢ ᠱᠥᠬᠦᠵᠤ᠂ ᠲᠠᠭᠢᠨ ᠨᠤᠤᠰᠤᠨ ᠬᠠᠨᠳᠠᠭᠠᠰᠤ ᠪᠠᠨ ᠤᠰᠤᠨ ᠳᠤᠨᠢ ᠭᠢᠵᠤ 15 ᠮᠢᠨᠦ᠋ᠲ ᠲᠠᠪᠳᠤᠭᠡᠨ᠎ᠠ᠃ ᠲᠠᠷᠠᠭ᠎ᠠ ᠳᠤᠨᠢ ᠭᠡᠳᠤ ᠤᠳᠠᠭ᠎ᠠ ᠵᠥᠭᠡᠯᠠᠨ ᠨᠤᠭᠤᠯᠵᠤ ᠲᠠᠭᠢᠨ ᠴᠠᠪᠠᠷ ᠤᠰᠤ ᠪᠠᠷ ᠵᠠᠶᠢᠯᠠᠵᠤ ᠬᠠᠳᠠᠭᠠᠪᠠᠯ ᠪᠤᠯᠴᠢᠬᠠᠨ᠎ᠠ      ᠨᠤᠤᠰᠤᠨ ᠬᠠᠨᠳᠠᠭᠠᠰᠤ ᠶᠢ ᠤᠳᠠᠭᠠᠨ ᠡᠮᠤᠰᠪᠠᠯ᠂ ᠵᠠᠷᠢᠮ ᠭᠡᠰᠡᠭ ᠨᠢ ᠴᠠᠶᠢᠷᠠᠳᠠᠭ᠃ ᠼᠤᠤ ᠪᠤᠯᠤᠨ ᠤᠰᠤ ᠶᠢ ᠬᠠᠭᠠᠰ ᠬᠠᠭᠠᠰ ᠬᠤᠯᠢᠭᠰᠠᠨ ᠰᠢᠩᠭᠡᠨ ᠢ ᠴᠠᠶᠢᠷᠠᠭᠰᠠᠨ ᠭᠡᠰᠡᠭ ᠲᠤ ᠲᠥᠷᠭᠢᠵᠤ᠂ ᠲᠠᠭᠢᠨ ᠤᠭᠢᠶᠠᠪᠠᠯ ᠨᠤᠤᠰᠤᠨ ᠬᠠᠨᠳᠠᠭᠠᠰᠤ ᠴᠢᠨᠢ ᠤᠭ ᠤᠨ ᠭᠡᠪ ᠲᠡᠭᠡᠨ ᠤᠷᠤᠴᠢᠬᠠᠨ᠎ᠠ᠃      ᠴᠠᠭᠠᠨ ᠨᠤᠤᠰᠤᠨ ᠬᠠᠨᠳᠠᠭᠠᠰᠤ ᠶᠢ ᠤᠳᠠᠭᠠᠨ ᠡᠮᠤᠰᠪᠠᠯ ᠰᠢᠷᠠᠯᠠᠳᠠᠭ᠂ ᠭᠡᠷᠪᠠ ᠴᠠᠭᠠᠨ ᠨᠤᠤᠰᠤᠨ ᠬᠠᠨᠳᠠᠭᠠᠰᠤ ᠎ ᠪᠠᠨ ᠤᠭᠢᠶᠠᠭᠰᠠᠨ ᠤ ᠲᠠᠷᠠᠭ᠎ᠠ ᠬᠥᠯᠳᠠᠭᠡᠬᠦᠷ ᠲᠤ ᠭᠢᠵᠤ ᠨᠢᠭᠡ ᠴᠠᠭ ᠬᠥᠯᠳᠠᠭᠡᠵᠤ ᠲᠠᠭᠢᠨ ᠭᠠᠷᠭᠠᠵᠤ ᠬᠠᠳᠠᠭᠠᠪᠠᠯ ᠰᠢᠷ᠎ᠠ ᠥᠩᠭᠡ ᠨᠢ ᠠᠷᠢᠯᠴᠢᠬᠠᠨ᠎ᠠ᠃
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号