| | 1. ᠬᠡᠦᠭᠡᠳ ᠰᠠᠨᠠᠮᠰᠠᠷ ᠦᠭᠡᠢ ᠪᠠᠷ ᠤᠤᠭᠤᠵᠤ ᠪᠠᠶᠢᠭᠰᠠᠨ ᠰᠦ ᠪᠤᠶᠤ ᠤᠰᠤ ᠪᠠᠨ ᠠᠰᠬᠠᠭᠰᠠᠨ | ᠦᠶ᠎ᠡ ᠳᠤ᠄ | ᠭᠡᠷ ᠤᠨ ᠠᠬᠠᠮᠠᠳ ᠤᠨ ᠨᠠᠵᠠᠭᠠᠢ ᠬᠢᠳᠡᠯ᠄ ︽ᠶᠠᠭᠠᠬᠢᠭᠰᠠᠨ ᠪᠢᠳᠠᠭᠤ ᠬᠡᠦᠭᠡᠳ ᠪᠤᠢ︖ | ᠠᠶᠠᠭ᠎ᠠ ᠴᠤᠮᠤ ᠪᠠᠨ ᠴᠤ ᠰᠠᠶᠢᠬᠠᠨ ᠠᠳᠬᠤᠬᠤ ᠦᠭᠡᠢ︾ ᠬᠡᠮᠡᠨ ᠵᠠᠩᠨᠠᠬᠤ᠂ ᠲᠡᠷᠡᠴᠢᠯᠡᠨ ᠭᠠᠷ ᠤᠨ ᠠᠶ᠎ᠠ ᠪᠠᠷ | ᠠᠯᠠᠭᠠᠳᠠᠳᠠᠭ᠃ | ᠦᠷ᠎ᠡ ᠨᠦᠯᠦᠭᠡ᠄ ᠭᠡᠷ ᠤᠨ ᠠᠬᠠᠮᠠᠳ ᠪᠤᠯᠤᠨ ᠬᠡᠦᠭᠡᠳ ᠪᠦᠷ ᠪᠠᠶᠠᠷ ᠦᠭᠡᠢ ᠪᠤᠯᠵᠤ᠂ ᠬᠡᠦᠭᠡᠳ | ᠲᠤ᠄ ︽ᠠᠭᠤᠷᠯᠠᠨ ᠵᠠᠩᠨᠠᠬᠤ ᠪᠤᠶᠤ ᠵᠤᠳᠤᠵᠤ ᠴᠤᠬᠢᠬᠤ ᠪᠠᠷ ᠲᠠᠮᠵᠢᠨ ᠠᠰᠠᠭᠤᠳᠠᠯ ᠢ ᠰᠢᠢᠳᠪᠦᠷᠢᠯᠡᠳᠡᠭ ᠶᠤᠮ | ᠪᠠᠶᠢᠨ᠎ᠠ ᠭᠡᠵᠦ ᠤᠶᠢᠯᠠᠭᠠᠭᠤᠯᠳᠠᠭ︾᠃ | ᠭᠡᠷ ᠤᠨ ᠠᠬᠠᠮᠠᠳ ᠤᠨ ᠵᠦᠢᠳᠡᠢ ᠬᠢᠳᠡᠯ᠄ ︽ᠬᠦᠦ ︵ᠬᠡᠦᠭᠡᠨ︶ ᠮᠢᠨᠢ᠂ ᠬᠠᠮᠢᠶ᠎ᠠ ᠦᠭᠡᠢ᠂ | ᠲᠠᠨ ᠤ ᠵᠤᠷᠢᠭᠤᠳᠠ ᠪᠢᠰᠢ ᠭᠡᠳᠡᠭ ᠮᠡᠳᠡᠨ᠎ᠡ᠂ ᠲᠠᠷᠠᠭᠠᠴᠢ ᠪᠠᠷ ᠵᠠᠪᠠᠯ ᠠᠩᠬᠠᠷᠬᠤ ᠭᠡᠷᠡᠭᠳᠡᠢ᠂ ᠬᠤᠷᠳᠤᠨ ᠰᠢᠷᠡᠭᠡ | ᠪᠠᠨ ᠴᠡᠪᠡᠷᠯᠡᠭᠡᠷᠡᠢ︾ ᠭᠡᠵᠦ ᠠᠭᠤᠳᠠᠮᠴᠢ ᠪᠠᠭᠳᠠᠭᠠᠮᠵᠢᠳᠠᠢ ᠤᠪᠤᠷ ᠢᠶᠠᠷ ᠬᠠᠨᠳᠤᠪᠠᠯ ᠵᠤᠬᠢᠨ᠎ᠠ᠃ | ᠦᠷ᠎ᠡ ᠨᠦᠯᠦᠭᠡ᠄ ᠬᠡᠦᠭᠡᠳ ᠠᠭᠤᠴᠢᠯᠠᠯ ᠬᠦᠷᠳᠡᠭᠰᠡᠨ ᠤ ᠲᠠᠷᠠᠭ᠎ᠠ᠂ ᠠᠶᠠᠨᠳᠠᠭᠠᠨ ᠪᠤᠷᠤᠭᠤ ᠪᠠᠨ | ᠮᠡᠳᠡᠷᠡᠵᠦ᠂ ᠰᠠᠨᠠᠭᠠᠴᠢᠯᠠᠭ᠎ᠠ ᠠᠴᠠ ᠪᠠᠨ ᠰᠢᠷᠡᠭᠡ ᠪᠠᠨ ᠠᠷᠴᠢᠨ ᠴᠡᠪᠡᠷᠯᠡᠳᠡᠭ᠃ ᠬᠡᠦᠭᠡᠳ ᠲᠡᠭᠡᠨ ᠴᠤ ᠠᠭᠤᠳᠠᠮᠴᠢ | ᠪᠠᠭᠳᠠᠭᠠᠮᠵᠢᠳᠠᠢ ᠪᠠᠷ ᠭᠡᠷᠡᠭ ᠶᠠᠪᠤᠳᠠᠯ ᠢ ᠰᠢᠢᠳᠪᠦᠷᠢᠯᠡᠪᠡᠯ ᠵᠤᠬᠢᠨ᠎ᠠ ᠭᠡᠳᠡᠭ ᠢ ᠤᠬᠠᠭᠤᠯᠳᠠᠭ᠃ | | | 2. ᠬᠡᠦᠭᠡᠳ ᠰᠢᠯᠭᠠᠯᠳᠠ ᠳᠤ ᠬᠢᠷᠢ ᠲᠡᠩᠴᠡᠭᠰᠡᠨ ᠦᠭᠡᠢ ᠦᠶ᠎ᠡ ᠳᠤ᠄ | ᠭᠡᠷ ᠤᠨ ᠠᠬᠠᠮᠠᠳ ᠤᠨ ᠨᠠᠵᠠᠭᠠᠢ ᠬᠢᠳᠡᠯ᠄ ︽ᠴᠢ ᠪᠤᠳᠤᠭᠠᠳ ᠦᠵᠡ᠂ ᠡᠶᠢᠮᠦ ᠲᠤᠤᠷ᠎ᠠ ᠬᠤᠪᠢ | ᠰᠢᠯᠭᠠᠬᠤ ᠭᠡᠳᠡᠭ ᠴᠢᠨᠢ᠂ ᠪᠤᠰᠤᠳ ᠠᠴᠠ ᠢᠴᠢᠬᠦ ᠦᠭᠡᠢ ᠤᠤ︖ ᠲᠡᠷᠡ ᠬᠡᠨ ᠬᠡᠨ ᠤ ᠬᠡᠦᠭᠡᠳ ᠨᠢ ᠶᠠᠭᠠᠬᠢᠭᠠᠳ | ᠯᠠ ᠵᠠᠭᠤᠨ ᠬᠤᠪᠢ ᠰᠢᠯᠭᠠᠵᠤ ᠪᠠᠶᠢᠬᠤ ᠪᠤᠢ︖ ᠴᠢ ᠮᠠᠨᠤᠰ ᠢ ᠠᠭᠤᠷᠯᠠᠭᠤᠯᠵᠤ ᠠᠯᠠᠬᠤ ᠨᠢ ᠪᠠᠶᠢᠨ᠎ᠠ᠂᠂᠂᠂᠂︾ | ᠬᠡᠵᠦ ᠰᠢᠭᠦᠮᠵᠢᠯᠡᠨ ᠲᠤᠩᠭᠤᠳᠤᠳᠠᠭ᠃ | ᠦᠷ᠎ᠡ ᠨᠦᠯᠦᠭᠡ᠄ ᠬᠡᠦᠭᠡᠳ ᠲᠦᠢᠯ ᠢᠶᠠᠷ ᠤᠷᠮ᠎ᠠ ᠬᠤᠭᠤᠷᠠᠨ᠂ ︽ᠪᠢ ᠡᠶᠢᠮᠦ ᠯᠡ ᠪᠢᠳᠠᠭᠤ | ᠲᠦᠷᠦᠴᠢᠭᠡᠭᠰᠡᠨ ᠶᠤᠮ ᠴᠢᠨᠢ ᠪᠠᠷᠤᠭ ᠯᠡ ᠰᠤᠷᠴᠤ ᠲᠡᠶᠢᠯᠬᠦ ᠪᠠᠨ ᠪᠤᠯᠢᠯ᠎ᠠ︾ ᠭᠡᠵᠦ ᠵᠤᠷᠢᠭ ᠮᠤᠬᠤᠷᠠᠳᠠᠭ᠃ | ᠭᠡᠷ ᠤᠨ ᠠᠬᠠᠮᠠᠳ ᠤᠨ ᠵᠦᠢᠳᠡᠢ ᠬᠢᠳᠡᠯ᠄ ︽ᠬᠦᠦ ︵ᠬᠡᠦᠭᠡᠨ︶ ᠮᠢᠨᠢ᠂ ᠮᠠᠭᠤ ᠰᠢᠯᠭᠠᠭᠰᠠᠨ | ᠳᠠᠭᠠᠨ ᠲᠠ ᠴᠤ ᠦᠪᠡᠷ ᠢᠶᠠᠨ ᠲᠤᠩ ᠵᠤᠪᠠᠵᠤ ᠪᠠᠶᠢᠬᠤ ᠶᠢ ᠴᠢᠨᠢ ᠮᠡᠳᠡᠵᠦ ᠪᠠᠶᠢᠨ᠎ᠠ᠂ ᠨᠢᠭᠡ ᠯᠡ ᠤᠳᠠᠭ᠎ᠠ ᠮᠠᠭᠤ | ᠰᠢᠯᠭᠠᠬᠤ ᠳᠤ ᠬᠠᠮᠢᠶ᠎ᠠ ᠦᠭᠡᠢ᠂ ᠭᠡᠪᠡᠴᠦ ᠲᠠ ᠰᠠᠶᠢᠨ ᠬᠢᠷᠢ ᠪᠦᠳᠦᠮᠵᠢ ᠤᠯᠵᠤ ᠲᠡᠶᠢᠯᠦᠭᠰᠡᠨ ᠦᠭᠡᠢ ᠰᠢᠯᠳᠠᠭᠠᠨ ᠢ | ᠪᠢᠳᠡ ᠬᠠᠮᠳᠤ ᠪᠠᠷ ᠵᠠᠳᠠᠯᠤᠨ ᠰᠢᠢᠳᠪᠦᠷᠢᠯᠡᠶ᠎ᠡ᠂ ᠲᠠᠷᠠᠭ᠎ᠠ ᠤᠳᠠᠭ᠎ᠠ ᠲᠠ ᠯᠠᠪᠳᠠᠢ ᠲᠠᠪᠰᠢᠯᠳᠠ ᠲᠠᠢ ᠪᠤᠯᠤᠨ᠎ᠠ ᠬᠡᠵᠦ | ᠪᠢ ᠢᠳᠡᠬᠡᠵᠦ ᠪᠠᠶᠢᠨ᠎ᠠ︾ ᠬᠡᠮᠡᠨ ᠤᠷᠮ᠎ᠠ ᠵᠤᠷᠢᠭ ᠢ ᠨᠢ ᠢᠯᠡᠬᠦᠭᠡᠨ ᠬᠦᠪᠴᠢᠯᠡᠪᠡᠯ ᠵᠤᠬᠢᠨ᠎ᠠ᠃ | ᠦᠷ᠎ᠡ ᠨᠦᠯᠦᠭᠡ᠄ ᠬᠡᠦᠭᠡᠳ ᠨᠠᠷᠢᠨ ᠬᠢᠨᠠᠮᠠᠭᠠᠢ ᠪᠠᠷ ᠰᠢᠯᠳᠠᠭᠠᠨ ᠢᠶᠠᠨ ᠡᠷᠢᠵᠤ ᠭᠠᠷᠭᠠᠨ᠄ ︽ᠪᠢ | ᠵᠠᠪᠠᠯ ᠴᠢᠷᠮᠠᠶᠢᠨ ᠰᠤᠷᠤᠯᠴᠠᠵᠤ᠂ ᠠᠪᠤ ᠡᠵᠢ ᠶᠢᠨ ᠢᠶᠠᠨ ᠬᠦᠰᠡᠯ ᠨᠠᠶᠢᠳᠠᠯᠭ᠎ᠠ ᠶᠢ ᠬᠦᠰᠡᠷᠳᠡᠬᠦᠯᠬᠦ ᠦᠭᠡᠢ︾ ᠬᠡᠵᠦ | ᠢᠳᠡᠭᠡᠯ ᠵᠤᠷᠢᠭ ᠨᠢ ᠨᠡᠮᠡᠭᠳᠡᠳᠡᠭ᠃ | | | 3. ᠬᠡᠦᠭᠡᠳ ᠲᠠᠰᠬᠠᠯ ᠬᠢᠬᠦ ᠳᠡᠭᠡᠨ ᠦᠷᠬᠦᠯᠵᠢ ᠬᠤᠶᠢᠷᠭᠤᠰᠢᠨ᠂ ᠤᠨᠳᠠᠬᠤ ᠪᠤᠯᠳᠠᠯ᠎ᠠ ᠪᠠᠨ ᠴᠤ | ᠬᠢᠵᠦ ᠪᠠᠷᠠᠭᠠᠬᠤ ᠦᠭᠡᠢ᠃ | ᠭᠡᠷ ᠤᠨ ᠠᠬᠠᠮᠠᠳ ᠤᠨ ᠨᠠᠵᠠᠭᠠᠢ ᠬᠢᠳᠡᠯ᠄ ︽ᠴᠢ ᠶᠠᠭᠠᠬᠢᠭᠠᠳ ᠡᠳᠦᠢ ᠪᠤᠯᠳᠠᠯ᠎ᠠ ᠪᠠᠰᠠ ᠬᠢᠵᠦ | ᠪᠠᠷᠠᠬᠤ ᠦᠭᠡᠢ ᠪᠤᠢ︖ ᠪᠢ ᠲᠠᠨ ᠢ ᠬᠠᠷᠠᠵᠤ ᠬᠢᠯᠭᠡᠬᠦ ᠦᠭᠡᠢ ᠪᠤᠯᠤᠭᠰᠠᠭᠠᠷ ᠰᠠᠶᠢᠨ ᠬᠢᠬᠦ ᠦᠭᠡᠢ ᠪᠠᠶᠢᠳᠠᠭ᠂ | ᠬᠤᠷᠳᠤᠨ ᠬᠢ︾ ᠬᠡᠵᠦ ᠵᠠᠩᠨᠠᠳᠠᠭ᠃ | ᠦᠷ᠎ᠡ ᠨᠦᠯᠦᠭᠡ᠄ ᠬᠡᠦᠭᠡᠳ ᠨᠡᠩ ᠵᠦᠷᠢᠭᠦᠳᠯᠡᠨ᠂ ᠵᠤᠷᠢᠭᠤᠳᠠ ᠶᠠᠭᠠᠷᠠᠬᠤ ᠦᠭᠡᠢ ᠪᠤᠯᠳᠠᠭ᠃ | ᠭᠡᠷ ᠤᠨ ᠠᠬᠠᠮᠠᠳ ᠤᠨ ᠵᠦᠢᠳᠡᠢ ᠬᠢᠳᠡᠯ᠄ ︽ᠲᠠᠰᠬᠠᠯ ᠬᠢᠬᠦ ᠪᠤᠯ ᠰᠤᠷᠤᠭᠴᠢ ᠶᠢᠨ ᠡᠬᠦᠷᠬᠡ | ᠪᠤᠯᠤᠨ᠎ᠠ᠂ ᠲᠠ ᠦᠪᠡᠷ ᠤᠨ ᠶᠠᠪᠤᠳᠠᠯ ᠢᠶᠠᠨ ᠦᠪᠡᠷ ᠢᠶᠠᠨ ᠬᠠᠷᠢᠭᠤᠴᠠᠨ ᠬᠦᠢᠴᠡᠳᠭᠡᠬᠦ ᠬᠡᠷᠡᠭᠳᠡᠢ᠂ ᠤᠳᠤ ᠤᠨᠳᠠᠬᠤ | ᠴᠠᠭ ᠴᠤ ᠪᠤᠯᠵᠡᠢ᠂ ᠮᠠᠷᠭᠠᠰᠢ ᠰᠤᠷᠭᠠᠭᠤᠯᠢ ᠳᠠᠭᠠᠨ ᠤᠴᠢᠵᠤ᠂ ᠦᠪᠡᠷ ᠢᠶᠠᠨ ᠪᠠᠭᠰᠢ ᠳᠠᠭᠠᠨ ᠲᠠᠶᠢᠯᠪᠤᠷᠢᠯᠠᠵᠤ | ᠬᠡᠯᠡᠭᠡᠷᠡᠢ︾ ᠬᠡᠵᠦ ᠲᠦᠪ ᠴᠢᠩᠭ᠎ᠠ᠂ ᠨᠠᠮ ᠲᠠᠭᠤ ᠪᠠᠷ ᠬᠡᠯᠡᠪᠡᠯ ᠵᠤᠬᠢᠨ᠎ᠠ᠃ | ᠦᠷ᠎ᠡ ᠨᠦᠯᠦᠭᠡ᠄ ᠬᠡᠦᠭᠡᠳ ᠦᠪᠡᠷ ᠤᠨ ᠪᠤᠷᠤᠭᠤ ᠪᠠᠨ ᠲᠠᠷᠤᠶᠢᠬᠠᠨ ᠤᠬᠠᠮᠰᠠᠷᠠᠨ᠂ | ᠬᠠᠷᠠᠮᠰᠠᠳᠠᠭ᠃ ︽ᠤᠳᠤ ᠪᠠᠭᠰᠢ ᠳᠠᠭᠠᠨ ᠶᠠᠭᠠᠬᠢᠵᠤ ᠬᠡᠯᠡᠬᠦ ᠪᠢᠯᠡ︖ ᠮᠠᠷᠭᠠᠰᠢ ᠲᠠᠰᠬᠠᠯ ᠢᠶᠠᠨ ᠬᠤᠷᠳᠤᠨ ᠬᠢᠬᠦ | ᠦᠭᠡᠢ ᠪᠤᠯ ᠪᠠᠭᠰᠢ ᠳᠠᠭᠠᠨ ᠴᠤᠬᠤᠮ ᠶᠠᠭᠤ ᠶᠠᠷᠢᠬᠤ ᠪᠢᠯᠡ︖︾ ᠭᠡᠵᠦ ᠦᠪᠡᠷ ᠢ ᠪᠠᠨ ᠠᠶᠠᠨᠳᠠᠭᠠᠨ | ᠱᠠᠯᠠᠪᠳᠠᠭᠤᠯᠳᠠᠭ᠃ | | | 4. ᠬᠡᠦᠭᠡᠳ ᠲᠠᠨᠢᠯ ᠬᠦᠮᠦᠰ ᠲᠠᠢ ᠪᠠᠨ ᠠᠭᠤᠯᠵᠠᠭᠠᠳ ᠶᠡᠷᠦ ᠳᠡᠭᠡᠨ ᠮᠡᠨᠳᠦᠴᠢᠯᠡᠬᠦ ᠦᠭᠡᠢ᠂ | ᠶᠤᠰᠤ ᠠᠯᠳᠠᠬᠤ᠃ | ᠭᠡᠷ ᠤᠨ ᠠᠬᠠᠮᠠᠳ ᠤᠨ ᠨᠠᠵᠠᠭᠠᠢ ᠬᠢᠳᠡᠯ᠄ ︽ᠡᠨᠡ ᠬᠦᠦ ︵ᠬᠡᠦᠭᠡᠨ︶ ᠴᠢᠨᠢ ᠶᠠᠭᠠᠬᠢᠭᠠᠳ | ᠡᠶᠢᠮᠦ ᠮᠤᠷᠠᠯ ᠦᠭᠡᠢ ᠪᠤᠢ᠂ ᠰᠠᠶᠢᠨ ᠤᠤ ᠴᠤ ᠦᠭᠡᠢ᠂ ᠮᠡᠨᠳᠦ ᠴᠤ ᠦᠭᠡᠢ᠂ ᠬᠡᠴᠢᠨᠡᠨ ᠬᠡᠯᠡᠭᠡᠳ ᠮᠡᠳᠡᠬᠦ ᠦᠭᠡᠢ︾ | ᠭᠡᠵᠦ ᠪᠤᠰᠤᠳ ᠤᠨ ᠡᠮᠦᠨ᠎ᠡ ᠵᠠᠩᠨᠠᠨ ᠰᠤᠷᠭᠠᠬᠤ᠃ | ᠦᠷ᠎ᠡ ᠨᠦᠯᠦᠭᠡ᠄ ᠬᠡᠦᠭᠡᠳ ᠤᠨ ᠪᠡᠶ᠎ᠡ ᠪᠠᠨ ᠬᠦᠨᠳᠦᠳᠭᠡᠬᠦ ᠰᠡᠳᠬᠢᠯ ᠢ ᠬᠦᠨᠳᠡᠵᠦ᠂ ᠤᠷᠤᠬᠤ | ᠭᠠᠵᠠᠷ ᠦᠭᠡᠢ ᠪᠤᠯᠳᠠᠯ᠎ᠠ ᠪᠠᠨ ᠢᠴᠢᠬᠦ᠂ ᠲᠡᠷᠡᠴᠢᠯᠡᠨ ᠭᠤᠳᠤᠬᠤ ᠪᠤᠳᠤᠯ ᠤᠷᠤᠳᠠᠭ᠃ | ᠭᠡᠷ ᠤᠨ ᠠᠬᠠᠮᠠᠳ ᠤᠨ ᠵᠦᠢᠳᠡᠢ ᠬᠢᠳᠡᠯ᠄ ︽ᠦ᠂ ᠮᠢᠨᠦ ᠬᠦᠦ ︵ᠬᠡᠦᠭᠡᠨ︶ ᠵᠢᠭᠠᠬᠠᠨ | ᠪᠦᠱᠦᠬᠦᠷᠭᠡᠵᠦ ᠪᠠᠶᠢᠬᠤ ᠮᠠᠭᠠᠳ᠂ ᠬᠠᠮᠢᠶ᠎ᠠ ᠦᠭᠡᠢ᠂ ᠠᠭᠠᠵᠢᠮ ᠢᠶᠠᠷ ᠵᠦᠭᠡᠷ ᠪᠤᠯᠴᠢᠬᠠᠨ᠎ᠠ᠂ ᠶᠡᠷᠦ ᠳᠡᠭᠡᠨ ᠬᠦᠦ ︵ | ᠬᠡᠦᠭᠡᠨ︶ ᠮᠢᠨᠢ ᠲᠤᠩ ᠶᠤᠰᠤᠷᠬᠠᠭ ᠪᠠᠶᠢᠳᠠᠭ ᠡ︾ ᠭᠡᠵᠦ ᠵᠤᠷᠢᠭᠵᠢᠭᠤᠯᠤᠨ ᠬᠡᠯᠡᠪᠡᠯ ᠵᠤᠬᠢᠨ᠎ᠠ᠃ | ᠦᠷ᠎ᠡ ᠨᠦᠯᠦᠭᠡ᠄ ᠬᠡᠦᠭᠡᠳ ᠪᠤᠷᠤᠭᠤ ᠪᠤᠯᠤᠭᠰᠠᠨ ᠢᠶᠠᠨ ᠮᠡᠳᠡᠵᠦ᠂ ︽ᠲᠠᠬᠢᠭᠠᠳ ᠪᠢ | ᠶᠠᠭᠠᠬᠢᠭᠰᠠᠨ ᠴᠤ ᠶᠤᠰᠤ ᠠᠯᠳᠠᠵᠤ ᠪᠤᠯᠬᠤ ᠦᠭᠡᠢ᠂ ᠡᠵᠢ ᠠᠪᠤ ᠪᠠᠨ ᠴᠤ ᠬᠦᠰᠡᠷᠳᠡᠭᠦᠯᠵᠦ ᠪᠤᠯᠬᠤ ᠦᠭᠡᠢ︾ ᠭᠡᠵᠦ | ᠪᠤᠳᠤᠳᠠᠭ᠃ | | | 5. ᠬᠡᠦᠭᠡᠳ ᠤᠨ ᠠᠰᠠᠭᠤᠭᠰᠠᠨ ᠠᠰᠠᠭᠤᠯᠳᠠ ᠶᠢ ᠭᠡᠷ ᠤᠨ ᠠᠬᠠᠮᠠᠳ ᠬᠠᠷᠢᠭᠤᠯᠵᠤ ᠲᠡᠶᠢᠯᠬᠦ | ᠦᠭᠡᠢ ᠦᠶ᠎ᠡ ᠳᠤ᠃ | ᠭᠡᠷ ᠤᠨ ᠠᠬᠠᠮᠠᠳ ᠤᠨ ᠨᠠᠵᠠᠭᠠᠢ ᠬᠢᠳᠡᠯ᠄ ︽ᠭᠡᠷᠡᠭ ᠲᠠᠢ ᠭᠡᠷᠡᠭ ᠦᠭᠡᠢ ᠶᠠᠭᠤᠮ᠎ᠠ ᠶᠢ ᠪᠢᠳᠡᠭᠡᠢ | ᠠᠰᠠᠭᠤᠭᠠᠳ ᠪᠠᠢ᠂ ᠬᠢᠴᠢᠶᠡᠯ ᠤᠨ ᠨᠤᠮ ᠢᠶᠠᠨ ᠰᠠᠶᠢᠨ ᠰᠤᠷᠪᠠᠯ ᠪᠤᠯᠴᠢᠬᠠᠨ᠎ᠠ᠂ ᠡᠯᠳᠡᠪ ᠡᠰᠡᠨ ᠶᠠᠭᠤᠮ᠎ᠠ ᠪᠤᠳᠤᠬᠤ | ᠭᠡᠷᠡᠭ ᠦᠭᠡᠢ︾ ᠭᠡᠵᠦ ᠠᠭᠤᠷᠯᠠᠩᠭᠤᠢ ᠬᠡᠯᠡᠳᠡᠭ᠃ | ᠦᠷ᠎ᠡ ᠨᠦᠯᠦᠭᠡ᠄ ︽ᠠᠢ᠂ ᠦᠨᠡᠭᠡᠷ ᠱᠠᠯ ᠲᠠᠮᠡᠢ᠂ ᠡᠳᠤᠷᠵᠢᠨ ᠰᠤᠷᠤᠯᠴᠠᠭᠤᠯᠬᠤ ᠶᠢ ᠯᠡ | ᠮᠡᠳᠡᠨ᠎ᠡ᠂ ᠲᠡᠭᠡᠪᠡᠯ ᠲᠠᠬᠢᠭᠠᠳ ᠠᠰᠠᠭᠤᠬᠤ ᠦᠭᠡᠢ ᠯᠠᠢ ᠰᠢᠳᠡ︾ ᠭᠡᠵᠦ ᠤᠷᠮ᠎ᠠ ᠬᠤᠭᠤᠷᠠᠨ᠂ ᠬᠤᠵᠢᠮ ᠶᠠᠮᠠᠷ | ᠤᠶᠢᠯᠠᠭᠠᠬᠤ ᠦᠭᠡᠢ ᠠᠰᠠᠭᠤᠳᠠᠯ ᠲᠤᠯᠭᠠᠷᠠᠭᠰᠠᠨ ᠴᠤ ᠴᠢᠭᠠᠰᠢ ᠤᠬᠤᠴᠢᠯᠠᠨ ᠪᠤᠳᠤᠬᠤ ᠰᠤᠨᠢᠷᠬᠠᠯ ᠦᠭᠡᠢ ᠪᠤᠯᠵᠤ᠂ | ᠬᠠᠰᠢ ᠶᠠᠰᠢ ᠬᠠᠨᠳᠤᠳᠠᠭ᠃ | ᠭᠡᠷ ᠤᠨ ᠠᠬᠠᠮᠠᠳ ᠤᠨ ᠵᠦᠢᠳᠡᠢ ᠬᠢᠳᠡᠯ᠄ ︽ᠬᠦᠦ ︵ᠬᠡᠦᠭᠡᠨ︶ ᠮᠢᠨᠢ᠂ ᠡᠶᠢᠮᠦ ᠬᠦᠴᠢᠷ | ᠠᠰᠠᠭᠤᠯᠳᠠ ᠶᠢ ᠬᠦᠷᠳᠡᠯ᠎ᠡ ᠠᠰᠠᠭᠤᠳᠠᠭ ᠴᠢᠨᠢ ᠲᠠ ᠠᠷᠪᠢᠨ ᠠᠰᠠᠭᠤᠳᠠᠯ ᠢ ᠪᠤᠳᠤᠯᠬᠢᠯᠠᠵᠤ ᠪᠠᠶᠢᠭ᠎ᠠ ᠶᠤᠮ ᠪᠠᠶᠢᠨ᠎ᠠ᠂ | ᠲᠤᠩ ᠵᠦᠪ᠂ ᠲᠠᠨ ᠤ ᠠᠰᠠᠭᠤᠯᠳᠠ ᠶᠢ ᠤᠳᠤ ᠪᠢ ᠲᠤᠳᠤᠷᠬᠠᠢ ᠬᠠᠷᠢᠭᠤᠯᠵᠤ ᠲᠡᠶᠢᠯᠬᠦ ᠪᠠᠶᠢᠨ᠎ᠠ᠂ ᠪᠢᠳᠠ ᠴᠤᠭᠭᠠᠷ | ᠰᠠᠶᠢᠬᠠᠨ ᠪᠤᠳᠤᠵᠤ ᠦᠵᠡᠶ᠎ᠡ᠂ ᠪᠤᠯᠤᠨ᠎ᠠ ᠤᠤ︖︾ ᠬᠡᠵᠦ ᠪᠠᠶᠠᠷᠳᠠᠢ ᠵᠦᠪᠳᠡᠨ ᠶᠠᠷᠢᠪᠠᠯ ᠵᠤᠬᠢᠨ᠎ᠠ᠃ | ᠦᠷ᠎ᠡ ᠨᠦᠯᠦᠭᠡ᠄ ᠬᠡᠦᠭᠡᠳ ᠠᠰᠠᠭᠤᠭᠰᠠᠨ ᠠᠰᠠᠭᠤᠯᠳᠠ ᠳᠠᠭᠠᠨ ᠬᠠᠷᠢᠭᠤᠯᠳᠠ ᠤᠯᠤᠭᠰᠠᠨ | ᠦᠭᠡᠢ ᠪᠤᠯᠪᠠᠴᠤ ᠲᠤᠩ ᠪᠠᠶᠠᠷᠯᠠᠨ᠂ ᠬᠡᠳᠦᠢ ᠬᠦᠴᠢᠷ ᠠᠰᠠᠭᠤᠯᠳᠠ ᠲᠤᠯᠭᠠᠷᠠᠪᠠᠯ ᠲᠠᠳᠦᠢ ᠤᠨᠢᠰᠤᠭ᠎ᠠ ᠶᠢ ᠲᠠᠶᠢᠯᠬᠤ | ᠤᠷᠮ᠎ᠠ ᠵᠤᠷᠢᠭ ᠲᠠᠢ ᠪᠤᠯᠳᠠᠭ᠃ | | | 6. ᠬᠡᠦᠭᠡᠳ ᠦᠷᠯᠦᠭᠡ ᠳᠡᠭᠡᠨ ᠪᠤᠰᠬᠤ ᠲᠤᠷ᠎ᠠ ᠦᠭᠡᠢ᠃ | ᠭᠡᠷ ᠤᠨ ᠠᠬᠠᠮᠠᠳ ᠤᠨ ᠨᠠᠵᠠᠭᠠᠢ ᠬᠢᠳᠡᠯ᠄ ︽ᠶᠠᠭᠠᠬᠢᠭᠠᠳ ᠪᠠᠰᠠ ᠯᠠ ᠤᠨᠳᠠᠭᠠᠳ ᠪᠠᠶᠢᠬᠤ ᠪᠤᠢ | ︖ ᠪᠦᠷ ᠬᠤᠴᠤᠷᠠᠴᠢᠬᠠᠯᠠ︾ ᠬᠡᠵᠦ ᠠᠭᠤᠷᠯᠠᠨ ᠵᠠᠩᠳᠤᠷᠬᠤ ᠶᠢᠨ ᠲᠠᠭᠠᠤ ᠳᠠᠭᠠᠨ ᠬᠤᠪᠴᠠᠰᠤ ᠬᠤᠨᠠᠷ ᠢ ᠨᠢ | ᠠᠪᠴᠢᠷᠠᠨ ᠡᠮᠦᠰᠦᠬᠦᠯᠳᠡᠭ᠃ | ᠦᠷ᠎ᠡ ᠨᠦᠯᠦᠭᠡ᠄ ᠬᠡᠵᠢᠶᠡᠳᠡ ᠤᠬᠠᠮᠰᠠᠷ ᠠᠴᠠ ᠪᠠᠨ ᠪᠤᠰᠬᠤ ᠦᠭᠡᠢ᠂ ᠬᠤᠪᠴᠠᠰᠤ ᠡᠮᠦᠰᠦᠬᠦᠯᠬᠦ | ᠶᠢ ᠨᠢ ᠬᠦᠯᠢᠶᠡᠳᠡᠭ᠃ | ᠭᠡᠷ ᠤᠨ ᠠᠬᠠᠮᠠᠳ ᠤᠨ ᠵᠦᠢᠳᠡᠢ ᠬᠢᠳᠡᠯ᠄ ︽ᠬᠦᠦ ︵ᠬᠡᠦᠭᠡᠨ︶ ᠮᠢᠨᠢ᠂ ᠪᠢ ᠲᠠᠨ ᠢ ᠨᠢᠭᠡ ᠯᠡ | ᠤᠳᠠᠭ᠎ᠠ ᠲᠠᠭᠤᠳᠠᠨ ᠰᠡᠷᠢᠭᠡᠨᠠ᠂ ᠭᠡᠷᠪᠡ ᠤᠳᠤ ᠪᠠᠷ ᠢᠶᠠᠨ ᠪᠤᠰᠬᠤ ᠦᠭᠡᠢ ᠬᠢᠴᠢᠶᠡᠯ ᠠᠴᠠ ᠪᠠᠨ ᠬᠤᠴᠤᠷᠪᠠᠯ | ᠪᠠᠭᠰᠢ ᠳᠠᠭᠠᠨ ᠰᠢᠬᠦᠮᠵᠢᠯᠡᠭᠳᠡᠨᠡ ᠰᠢᠦ᠂ ᠪᠤᠰᠤᠨ᠎ᠠ ᠤᠤ᠂ ᠦᠭᠡᠢ ᠤᠤ᠂ ᠦᠪᠡᠷᠳᠡᠭᠡᠨ ᠮᠡᠳᠡᠭᠡᠷᠡᠢ︾ ᠭᠡᠵᠦ | ᠵᠦᠭᠡᠯᠡᠬᠡᠨ ᠶᠠᠷᠢᠨ᠎ᠠ᠃ | ᠦᠷ᠎ᠡ ᠨᠦᠯᠦᠭᠡ᠄ ᠲᠠᠷᠠᠭ᠎ᠠ ᠤᠳᠠᠭ᠎ᠠ ᠨᠢ ᠲᠠᠭᠤᠳᠠᠭᠰᠠᠭᠠᠷ ᠠᠶᠠᠨᠳᠠᠭᠠᠨ ᠪᠤᠰᠴᠢᠬᠠᠨᠠ᠃ | | | 7. ᠬᠡᠦᠭᠡᠳ ᠤᠨ ᠢᠶᠠᠨ ᠭᠡᠷ ᠤᠨ ᠠᠬᠠᠮᠠᠳ ᠤᠨ ᠬᠤᠷᠠᠯ ᠳᠤ ᠤᠷᠤᠯᠴᠠᠭᠠᠳ᠂ ᠪᠠᠭᠰᠢ ᠨᠢ | ᠭᠡᠦᠭᠡᠳ ᠢ ᠨᠢ ᠵᠠᠭᠠᠯᠳᠤᠵᠤ᠂ ᠭᠡᠷ ᠤᠨ ᠠᠬᠠᠮᠠᠳ ᠢ ᠰᠢᠬᠦᠮᠵᠢᠯᠡᠬᠦ ᠦᠶ᠎ᠡ ᠳᠤ᠃ | ᠭᠡᠷ ᠤᠨ ᠠᠬᠠᠮᠠᠳ ᠤᠨ ᠨᠠᠵᠠᠭᠠᠢ ᠬᠢᠳᠡᠯ᠄ ᠭᠡᠷ ᠲᠡᠭᠡᠨ ᠬᠠᠷᠢᠵᠤ ᠢᠷᠡᠮᠡᠭᠴᠡ ᠪᠦᠬᠦ ᠠᠭᠤᠷ ᠢᠶᠠᠨ | ᠬᠡᠦᠭᠡᠳ ᠲᠡᠭᠡᠨ ᠭᠠᠷᠭᠠᠵᠤ᠂ ᠬᠡᠦᠭᠡᠳ ᠢᠶᠠᠨ ᠬᠠᠷᠢᠶᠠᠵᠤ ᠵᠤᠳᠤᠳᠠᠭ᠃ | ᠦᠷ᠎ᠡ ᠨᠦᠯᠦᠭᠡ᠄ ᠬᠡᠦᠭᠡᠳ ᠪᠡᠶ᠎ᠡ ᠳᠡᠭᠡᠨ ᠮᠠᠰᠢ ᠢᠳᠡᠭᠡᠯ ᠠᠯᠳᠠᠨ᠂ ᠡᠰᠡᠬᠦᠯ᠎ᠡ ᠬᠦᠴᠦᠷᠭᠡᠭᠯᠡᠯ ᠢ | ᠰᠤᠷᠬᠤ᠂ ᠡᠰᠡᠬᠦᠯ᠎ᠡ ᠵᠤᠷᠢᠭ ᠵᠢᠷᠦᠭᠡ ᠪᠠᠭᠠᠳᠠᠢ ᠪᠤᠯᠵᠤ᠂ ᠦᠭᠡ ᠭᠡᠯᠡᠬᠦ ᠪᠠᠨ ᠴᠤ ᠵᠢᠷᠦᠭᠡᠯᠡᠬᠦ᠂ ᠲᠡᠷᠡᠴᠢᠯᠡᠨ ᠬᠤᠳᠠᠯ | ᠬᠡᠯᠡᠬᠦ ᠶᠢ ᠰᠤᠷᠴᠤ᠂ ᠦᠨᠡᠨ ᠢᠶᠠᠷ ᠢᠶᠠᠨ ᠶᠠᠷᠢᠪᠠᠯ ᠠᠪᠤ ᠡᠵᠢ ᠨᠢ ᠪᠠᠰᠠ ᠴᠤᠬᠢᠬᠤ ᠠᠴᠠ ᠡᠮᠢᠶᠠᠭᠦ ᠪᠤᠯᠳᠠᠭ᠃ | ᠭᠡᠷ ᠤᠨ ᠠᠬᠠᠮᠠᠳ ᠤᠨ ᠵᠦᠢᠳᠡᠢ ᠬᠢᠳᠡᠯ᠄ ᠭᠡᠷ ᠲᠡᠭᠡᠨ ᠬᠠᠷᠢᠭᠰᠠᠨ ᠤ ᠲᠠᠷᠠᠭ᠎ᠠ᠂ ᠬᠡᠦᠭᠡᠳ ᠢᠶᠠᠨ | ᠬᠠᠯᠠᠮᠵᠢᠯᠠᠨ ᠶᠠᠷᠢᠯᠴᠠᠵᠤ᠂ ᠤᠷᠢᠳᠠᠪᠠᠷ ᠬᠡᠦᠭᠡᠳ ᠤᠨ ᠢᠶᠠᠨ ᠲᠠᠪᠠᠭᠤᠯᠢᠭ ᠢ ᠮᠠᠭᠳᠠᠨ ᠶᠠᠷᠢᠭᠰᠠᠨ ᠤ ᠲᠠᠷᠠᠭ᠎ᠠ᠂ | ᠬᠦᠷᠦᠯᠴᠡᠬᠦ ᠦᠭᠡᠢ ᠪᠠᠶᠢᠬᠤ ᠶᠢᠨ ᠰᠢᠯᠳᠠᠭᠠᠨ ᠢ ᠡᠷᠢᠵᠤ᠂ ᠬᠤᠵᠢᠮ ᠶᠠᠭᠠᠬᠢᠪᠠᠯ ᠵᠤᠬᠢᠬᠤ ᠶᠢ ᠵᠤᠷᠢᠭᠵᠢᠭᠤᠯᠤᠨ᠂ | ᠴᠢᠷᠮᠠᠶᠢᠳᠠᠭ ᠲᠤ ᠬᠦᠷᠪᠡᠯ ᠯᠠᠪᠳᠠᠢ ᠲᠠᠪᠰᠢᠵᠤ ᠲᠡᠶᠢᠯᠦᠨ᠎ᠡ ᠭᠡᠵᠦ ᠢᠳᠡᠭᠡᠯ ᠵᠤᠷᠢᠭ ᠢ ᠨᠢ ᠬᠦᠪᠴᠢᠯᠡᠪᠠᠯ ᠵᠤᠬᠢᠨ᠎ᠠ᠃ | ᠦᠷ᠎ᠡ ᠨᠦᠯᠦᠭᠡ᠄ ᠬᠡᠦᠭᠡᠳ ᠲᠠᠪᠠᠭᠤᠯᠢᠭ ᠲᠠᠯ᠎ᠠ ᠪᠠᠨ ᠨᠡᠩ ᠪᠠᠳᠠᠷᠠᠭᠤᠯᠤᠨ᠂ ᠬᠦᠢᠴᠡᠳ ᠪᠤᠰᠤ | ᠲᠠᠯ᠎ᠠ ᠪᠠᠨ ᠠᠭᠠᠵᠢᠮ ᠢᠶᠠᠷ ᠤᠯᠵᠤ ᠬᠠᠷᠠᠨ᠂ ᠵᠤᠷᠢᠭᠵᠢᠨ ᠴᠢᠷᠮᠠᠶᠢᠳᠠᠭ᠃ | | | 8. ᠬᠡᠦᠭᠡᠳ ᠤᠨ ᠡᠳᠦᠷ ᠲᠤᠳᠤᠮ ᠤᠨ ᠠᠮᠢᠳᠤᠷᠠᠯ ᠰᠤᠷᠤᠯᠭ᠎ᠠ ᠶᠢ ᠲᠤᠬᠢᠷᠠᠭᠤᠯᠬᠤ ᠳᠠᠭᠠᠨ᠃ | ᠭᠡᠷ ᠤᠨ ᠠᠬᠠᠮᠠᠳ ᠤᠨ ᠨᠠᠵᠠᠭᠠᠢ ᠬᠢᠳᠡᠯ᠄ ᠬᠡᠦᠭᠡᠳ ᠤᠨ ᠡᠳᠦᠷ ᠲᠤᠳᠤᠮ ᠤᠨ ᠠᠮᠢᠳᠤᠷᠠᠯ ᠢ | ᠲᠢᠭ ᠲᠠᠭ ᠲᠤᠬᠢᠷᠠᠭᠤᠯᠤᠨ᠂ ᠬᠡᠦᠭᠡᠳ ᠢᠶᠠᠨ ᠰᠤᠷᠤᠯᠭ᠎ᠠ ᠠᠴᠠ ᠪᠤᠰᠤᠳ ᠶᠠᠮᠠᠷ ᠴᠤ ᠶᠠᠪᠤᠳᠠᠯ ᠤᠨ ᠲᠦᠯᠦᠭᠡ | ᠰᠠᠨᠠᠭ᠎ᠠ ᠵᠤᠪᠠᠭ᠋ᠤ ᠭᠡᠷᠡᠭ ᠦᠭᠡᠢ ᠭᠡᠮᠡᠨ ᠢᠳᠡᠵᠦ ᠤᠤᠭᠤᠬᠤ ᠡᠮᠦᠰᠴᠦ ᠵᠡᠬᠦᠬᠦ ᠠᠴᠠ ᠡᠬᠢᠯᠡᠨ ᠠᠯᠢᠪᠠ ᠵᠦᠢᠯ ᠢ ᠨᠢ | ᠪᠦᠷ ᠭᠠᠷ ᠦᠵᠦᠬᠦᠷ ᠲᠤᠨᠢ ᠲᠦᠬᠦᠮ ᠲᠦᠳᠡ ᠪᠤᠯᠭᠠᠵᠤ ᠦᠭᠳᠡᠭ᠃ | ᠦᠷ᠎ᠡ ᠨᠦᠯᠦᠭᠡ᠄ ᠬᠡᠦᠭᠡᠳ ᠠᠭᠠᠵᠢᠮ ᠢᠶᠠᠷ ᠬᠦᠯ ᠭᠠᠷ ᠨᠢ ᠪᠢᠳᠠᠭᠤᠷᠠᠨ᠂ ᠦᠪᠡᠷ ᠤᠨ | ᠰᠠᠨᠠᠭᠠᠴᠢᠯᠠᠭᠠᠳᠤ ᠴᠢᠨᠠᠷ ᠢᠶᠠᠨ ᠠᠯᠳᠠᠨ᠂ ᠤᠯᠠᠮ ᠠᠴᠠ ᠤᠯᠠᠮ ᠵᠤᠷᠢᠭ ᠪᠠᠭᠠᠳᠠᠢ᠂ ᠦᠪᠡᠷ ᠤᠨ ᠪᠡᠶ᠎ᠡ ᠳᠡᠭᠡᠨ | ᠢᠳᠡᠭᠡᠯ ᠦᠭᠡᠢ ᠪᠤᠯᠤᠨ᠎ᠠ᠃ ᠡᠵᠢ ᠠᠪᠤ ᠠᠴᠠ ᠪᠠᠨ ᠰᠠᠯᠪᠠᠯ ᠶᠠᠭᠤ ᠴᠤ ᠬᠢᠵᠦ ᠴᠢᠳᠠᠬᠤ ᠦᠭᠡᠢ ᠪᠤᠯᠳᠠᠭ᠃ | ᠭᠡᠷ ᠤᠨ ᠠᠬᠠᠮᠠᠳ ᠤᠨ ᠵᠦᠢᠳᠡᠢ ᠬᠢᠳᠡᠯ᠄ ᠬᠡᠦᠭᠡᠳ ᠢ ᠪᠠᠭ᠎ᠠ ᠠᠴᠠ ᠨᠢ ᠠᠯᠢ ᠪᠤᠯᠬᠤᠷ ᠦᠪᠡᠷ | ᠤᠨ ᠶᠠᠪᠤᠳᠠᠯ ᠢᠶᠠᠨ ᠪᠡᠶ᠎ᠡ ᠪᠠᠨ ᠲᠠᠭᠠᠭᠠᠵᠤ ᠬᠢᠬᠦ ᠶᠢ ᠵᠤᠷᠢᠭᠵᠢᠭᠤᠯᠤᠨ᠂ ᠭᠡᠷ ᠤᠨ ᠠᠷᠰᠠᠷ ᠠᠵᠢᠯ ᠢ ᠬᠢᠯᠬᠡᠵᠦ | ᠰᠤᠷᠭᠠᠨ᠎ᠠ᠃ ᠭᠡᠷ ᠤᠨ ᠵᠠᠷᠢᠮ ᠶᠠᠪᠤᠳᠠᠯ ᠢᠶᠠᠨ ᠭᠡᠦᠭᠡᠳ ᠲᠠᠢ ᠪᠠᠨ ᠵᠦᠪᠳᠡᠨ ᠪᠤᠳᠤᠯ ᠰᠠᠨᠠᠯ ᠢ ᠶᠠᠷᠢᠭᠤᠯᠵᠤ᠂ | ᠬᠡᠦᠭᠡᠳ ᠦᠪᠡᠷ ᠤᠨ ᠪᠤᠳᠤᠭᠰᠠᠨ ᠰᠠᠨᠠᠭᠰᠠᠨ ᠢᠶᠠᠨ ᠢᠯᠡᠳᠭᠡᠬᠦ ᠶᠢ ᠬᠢᠨᠠᠮᠠᠭᠠᠢ ᠰᠤᠨᠤᠰᠤᠨ᠎ᠠ᠃ | ᠦᠷ᠎ᠡ ᠨᠦᠯᠦᠭᠡ᠄ ᠬᠡᠦᠭᠡᠳ ᠤᠨ ᠭᠡᠷ ᠪᠦᠯᠢ ᠶᠢᠨ ᠭᠡᠰᠢᠬᠦᠨ ᠪᠤᠯᠤᠭᠰᠠᠨ ᠬᠠᠷᠢᠭᠤᠴᠠᠯᠭᠠᠳᠤ | ᠰᠡᠳᠬᠢᠯᠬᠡ ᠶᠢ ᠪᠤᠢ ᠪᠤᠯᠭᠠᠨ᠂ ᠡᠵᠢ ᠠᠪᠤ ᠲᠠᠢ ᠪᠠᠨ ᠢᠳᠡᠪᠬᠢᠳᠡᠢ ᠪᠠᠷ ᠰᠡᠳᠬᠡᠯ ᠢᠶᠠᠨ ᠰᠤᠯᠢᠯᠴᠠᠬᠤ ᠵᠠᠩᠰᠢᠯ ᠢ | ᠬᠦᠮᠦᠵᠢᠬᠦᠯᠦᠨ᠂ ᠠᠪᠤ ᠡᠵᠢ ᠪᠠᠨ ᠬᠦᠨᠳᠦᠯᠡᠬᠦ ᠶᠢ ᠮᠡᠳᠡᠵᠦ᠂ ᠴᠤᠪᠤᠭᠤ ᠲᠡᠭᠵᠢᠨ᠂ ᠪᠡᠶ᠎ᠡ ᠳᠡᠭᠡᠨ ᠢᠳᠡᠭᠡᠯ ᠲᠠᠢ | ᠪᠤᠯᠤᠨ᠎ᠠ᠃ | |