| ᠪᠦᠭᠴᠢᠮ᠎ᠠ ᠬᠠᠯᠠᠭᠤᠨ ᠵᠤᠨ ᠤ ᠤᠯᠠᠷᠢᠯ ᠳᠤ ᠬᠦᠮᠦᠰ ᠮᠠᠰᠢ ᠠᠮᠠᠷᠠᠬᠠᠨ ᠨᠠᠷᠠᠰᠢᠳᠠᠬ᠃ | ᠨᠠᠷᠠᠰᠢᠬᠤ ᠠᠴᠠ ᠵᠠᠶᠢᠯᠠᠰᠬᠢᠬᠦ ᠶᠢᠨ ᠲᠤᠯᠳᠠ ᠪᠢᠳᠡ ᠬᠠᠯᠠᠭᠤᠨ ᠠᠴᠠ ᠰᠡᠷᠭᠡᠶᠢᠯᠡᠬᠦ ᠶᠢ ᠰᠤᠷᠬᠤ ᠭᠡᠷᠡᠭᠳᠡᠢ᠃ ᠡᠬᠦᠨ ᠳᠤ | ᠬᠠᠯᠠᠭᠤᠨ ᠠᠴᠠ ᠰᠡᠷᠭᠡᠶᠢᠯᠡᠬᠦ ᠢᠳᠡᠭᠡᠨ ᠤ ᠵᠦᠢᠯ ᠢ ᠰᠠᠶᠢᠨ ᠮᠡᠳᠡᠵᠤ ᠠᠪᠬᠤ ᠴᠢᠬᠤᠯᠠᠳᠠᠢ᠃ | ⒈ ᠦᠷᠭᠡᠰᠦᠳᠦ ᠭᠡᠮᠭᠡ᠄ ᠦᠷᠭᠡᠰᠦᠳᠦ ᠭᠡᠮᠭᠡ ᠪᠤᠯ ᠵᠤᠨ ᠤ ᠤᠯᠠᠷᠢᠯ ᠤᠨ ᠵᠢᠰᠦ ᠭᠤᠶᠤᠯᠠᠨ | ᠮᠠᠷᠢᠶ᠎ᠠ ᠰᠢᠭᠤᠷᠠᠭᠤᠯᠬᠤ ᠬᠠᠮᠤᠬ ᠰᠠᠶᠢᠨ ᠢᠳᠡᠰᠢᠨ ᠨᠤᠭᠤᠭ᠎ᠠ ᠪᠤᠯᠤᠨ᠎ᠠ᠃ ᠦᠷᠬᠦᠯᠵᠢ ᠦᠷᠭᠡᠰᠦᠳᠦ ᠭᠡᠮᠭᠡ ᠢᠳᠡᠪᠡᠯ | ᠨᠢᠭᠤᠷ ᠴᠢᠷᠠᠢ ᠶᠢᠨ ᠠᠳᠤᠷᠢᠶ᠎ᠠ ᠶᠢ ᠪᠠᠭᠠᠰᠬᠠᠨ ᠦᠳᠡᠯᠬᠦ ᠠᠴᠠ ᠰᠡᠷᠭᠡᠶᠢᠯᠡᠬᠦ ᠶᠢᠨ ᠬᠠᠮᠳᠤ ᠤᠷᠤᠭᠤᠯ ᠤᠨ ᠦᠷᠪᠢᠰᠦᠯ | ᠂ ᠵᠠᠪᠠᠵᠢᠨ ᠦᠷᠪᠢᠰᠦᠯ ᠢ ᠰᠡᠷᠭᠡᠶᠢᠯᠡᠬᠦ ᠦᠢᠯᠡᠳᠦᠯ ᠲᠠᠢ᠃ | ︽ᠡᠪᠡᠰᠦᠨ ᠡᠮ ᠤᠨ ᠲᠤᠪᠴᠢ︾ ᠳᠤ ᠦᠷᠭᠡᠰᠦᠳᠦ ᠭᠡᠮᠭᠡ ᠬᠠᠯᠠᠭᠤᠨ ᠢ ᠲᠠᠷᠤᠨ᠂ | ᠤᠮᠳᠠᠭᠠᠰᠬᠤ ᠠᠴᠠ ᠰᠡᠷᠭᠡᠶᠢᠯᠡᠵᠤ᠂ ᠬᠠᠪᠤᠳᠠᠷ ᠢ ᠠᠷᠢᠯᠭᠠᠬᠤ ᠦᠢᠯᠡᠳᠦᠯ ᠲᠠᠢ ᠪᠠᠶᠢᠳᠠᠭ᠃ ᠵᠤᠨ ᠤ ᠪᠦᠭᠴᠢᠮ᠎ᠠ | ᠬᠠᠯᠠᠭᠤᠨ ᠤᠯᠠᠷᠢᠯ ᠳᠤ ᠢᠳᠡᠬᠦ ᠳᠤ ᠲᠤᠬᠢᠷᠠᠮᠵᠢᠳᠠᠢ ᠢᠳᠡᠰᠢᠨ ᠨᠤᠭᠤᠭ᠎ᠠ ᠶᠢᠨ ᠨᠢᠭᠡ ᠲᠦᠷᠦᠯ ᠭᠡᠮᠡᠨ ᠲᠡᠮᠳᠡᠭᠯᠡᠵᠤ | ᠪᠠᠶᠢᠳᠠᠭ᠃ ᠦᠷᠭᠡᠰᠦᠳᠦ ᠭᠡᠮᠭᠡ ᠶᠢ ᠪᠠᠰᠠ ᠵᠢᠮᠢᠰ ᠤᠨ ᠤᠷᠤᠨ ᠳᠤ ᠢᠳᠡᠵᠤ ᠪᠤᠯᠤᠨ᠎ᠠ᠃ ᠭᠡᠬᠦ ᠳᠡᠭᠡᠨ ᠭᠡᠳᠦ ᠠᠷᠪᠢᠨ | ᠢᠳᠡᠵᠦ ᠪᠤᠯᠬᠤ ᠦᠭᠡᠢ᠂ ᠬᠤᠳᠤᠭᠤᠳᠤ ᠲᠡᠯᠢᠬᠦᠦ ᠮᠠᠭᠤ᠂ ᠭᠡᠳᠡᠰᠦ ᠡᠪᠡᠳᠴᠤ ᠰᠠᠭᠤᠯᠭᠠᠳᠠᠬ᠂ ᠬᠠᠨᠢᠶᠠᠳᠤ ᠲᠠᠢ | ᠬᠦᠮᠦᠰ ᠪᠠᠭ᠎ᠠ ᠢᠳᠡᠪᠡᠯ ᠰᠠᠶᠢᠨ᠃ | ⒉ ᠨᠤᠭᠤᠭᠠᠨ ᠴᠠᠢ᠄ ᠬᠠᠯᠠᠭᠤᠨ ᠡᠳᠦᠷ ᠬᠦᠯᠦᠰᠦ ᠭᠠᠷᠬᠤ ᠨᠢ ᠠᠷᠪᠢᠨ ᠪᠠᠶᠢᠵᠤ᠂ ᠨᠤᠭᠤᠭᠠᠨ | ᠴᠠᠢ ᠳᠤ ᠶᠡᠭᠡ ᠭᠡᠮᠵᠢᠶᠡᠨ ᠤ ᠺᠠᠯᠢ ᠠᠬᠤᠭᠤᠯᠤᠬᠳᠠᠵᠤ᠂ ᠤᠰᠤ ᠨᠦᠬᠦᠪᠦᠷᠢᠯᠡᠬᠦ ᠶᠢᠨ ᠬᠠᠮᠳᠤ ᠪᠠᠰᠠ ᠬᠦᠯᠦᠰᠦ | ᠭᠠᠷᠬᠤ ᠠᠴᠠ ᠪᠤᠯᠵᠤ ᠠᠯᠳᠠᠬᠳᠠᠬᠰᠠᠨ ᠺᠠᠯᠢ ᠶᠢ ᠨᠦᠬᠦᠪᠦᠷᠢᠯᠡᠳᠡᠭ᠃ ᠨᠤᠭᠤᠭᠠᠨ ᠴᠠᠢ ᠨᠢ ᠢᠰᠬᠦ ᠦᠭᠡᠢ᠂ ᠰᠡᠷᠢᠬᠦᠨ | ᠴᠢᠨᠠᠷᠳᠠᠢ ᠪᠠᠶᠢᠵᠤ᠂ ᠬᠦᠷᠦᠭᠰᠡᠨ ᠤ ᠬᠤᠶᠢᠨ᠎ᠠ ᠡᠮᠡᠭᠳᠡᠶᠢᠴᠤᠳ ᠪᠤᠯᠤᠨ ᠬᠤᠳᠤᠭᠤᠳᠤ ᠭᠡᠳᠡᠰᠦ ᠮᠠᠭᠤᠳᠠᠢ ᠬᠦᠮᠦᠰ | ᠤᠤᠭᠤᠵᠤ ᠪᠤᠯᠬᠤ ᠦᠭᠡᠢ᠃ ᠲᠤᠳᠠᠭᠤ ᠲᠠᠷᠤᠬᠰᠠᠨ ᠴᠠᠢ ᠪᠤᠯ ᠤᠯᠠᠭᠠᠨ ᠴᠠᠢ ᠪᠤᠯᠤᠨ ᠨᠤᠭᠤᠭᠠᠨ ᠴᠠᠢ ᠶᠢᠨ | ᠬᠤᠭᠤᠷᠤᠨᠳᠤᠬᠢ ᠬᠠᠭᠠᠰ ᠢᠰᠭᠡᠭᠰᠡᠨ ᠴᠠᠢ ᠪᠠᠶᠢᠵᠤ᠂ ᠬᠠᠯᠠᠭᠤᠨ ᠬᠦᠢᠳᠡᠨ ᠴᠢᠨᠠᠷ ᠪᠠᠶᠢᠬᠤ ᠦᠭᠡᠢ ᠪᠠᠶᠢᠵᠤ | ᠬᠠᠯᠠᠭᠤᠨ ᠢ ᠠᠷᠢᠯᠭᠠᠨ ᠰᠢᠯᠦᠳᠦ ᠰᠡᠷᠭᠦᠭᠡᠬᠦ ᠦᠢᠯᠡᠳᠦᠯ ᠲᠠᠢ᠂ ᠡᠮᠡᠭᠳᠡᠶᠢᠴᠤᠳ ᠪᠤᠯᠤᠨ ᠬᠤᠳᠤᠭᠤᠳᠤ ᠮᠠᠭᠤᠳᠠᠢ | ᠬᠦᠮᠦᠰ ᠤᠤᠭᠤᠬᠤ ᠳᠤ ᠲᠤᠬᠢᠷᠠᠮᠵᠢᠳᠠᠢ᠃ | ⒊ ᠲᠠᠷᠪᠤᠰ᠄ ᠲᠠᠷᠪᠤᠰ ᠪᠤᠯ ᠭᠤᠸ᠎ᠠ ᠶᠢᠨ ᠲᠦᠷᠦᠯ ᠳᠠᠬᠢ ᠬᠠᠯᠠᠭᠤᠨ ᠢ ᠰᠡᠷᠭᠡᠶᠢᠯᠡᠬᠦ ᠤᠮᠳᠠ | ᠲᠠᠷᠤᠬᠤ ᠲᠡᠷᠢᠬᠦᠨ ᠪᠤᠯᠤᠨ᠎ᠠ᠃ ᠵᠤᠨ ᠤ ᠤᠯᠠᠷᠢᠯ ᠳᠤ ᠨᠠᠷᠠᠰᠢᠬᠤ᠂ ᠬᠠᠯᠠᠭᠤᠨ ᠤᠷᠬᠢᠬᠤ᠂ ᠪᠠᠴᠢᠮᠳᠠᠬᠤ᠂ | ᠤᠮᠳᠠᠭᠠᠰᠬᠤ ᠡᠰᠡᠪᠡᠯ ᠪᠤᠰᠤᠳ ᠲᠦᠷᠭᠡᠨ ᠴᠢᠨᠠᠷᠳᠠᠢ ᠡᠪᠡᠳᠴᠢᠨ ᠪᠤᠯᠬᠤ ᠦᠶ᠎ᠠ ᠳᠤ ᠲᠠᠷᠪᠤᠰ ᠢᠳᠡᠨ | ᠡᠪᠡᠳᠴᠢᠨ ᠳᠤ ᠬᠠᠮᠵᠢᠯᠠᠭᠠ ᠵᠠᠰᠠᠯᠭ᠎ᠠ ᠬᠢᠵᠤ ᠪᠤᠯᠤᠨ᠎ᠠ᠃ ᠲᠠᠷᠪᠤᠰ ᠨᠢ ᠰᠡᠷᠢᠬᠦᠨ ᠴᠢᠨᠠᠷᠳᠠᠢ ᠪᠠᠶᠢᠵᠤ᠂ | ᠬᠠᠯᠠᠭᠤᠨ ᠠᠴᠠ ᠰᠡᠷᠭᠡᠶᠢᠯᠡᠨ ᠰᠡᠳᠬᠢᠯ ᠢ ᠳᠠᠶᠢᠪᠤᠷᠢᠰᠢᠯᠠᠭᠤᠯᠬᠤ ᠢᠳᠡᠭᠡᠨ ᠪᠤᠯᠤᠭᠰᠠᠨ ᠪᠠᠶᠢᠨ᠎ᠠ᠃ ᠳᠠᠷᠪᠤᠰ ᠲᠤ ︽ | ᠪᠠᠶᠢᠭᠠᠯᠢᠯᠢᠭ ᠴᠠᠭᠠᠨ ᠪᠠᠷᠰ ᠤᠨ ᠱᠦᠯᠦ︾ ᠭᠡᠮᠡᠬᠦ ᠰᠠᠶᠢᠬᠠᠨ ᠠᠯᠳᠠᠷ ᠲᠠᠢ᠃ ᠨᠠᠷᠠᠰᠢᠬᠤ᠂ ᠲᠤᠳᠤᠷ᠎ᠠ ᠪᠠᠴᠢᠮᠳᠠᠬᠤ᠂ | ᠤᠮᠳᠠᠭᠠᠰᠬᠤ᠂ ᠰᠢᠬᠡᠰᠦ ᠬᠤᠷᠢᠬᠳᠠᠬᠤ᠂ ᠠᠷᠢᠬᠢᠨ ᠳᠤ ᠬᠤᠤᠷᠠᠳᠠᠬᠳᠠᠬᠤ ᠮᠡᠳᠦ ᠶᠢᠨ ᠦᠵᠡᠭᠳᠡᠯ ᠭᠠᠷᠪᠠᠯ ᠲᠠᠷᠪᠤᠰ | ᠢᠳᠡᠭᠡᠷᠡᠢ᠃ | ⒋ ᠨᠤᠭᠤᠭᠠᠨ ᠪᠤᠷᠴᠭ᠄ ᠨᠤᠭᠤᠭᠠᠨ ᠪᠤᠷᠴᠠᠬ ᠲᠤ ᠤᠭᠤᠷᠠᠬ᠂ ᠹᠰᠹᠦᠷᠳᠤ ᠦᠭᠡᠬᠦ ᠡᠯᠪᠡᠭ | ᠠᠬᠤᠭᠤᠯᠤᠬᠳᠠᠵᠤ᠂ ᠮᠡᠳᠡᠷᠡᠯ ᠳᠤ ᠬᠦᠭᠡᠷᠦᠯᠳᠡ ᠡᠬᠦᠰᠭᠡᠨ ᠬᠠᠯᠠᠭᠤᠨ ᠲᠤᠷᠠᠰᠢᠯ ᠢ ᠨᠡᠮᠡᠭᠳᠡᠬᠦᠯᠳᠡᠭ ᠠᠴᠠ ᠵᠤᠨ ᠤ | ᠤᠯᠠᠷᠢᠯ ᠳᠤ ᠮᠠᠰᠢ ᠲᠤᠬᠢᠷᠠᠮᠵᠢᠳᠠᠢ᠃ ᠨᠤᠭᠤᠭᠠᠨ ᠪᠤᠷᠴᠠᠬ ᠬᠠᠯᠠᠭᠤᠨ ᠢ ᠬᠦᠭᠡᠭᠡᠵᠤ᠂ ᠬᠠᠯᠠᠭᠤᠨ ᠠᠴᠠ ᠰᠡᠷᠭᠡᠶᠢᠯᠡᠨ | ᠡᠮᠳᠠ ᠲᠠᠷᠤᠵᠤ᠂ ᠬᠤᠤᠷ᠎ᠠ ᠶᠢ ᠲᠠᠶᠢᠯᠬᠤ ᠦᠢᠯᠡᠳᠦᠯ ᠲᠠᠢ ᠪᠠᠶᠢᠳᠠᠬ᠃ ᠨᠤᠭᠤᠭᠠᠨ ᠪᠤᠷᠴᠠᠭ ᠤᠨ ᠱᠦᠯᠦ ᠨᠢ | ᠬᠠᠯᠠᠭᠤᠨ ᠠᠴᠠ ᠰᠡᠷᠭᠡᠶᠢᠯᠡᠬᠦ ᠪᠤᠯᠤᠨ ᠬᠤᠤᠷ᠎ᠠ ᠶᠢ ᠲᠠᠶᠢᠯᠬᠤ ᠰᠠᠶᠢᠨ ᠡᠮ ᠪᠠᠶᠢᠵᠤ᠂ ᠵᠤᠨ ᠤ ᠤᠯᠠᠷᠢᠯ ᠦᠷᠬᠦᠯᠵᠢ | ᠢᠳᠡᠪᠡᠯ ᠬᠠᠯᠠᠭᠤᠨ ᠠᠴᠠ ᠰᠡᠷᠭᠡᠶᠢᠯᠡᠨ ᠰᠢᠩᠭᠡᠭᠡᠯᠳᠡ ᠰᠠᠶᠢᠵᠢᠷᠠᠭᠤᠯᠬᠤ ᠳᠤ ᠮᠠᠰᠢ ᠰᠠᠶᠢᠨ ᠦᠢᠯᠡᠳᠦᠯ ᠲᠠᠢ ᠪᠠᠶᠢᠳᠠᠬ᠃ | | ᠨᠤᠭᠤᠭᠠᠨ ᠪᠤᠷᠴᠠᠬ ᠢ ᠬᠠᠯᠠᠭᠤᠨ ᠢ ᠰᠡᠷᠭᠡᠶᠢᠯᠡᠬᠦ ᠳᠤ ᠭᠡᠷᠡᠭᠯᠡᠵᠤ᠂ ᠵᠢᠷᠦᠭᠡ᠂ ᠬᠤᠳᠤᠭᠤᠳᠤᠨ ᠤ | ᠬᠠᠯᠠᠭᠤᠨ ᠪᠤᠯᠤᠨ ᠲᠤᠳᠤᠷ ᠬᠠᠯᠠᠭᠤᠨ ᠢ ᠵᠠᠰᠠᠬᠤ ᠳᠤ ᠰᠠᠶᠢᠨ ᠪᠠᠶᠢᠳᠠᠬ ᠢᠶᠠᠷ ᠪᠠᠷᠠᠬᠤ ᠦᠭᠡᠢ ᠪᠠᠰᠠ ᠠᠷᠢᠬᠢᠨ | ᠬᠤᠤᠷᠠᠳᠠᠯ ᠮᠡᠳᠦ ᠶᠢᠨ ᠬᠤᠤᠷ᠎ᠠ ᠶᠢ ᠲᠠᠶᠢᠯᠬᠤ ᠳᠤ ᠮᠠᠰᠢ ᠲᠤᠰᠠᠳᠠᠢ ᠪᠠᠶᠢᠳᠠᠭ᠃ | ⒌ ᠰᠠᠷᠢᠮᠰᠠᠬ᠄ ᠰᠠᠷᠢᠮᠰᠠᠬ ᠨᠢ ᠪᠠᠺᠲ᠋ᠧᠷᠢ ᠠᠯᠠᠬᠤ ᠦᠢᠯᠡᠳᠦᠯ ᠲᠠᠢ᠃ ᠵᠤᠨ ᠤ ᠤᠯᠠᠷᠢᠯ ᠳᠤ | ᠰᠠᠷᠢᠮᠰᠠᠬ ᠢᠳᠡᠪᠡᠯ ᠪᠡᠶ᠎ᠡ ᠶᠢᠨ ᠲᠤᠳᠤᠷᠠᠬᠢ ᠡᠪᠡᠳᠴᠢᠨ ᠤ ᠪᠠᠺᠲ᠋ᠧᠷᠢ ᠶᠢ ᠠᠯᠠᠵᠤ᠂ ᠴᠢᠴᠠᠭ᠎ᠠ ᠠᠯᠳᠠᠬᠤ ᠪᠤᠯᠤᠨ | ᠲᠠᠬᠤᠯ ᠠᠴᠠ ᠰᠡᠷᠭᠡᠶᠢᠯᠡᠵᠤ ᠴᠢᠳᠠᠨ᠎ᠠ᠃ | ⒍ ᠵᠢᠮᠢᠰ ᠤᠨ ᠰᠢᠬᠦᠰᠦ᠄ ᠵᠢᠮᠢᠰ ᠤᠨ ᠰᠢᠬᠦᠰᠦ ᠨᠢ ᠬᠦᠮᠦᠨ ᠤ ᠪᠡᠶ᠎ᠡ ᠳᠤ ᠸᠢᠲ᠋ᠠᠮᠢᠨ᠂ ᠺᠠᠯᠼ᠂ | ᠹᠤᠰᠹᠦᠷ᠂ ᠺᠠᠯᠢ᠂ ᠮᠠᠬᠨᠢ ᠵᠡᠷᠭᠡ ᠡᠷᠦᠳᠡᠰᠦ ᠪᠤᠳᠠᠰ ᠨᠦᠬᠦᠪᠦᠷᠢᠯᠡᠵᠤ᠂ ᠡᠰ ᠤᠨ ᠠᠮᠢᠵᠢᠷᠠᠯ ᠤᠨ ᠬᠦᠴᠦᠨ᠂ | ᠬᠤᠳᠤᠭᠤᠳᠤ ᠭᠡᠳᠡᠰᠦᠨ ᠤ ᠦᠢᠯᠡᠳᠦᠯ ᠢ ᠴᠢᠩᠭᠠᠷᠠᠭᠤᠯᠵᠤ᠂ ᠰᠢᠩᠭᠡᠭᠡᠯᠳᠡ ᠶᠢ ᠠᠬᠢᠭᠤᠯᠵᠤ᠂ ᠶᠠᠳᠠᠷᠠᠭ᠎ᠠ | ᠵᠦᠳᠡᠷᠡᠭᠡ ᠶᠢ ᠲᠠᠶᠢᠯᠳᠠᠬ᠃ ᠵᠢᠮᠢᠰ ᠤᠨ ᠰᠢᠬᠦᠰᠦ ᠬᠢᠬᠦ ᠳᠤ ᠬᠠᠮᠤᠬ ᠰᠠᠶᠢᠨ ᠨᠢ ᠬᠤᠶᠠᠷ ᠠᠴᠠ ᠲᠡᠭᠡᠭᠰᠢ ᠵᠦᠢᠯ ᠤᠨ | ᠠᠳᠠᠯᠢ ᠤᠨ ᠤᠰᠤ ᠵᠢᠮᠢᠰ᠂ ᠨᠤᠭᠤᠭ᠎ᠠ ᠶᠢ ᠰᠤᠩᠭᠤᠵᠤ᠂ ᠡᠳᠦᠷ ᠪᠦᠷᠢ ᠰᠤᠩᠭᠤᠵᠤ ᠬᠢᠨ᠎ᠠ᠃ ᠢᠡᠭᠬᠢᠬᠦ ᠨᠢ ᠠᠳᠠᠯᠢ | ᠪᠤᠰᠤ ᠶᠢᠨ ᠰᠢᠮ᠎ᠠ ᠲᠡᠵᠢᠭᠡᠯ ᠢ ᠲᠡᠩᠴᠡᠬᠦᠷᠢᠳᠡᠢ ᠰᠢᠩᠭᠡᠭᠡᠨ᠎ᠠ᠃ ᠵᠢᠮᠢᠰ ᠤᠨ ᠰᠢᠬᠦᠰᠦ ᠬᠢᠭᠡᠳ ᠦᠯᠡᠳᠡᠭᠰᠡᠨ | ᠵᠢᠮᠢᠰ ᠤᠨ ᠰᠢᠬᠠᠳᠠᠰᠤ ᠶᠢ ᠪᠠᠯ ᠲᠠᠢ ᠬᠤᠯᠢᠨ ᠢᠳᠡᠵᠤ ᠪᠤᠯᠤᠨ᠎ᠠ᠃ ᠡᠨᠡ ᠨᠢ ᠰᠢᠨ᠎ᠠ ᠰᠤᠷᠭᠤᠬ ᠠᠮᠳᠠᠳᠠᠢ ᠮᠦᠷᠳᠡᠭᠡᠨ | ᠰᠢᠮ᠎ᠠ ᠲᠡᠵᠢᠭᠡᠯ ᠰᠠᠶᠢᠳᠠᠢ ᠪᠠᠶᠢᠳᠠᠬ᠃ | |