| | | —— ᠣᠭ ᠪᠢᠴᠢᠭ ᠤᠨ ᠵᠣᠬᠢᠶᠠᠭᠳᠠᠭᠰᠠᠨ 100 ᠵᠢᠯ ᠪᠠ | | ᠲᠠᠬᠢᠨ ᠬᠡᠪᠯᠡᠭᠳᠡᠭᠰᠡᠨ 90 ᠵᠢᠯ ᠤᠨ ᠣᠢ ᠳᠤ ᠲᠣᠷᠠᠰᠬᠠᠪᠠᠢ | | ﹇ᠠᠭᠤᠯᠭ᠎ᠠ ᠶᠢᠨ ᠲᠣᠪᠴᠢ﹈ ᠲᠣᠰ ᠦᠭᠦᠯᠡᠯ ᠳᠤ ᠣᠯᠣᠰ ᠤᠨ ᠨᠣᠮ ᠤᠨ ᠰᠠᠩ ᠳᠤ ᠬᠠᠲᠠᠭᠠᠯᠠᠭᠲᠠᠵᠦ ᠪᠠᠶᠢᠭ᠎ᠠ | ᠬᠠᠷᠠᠴᠢᠨ ᠸᠠᠩ ᠭᠦᠩᠰᠠᠩᠨᠣᠷᠪᠤ ᠶᠢᠨ ᠵᠠᠷᠯᠢᠭ ᠢᠶᠠᠷ ᠵᠣᠬᠢᠶᠠᠭᠰᠠᠨ ︽ᠠᠩᠬ᠎ᠠ ᠰᠣᠷᠭᠠᠭᠤᠯᠢ ᠶᠢᠨ ᠣᠩᠱᠢᠬᠤ ᠪᠢᠴᠢᠭ | ︾ ᠤᠨ ᠠᠭᠤᠯᠭ᠎ᠠ᠂ ᠬᠡᠪᠯᠡᠭᠳᠡᠵᠦ ᠵᠣᠬᠢᠶᠠᠭᠳᠠᠭᠰᠠᠨ ᠴᠠᠭ᠂ ᠭᠦᠩ ᠸᠠᠩ ᠤᠨ ᠪᠢᠴᠢᠭᠰᠡᠨ ᠣᠷᠣᠰᠢᠯ ᠵᠡᠷᠭᠡ ᠶᠢ | ᠰᠣᠳᠣᠯᠪᠠ᠃ | | ﹇ᠵᠠᠩᠭᠢᠯᠭ᠎ᠠ ᠦᠭᠡ﹈ ᠬᠠᠷᠠᠴᠢᠨ ᠸᠠᠩ᠂ ︽ᠠᠩᠬ᠎ᠠ ᠰᠣᠷᠭᠠᠭᠤᠯᠢ ᠶᠢᠨ ᠣᠩᠱᠢᠬᠤ ᠪᠢᠴᠢᠭ︾ | | ᠪᠡᠭᠡᠵᠢᠩ ᠳᠠᠬᠢ ᠣᠯᠣᠰ ᠤᠨ ᠨᠣᠮ ᠤᠨ ᠰᠠᠩ ᠳᠤ ᠬᠠᠷᠠᠴᠢᠨ ᠸᠠᠩ ᠤᠨ ᠣᠷᠳᠣᠨ ᠠᠴᠠ ᠬᠡᠪᠯᠡᠭᠦᠯᠦᠭᠰᠡᠨ ︽ | ᠠᠩᠬ᠎ᠠ ᠰᠣᠷᠭᠠᠭᠤᠯᠢ ᠶᠢᠨ ᠣᠩᠱᠢᠬᠤ ᠪᠢᠴᠢᠭ︾ ︵ᠲᠡᠷᠢᠭᠦᠨ᠂ ᠳᠡᠳ᠋᠂ ᠭᠤᠳᠠᠭᠠᠷ︶ ︵ᠲᠣᠷᠣᠭᠰᠢ ︽ᠣᠩᠰᠢᠬᠤ | ᠪᠢᠴᠢᠭ︾ ᠭᠡᠵᠦ ᠲᠣᠪᠴᠢᠯᠠᠨ᠎ᠠ︶ ᠬᠡᠮᠡᠬᠦ ᠢᠷᠭᠡᠨ ᠣᠯᠣᠰ ᠤᠨ ᠦᠶ᠎ᠡ ᠶᠢᠨ ᠴᠢᠯᠠᠭᠤᠨ ᠪᠠᠷ ᠤᠨ ᠬᠢᠴᠢᠶᠡᠯ ᠤᠨ | ᠪᠢᠴᠢᠭ ᠪᠣᠢ᠃ ᠰᠢᠷ᠎ᠠ ᠬᠠᠪᠢᠰᠣ ᠲᠠᠢ᠂ ᠲᠡᠷᠢᠭᠦᠨ ᠲᠡᠪᠲᠡᠷ 20 ᠬᠠᠭᠤᠳᠠᠰᠣ᠂ ᠳᠡᠳ᠋ ᠲᠡᠪᠲᠡᠷ 18 ᠬᠠᠭᠤᠳᠠᠰᠣ᠂ | ᠭᠤᠳᠠᠭᠠᠷ ᠲᠡᠪᠲᠡᠷ 38 ᠬᠠᠭᠤᠳᠠᠰᠣ᠂ ᠬᠡᠮᠵᠢᠶ᠎ᠡ ᠨᠢ 22. 1×14.5cm᠃ ᠥᠪᠦᠷ ᠮᠣᠩᠭᠤᠯ ᠤᠨ | ᠪᠠᠭᠰᠢ ᠶᠢᠨ ᠶᠡᠭᠡ ᠰᠣᠷᠭᠠᠭᠤᠯᠢ ᠶᠢᠨ ᠨᠣᠮ ᠤᠨ ᠰᠠᠩ ᠳᠤ ᠪᠠᠰᠠ ᠣᠭ ᠨᠣᠮ ᠤᠨ ᠭᠤᠷᠪᠠᠳᠣᠭᠠᠷ ᠲᠡᠪᠲᠡᠷ ᠨᠢᠭᠡ | ᠬᠤᠪᠢ ᠬᠠᠳᠠᠭᠠᠯᠠᠭᠳᠠᠵᠦ ᠪᠣᠢ᠃ ᠠᠳᠡ ᠭᠤᠣᠯᠳᠠᠭᠤ ᠣᠩᠰᠢᠬᠤ ᠪᠢᠴᠢᠭ ᠤᠨ ᠠᠭᠤᠯᠭ᠎ᠠ ᠵᠢᠴᠢ ᠨᠣᠮ ᠤᠨ ᠬᠡᠪᠯᠡᠯ | ᠵᠡᠷᠭᠡ ᠳᠤ ᠬᠤᠯᠪᠣᠭᠳᠠᠬᠤ ᠵᠠᠷᠢᠮ ᠠᠰᠠᠭᠤᠳᠠᠯ ᠢ ᠠᠪᠴᠦ ᠶᠠᠷᠢᠯᠴᠠᠬᠤ ᠪᠣᠯᠣᠨ᠎ᠠ᠃ | | ᠨᠢᠭᠡ᠂ ︽ᠣᠩᠰᠢᠬᠤ ᠪᠢᠴᠢᠭ︾ ᠤᠨ ᠠᠭᠤᠯᠭ᠎ᠠ | | ︽ᠣᠩᠰᠢᠬᠤ ᠪᠢᠴᠢᠭ︾ ᠤᠨ ᠲᠡᠷᠢᠭᠦᠨ ᠲᠡᠪᠲᠡᠷ ᠤᠨ ᠠᠭᠤᠯᠭ᠎ᠠ᠄ ᠲᠡᠷᠢᠭᠦᠨ ᠲᠡᠪᠲᠡᠷ ᠬᠤᠶᠠᠷ | ᠠᠭᠤᠯᠭ᠎ᠠ ᠠᠴᠠ ᠪᠦᠷᠢᠯᠳᠦᠵᠡᠢ᠃ ᠡᠭᠦᠨ ᠳᠤ 1-2 ᠳ᠋ᠣᠭᠠᠷ ᠬᠠᠭᠤᠳᠠᠰᠣ ᠪᠣᠯ ᠬᠠᠷᠠᠴᠢᠨ ᠸᠠᠩ ᠠᠴᠠ ᠣᠭ ᠨᠣᠮ ᠢ | ᠬᠡᠪᠯᠡᠭᠦᠯᠬᠦ ᠳᠤ ᠪᠢᠴᠢᠭᠰᠡᠨ ᠣᠷᠣᠰᠢᠯ ᠪᠣᠯᠣᠨ᠎ᠠ᠃ 3 - 20 ᠳ᠋ᠣᠭᠠᠷ ᠬᠠᠭᠤᠳᠠᠰᠣ ᠪᠣᠯ ᠮᠣᠩᠭᠤᠯ ᠴᠠᠭᠠᠨ | ᠲᠣᠯᠣᠭᠠᠢ ᠪᠠ ᠲᠡᠭᠦᠨ ᠤ ᠲᠣᠬᠠᠢ ᠨᠠᠷᠢᠨ ᠲᠠᠶᠢᠯᠪᠣᠷᠢ ᠪᠣᠯᠣᠨ᠎ᠠ᠃ | ︽ᠣᠩᠰᠢᠬᠤ ᠪᠢᠴᠢᠭ︾ ᠤᠨ ᠳᠡᠳ᠋ ᠲᠡᠪᠲᠡᠷ ᠤᠨ ᠠᠭᠤᠯᠭ᠎ᠠ᠄ ᠲᠡᠳ᠋ ᠲᠡᠪᠲᠡᠷ ᠨᠢ ︽ᠰᠢᠤ ᠱᠧᠨ ﹇1﹈ | ᠨᠠᠢᠮᠠᠨ ᠪᠦᠯᠦᠭ ᠪᠡᠶ᠎ᠡ ᠶᠢ ᠵᠠᠰᠠᠬᠤ ᠦᠭᠡᠰ︾᠂ ︽ᠳ᠋ᠢ ᠯᠢ ﹇2﹈ ᠨᠠᠢᠮᠠᠨ ᠪᠦᠯᠦᠭ ᠲᠣᠰ ᠭᠠᠵᠠᠷᠣᠨ ᠲᠣᠪᠴᠢᠶ᠎ᠠ︾ | ᠂ ︽ᠯᠢᠢ ᠱᠢ ﹇3﹈ ᠨᠠᠢᠮᠠᠨ ᠪᠦᠯᠦᠭ ᠬᠤᠱᠢᠭᠤᠨ ᠢᠶᠠᠨ ᠤ ᠰᠠᠰᠳᠢᠷ︾᠂ ︽ᠴᠠᠩ ᠭᠧ ﹇4﹈ ᠨᠠᠢᠮᠠᠨ ᠪᠦᠯᠦᠭ | ᠡᠯ᠎ᠡ ᠭᠦᠶᠦᠬᠡᠨ ᠦᠭᠡᠰ︾ ᠵᠡᠷᠭᠡ ᠳᠦᠷᠪᠡᠨ ᠠᠭᠤᠯᠭ᠎ᠠ ᠶᠢ ᠪᠠᠭᠲᠠᠭᠠᠵᠡᠢ᠃ | ᠲᠡᠳ᠋ ᠲᠡᠪᠲᠡᠷ ᠨᠡᠶᠢᠲᠡ ᠭᠤᠴᠢᠨ ᠬᠤᠶᠠᠷ ᠵᠦᠢᠯ ᠠᠭᠤᠯᠭ᠎ᠠ ᠶᠢ ᠪᠠᠭᠲᠠᠭᠠᠵᠡᠢ᠃ ᠡᠭᠦᠨ ᠳᠤ ᠨᠢᠭᠡᠳᠦᠭᠡᠷ ᠲᠤ | ︽ᠠᠪᠠ ﹇5﹈᠂ ᠮᠦᠮᠦ᠂ ᠨᠠᠮᠠᠢᠢ ᠰᠠᠨᠠ ᠨᠠ ﹇6﹈᠂ ᠪᠢ ᠪᠠᠰᠠ᠂ ᠠᠪᠠ ᠮᠦᠮᠦ ᠶᠢ ᠰᠠᠨᠠᠨ᠎ᠠ︾ ﹇7﹈ ᠭᠡᠵᠦ | ᠡᠬᠢᠯᠡᠭᠦᠯᠦᠭᠡᠳ ᠬᠤᠶᠠᠳᠣᠭᠠᠷ ᠠᠴᠠ ᠨᠢ ᠳ᠋ᠢ ᠯᠢ᠂ ᠭᠤᠷᠪᠠᠳᠣᠭᠠᠷ ᠲᠤ ᠨᠢ ᠯᠢᠢ ᠱᠢ᠂ ᠳᠦᠷᠪᠡᠳᠦᠭᠡᠷ ᠲᠤ ᠨᠢ ᠴᠠᠩ | ᠭᠧ᠂ ᠲᠠᠪᠣᠳᠣᠭᠠᠷ ᠲᠤ ᠨᠢ ᠰᠢᠤ ᠱᠧᠨ ᠭᠡᠵᠦ ᠳᠦᠷᠪᠡᠨ ᠵᠦᠢᠯ ᠳᠤ ᠬᠤᠪᠢᠶᠠᠨ ᠪᠢᠴᠢᠭᠰᠡᠨ ᠪᠦᠭᠡᠳ | ᠵᠢᠷᠭᠤᠳᠣᠭᠠᠷ ᠠᠴᠠ ᠡᠬᠢᠯᠡᠨ ᠲᠠᠬᠢᠨ ᠳ᠋ᠢ ᠯᠢ᠂ ᠳᠣᠯᠣᠳᠣᠭᠠᠷ ᠲᠤ ᠯᠢᠢ ᠱᠢ᠂ ᠨᠠᠢᠮᠠᠳᠣᠭᠠᠷ ᠲᠤ ᠴᠠᠩ ᠭᠧ᠂ | ᠶᠢᠰᠦᠳᠦᠭᠡᠷ ᠲᠤ ᠰᠢᠤ ᠱᠧᠨ ᠭᠡᠵᠦ ᠭᠤᠴᠢᠨ ᠬᠤᠶᠠᠳᠣᠭᠠᠷ ᠵᠦᠢᠯ ᠬᠦᠷᠲᠡᠯ᠎ᠡ ᠪᠠᠨ ᠳᠦᠷᠪᠡ ᠳᠦᠷᠪᠡ ᠪᠠᠷ ᠲᠠᠬᠢᠨ | ᠳᠡᠭᠡᠷᠡᠬᠢ ᠠᠭᠤᠯᠭ᠎ᠠ ᠪᠠᠨ ᠲᠠᠪᠲᠠᠳᠠᠭ ᠪᠠᠶᠢᠨ᠎ᠠ᠃ | ᠪᠣᠲᠠᠲᠠᠢ ᠠᠭᠤᠯᠭ᠎ᠠ ᠶᠢ ᠨᠢ ᠶᠠᠷᠢᠪᠠᠯ᠂ ᠵᠢᠱᠢᠶᠡᠯᠡᠪᠡᠯ ᠭᠠᠵᠠᠷ ᠵᠦᠢ ᠶᠢᠨ ᠬᠡᠰᠡᠭ ᠲᠤ ︽ᠬᠤᠶᠠᠳᠣᠭᠠᠷ ᠳ᠋ᠢ ᠯᠢ | ᠪᠢ ᠮᠣᠩᠭᠤᠯ ᠬᠦᠨ ﹇8﹈᠂ ᠪᠢ ᠬᠠᠷᠠᠴᠢᠨ ᠬᠤᠱᠤ ᠨᠢ ﹇9﹈ ᠮᠣᠩᠭᠤᠯ ᠬᠦᠨ︾ ﹇10﹈ ᠭᠡᠬᠦ ᠮᠡᠲᠣ ᠪᠠᠷ | ᠬᠠᠷᠠᠴᠢᠨ ᠬᠤᠰᠢᠭᠤᠨ ᠤ ᠭᠠᠵᠠᠷ ᠵᠦᠢ ᠶᠢᠨ ᠪᠠᠶᠢᠷᠢᠰᠢᠯ᠂ ᠬᠤᠰᠢᠭᠤ ᠶᠠᠮᠣᠨ ᠤ ᠣᠶᠢᠷᠠᠯᠴᠠᠭ᠎ᠠ ᠪᠠᠶᠢᠬᠤ ᠬᠠᠳᠠ | ᠠᠭᠤᠯᠠ᠂ ᠰᠦᠮ᠎ᠡ᠂ ᠵᠠᠮ᠂ ᠬᠤᠰᠢᠭᠤᠨ ᠤ ᠠᠪᠠ ᠭᠦᠷᠦᠭᠡᠰᠦ ᠵᠡᠷᠭᠡ ᠪᠠᠶᠢᠳᠠᠯ ᠢ ᠲᠠᠨᠢᠯᠴᠠᠭᠤᠯᠣᠭᠰᠠᠨ ᠪᠠᠶᠢᠨ᠎ᠠ᠃ | ᠲᠡᠣᠬᠡ ᠶᠢᠨ ᠬᠡᠰᠡᠭ ᠲᠤ ︽ᠭᠤᠷᠪᠠᠳᠣᠭᠠᠷ ᠯᠢᠢ ᠱᠢ ᠮᠠᠨ ᠤ ᠬᠤᠱᠢᠭᠤᠨ ᠤ ᠡᠵᠡᠨ ᠨᠢ ᠬᠠᠷᠠᠴᠢᠨ ᠸᠠᠩ ᠨᠣᠶᠠᠨ | ᠭᠡᠢᠦ ﹇11﹈ ᠬᠡᠯᠡᠨ᠎ᠡ︾ ﹇12﹈ ᠭᠡᠵᠦ ᠡᠬᠢᠯᠡᠭᠡᠳ ᠬᠠᠷᠠᠴᠢᠨ ᠸᠠᠩ ᠨᠣᠶᠠᠨ ᠲᠡᠭᠦᠨ ᠤ ᠵᠡᠷᠭᠡ ᠭᠡᠷᠬᠢᠮ᠂ | ᠬᠠᠷᠠᠴᠢᠨ ᠤ ᠢᠷᠡᠯᠲᠡ᠂ ᠬᠠᠷᠠᠴᠢᠨ ᠬᠤᠰᠢᠭᠤᠨ ᠤ ᠪᠣᠢ ᠪᠣᠯᠣᠭᠰᠠᠨ ᠶᠠᠪᠣᠴᠠ᠂ ᠬᠠᠷᠠᠴᠢᠨ ᠬᠤᠰᠢᠭᠤᠨ ᠤ ᠵᠡᠷᠭᠡ | ᠭᠡᠷᠬᠢᠮ ᠵᠠᠯᠭᠠᠮᠵᠢᠯᠠᠭᠰᠠᠨ ᠶᠠᠪᠣᠴᠠ ᠵᠡᠷᠭᠡ ᠲᠡᠣᠬᠡᠨ ᠣᠴᠢᠷ ᠢ ᠲᠣᠪᠴᠢ ᠠᠪᠰᠠᠷᠬᠠᠨ ᠢᠶᠠᠷ ᠪᠢᠴᠢᠭᠰᠡᠨ ᠪᠠᠶᠢᠨ᠎ᠠ᠃ ︽ | ᠰᠢᠦ ᠱᠧᠨ ︾ ᠳᠤ ︽ᠵᠦᠭᠡᠢ ᠬᠤᠷᠣᠬᠠᠢ ᠪᠣᠯᠪᠠᠴᠣ᠂ ᠪᠦᠭᠦᠳᠡᠭᠡᠷ ᠡᠪᠰᠡᠬᠦ ᠵᠠᠩ ᠲᠠᠢ ᠴᠢᠴᠢᠭ ﹇13﹈ ᠤᠨ | ᠭᠤᠣᠯ ᠢ ᠬᠤᠷᠢᠶᠠᠢᠦ ﹇14﹈ ᠪᠠᠯ ᠬᠢᠬᠦ ᠴᠢᠳᠠᠯ ᠲᠠᠢ︾ ﹇15﹈᠂ ︽ᠴᠠᠩ ᠭᠧ︾ ᠳᠤ ︽ᠣᠬᠤᠷ | ᠬᠤᠪᠴᠢᠰᠣ ᠡᠮᠦᠰᠪᠡᠯ ᠣᠨᠣᠶᠢᠲᠠᠢ ﹇16﹈ ᠲᠡᠪᠡᠯ ᠠᠴᠠ ᠰᠠᠶᠢᠬᠠᠨ᠂ ᠣᠷᠲᠠᠢ ﹇17﹈ ᠰᠠᠷᠪᠠᠴᠢᠲᠠᠢ ᠮᠠᠯᠠᠭ᠎ᠠ | ᠣᠯᠠᠭᠠᠨ ᠵᠢᠯᠠᠭ᠎ᠠ ᠠᠴᠠ ᠰᠠᠶᠢᠬᠠᠨ︾ ﹇18﹈ ᠬᠡᠮᠡᠨ ᠵᠦᠢᠷ ᠰᠡᠴᠡᠨ ᠦᠭᠡ ᠪᠣᠶᠣ ᠰᠣᠷᠭᠠᠯ ᠤᠨ ᠰᠢᠨᠵᠢ ᠲᠠᠢ | ᠬᠤᠶᠠᠷ ᠮᠦᠷᠲᠣ ᠰᠢᠯᠦᠭ ᠤᠳ ᠢ ᠣᠷᠣᠭᠤᠯᠣᠭᠰᠠᠨ ᠪᠠᠶᠢᠨ᠎ᠠ᠃ | ︽ᠣᠩᠰᠢᠬᠤ ᠪᠢᠴᠢᠭ︾ ᠤᠨ ᠭᠤᠳᠠᠭᠠᠷ ᠲᠡᠪᠲᠡᠷ ᠤᠨ ᠠᠭᠤᠯᠭ᠎ᠠ᠄ ᠭᠤᠳᠠᠭᠠᠷ ᠲᠡᠪᠲᠡᠷ ᠲᠤ ᠮᠦᠨ ᠳᠡᠳ᠋ | ᠲᠡᠪᠲᠡᠷ ᠯᠤᠭ᠎ᠠ ᠪᠠᠨ ᠠᠳᠠᠯᠢ ᠪᠠᠷ ︽ᠰᠢᠦ ᠱᠧᠨ᠂ ᠳ᠋ᠢ ᠯᠢ᠂ ᠯᠢᠢ ᠱᠢ᠂ ᠴᠠᠩ ᠭᠧ︾ ᠬᠡᠮᠡᠬᠦ ᠳᠠᠷᠠᠭᠠᠯᠠᠯ ᠢᠶᠠᠷ | ᠳᠡᠭᠡᠷᠡᠬᠢ ᠳᠦᠷᠪᠡᠨ ᠠᠭᠤᠯᠭ᠎ᠠ ᠶᠢ ᠲᠠᠪᠲᠠᠭᠰᠠᠨ ᠪᠠᠶᠢᠨ᠎ᠠ᠃ ᠨᠡᠶᠢᠲᠡ ᠵᠢᠷᠠᠨ ᠳᠦᠷᠪᠡᠨ ᠵᠦᠢᠯ ᠪᠣᠢ ᠲᠣᠯᠠ ᠳᠡᠳ᠋ | ᠲᠡᠪᠲᠡᠷ ᠠᠴᠠ ᠠᠭᠤᠯᠭ᠎ᠠ ᠨᠢ ᠪᠠᠶᠠᠯᠢᠭ᠃ ᠡᠭᠦᠨ ᠳᠤ ᠬᠠᠷᠠᠴᠢᠨ ᠬᠤᠰᠢᠭᠤᠨ ᠤ ᠭᠠᠵᠠᠷ ᠵᠦᠢ ᠶᠢᠨ ᠲᠠᠯ᠎ᠠ ᠪᠠᠷ | ᠬᠠᠷᠠᠴᠢᠨ ᠬᠤᠰᠢᠭᠤ ᠯᠤᠭ᠎ᠠ ᠬᠦᠷᠰᠢ ᠵᠡᠷᠭᠡᠯᠳᠡᠭᠡ ᠪᠦᠬᠦᠢ ᠬᠤᠰᠢᠭᠤ᠂ ᠬᠠᠷᠠᠴᠢᠨ ᠬᠤᠰᠢᠭᠤᠨ ᠤ ᠬᠢᠯᠢ | ᠬᠢᠵᠠᠭᠠᠷ ᠲᠤ ᠪᠣᠢ ᠭᠤᠣᠯ ᠮᠦᠷᠡᠨ᠂ ᠠᠭᠤᠯᠠ᠂ ᠬᠠᠷᠠᠴᠢᠨ ᠬᠤᠰᠢᠭᠤᠨ ᠤ ᠲᠣᠲᠣᠭᠠᠲᠣ ᠳᠤ ᠪᠣᠢ ᠭᠤᠣᠯ ᠮᠦᠷᠡᠨ᠂ | ᠠᠭᠤᠯᠠ᠂ ᠬᠤᠰᠢᠭᠤᠨ ᠤ ᠴᠠᠭ ᠠᠭᠠᠷ ᠤᠨ ᠪᠠᠶᠢᠳᠠᠯ᠂ ᠡᠳ᠋ ᠪᠠᠶᠠᠯᠢᠭ᠂ ᠬᠤᠰᠢᠭᠤᠨ ᠤ ᠵᠠᠰᠠᠭ ᠵᠠᠬᠢᠷᠭᠠᠨ ᠤ | ᠢᠷᠡᠯᠲᠡ᠂ ᠰᠦᠮ᠎ᠡ ᠭᠡᠶᠢᠳ᠂ ᠠᠮᠣ ᠪᠣᠲᠠᠭ᠎ᠠ᠂ ᠬᠤᠲᠠ ᠰᠠᠭᠤᠷᠢᠨ᠂ ᠲᠠᠷᠢᠶᠠᠯᠠᠩ ᠠᠭᠤᠷᠬᠠᠢ᠂ ᠬᠤᠲᠠᠯᠳᠤᠭ᠎ᠠ | ᠵᠡᠷᠭᠡ ᠶᠢ ᠲᠠᠨᠢᠯᠴᠠᠭᠤᠯᠵᠡᠢ᠃ ᠬᠠᠷᠠᠴᠢᠨ ᠬᠤᠰᠢᠭᠤᠨ ᠤ ᠲᠡᠣᠬᠡ ᠶᠢᠨ ᠲᠠᠯ᠎ᠠ ᠪᠠᠷ ᠬᠠᠷᠠᠴᠢᠨ ᠸᠠᠩ ᠤᠨ ᠣᠭ | ᠴᠢᠩᠭᠡᠰ ᠤᠨ ᠨᠦᠬᠦᠷ ᠣᠷᠢᠶᠠᠩᠬᠠᠨ ᠤ ᠵᠡᠯᠮ᠎ᠡ ᠪᠣᠯᠬᠤ᠂ ᠣᠷᠢᠶᠠᠩᠬᠠᠨ ᠤ ᠵᠠᠯᠮ᠎ᠠ ᠲᠠᠪᠣᠨᠠᠩ ᠪᠣᠯᠣᠭᠰᠠᠨ᠂ | ᠵᠠᠯᠮ᠎ᠠ ᠶᠢᠨ ᠲᠣᠯᠣᠳᠣᠭᠠᠷ ᠦᠶ᠎ᠡ ᠠᠴᠠ ᠡᠵᠡᠨ ᠭᠤᠣᠯ ᠳᠤ ᠨᠣᠲᠣᠭᠯᠠᠭᠰᠠᠨ᠂ ᠵᠠᠯᠮ᠎ᠠ ᠠᠴᠠ ᠮᠢᠩ ᠤᠨ ᠰᠡᠭᠦᠯ | ᠪᠣᠯᠲᠠᠯᠠᠬᠢ ᠠᠷᠪᠠᠨ ᠳᠦᠷᠪᠡᠨ ᠦᠶ᠎ᠡ ᠶᠢᠨ ᠪᠠᠶᠢᠳᠠᠯ᠂ ᠠᠷᠪᠠᠨ ᠳᠦᠷᠪᠡᠳᠦᠭᠡᠷ ᠦᠶ᠎ᠡ ᠰᠣᠪᠠᠳᠢ ᠠᠴᠠ ᠮᠦᠭᠲᠡᠨ ᠳᠤ | ᠮᠠᠨᠵᠦ ᠶᠢᠨ ᠬᠠᠭᠠᠨ ᠳᠤ ᠪᠠᠷᠠᠭᠠᠯᠠᠭᠰᠠᠨ ᠪᠠ ᠲᠡᠭᠦᠨ ᠢ ᠬᠠᠷᠠᠴᠢᠨ ᠤ ᠵᠠᠰᠠᠭ ᠨᠣᠶᠠᠨ ᠪᠣᠯᠭᠠᠭᠰᠠᠨ᠂ ᠰᠣᠪᠠᠳᠢ ᠶᠢᠨ | ᠬᠤᠶᠢᠴᠢᠰ ᠤᠨ ᠦᠶ᠎ᠡ ᠵᠠᠯᠭᠠᠮᠵᠢ ᠪᠠ ᠡᠩᠬᠡ ᠠᠮᠣᠭᠤᠯᠠᠩ ᠤᠨ ᠲᠣᠯᠣᠳᠣᠭᠠᠷ ᠣᠨ ᠳᠤ ᠬᠠᠷᠠᠴᠢᠨ ᠬᠤᠰᠢᠭᠤ | ᠮᠠᠨᠵᠦ ᠳᠤ ᠳᠠᠭᠠᠭᠰᠠᠨ ᠵᠢᠴᠢ ᠬᠤᠶᠢᠴᠢ ᠦᠶ᠎ᠡ ᠶᠢᠨ ᠬᠠᠷᠠᠴᠢᠨ ᠸᠠᠩ ᠤᠨ ᠵᠡᠷᠭᠡ ᠭᠡᠷᠬᠢᠮ ᠵᠠᠯᠭᠠᠮᠵᠢᠯᠠᠭᠰᠠᠨ ᠲᠣᠬᠠᠢ᠂ | ᠬᠠᠮᠤᠭ ᠰᠡᠭᠦᠯ ᠳᠤ ᠢᠯᠡᠷᠭᠡᠶᠢᠲᠣ ᠸᠠᠩ ᠨᠣᠶᠠᠨ ᠵᠢᠶᠦ᠋ᠨ ᠸᠠᠩ ᠤᠨ ᠵᠡᠷᠭᠡ ᠵᠠᠯᠭᠠᠮᠵᠢᠯᠠᠵᠦ ᠴᠢᠭᠤᠯᠭᠠᠨ ᠳᠠᠷᠤᠭ᠎ᠠ | ᠪᠣᠯᠵᠦ ᠪᠠᠳᠠᠷᠠᠭᠤᠯᠲᠣ ᠲᠦᠷᠦ ᠶᠢᠨ ᠴᠠᠭᠠᠨ ᠨᠣᠬᠠᠢ ᠵᠢᠯ ᠨᠠᠰᠣ ᠪᠠᠷᠠᠭᠰᠠᠨ ᠬᠦᠷᠲᠡᠯ᠎ᠡ ᠲᠡᠮᠳᠡᠭᠯᠡᠵᠡᠢ᠃ | ᠲᠡᠶᠢᠮᠦ ᠠᠴᠠ ︽ᠣᠩᠰᠢᠬᠤ ᠪᠢᠴᠢᠭ︾ ᠨᠢ ᠬᠠᠷᠠᠴᠢᠨ ᠬᠤᠰᠢᠭᠤᠨ ᠤ ᠡᠷᠲᠡᠨ ᠪᠠ ᠡᠳᠦᠭᠡᠬᠢ ᠪᠠᠶᠢᠳᠠᠯ ᠢ | ᠨᠠᠯᠢᠶᠡᠳ ᠪᠦᠬᠦ ᠲᠠᠯ᠎ᠠ ᠪᠠᠷ ᠲᠠᠨᠢᠯᠴᠠᠭᠤᠯᠣᠭᠰᠠᠨ ᠠᠭᠤᠯᠭ᠎ᠠ ᠪᠠᠷ ᠪᠠᠶᠠᠯᠢᠭ ᠰᠣᠷᠬᠤ ᠪᠢᠴᠢᠭ ᠪᠣᠯᠵᠦ ᠴᠢᠳᠠᠭᠰᠠᠨ | ᠪᠠᠶᠢᠨ᠎ᠠ᠃ | | ᠬᠤᠶᠠᠷ᠂ ︽ᠣᠩᠰᠢᠬᠤ ᠪᠢᠴᠢᠭ︾ ᠤᠨ ᠵᠣᠬᠢᠶᠠᠭᠳᠠᠵᠦ ᠬᠡᠪᠯᠡᠭᠳᠡᠭᠰᠡᠨ ᠪᠠᠶᠢᠳᠠᠯ ᠪᠠ ᠬᠠᠷᠠᠴᠢᠨ ᠸᠠᠩ ᠤᠨ | ᠪᠢᠴᠢᠭᠰᠡᠨ ᠣᠷᠣᠰᠢᠯ | | | ︽ᠣᠩᠰᠢᠬᠤ ᠪᠢᠴᠢᠭ︾ ᠪᠦᠷᠢ ᠶᠢᠨ ᠲᠡᠭᠦᠰᠭᠡᠯ ᠳᠤ ᠬᠢᠲᠠᠳ ᠢᠶᠠᠷ ︽喀喇沁王府 蒙文读 | 本卷 ×××︾ ︵ᠬᠠᠷᠠᠴᠢᠨ ᠸᠠᠩ ᠤᠨ ᠣᠷᠳᠣᠨ ᠤ ᠮᠣᠩᠭᠤᠯ ᠣᠩᠰᠢᠬᠤ ᠨᠣᠮ ᠪᠣᠳᠢ×××︶ | ᠭᠡᠵᠦ ᠪᠣᠢ ᠪᠠ ︽中华民国 五年十二月再版︾ ︵ᠳᠣᠮᠲᠠᠳᠣ ᠢᠷᠭᠡᠨ ᠣᠯᠣᠰ ᠤᠨ | ᠲᠠᠪᠣᠳᠣᠭᠠᠷ ᠣᠨ ᠤ ᠠᠷᠪᠠᠨ ᠬᠤᠶᠠᠳᠣᠭᠠᠷ ᠰᠠᠷ᠎ᠠ ᠳᠤ ᠲᠠᠬᠢᠨ ᠬᠡᠪᠯᠡᠪᠡ︶᠂ ︽发行所商务印书 | 馆︾ ︵ᠬᠡᠪᠯᠡᠨ ᠲᠠᠷᠬᠠᠭᠴᠢ ᠱᠠᠩ ᠡᠣ ᠬᠡᠪᠯᠡᠯ ᠤᠨ ᠬᠤᠷᠢᠶ᠎ᠠ︶ ᠭᠡᠵᠦ ᠪᠣᠢ ᠦᠵᠡᠬᠦ ᠳᠤ ᠣᠭ ︽ᠣᠩᠰᠢᠬᠤ | ᠪᠢᠴᠢᠭ︾ ᠢ ᠢᠷᠭᠡᠨ ᠣᠯᠣᠰ ᠤᠨ ᠲᠠᠪᠣᠳᠣᠭᠠᠷ ᠣᠨ ᠪᠣᠶᠣ 1916 ᠣᠨ ᠳᠤ ᠱᠠᠩ ᠡᠣ ᠬᠡᠪᠯᠡᠯ ᠤᠨ | ᠭᠠᠵᠠᠷ ᠠᠴᠠ ᠲᠠᠬᠢᠨ ᠬᠡᠪᠯᠡᠭᠰᠡᠨ ᠭᠡᠳᠡᠭ ᠨᠢ ᠲᠣᠳᠣᠷᠬᠠᠢ ᠪᠠᠶᠢᠨ᠎ᠠ᠃ | ᠲᠡᠭᠡᠪᠡᠯ ︽ᠣᠩᠰᠢᠬᠤ ᠪᠢᠴᠢᠭ︾ ᠤᠨ ᠠᠩᠬᠠᠨ ᠤ ᠡᠬᠡ ᠨᠢ ᠬᠡᠵᠢᠶ᠎ᠡ ᠵᠣᠬᠢᠶᠠᠭᠳᠠᠪᠠ︖ ᠡᠨᠡ ᠲᠣᠬᠠᠢ ︽ | ᠣᠩᠰᠢᠬᠤ ᠪᠢᠴᠢᠭ ︾ ᠤᠨ ᠳᠡᠳ᠋ ᠲᠡᠪᠳᠡᠷ ᠤᠨ ᠲᠡᠭᠦᠰᠭᠡᠯ ᠳᠤ ᠰᠣᠨᠢᠷᠬᠠᠯᠲᠠᠢ ᠮᠡᠳᠡᠭᠡ ᠪᠣᠢ᠃ ᠲᠡᠷᠡ ᠲᠡᠮᠳᠡᠭᠯᠡᠯ ᠳᠤ | ︽ᠪᠠᠲᠠᠷᠠᠭᠤᠯᠲᠣ ᠲᠦᠷᠦ ᠶᠢᠨ ᠭᠤᠴᠢᠨ ᠬᠤᠶᠠᠳᠣᠭᠠᠷ ᠣᠨ ᠡᠪᠣᠯᠦᠨ ᠳᠣᠮᠲᠠᠳᠣ ᠰᠠᠷᠠᠶᠢᠨ ᠰᠠᠶᠢᠨ ᠡᠳᠦᠷᠠ | ᠬᠠᠷᠠᠴᠢᠨ ᠸᠠᠩ ᠤᠨ ᠬᠤᠱᠢᠭᠤᠨ ᠤ ᠲᠦᠪ ᠢ ᠡᠷᠬᠢᠯᠡᠭᠰᠡᠨ ᠰᠣᠷᠭᠠᠭᠤᠯᠢ ᠶᠢᠨ ᠲᠠᠩᠬᠢᠮ ᠳᠤᠷ ᠵᠣᠬᠢᠶᠠᠪᠠᠢ︾ ﹇19 | ﹈ ᠭᠡᠵᠡᠢ᠃ ᠡᠭᠦᠨᠴᠡ ᠦᠵᠡᠬᠦ ᠳᠤ ︽ᠪᠠᠲᠠᠷᠠᠭᠤᠯᠲᠣ ᠲᠦᠷᠦ ᠶᠢᠨ ᠭᠤᠴᠢᠨ ᠬᠤᠶᠠᠳᠣᠭᠠᠷ ᠣᠨ︾ ᠪᠣᠶᠣ 1906 | ᠣᠨ ᠤ ᠡᠪᠦᠯ ᠤᠨ ᠳᠣᠮᠲᠠᠳᠣ ᠰᠠᠷ᠎ᠠ ᠳᠤ ᠲᠣᠰ ︽ᠣᠩᠰᠢᠬᠤ ᠪᠢᠴᠢᠭ︾ ᠢ ᠬᠠᠷᠠᠴᠢᠨ ᠬᠤᠰᠢᠭᠤᠨ ᠤ ᠭᠦᠩ | ᠸᠠᠩ ᠤᠨ ᠪᠠᠶᠢᠭᠤᠯᠣᠭᠰᠠᠨ ᠲᠦᠪ ᠢ ᠡᠷᠬᠢᠮᠯᠡᠬᠦ ᠰᠣᠷᠭᠠᠭᠤᠯᠢ ᠳᠤ ᠵᠣᠬᠢᠶᠠᠭᠳᠠᠭᠰᠠᠨ ᠪᠠᠶᠢᠨ᠎ᠠ᠃ ᠲᠡᠶᠢᠮᠦ ᠠᠴᠠ ᠡᠨᠡᠬᠦ | ︽ᠣᠩᠰᠢᠬᠤ ᠪᠢᠴᠢᠭ︾ ᠪᠣᠯ 1906 ᠣᠨ ᠳᠤ ᠵᠣᠬᠢᠶᠠᠭᠳᠠᠭᠰᠠᠨ ᠣᠩᠰᠢᠬᠤ ᠪᠢᠴᠢᠭ ᠢ ᠠᠷᠪᠠᠨ ᠵᠢᠯ ᠤᠨ ᠳᠠᠷᠠᠭ᠎ᠠ | ᠪᠣᠶᠣ 1916 ᠣᠨ ᠳᠤ ᠲᠠᠬᠢᠨ ᠬᠡᠪᠯᠡᠭᠰᠡᠨ ᠪᠠᠶᠢᠨ᠎ᠠ᠃ | ᠲᠣᠰ ︽ᠣᠩᠰᠢᠬᠤ ᠪᠢᠴᠢᠭ︾ ᠤᠨ ᠪᠠᠰᠠ ᠨᠢᠭᠡ ᠰᠣᠨᠢᠷᠬᠠᠯᠲᠠᠢ ᠵᠦᠢᠯ ᠪᠣᠯ ᠬᠠᠷᠠᠴᠢᠨ ᠸᠠᠩ ᠤᠨ | ᠪᠢᠴᠢᠭᠰᠡᠨ ᠣᠷᠣᠰᠢᠯ ᠪᠣᠯᠣᠨ᠎ᠠ᠃ ᠲᠡᠷᠡ ᠣᠷᠣᠰᠢᠯ ᠢ ᠰᠡᠶᠢᠷᠡᠭᠦᠯᠪᠡᠯ ︽ᠠᠯᠢᠪᠠ ᠬᠡᠷᠡᠭ ᠢ ᠪᠦᠲᠦᠭᠡᠬᠦ ᠳᠤ᠂ ᠠᠯᠢ | ᠬᠡᠷᠡᠭ ᠤᠨ ᠡᠳᠡᠯᠪᠦ᠋ᠷᠢ ᠬᠡᠷᠡᠭᠲᠡᠢ᠃ ᠣᠷᠠᠴᠣᠳ ᠶᠠᠪᠣᠳᠠᠯ ᠶᠢᠠᠨ ᠰᠠᠶᠢᠵᠢᠷᠠᠭᠤᠯᠰᠣᠭᠠᠢ ᠬᠡᠮᠡᠪᠡᠰᠦ᠂ ᠡᠷᠬᠡᠪᠢᠱᠢ ᠰᠠᠪᠠ | ᠬᠡᠷᠡᠭᠯᠡᠯ ᠶᠢᠠᠨ ᠬᠤᠷᠴᠠ ᠪᠣᠯᠭᠠᠮᠣᠢ᠃ ᠪᠢᠴᠢᠭ ᠰᠣᠷᠭᠠᠬᠤ ᠲᠤ ᠮᠦᠨ ᠠᠳᠠᠯᠢ᠂ ᠮᠠᠨ ᠤ ᠮᠣᠩᠭᠤᠯ ᠲᠤᠷ ᠬᠡᠳᠦᠢ | ᠪᠠᠷ ᠪᠢᠴᠢᠭ ᠣᠳᠬ᠎ᠠ ᠪᠠᠶᠢᠪᠠᠴᠤ ᠲᠣᠰᠬᠠᠢ ᠰᠣᠷᠭᠠᠬᠤ ᠪᠢᠴᠢᠭ ᠠᠨᠣ ᠮᠠᠱᠢ ᠴᠦᠬᠡᠨ ᠨᠡᠩᠲᠡ ᠪᠠᠭ᠎ᠠ ᠬᠡᠣᠬᠡᠳ ᠳᠤ | ᠰᠣᠷᠭᠠᠬᠤᠢ ᠲᠤᠷ ᠳ᠋ᠡᠰ ᠳᠠᠷᠠᠭ᠎ᠠ ᠪᠠᠶᠢᠬᠤ ᠬᠡᠷᠡᠭᠲᠡᠢ ᠶᠢᠨ ᠲᠣᠯᠠ᠂ ᠡᠳᠦᠭᠡ ᠲᠦᠪ ᠢ ᠡᠷᠬᠢᠯᠡᠭᠰᠡᠨ ᠰᠣᠷᠭᠠᠭᠤᠯᠢ ᠶᠢᠨ | ᠲᠠᠩᠬᠢᠮ ᠲᠤᠷ᠂ ᠵᠠᠬᠢᠢᠦ ᠠᠩᠬ᠎ᠠ ᠰᠣᠷᠬᠤ ᠲᠤ ᠰᠣᠷᠭᠠᠬᠤ᠂ ᠰᠠᠰᠳᠢᠷ᠂ ᠭᠠᠢᠠᠷᠣᠨ ᠵᠦᠢ᠂ ᠪᠡᠶ᠎ᠡ ᠶᠢ ᠵᠠᠰᠠᠬᠤ᠂ | ᠳᠠᠭᠤᠯᠠᠯ ᠶᠢᠨ ᠪᠢᠴᠢᠭ ᠤᠳ ᠢ ᠭᠦᠶᠦᠬᠡᠨ ᠠᠴᠠ ᠡᠬᠢᠯᠡᠨ ᠵᠣᠬᠢᠶᠠᠯᠭᠠᠪᠠ᠂ ᠡᠨᠡ ᠠᠨᠣ ᠭᠦᠶᠦᠬᠡᠨ ᠠᠴᠠ ᠡᠬᠢᠯᠡᠨ | ᠭᠦᠨ᠎ᠡ ᠳᠤ ᠬᠦᠷᠬᠦ ᠰᠠᠨᠠᠭ᠎ᠠ ᠪᠦᠭᠡᠳ ᠪᠠᠴᠢᠬᠠᠨ ᠬᠡᠣᠬᠡᠳ ᠤᠨ ᠣᠶᠣᠨ ᠯᠤᠭ᠎ᠠ ᠲᠡᠩᠴᠡᠭᠦᠯᠦᠨ᠂ ᠣᠯᠠᠮ ᠣᠯᠠᠮ | ᠶᠢᠠᠷ ᠣᠬᠠᠭᠠᠨ ᠯᠤᠭ᠎ᠠ ᠴᠣᠭᠠᠷ ᠲᠡᠪᠱᠢᠭᠦᠯᠬᠦ ᠶᠢᠨ ᠠᠷᠭ᠎ᠠ ᠪᠦᠯᠦᠭᠡ᠃ ᠰᠣᠷᠭᠠᠭᠤᠯᠢ ᠲᠤᠷ ᠰᠠᠨᠠᠭ᠎ᠠ ᠲᠠᠯᠪᠢᠬᠤ | ᠡᠷᠳᠡᠮᠲᠡᠨ ᠨᠠᠷ ᠡᠷᠬᠡᠪᠢᠱᠢ ᠡᠨᠡ ᠦᠭᠡᠰ ᠢ ᠦᠯᠦ ᠬᠦᠩᠭᠡᠨ ᠦᠶ᠋ᠢᠭᠦᠶᠡᠢ ᠬᠡᠮᠡᠨ ᠬᠡᠲᠣᠨ ᠦᠭᠡᠰ ᠶᠢᠠᠷ ᠰᠣᠶᠣᠯ | ᠪᠣᠯᠭᠠᠪᠠᠢ᠂ ᠪᠠᠲᠠᠷᠠᠭᠤᠯᠲᠣ ᠲᠦᠷᠦ ᠶᠢᠨ ᠭᠤᠴᠢᠨ ᠬᠤᠶᠠᠳᠣᠭᠠᠷ ᠣᠨ ᠠᠷᠪᠠᠨ ᠨᠢᠭᠡᠨ ᠰᠠᠷᠠᠶᠢᠨ ᠰᠠᠶᠢᠨ ᠡᠳᠦᠷᠠ᠂ | ᠬᠠᠷᠠᠴᠢᠨ ᠸᠠᠩ ᠣᠷᠣᠱᠢᠯ ᠨᠡᠮᠡᠪᠡᠢ︾ ﹇20﹈᠃ | ᠲᠣᠰ ᠣᠷᠣᠰᠢᠯ ᠠᠴᠠ ᠮᠡᠳᠡᠵᠦ ᠪᠣᠯᠬᠤ ᠵᠦᠢᠯᠡᠰ ᠭᠡᠪᠡᠯ᠄ | 1᠂ ᠮᠣᠩᠭᠤᠯ ᠳᠤ ᠲᠣᠰᠬᠠᠢ ᠰᠣᠷᠭᠠᠬᠤ ᠪᠢᠴᠢᠭ ᠴᠥᠬᠡᠨ᠂ ᠨᠡᠩᠲᠡ ᠪᠠᠭ᠎ᠠ ᠬᠡᠣᠬᠡᠳ ᠤᠨ ᠰᠣᠷᠬᠤ ᠪᠢᠴᠢᠭ | ᠥᠪᠡᠷ ᠤᠨ ᠵᠠᠷᠴᠢᠮ ᠪᠣᠢ ᠲᠣᠯᠠ ᠬᠠᠷᠠᠴᠢᠨ ᠸᠠᠩ ᠲᠦᠪ ᠢ ᠡᠷᠬᠢᠯᠡᠭᠰᠡᠨ ᠰᠣᠷᠭᠠᠭᠤᠯᠢ ᠶᠢᠨ ᠲᠠᠩᠬᠢᠮ ᠳᠤ ᠵᠠᠬᠢᠵᠦ | ᠠᠩᠬᠠᠨ ᠰᠣᠷᠬᠤ ︽ᠰᠠᠰᠳᠢᠷ᠂ ᠭᠠᠢᠠᠷᠣᠨ ᠵᠦᠢ᠂ ᠪᠡᠷ᠎ᠡ ᠶᠢ ᠵᠠᠰᠠᠬᠤ᠂ ᠳᠠᠭᠤᠯᠠᠯ︾ ᠵᠡᠷᠭᠡ ᠰᠣᠷᠬᠤᠢ ᠳᠤ | ᠳᠦᠭᠦᠮ ᠬᠢᠯᠪᠡᠷ ᠪᠢᠴᠢᠭ ᠢ ᠵᠣᠬᠢᠶᠠᠯᠭᠠᠪᠠ᠃ ᠭᠡᠪᠡᠴᠦ ᠡᠨᠡᠬᠦ ᠪᠢᠴᠢᠭ ᠨᠢ ᠳᠦᠭᠦᠮ ᠬᠢᠯᠪᠠᠷ ᠪᠣᠯᠪᠠᠴᠤ ︽ | ᠭᠦᠶᠦᠬᠡᠨ ᠠᠴᠠ ᠡᠬᠢᠯᠡᠨ ᠭᠦᠨ᠎ᠡ ᠳᠤ ᠬᠦᠷᠬᠦ ᠰᠠᠨᠠᠭ᠎ᠠ︾ ᠪᠦᠭᠡᠳ ᠡᠭᠦᠨ ᠢ ᠦᠯᠦ ᠬᠦᠩᠭᠡᠪᠴᠢᠯᠡᠬᠦ ᠶᠢ ᠬᠦᠰᠡᠵᠦ | ᠸᠠᠩ ᠦᠪᠡᠷ ᠢᠶᠠᠨ ᠣᠷᠣᠰᠢᠯ ᠪᠢᠴᠢᠪᠡᠢ᠃ | 2᠂ ᠪᠠᠳᠠᠷᠠᠭᠤᠯᠲᠣ ᠲᠦᠷᠦ ᠶᠢᠨ ᠭᠤᠴᠢᠨ ᠬᠤᠶᠠᠳᠣᠭᠠᠷ ᠣᠨ ᠤ ᠠᠷᠪᠠᠨ ᠨᠢᠭᠡᠨ ᠰᠠᠷ᠎ᠠ ᠪᠣᠶᠣ 1906 | ᠣᠨ ᠤ 11 ᠰᠠᠷ᠎ᠠ ᠳᠤ ᠬᠠᠷᠠᠴᠢᠨ ᠸᠠᠩ ᠣᠷᠣᠰᠢᠯ ᠪᠢᠴᠢᠵᠡᠢ᠃ 1906 ᠣᠨ ᠤ ᠦᠶ᠎ᠡ ᠳᠤ ᠬᠠᠷᠠᠴᠢᠨ | ᠸᠠᠩ ᠤᠨ ᠰᠢᠷᠡᠭᠡᠨ ᠳᠤ ᠭᠦᠩᠰᠠᠩᠨᠣᠷᠪᠤ ᠪᠠᠶᠢᠭᠰᠠᠨ ᠲᠣᠯᠠ ᠣᠭ ᠣᠷᠣᠰᠢᠯ ᠢ ᠭᠦᠩ ᠸᠠᠩ ᠪᠢᠴᠢᠭᠰᠡᠨ ᠭᠡᠳᠡᠭ ᠨᠢ | ᠴᠤ ᠲᠣᠳᠣᠷᠬᠠᠢ ᠪᠠᠶᠢᠨ᠎ᠠ᠃ | ︽ᠣᠩᠰᠢᠬᠤ ᠪᠢᠴᠢᠭ︾ ᠲᠤ ᠲᠣᠬᠠᠢ ᠶᠢᠨ ᠦᠶ᠎ᠡ ᠶᠢᠨ ᠬᠠᠷᠠᠴᠢᠨ ᠬᠤᠰᠢᠭᠤᠨ ᠤ ᠬᠡᠯᠡ ᠠᠪᠢᠶ᠎ᠠ ᠪᠠ ᠦᠭᠡ | ᠬᠡᠯᠡ ᠦᠰᠦᠭ ᠪᠢᠴᠢᠭ ᠢ ᠬᠡᠷᠡᠭᠯᠡᠵᠦ ᠪᠠᠶᠢᠭᠰᠠᠨ ᠪᠠᠶᠢᠳᠠᠯ᠂ ᠬᠠᠷᠠᠴᠢᠨ ᠬᠤᠰᠢᠭᠤᠨ ᠤ ᠭᠠᠵᠠᠷ ᠵᠦᠢ ᠪᠠ | ᠲᠡᠣᠬᠡ ᠶᠢᠨ ᠶᠡᠷᠦᠩᠭᠡᠢ ᠪᠠᠶᠢᠳᠠᠯ ᠤᠨ ᠲᠣᠬᠠᠢ ᠨᠡᠯᠢᠶᠡᠳ ᠵᠦᠢᠯ ᠲᠡᠮᠳᠡᠭᠯᠡᠭᠳᠡᠭᠰᠡᠨ ᠲᠣᠯᠠ ᠲᠡᠷᠡ ᠨᠢ ᠵᠦᠪᠬᠡᠨ | ᠰᠣᠷᠬᠤ ᠪᠢᠴᠢᠭ ᠲᠡᠳᠦᠢ ᠪᠢᠰᠢ᠂ ᠬᠤᠷᠢᠳᠣᠭᠠᠷ ᠵᠠᠭᠤᠨ ᠤ ᠡᠬᠢᠨ ᠤ ᠦᠶ᠎ᠡ ᠶᠢᠨ ᠬᠠᠷᠠᠴᠢᠨ ᠬᠤᠰᠢᠭᠤᠨ ᠤ ᠰᠣᠶᠣᠯ | ᠲᠡᠣᠬᠡ ᠶᠢ ᠰᠣᠳᠣᠯᠬᠤ ᠳᠤ ᠴᠢᠬᠤᠯᠠ ᠴᠢᠬᠤᠯᠠ ᠮᠠᠲ᠋ᠧᠷᠢᠶᠠᠯ ᠤᠳ ᠢ ᠬᠠᠩᠭᠠᠭᠰᠠᠨ ᠢᠶᠠᠷ ᠢᠶᠠᠨ ᠦᠨ᠎ᠡ ᠴᠡᠨ᠎ᠡ ᠲᠠᠢ | ᠶᠣᠮ᠃ | | | ᠵᠡᠭᠦᠯᠲᠡ ᠲᠠᠶᠢᠯᠪᠣᠷᠢ᠄ | | ﹇1﹈ ᠰᠢᠤ ᠱᠧᠨ — ᠪᠡᠶ᠎ᠡ ᠶᠢ ᠵᠠᠰᠠᠬᠤ ᠬᠡᠮᠡᠬᠦ ᠣᠳᠬ᠎ᠠ ᠲᠠᠢ 修身 ᠭᠡᠳᠡᠭ ᠬᠢᠲᠠᠳ ᠦᠭᠡ ᠶᠢᠨ | ᠠᠪᠢᠶᠠᠴᠢᠯᠠᠭᠰᠠᠨ ᠪᠢᠴᠢᠯᠭᠡ᠃ | ﹇2﹈ ᠳ᠋ᠢ ᠯᠢ — ᠭᠠᠵᠠᠷ ᠵᠦᠢ ᠬᠡᠮᠡᠬᠦ ᠣᠳᠬ᠎ᠠ ᠲᠠᠢ 地理 ᠭᠡᠳᠡᠭ ᠬᠢᠲᠠᠳ ᠦᠭᠡ ᠶᠢᠨ ᠠᠪᠢᠶᠠᠴᠢᠯᠠᠭᠰᠠᠨ | ᠪᠢᠴᠢᠯᠭᠡ᠃ | ﹇3﹈ ᠯᠢᠢ ᠱᠢ — ᠲᠡᠣᠬᠡ ᠬᠡᠮᠡᠬᠦ ᠣᠳᠬ᠎ᠠ ᠲᠠᠢ 历史ᠭᠡᠳᠡᠭ ᠬᠢᠲᠠᠳ ᠦᠭᠡ ᠶᠢᠨ ᠠᠪᠢᠶᠠᠴᠢᠯᠠᠭᠰᠠᠨ | ᠪᠢᠴᠢᠯᠭᠡ᠃ | ﹇4﹈ ᠴᠠᠩ ᠭᠧ — ᠳᠠᠭᠤᠣ ᠬᠡᠮᠡᠬᠦ ᠣᠳᠬ᠎ᠠ ᠲᠠᠢ 唱歌ᠭᠡᠳᠡᠭ ᠬᠢᠲᠠᠳ ᠦᠭᠡ ᠶᠢᠨ ᠠᠪᠢᠶᠠᠴᠢᠯᠠᠭᠰᠠᠨ | ᠪᠢᠴᠢᠯᠭᠡ᠃ | ﹇5﹈ ᠠᠪᠠ — ᠠᠪᠤ᠃ | ﹇6﹈ ᠰᠠᠨᠠ ᠨᠠ — ᠰᠠᠨᠠᠨ᠎ᠠ᠃ | ﹇7﹈ ﹇10﹈ ﹇12﹈ ﹇15﹈ ﹇18﹈ ﹇19﹈ ︽ᠠᠩᠬ᠎ᠠ ᠰᠣᠷᠭᠠᠭᠤᠯᠢ ᠶᠢᠨ ᠣᠩᠱᠢᠬᠤ ᠪᠢᠴᠢᠭ︾ ︵ | ᠳᠡᠳ᠋ ᠲᠡᠪᠲᠡᠷ︶᠂ ᠴᠢᠯᠠᠭᠤᠨ ᠪᠠᠷ᠂ ᠣᠯᠣᠰ ᠤᠨ ᠨᠣᠮ ᠤᠨ ᠰᠠᠩ᠂ p 3,3,3-4,8,15,17-18᠃ | | ﹇8﹈ ᠬᠦᠨ — ᠬᠦᠮᠦᠨ᠃ | ﹇9﹈ ᠬᠤᠱᠤ ᠨᠢ — ᠬᠤᠰᠢᠭᠤᠨ ᠤ᠃ | ﹇11﹈ ᠭᠡᠢᠦ — ᠭᠡᠵᠦ᠃ | ﹇13﹈ ᠴᠢᠴᠢᠭ — ᠴᠡᠴᠡᠭ᠃ | ﹇14﹈ ᠬᠤᠷᠢᠶᠠᠢᠦ — ᠬᠤᠷᠢᠶᠠᠵᠦ᠃ | ﹇16﹈ ᠣᠨᠣᠶᠢᠲᠠᠢ- ᠣᠨᠤᠭ᠎ᠠ ᠲᠠᠢ᠃ | ﹇17﹈ ᠣᠷᠲᠠᠢ — ᠣᠷᠲᠣ᠃ | ﹇20﹈ ︽ᠠᠩᠬ᠎ᠠ ᠰᠣᠷᠭᠠᠭᠤᠯᠢ ᠶᠢᠨ ᠣᠩᠱᠢᠬᠤ ᠪᠢᠴᠢᠭ︾ ︵ᠲᠡᠷᠢᠭᠦᠨ ᠲᠡᠪᠲᠡᠷ︶᠂ ᠴᠢᠯᠠᠭᠤᠨ ᠪᠠᠷ᠂ | ᠣᠯᠣᠰ ᠤᠨ ᠨᠣᠮ ᠤᠨ ᠰᠠᠩ᠂ p 1-2᠃ | | | |