ᠮᠤᠩᠭᠤᠯᠴᠤᠳ ᠤᠨ ᠨᠤᠬᠠᠢ ᠳᠡᠵᠢᠬᠡᠵᠦ ᠳᠠᠰᠬᠠᠬᠤ ᠶᠤᠰᠤᠨ
ᠨᠡᠶᠢᠲᠡᠯᠡᠭᠰᠡᠨ ᠴᠠᠭ᠄
2014/8/21
  ︵ᠪᠠᠷᠢᠮᠳᠠᠳᠤ ᠨᠠᠶᠢᠷᠠᠭᠤᠯᠤᠯ︶
 
      ᠨᠤᠬᠠᠢ ᠪᠤᠯ ᠮᠤᠩᠭᠤᠯᠴᠤᠳ ᠤᠨ ᠰᠠᠶᠢᠨ ᠨᠠᠶᠢᠵᠠ᠂ ᠳᠤᠳᠤᠨᠤ ᠬᠠᠨᠢ᠃ ᠨᠤᠬᠠᠢ ᠳᠠᠵᠢᠭᠡᠬᠦ ᠪᠤᠯ ᠮᠤᠩᠭᠤᠯᠴᠤᠳ ᠤᠨ ᠠᠮᠢᠳᠤᠷᠠᠯ ᠤᠨ ᠴᠢᠬᠤᠯᠠ ᠨᠢᠭᠡᠨ ᠵᠦᠢᠯ᠃ ᠮᠤᠩᠭᠤᠯ ᠠᠶᠢᠯ ︵ᠮᠠᠯᠴᠢᠨ᠂ ᠳᠠᠷᠢᠶᠠᠴᠢᠨ᠂ ᠠᠩᠴᠢᠨ᠂ ᠬᠦᠷᠦᠭᠡᠴᠢᠨ᠂᠂᠂︶ ᠠᠯᠢ ᠠᠶᠢᠯ ᠡᠷᠦᠭᠡ ᠨᠢ ᠴᠤ ᠪᠤᠯᠥᠭ᠌ᠰᠠᠨ ᠭᠡᠵᠢᠶᠡᠳᠡ ᠪᠠᠨ 1 — 2 ᠨᠤᠬᠠᠢ ᠳᠡᠵᠢᠬᠡᠳᠡᠭ᠃ ᠪᠠᠶᠢᠳᠠᠯ ᠭᠡᠷᠡᠭᠴᠡᠭᠡ ᠪᠠᠨ ᠦᠨᠳᠦᠰᠦᠯᠠᠵᠦ ᠪᠠᠶᠢᠭᠠᠳ ᠵᠠᠷᠢᠮ ᠠᠶᠢᠯ ᠨᠢ ᠭᠡᠳᠦ ᠭᠡᠳᠦᠨ ᠨᠤᠬᠠᠢ ᠳᠠᠵᠢᠬᠡᠳᠡᠭ ᠴᠤ ᠪᠤᠢ᠃      ᠮᠤᠩᠭᠤᠯ ᠬᠦᠮᠦᠨ ᠨᠢᠭᠡ ᠠᠶᠢᠯ ᠡᠷᠦᠭᠡ ᠶᠢᠨ ᠤᠷᠦᠰᠢᠨ ᠠᠮᠢᠳᠤᠷᠠᠵᠦ ᠪᠠᠶᠢᠭ᠎ᠠ ᠡᠰᠠᠬᠦ ᠶᠢ ᠨᠤᠬᠠᠢ ᠶᠢᠨ ᠳᠠᠭᠤ ᠪᠠᠷ ᠨᠢ ᠭᠡᠮᠵᠢᠶᠡᠯᠡᠳᠡᠭ᠃ ᠨᠤᠬᠠᠢ ᠶᠢᠨ ᠳᠠᠭᠤ ᠭᠠᠷᠴᠤ ᠯᠠ ᠪᠠᠶᠢᠪᠠᠯ᠂ ᠡᠨᠡ ᠠᠶᠢᠯ ᠡᠷᠦᠭᠡ ᠬᠠᠮᠢᠭ᠎ᠠ ᠬᠠᠮᠢᠭᠠᠨᠠᠭᠤᠷ ᠪᠠᠶᠢᠨ᠎ᠠ᠂ ᠶᠠᠭᠤ ᠶᠠᠭᠤ ᠬᠢᠵᠦ ᠪᠠᠶᠢᠨ᠎ᠠ᠂ ᠶᠠᠮᠠᠷ ᠪᠠᠶᠢᠳᠠᠯ ᠲᠠᠢ ᠪᠠᠶᠢᠨ᠎ᠠ᠂ ᠭᠡᠷ ᠲᠤ ᠨᠢ ᠬᠦᠮᠦᠨ ᠪᠠᠶᠢᠬᠤ ᠡᠰᠠᠬᠦ᠂ ᠠᠮᠢᠳᠤᠷᠠᠯ ᠤᠷᠤᠰᠢᠯ ᠨᠢ ᠶᠠᠮᠠᠷ ᠵᠡᠷᠭᠡ ᠪᠠᠶᠢᠬᠤ ᠡᠰᠠᠬᠦ ᠵᠡᠷᠭᠡ ᠶᠢ ᠮᠠᠭᠠᠳᠯᠠᠨ ᠳᠦᠰᠦᠭᠡᠯᠡᠳᠡᠭ᠃ ᠨᠤᠬᠠᠢ ᠶᠢᠨ ᠳᠠᠭᠤ ᠳᠠᠰᠤᠷᠠᠯ᠎ᠠ ᠯᠠ ᠭᠡᠪᠡᠯ ᠡᠨᠡ ᠠᠶᠢᠯ ᠡᠷᠦᠭᠡ ᠶᠢᠨ ᠠᠯᠢᠪᠠ ᠠᠮᠢᠳᠤᠷᠠᠯ ᠤᠷᠤᠰᠢᠯ ᠳᠠᠭᠤᠰᠤᠯ᠎ᠠ ᠯᠠ ᠭᠡᠰᠡᠨ ᠤᠴᠢᠷ ᠭᠡᠵᠦ ᠦᠵᠡᠳᠡᠭ᠃      ᠨᠤᠬᠠᠢ ᠪᠤᠯ ᠦᠨᠠᠨᠴᠢ ᠰᠢᠳᠤᠷᠭᠤ᠂ ᠬᠤᠷᠴᠠ ᠰᠠᠷᠭᠡᠭ ᠠᠮᠢᠳᠠᠨ ᠶᠤᠮ᠃ ᠮᠤᠩᠭᠤᠯᠴᠤᠳ ᠨᠤᠬᠠᠢ ᠳᠠᠵᠢᠭᠡᠵᠦ ᠪᠠᠶᠢᠳᠠᠭ ᠨᠢ᠂ ᠨᠤᠬᠠᠢ ᠶᠢ ᠦᠪᠡᠷ ᠤᠨ ᠪᠠᠶ᠎ᠠ ᠳᠡᠭᠡᠨ ᠬᠠᠨᠢ ᠨᠠᠶᠢᠵᠠ᠂ ᠪᠠᠷ᠎ᠠ ᠳᠦᠰᠢᠭ ᠪᠤᠯᠭᠠᠬᠤ ᠶᠢᠨ ᠳᠦᠯᠦᠭᠡ ᠪᠠᠷ ᠪᠠᠷᠠᠬᠤ ᠦᠭᠡᠢ᠂ ᠨᠠᠩ ᠴᠢᠬᠤᠯᠠ ᠨᠢ ᠨᠤᠬᠠᠢ ᠪᠠᠷ ᠬᠤᠳᠠ ᠤᠰᠤ᠂ ᠭᠡᠷ ᠡᠷᠦᠭᠡ ᠪᠠᠨ ᠰᠠᠬᠢᠭᠤᠯᠵᠦ᠂ ᠬᠤᠯᠠᠭᠠᠢ ᠳᠡᠭᠡᠷᠡᠮ ᠢ ᠰᠠᠷᠭᠡᠶᠢᠯᠠᠵᠦ᠂ ᠬᠤᠤᠷᠳᠠᠨ ᠳᠠᠶᠢᠰᠦᠨ ᠢ ᠳᠠᠷᠤᠨ ᠠᠷᠢᠯᠭᠠᠬᠤ ᠶᠢᠨ ᠳᠦᠯᠦᠭᠡ ᠶᠤᠮ᠃ ᠰᠠᠶᠢᠨ ᠮᠠᠨᠠᠭᠠᠴᠢ᠂ ᠬᠤᠳᠠᠴᠢ ᠨᠤᠬᠠᠢ ᠲᠠᠢ ᠠᠶᠢᠯ ᠳᠤ ᠪᠤᠯ ᠡᠩ ᠤᠨ ᠪᠠᠶᠢᠳᠠᠯ ᠳᠤ ᠶᠠᠮᠠᠷᠪᠠ ᠬᠤᠯᠠᠭᠠᠢ ᠳᠡᠭᠡᠷᠡᠮ ᠪᠤᠶᠤ ᠬᠤᠤᠷᠳᠠᠨ ᠳᠠᠶᠢᠰᠦᠨ ︵ᠦᠨᠡᠭᠡ᠂ ᠴᠢᠨ᠋ᠸ᠎ᠠ᠂ ᠪᠠᠷᠰ᠂ ᠪᠠᠭᠠᠪᠠᠭᠠᠢ᠂᠂᠂︶᠂ ᠮᠠᠭᠤ ᠡᠳᠡᠭᠡᠳ ᠤᠶᠢᠷᠠᠳᠤᠵᠦ ᠬᠠᠯᠳᠠᠵᠦ ᠴᠢᠳᠠᠳᠠᠭ ᠦᠭᠡᠢ ᠶᠤᠮ᠃ ᠬᠤᠯᠠᠭᠤᠷ ᠵᠠᠶᠢᠳᠠᠨ ᠬᠤᠯᠭᠤᠵᠦ ᠰᠢᠯᠭᠡᠵᠦ ᠬᠠᠷᠠᠨ ᠶᠠᠪᠤᠳᠠᠭ ᠶᠤᠮ᠃      ᠨᠤᠬᠠᠢ ᠶᠢ ᠳᠠᠵᠢᠭᠡᠭᠦ ᠳᠤ ᠬᠦᠯᠦᠭᠡᠨ ᠠᠴᠠ ᠨᠢ ᠡᠬᠢᠯᠡᠨ ᠳᠠᠵᠢᠭᠡᠵᠦ ᠳᠠᠰᠬᠠᠳᠠᠭ᠃ ᠳᠤᠮᠤ ᠪᠤᠯᠤᠭᠰᠠᠨ ᠬᠤᠶᠢᠨ᠎ᠠ ᠳᠠᠵᠢᠭᠡᠵᠦ ᠳᠠᠰᠬᠠᠬᠤ ᠳᠤ ᠳᠤᠩ ᠬᠦᠴᠢᠷ᠃ ᠤᠴᠢᠷ ᠨᠢ ᠨᠤᠬᠠᠢ ᠦᠪᠠᠷ ᠤᠨ ᠦᠰᠦᠭᠰᠡᠨ ᠳᠠᠰᠤᠭᠰᠠᠨ ᠭᠡᠷ ᠡᠷᠦᠭᠡ ᠪᠤᠶᠤ ᠦᠰᠭᠡᠵᠦ ᠳᠠᠵᠢᠭᠡᠭᠰᠡᠨ ᠡᠵᠡᠨ ᠠᠴᠠ ᠪᠠᠨ ᠦᠭᠡᠷ᠎ᠡ ᠠᠶᠢᠯ ᠡᠷᠦᠭᠡ᠂ ᠦᠭᠡᠷ᠎ᠡ ᠬᠦᠮᠦᠨ ᠬᠠᠷ᠎ᠠ ᠶᠢ ᠶᠡᠷᠦ ᠨᠢ ᠢᠳᠡᠭᠡᠳᠡᠭ ᠦᠭᠡᠢ᠂ ᠴᠦᠮ ᠢ ︽ᠮᠠᠭᠤ ᠠᠮᠢᠳᠠᠨ︾᠂ ︽ᠮᠠᠭᠤ ᠡᠳᠡᠭᠡᠳ︾ ᠢᠶᠠᠷ ᠦᠵᠡᠳᠡᠭ ᠶᠤᠮ᠃      ᠨᠤᠬᠠᠢ ᠳᠠᠵᠢᠭᠡᠬᠦ ᠳᠤ ᠬᠦᠯᠦᠭᠡ ᠰᠤᠩᠭᠤᠬᠤ ᠪᠤᠯ ᠬᠠᠮᠤᠭ ᠤᠨ ᠴᠢᠬᠤᠯᠠ᠃ ︽ᠨᠢᠭᠡ ᠰᠠᠶᠢᠨ ᠨᠤᠬᠠᠢ ᠲᠠᠢ ᠪᠤᠯᠤᠶ᠎ᠠ ᠭᠡᠪᠡᠯ᠂ ᠡᠬᠦᠷ ᠢ ᠨᠢ ᠦᠵᠠ ︵ᠤᠳᠤᠮ ᠢ ᠨᠢ ᠦᠵᠠ︶᠂ ᠡᠭᠡ ᠶᠢ ᠨᠢ ᠦᠵᠠ᠂ ᠬᠦᠯᠦᠭᠡ ᠶᠢ  ᠨᠢ ᠦᠵᠠ ︵ᠨᠢᠭᠡ ᠡᠭᠦᠷ ᠬᠦᠯᠦᠭᠡ ᠠᠴᠠ ᠠᠯᠢ ᠨᠢ ᠰᠠᠶᠢᠨ ᠪᠤᠢ ᠭᠡᠰᠡᠨ ᠢ ᠰᠠᠶᠢᠨ ᠦᠵᠠ᠂ ᠰᠠᠶᠢᠳᠦᠷ ᠰᠤᠩᠭᠤ︶ ︾ ᠭᠡᠵᠦ ᠮᠤᠩᠭᠤᠯᠴᠤᠳ ᠦᠷᠬᠦᠯᠵᠢᠳᠠ ᠶᠠᠷᠢᠳᠠᠭ᠃ ᠮᠤᠩᠭᠤᠯᠴᠤᠳ ᠨᠢᠭᠡ ᠡᠬᠦᠷ ᠬᠦᠯᠦᠭᠡ ᠨᠦᠭᠦᠳ ᠠᠴᠠ ᠳᠠᠵᠢᠭᠡᠭᠦ ᠬᠦᠯᠦᠭᠡ ᠪᠠᠨ ᠰᠤᠩᠭᠤᠬᠤ ᠳᠠᠭᠠᠨ ᠠᠯᠢ ᠨᠢᠭᠡ ᠨᠢ ᠶᠠᠮᠠᠷ ᠠᠪᠠ ᠳᠤ ᠰᠠᠶᠢᠨ᠂ ᠠᠯᠢ ᠨᠢᠭᠡ ᠨᠢ ᠭᠡᠷ ᠬᠠᠷᠠᠬᠤ ᠳᠤ ᠰᠠᠶᠢᠨ᠂ ᠠᠯᠢ ᠨᠢᠭᠡ ᠨᠢ ᠬᠤᠳᠠ ᠰᠠᠬᠢᠬᠤ ᠳᠤ ᠰᠠᠶᠢᠨ᠂ ᠠᠯᠢ ᠨᠢᠭᠡ ᠨᠢ ᠮᠠᠨᠠᠭ᠎ᠠ ᠮᠠᠨᠠᠬᠤ ᠳᠤ ᠰᠠᠶᠢᠨ ᠭᠡᠵᠦ ᠢᠯᠭᠠᠵᠦ ᠰᠢᠯᠢᠨ ᠦᠵᠠᠳᠡᠭ᠃ ᠶᠡᠷᠦ ᠳᠡᠭᠡᠨ ᠪᠠᠶ᠎ᠠ ᠪᠠᠷ᠎ᠠ ᠳᠠᠩᠴᠠᠬᠦᠨ᠂ ᠠᠵᠢᠭᠴᠢ ᠬᠢᠷᠠᠬᠠᠢ᠂ ᠬᠤᠷᠴᠠ ᠰᠠᠷᠭᠡᠭ ᠬᠦᠯᠦᠬᠡ ᠪᠤᠯ ᠭᠡᠷ ᠳᠡᠷᠭᠡ ᠬᠠᠷᠠᠬᠤ᠂ ᠬᠤᠳᠠ ᠤᠰᠤ ᠰᠠᠬᠢᠬᠤ ᠳᠤ ᠰᠠᠶᠢᠨ ᠨᠤᠬᠠᠢ ᠪᠤᠯᠤᠨ᠎ᠠ ᠭᠡᠵᠦ ᠬᠤᠳᠠᠴᠢ᠂ ᠮᠠᠨᠠᠭᠠᠴᠢ ᠨᠤᠬᠠᠢ ᠪᠠᠷ ᠰᠤᠩᠭᠤᠨ ᠪᠤᠯᠪᠠᠰᠤᠷᠠᠭᠤᠯᠵᠦ ᠳᠠᠰᠬᠠᠳᠠᠭ᠃ ᠪᠠᠶ᠎ᠠ ᠪᠠᠷ᠎ᠠ ᠪᠠᠭᠠᠪᠳᠤᠷ᠂ ᠬᠦᠳᠠᠯᠵᠦ ᠪᠠᠷᠢᠬᠤ ᠨᠢ ᠱᠠᠯᠠᠮᠠᠭ ᠰᠢᠭ᠋ ᠬᠦᠯᠦᠭᠡ ᠪᠤᠯ ᠦᠨᠡᠭᠡ ᠱᠠᠬᠠᠷ᠎ᠠ ᠪᠠᠷᠢᠬᠤ ᠳᠤ ᠰᠠᠶᠢᠨ ᠨᠤᠬᠠᠢ ᠪᠤᠯᠤᠨ᠎ᠠ ᠭᠡᠵᠦ ᠦᠵᠠᠵᠦ᠂᠂ ᠪᠠᠶ᠎ᠠ ᠪᠦᠳᠦᠬᠦᠨ᠂ ᠵᠠᠪᠠᠵᠢ ᠠᠭᠤᠳᠠᠮ᠂ ᠴᠠᠭᠡᠵᠢ ᠦᠷᠭᠡᠨ᠂ ᠳᠤᠯᠤᠭᠠᠢ ᠨᠢ ᠳᠤᠮᠤ᠂ ᠭᠠᠪᠠᠯᠠ ᠮᠠᠩᠨᠠᠢ ᠶᠢᠨ ᠶᠠᠰᠤ ᠨᠢ ᠬᠦᠳᠦᠬᠦᠷ ᠬᠦᠯᠦᠭᠡ ᠪᠤᠯ ᠭᠡᠷᠡᠭᠦᠯ ᠵᠤᠳᠤᠭᠠᠨ ᠬᠢᠬᠦ ᠳᠤ ᠬᠦᠴᠦ ᠴᠢᠳᠠᠯ ᠲᠠᠢ᠂ ᠠᠩᠴᠢ ᠬᠦᠷᠦᠭᠡᠴᠢ ᠨᠤᠬᠠᠢ ᠪᠤᠯᠤᠨ᠎ᠠ ᠭᠡᠵᠦ ᠠᠩᠴᠢ ᠬᠦᠷᠦᠭᠡᠴᠢ ᠨᠤᠬᠠᠢ ᠪᠠᠷ ᠰᠤᠩᠭᠤᠵᠦ ᠳᠠᠰᠬᠠᠨ ᠪᠤᠯᠪᠠᠰᠤᠷᠠᠭᠤᠯᠳᠠᠭ᠃ ᠤᠨᠴᠠᠭᠠᠶᠢᠯᠠᠨ ᠨᠢᠯᠬ᠎ᠠ ᠬᠦᠯᠦᠭᠡ ᠶᠢ ᠳᠤᠬᠤᠨ ᠤ ᠬᠢᠨᠢ ᠠᠷᠠᠰᠤ ᠠᠴᠠ ᠪᠠᠵᠠᠵᠦ ᠳᠡᠭᠡᠭᠰᠢ ᠳᠡᠬᠦᠵᠢᠯᠠᠨ ᠡᠷᠭᠦᠭᠦ ᠳᠤ ︽ᠭᠠᠩ︾ ᠭᠡᠵᠦ ᠳᠤᠤᠭᠠᠷᠬᠤ ᠦᠭᠡᠢ᠂ ᠭᠠᠰᠠᠯᠠᠵᠦ ᠤᠷᠢᠯᠠᠵᠦ ᠴᠢᠷᠠᠯᠠᠬᠤ ᠦᠭᠡᠢ ᠪᠤᠯ᠂ ᠡᠨᠡ ᠬᠦᠯᠦᠭᠡ ᠨᠢ ᠳᠤᠮᠤ ᠪᠤᠯᠪᠠᠯ ᠳᠠᠰᠪᠤᠷᠢ ᠰᠠᠶᠢᠳᠠᠢ᠂ ᠶᠠᠭᠤᠨ ᠠᠴᠠ ᠴᠤ ᠠᠶᠤᠬᠤ ᠦᠭᠡᠢ᠂ ᠵᠤᠷᠢᠭ ᠰᠦᠰᠦ ᠲᠠᠢ ᠭᠡᠴᠠᠬᠦᠦ ᠨᠤᠬᠠᠢ ᠪᠤᠯᠤᠨ᠎ᠠ ᠭᠡᠵᠦ ᠦᠵᠠᠳᠡᠭ᠃ ᠡᠶᠢᠮᠦ ᠨᠤᠬᠠᠢ ᠨᠢ ᠠᠶᠢᠯ ᠡᠷᠦᠭᠡ᠂ ᠬᠤᠳᠠ ᠤᠰᠤ ᠰᠠᠬᠢᠭᠰᠠᠨ ᠴᠤ ᠰᠠᠶᠢᠨ ᠬᠤᠳᠠᠴᠢ ᠂ ᠮᠠᠨᠠᠭᠠᠴᠢ ᠨᠤᠬᠠᠢ ᠪᠤᠯᠵᠦ ᠴᠢᠳᠠᠬᠤ ᠮᠦᠷᠳᠡᠭᠡᠨ ᠦᠨᠡᠭᠡ᠂ ᠴᠢᠨ᠋ᠸ᠎ᠠ ᠪᠠᠷᠰ᠂ ᠪᠠᠭᠠᠪᠠᠭᠠᠢ᠂ ᠢᠷᠪᠡᠰ᠂ ᠬᠦᠷᠦᠭᠡᠰᠦ ᠮᠠᠳᠤ ᠵᠡᠷᠯᠢᠭ ᠳᠤᠭᠰᠢᠨ ᠠᠷᠢᠶᠠᠳᠠᠨ ᠠᠮᠢᠳᠠᠨ ᠲᠠᠢ ᠳᠤᠯᠤᠯᠳᠤᠭᠰᠠᠨ ᠴᠤ ᠠᠶᠤᠵᠦ ᠰᠦᠷᠳᠡᠭᠦ ᠦᠭᠡᠢ᠂ ᠰᠦᠷ ᠬᠦᠴᠦᠨ ᠲᠠᠢ ᠨᠤᠬᠠᠢ ᠪᠤᠯᠵᠦ ᠴᠢᠳᠠᠳᠠᠭ᠃ ᠡᠵᠡᠨ ᠳᠡᠭᠡᠨ ᠳᠤᠰᠠ ᠬᠦᠴᠦ ᠪᠠᠨ ᠪᠦᠷᠢᠨ ᠬᠦᠷᠭᠡᠵᠦ ᠴᠢᠳᠠᠳᠠᠭ᠃      ᠳᠡᠵᠢᠭᠡᠭᠦ ᠬᠦᠯᠦᠭᠡ ᠪᠠᠨ ᠰᠤᠩᠭᠤᠵᠦ ᠳᠤᠭᠳᠠᠭᠠᠭᠰᠠᠨ ᠤ ᠳᠠᠷᠠᠭ᠎ᠠ᠂ ᠰᠤᠷᠭᠠᠵᠦ ᠳᠠᠰᠬᠠᠬᠤ ᠪᠤᠯ ᠭᠤᠤᠯ ᠠᠵᠢᠯ᠃ ᠶᠠᠮᠠᠷ ᠴᠢᠭᠯᠡᠯ ᠢᠶᠠᠷ ᠰᠤᠷᠭᠠᠬᠤ ᠨᠤᠬᠠᠢ ᠪᠤᠯ ᠶᠠᠮᠠᠷ ᠴᠢᠭᠯᠡᠯ ᠢᠶᠠᠷ ᠨᠢ ᠳᠠᠰᠬᠠᠵᠦ ᠪᠤᠯᠪᠠᠰᠤᠷᠠᠭᠤᠯᠳᠠᠭ ᠃ ᠳᠠᠷᠤᠢ ᠬᠤᠳᠠᠴᠢ᠂ ᠮᠠᠨᠠᠭᠠᠴᠢ ᠨᠤᠬᠠᠢ ᠪᠤᠯᠭᠠᠬᠤ ᠭᠡᠪᠡᠯ᠂ ᠪᠠᠭ᠎ᠠ ᠠᠴᠠ ᠨᠢ ᠮᠠᠯ ᠠᠬᠤᠢ᠂ ᠭᠡᠷ ᠳᠠᠷᠭᠡ ᠲᠠᠢ ᠢᠯᠠᠬᠦᠦ ᠤᠶᠢᠷᠠᠳᠤᠭᠤᠯᠵᠦ᠂ ᠭᠡᠷ ᠳᠡᠷᠭᠡ ᠰᠠᠬᠢᠬᠤ ᠪᠤᠶᠤ ᠮᠠᠯ ᠤᠨᠤᠭ᠎ᠠ ᠬᠠᠷᠠᠬᠤ ᠳᠤ ᠢᠯᠠᠬᠦᠦ ᠳᠠᠭᠠᠭᠤᠯᠵᠦ ᠳᠠᠰᠬᠠᠳᠠᠭ᠃ ᠠᠩᠴᠢ᠂ ᠬᠦᠷᠦᠭᠡᠴᠢ ᠨᠤᠬᠠᠢ ᠪᠤᠯᠭᠠᠬᠤ ᠭᠡᠪᠡᠯ᠂ ᠠᠩ ᠬᠦᠷᠦᠭᠡ ᠳᠤ ᠢᠯᠠᠬᠦᠦ ᠳᠠᠭᠠᠭᠤᠯᠵᠦ᠂ ᠠᠮᠢᠳᠠᠨ ᠠᠷᠢᠶᠠᠳᠠᠨ ᠲᠠᠢ ᠢᠯᠠᠬᠦᠦ ᠤᠶᠢᠷᠠᠳᠤᠭᠤᠯᠵᠦ᠂ ᠠᠪᠠᠯᠠᠵᠦ ᠬᠦᠷᠦᠭᠡᠯᠡᠬᠦ ᠠᠷᠭ᠎ᠠ ᠳᠠᠮ ᠢ ᠵᠢᠭᠠᠵᠦ ᠳᠤᠬᠢᠵᠦ ᠦᠭᠴᠦ᠂ ᠠᠪᠠᠯᠠᠵᠦ ᠬᠦᠷᠦᠭᠡᠯᠡᠬᠦ ᠠᠪᠢᠶᠠᠰ ᠴᠢᠳᠠᠪᠤᠷᠢ ᠶᠢ ᠨᠢ ᠠᠯᠭᠤᠷ ᠢᠶᠠᠷ ᠪᠤᠯᠪᠠᠰᠤᠷᠠᠭᠤᠯᠤᠨ ᠳᠠᠭᠡᠭᠰᠢᠯᠠᠬᠦᠯᠵᠦ ᠳᠠᠰᠬᠠᠳᠠᠭ᠃      ᠨᠤᠬᠠᠢ ᠶᠢ ᠰᠤᠷᠭᠠᠵᠦ ᠳᠠᠰᠬᠠᠬᠤ ᠳᠤ ᠨᠠᠷ᠎ᠠ ᠦᠭᠭᠦ ᠪᠤᠯ ᠪᠠᠰᠠᠴᠤ ᠴᠢᠬᠤᠯᠠ᠃ ᠶᠠᠮᠠᠷ ᠨᠠᠷ᠎ᠠ ᠦᠭᠭᠦ ᠭᠡᠪᠡᠯ᠂ ᠳᠠᠷᠠ ᠨᠠᠷ᠎ᠠ ᠪᠠᠨ ᠬᠦᠯᠦᠭᠡᠨ ᠳᠤ ᠨᠢ ︵ᠬᠦᠯᠦᠭᠡ ᠪᠠᠶᠢᠬᠤ ᠦᠶ᠎ᠠ ᠳᠤ ᠨᠢ︶ ᠦᠭᠴᠤ᠂ ᠬᠦᠯᠦᠭᠡᠨ  ᠠᠴᠠ ᠨᠢ ᠴᠢᠬᠢᠨ ᠳᠤ ᠨᠢ ᠬᠠᠳᠠᠩᠰᠢᠳᠠᠯ᠎ᠠ ᠳᠠᠭᠤᠳᠠᠵᠦ ᠰᠢᠪᠠᠨᠠᠵᠦ᠂ ᠵᠠᠩᠨᠠᠵᠦ ᠳᠤᠭᠳᠤᠷᠴᠤ᠂ ᠵᠢᠭᠠᠵᠦ ᠳᠤᠬᠢᠵᠦ ᠰᠤᠷᠭᠠᠨ᠎ᠠ᠃ ᠶᠠᠮᠠᠷ ᠨᠤᠬᠠᠢ ᠪᠤᠯᠤᠭᠰᠠᠨ ᠴᠤ᠂ ᠪᠠᠭ᠎ᠠ ᠠᠴᠠ ᠨᠢ ᠳᠠᠭᠤᠳᠠᠭᠠᠳ ᠢᠷᠡᠭᠰᠡᠨ ᠨᠠᠷ᠎ᠠ ᠪᠠᠷ ᠨᠢ ᠳᠠᠭᠤᠳᠠᠯ᠎ᠠ ᠯᠠ ᠭᠡᠪᠡᠯ᠂ ᠪᠠᠷᠢᠨ ᠳᠤᠤᠷ᠎ᠠ ᠪᠠᠨ ᠳᠠᠪᠭᠡᠷᠦᠨ ᠪᠤᠰᠴᠦ᠂ ᠶᠠᠭᠤ ᠬᠢ ᠭᠡᠪᠡᠯ ᠶᠠᠭᠤ ᠶᠢ ᠴᠢᠨᠢ ᠬᠢᠴᠢᠭᠡᠳᠡᠭ ᠂ ᠶᠠᠭᠠᠬᠢᠵᠦ ᠬᠢ ᠭᠡᠪᠡᠯ ᠶᠠᠭᠠᠬᠢᠵᠦ ᠴᠤ ᠬᠢᠴᠢᠭᠡᠳᠡᠭ᠃ ᠡᠵᠡᠨ ᠤ ᠪᠠᠨ ᠳᠤᠬᠢᠶ᠎ᠠ᠂ ᠵᠢᠭᠠᠪᠤᠷᠢ ᠠᠴᠠ ᠤᠭᠳᠤᠬᠠᠨ ᠴᠤ ᠵᠦᠷᠢᠬᠦ ᠦᠭᠡᠢ ᠪᠠᠶᠢᠳᠠᠭ ᠶᠤᠮ᠃      ᠮᠤᠩᠭᠤᠯ ᠬᠦᠮᠦᠨ ᠨᠤᠬᠠᠢ ᠳᠠᠭᠠᠨ ᠨᠠᠷ᠎ᠠ ᠦᠭᠭᠦ ᠳᠤ᠂ ᠨᠤᠬᠠᠢ ᠶᠢᠨ ᠢᠶᠠᠨ ᠠᠪᠢᠶᠠᠰ᠂ ᠤᠨᠴᠠᠯᠢᠭ ᠪᠤᠶᠤ ᠦᠪᠠᠷ ᠤᠨ ᠪᠠᠭ᠋ᠠᠰᠢᠶᠠᠯ ᠳᠠᠭᠠᠰᠢᠶᠠᠯ ᠢᠶᠠᠨ ᠦᠨᠳᠦᠰᠦᠯᠠᠨ ᠦᠭᠳᠡᠭ ᠶᠤᠮ᠃ ᠶᠠᠷᠦᠩᠬᠡᠢ ᠳᠡᠭᠡᠨ ᠬᠤᠳᠠᠴᠢ᠂ ᠮᠠᠨᠠᠭᠠᠴᠢ ᠨᠤᠬᠠᠢ ᠳᠤ ᠪᠤᠯ ︽ᠵᠢᠷᠬᠢᠬᠡ᠂ ᠨᠢᠰᠭᠡ᠂ ᠳᠡᠭᠳᠡᠭᠡᠭᠡ᠂ ᠰᠤᠭᠤᠷᠤᠭ᠎ᠠ᠂᠂᠂᠂︾ ᠭᠡᠭᠦ ᠬᠤᠷᠴᠠ ᠰᠠᠷᠭᠡᠭ᠂ ᠬᠤᠷᠳᠤᠨ ᠱᠠᠯᠠᠮᠠᠭ ᠭᠡᠭᠦ ᠤᠨᠴᠠᠯᠢᠭ ᠰᠢᠨᠵᠢ ᠲᠠᠢ ᠨᠠᠷ᠎ᠠ ᠦᠭᠴᠦ᠂ ᠠᠩᠴᠢ᠂ ᠬᠦᠷᠦᠭᠡᠴᠢ ᠨᠤᠬᠠᠢ ᠳᠤ ᠪᠤᠯ ︽ᠠᠷᠰᠯᠠᠨ᠂ ᠪᠠᠷᠰ᠂ ᠬᠠᠷᠴᠠᠭᠠᠢ᠂ ᠪᠦᠷᠬᠦᠳ᠂ ᠱᠤᠩᠬᠤᠷ᠂ ᠨᠠᠴᠢᠨ᠂᠂᠂᠂︾ ᠭᠡᠭᠦ ᠰᠢᠤ ᠠᠷᠢᠶᠠᠳᠠᠨ ᠵᠢᠬᠦᠷᠳᠡᠨ᠂ ᠠᠪᠤᠷᠭᠤ ᠬᠦᠴᠦᠳᠠᠨ ᠤ ᠨᠠᠷ᠎ᠠ ᠶᠢ ᠦᠭᠳᠡᠭ᠃ ᠵᠠᠷᠢᠮ ᠳᠤ ᠨᠢ ᠳᠦᠷᠦᠭᠰᠡᠨ ᠤᠨᠴᠠᠯᠢᠭ ᠳᠦᠷᠬᠦ ᠪᠠᠷ ᠨᠢ ︽ᠳᠠᠯᠳᠠᠩ ᠂ ᠪᠠᠨᠳᠠᠭᠠᠷ᠂ ᠪᠠᠭ᠎ᠠ ᠬᠠᠷ᠎ᠠ᠂ ᠬᠠᠯᠳᠠᠷ᠂ ᠰᠢᠷ᠎ᠠ᠂᠂᠂᠂︾ ᠭᠡᠭᠦ ᠨᠠᠷ᠎ᠠ ᠦᠭᠴᠤ᠂ ᠪᠠᠰᠠ ᠵᠠᠷᠢᠮ ᠳᠤ ᠨᠢ ︽ᠠᠰᠠᠷ᠂ ᠪᠠᠰᠠᠷ᠂ ᠠᠩᠭᠠᠷ᠂ ᠪᠠᠨᠰᠠᠭᠠᠷ᠂᠂᠂᠂︾ ᠭᠡᠭᠦ ᠮᠠᠳᠤ ᠶᠠᠮᠠᠷ ᠴᠤ ᠤᠨᠴᠠᠭᠠᠢ ᠤᠳᠬ᠎ᠠ ᠠᠭᠤᠯᠭ᠎ᠠ ᠦᠭᠡᠢ ᠨᠠᠷ᠎ᠠ ᠪᠤᠶᠤ ᠤᠳᠬ᠎ᠠ ᠬᠠᠯᠠᠭᠤᠭᠤᠯᠤᠭᠰᠠᠨ ︵ᠰᠢᠯᠵᠠᠬᠦᠯᠦᠭᠰᠡᠨ︶ ᠨᠠᠷ᠎ᠠ ᠴᠤ ᠦᠭᠳᠡᠭ᠃ ᠶᠠᠮᠠᠷ ᠨᠠᠷ᠎ᠠ ᠦᠭᠭᠦᠭᠰᠡᠨ ᠴᠤ ᠬᠠᠮᠢᠶ᠎ᠠ ᠦᠭᠡᠢ᠂ ᠨᠠᠷᠠᠰᠢᠬᠦᠯᠦᠭᠡᠳ ᠳᠠᠭᠤᠳᠠᠭᠠᠳ ᠰᠤᠷᠭᠠᠴᠢᠬᠠᠪᠠᠯ᠂ ᠨᠢᠭᠡ ᠴᠤ ᠵᠦᠷᠢᠳᠡᠭ ᠦᠭᠡᠢ ᠶᠤᠮ᠂ ᠡᠵᠡᠨ ᠤ  ᠪᠠᠨ ᠦᠭᠡ ᠠᠴᠠ᠂ ᠮᠤᠩᠭᠤᠯ ᠨᠤᠬᠠᠳ ᠮᠢᠨᠢ︕᠂᠂᠂᠂      ᠨᠤᠬᠠᠢ ᠪᠤᠯ ᠤᠢ ᠪᠢᠯᠢᠭ ᠰᠠᠶᠢᠳᠠᠢ᠂ ᠤᠶᠢᠯᠭᠠᠵᠦ ᠳᠦᠭᠦᠭᠡᠷᠭᠦ ᠴᠢᠳᠠᠪᠤᠷᠢ ᠪᠠᠷ ᠦᠨᠳᠦᠷ᠂ ᠤᠶᠤᠨ ᠮᠠᠳᠠᠷᠠᠯ ᠳᠠᠭᠦᠰ ᠠᠮᠢᠳᠠᠨ ᠶᠤᠮ᠃ ︽ᠮᠠᠭᠤ ᠡᠷ᠎ᠡ ᠶᠢ ᠮᠠᠯᠵᠢᠬᠤ ᠪᠠᠷ ᠰᠠᠶᠢᠨ ᠭᠠᠷᠵᠢ ︵ᠨᠤᠬᠠᠢ︶ ᠶᠢ ᠳᠠᠵᠢᠭᠡᠭᠰᠡᠨ ᠢ ᠬᠦᠷᠬᠦ ᠦᠭᠡᠢ︾ ᠭᠡᠵᠦ ᠮᠤᠩᠭᠤᠯᠴᠤᠳ ᠭᠡᠯᠡᠳᠡᠭ᠃ ᠮᠤᠩᠭᠤᠯᠴᠤᠳ ᠨᠤᠬᠠᠢ ᠳᠠᠵᠢᠭᠡᠭᠦ ᠳᠤᠷᠠᠳᠠᠢ᠃ ᠮᠤᠩᠭᠤᠯ ᠠᠷᠠᠳ ᠤᠨ ᠵᠦᠢᠷ ᠰᠠᠴᠠᠨ ᠦᠭᠡᠨ ᠳᠤ᠄ ︽ᠭᠠᠩ ᠭᠡᠭᠦ ᠨᠤᠬᠠᠢ ᠦᠭᠡᠢ᠂ ᠭᠠᠵᠠᠷ ᠭᠡᠰᠬᠢᠬᠦ ᠮᠠᠯ ᠦᠭᠡᠢ︾ ᠭᠡᠭᠦ ᠦᠭᠡ ᠪᠠᠶᠢᠳᠠᠭ᠃ ᠡᠨᠡ ᠨᠢ ᠵᠠᠷᠢᠮ ᠮᠠᠯ ᠬᠠᠷ᠎ᠠ ᠳᠠᠵᠢᠭᠡᠭᠦ ᠳᠤᠷ᠎ᠠ ᠦᠭᠡᠢ᠂ ᠠᠮᠢᠳᠤᠷᠠᠯ ᠠᠬᠤᠢ ᠪᠠᠨ ᠡᠷᠬᠢᠴᠠᠭᠡᠭᠦ ᠦᠭᠡᠢ᠂ ᠳᠤᠶᠢᠯ ᠤᠨ ᠠᠯᠵᠢᠭᠤ ᠵᠠᠯᠬᠠᠭᠤ ᠴᠦᠭᠡᠭᠡᠨ ᠳᠤᠭᠠᠨ ᠤ ᠭᠡᠳᠦᠨ ᠬᠦᠮᠦᠨ ᠢ ᠮᠠᠭᠤᠰᠢᠶᠠᠨ ᠭᠡᠯᠡᠭᠰᠡᠨ ᠦᠭᠡ ᠪᠤᠯᠪᠠᠴᠤ᠂ ᠴᠠᠭᠠᠨᠠᠬᠢ ᠤᠳᠬ᠎ᠠ ᠨᠢ ᠬᠦᠨ ᠶᠤᠮ᠃ ᠭᠠᠵᠠᠷ ᠭᠢᠰᠬᠢᠬᠦ ᠮᠠᠯ ᠦᠭᠡᠢ ᠶᠤᠮ ᠪᠤᠯ ᠭᠠᠩ ᠭᠡᠭᠦ ᠨᠤᠬᠠᠢ ᠪᠠᠷ ᠶᠠᠭᠤ ᠪᠠᠨ ᠬᠢᠨ᠎ᠡ ᠳ᠋ᠧ⁈ ᠭᠠᠩ ᠭᠡᠭᠦ ᠨᠤᠬᠠᠢ ᠪᠠᠨ ᠶᠠᠭᠤ ᠪᠠᠷ ᠳᠠᠵᠢᠭᠡᠨ᠎ᠡ ᠳ᠋ᠧ⁈᠂᠂᠂᠂      ᠮᠤᠩᠭᠤᠯ ᠬᠦᠮᠦᠨ ᠨᠤᠬᠠᠢ ᠳᠠᠭᠠᠨ ᠳᠤᠶᠢᠯ ᠤᠨ ᠬᠠᠶᠢᠷᠠᠳᠠᠢ ᠪᠠᠶᠢᠳᠠᠭ᠃ ᠮᠤᠩᠭᠤᠯᠴᠤᠳ ᠬᠡᠤᠬᠡᠳ ᠨᠢ ᠠᠯᠢᠶ᠎ᠠ ᠵᠠᠶᠢᠳᠠᠩ ᠠᠭᠠᠰᠢᠯᠠᠵᠦ ᠪᠠᠶᠢᠪᠠᠯ᠂ ᠠᠶᠢᠯ ᠠᠶᠢᠮᠠᠭ ᠤᠨ ᠬᠢᠨᠢ ᠠᠯᠢ ᠨᠢᠭᠡᠨ ᠠᠬᠠᠮᠠᠳ ᠳᠤᠮᠤᠴᠤᠤᠯ ᠨᠢ ᠤᠯᠵᠦ ᠦᠵᠡᠭᠡᠳ ᠭᠡᠯᠡᠴᠢᠭᠡᠭᠦ᠂ ᠵᠠᠩᠨᠠᠴᠢᠬᠠᠬᠤ᠂ ᠭᠤᠶᠠᠳᠠᠴᠢᠬᠠᠬᠤ᠂ ᠳᠠᠰᠢᠭᠤᠷᠳᠠᠴᠢᠬᠠᠬᠤ ᠳᠤ ᠡᠴᠢᠭᠡ ᠡᠭᠡ ᠨᠢ ᠶᠠᠭᠤ ᠴᠤ ᠳᠤᠤᠭᠤᠷᠳᠠᠭ ᠦᠭᠡᠢ᠃ ᠬᠠᠷᠢᠨ ᠨᠤᠬᠠᠢ ᠶᠢ ᠨᠢ ᠬᠤᠴᠠᠯ᠎ᠠ᠂ ᠬᠤᠷᠭᠤᠭᠠᠯ᠎ᠠ ᠭᠡᠵᠦ ᠵᠠᠩᠨᠠᠵᠦ ᠴᠤᠬᠢᠬᠤ ᠳᠤ ᠬᠦᠷᠪᠠᠯ᠂ ᠡᠵᠡᠨ ᠨᠢ ᠳᠤᠷ᠎ᠠ ᠦᠭᠡᠶᠢᠴᠠᠳᠡᠭ᠃      ᠮᠤᠩᠭᠤᠯᠴᠤᠳ ᠨᠤᠬᠠᠢ ᠪᠠᠨ ᠶᠠᠷᠦ ᠠᠴᠠ ᠴᠤᠬᠢᠵᠦ ᠶᠤᠷᠳᠠᠳᠠᠭ ᠦᠭᠡᠢ᠃ ᠨᠤᠬᠠᠢ ᠶᠢ ᠦᠩᠭᠡᠷᠡᠤ ᠴᠤᠬᠢᠵᠦ ᠶᠤᠷᠳᠠᠪᠠᠯ᠂ ᠭᠡᠳᠡᠷ ᠳᠤᠭᠰᠢᠨ᠂ ᠬᠠᠵᠢᠭ ᠬᠠᠰᠢᠭ ᠪᠤᠯᠤᠨ᠎ᠠ ᠭᠡᠵᠦ ᠶᠡᠷᠢᠳᠠᠭ᠃ ᠨᠤᠬᠠᠢ ᠪᠠᠨ ᠪᠤᠰᠤᠳ ᠢ ᠨᠢᠭᠤᠵᠦ ᠬᠠᠵᠠᠬᠤ᠂ ᠭᠡᠷ ᠦᠷᠦᠭᠡ ᠳᠤ ᠬᠤᠯᠭᠤᠨ ᠤᠷᠤᠬᠤ ᠶᠢ ᠪᠠᠭ᠎ᠠ ᠠᠴᠠ ᠨᠢ ᠭᠡᠷᠰᠠᠤᠯᠠᠨ ᠬᠢᠴᠢᠶᠡᠳᠡᠭ᠃ ᠭᠡᠷ  ᠲᠤ ᠤᠷᠤᠬᠤ᠂ ᠭᠡᠷ ᠠᠴᠠ ᠭᠠᠷᠬᠤ᠂ ᠬᠦᠮᠦᠨ ᠠᠴᠠ ᠶᠠᠭᠤᠮ᠎ᠠ ᠠᠪᠬᠤ᠂ ᠠᠪᠤᠭᠰᠠᠨ ᠶᠠᠭᠤᠮ᠎ᠠ ᠶᠢ ᠪᠤᠴᠠᠭᠠᠵᠦ ᠳᠠᠯᠪᠢᠬᠤ ᠵᠡᠷᠭᠡ ᠶᠢ ᠪᠠᠭ᠎ᠠ ᠠᠴᠠ ᠨᠢ ᠨᠠᠷᠢᠨ ᠭᠡᠯᠡᠵᠦ ᠶᠡᠷᠢᠵᠦ ᠵᠢᠭᠠᠵᠦ ᠳᠤᠬᠢᠵᠦ ᠰᠤᠷᠭᠠᠳᠠᠭ᠃ ᠨᠤᠬᠠᠢ ᠶᠢ ᠠᠯᠠᠵᠦ ᠨᠢᠳᠦᠯᠳᠠᠭ ᠦᠭᠡᠢ᠂ ᠬᠤᠳᠠᠯᠳᠤᠵᠦ ᠵᠠᠷᠤᠳᠠᠭ ᠦᠭᠡᠢ᠃ ᠵᠦᠨᠦᠵᠦ ᠮᠤᠨᠤᠳᠠᠯ᠎ᠠ ᠨᠢ ᠳᠠᠵᠢᠭᠡᠵᠦ᠂ ᠶᠠᠪᠤᠵᠦ ᠶᠠᠭ ᠴᠢᠳᠠᠬᠤ ᠦᠭᠡᠢ ᠪᠤᠯᠬᠤ ᠪᠤᠶᠤ ᠭᠡᠮᠳᠤᠵᠦ ᠰᠢᠷᠬᠠᠳᠠᠪᠠᠯ᠂ ᠭᠡᠭᠡᠷ᠎ᠡ ᠭᠠᠳᠠᠨ᠎ᠠ ᠬᠠᠶᠠᠵᠦ ᠤᠷᠬᠢᠳᠠᠭ ᠦᠭᠡᠢ᠂ ᠳᠡᠷᠭᠡ ᠭᠦᠰᠭᠡᠨ ᠳᠡᠭᠡᠨ ᠳᠡᠭᠡᠭᠡᠭᠡᠳ ᠶᠠᠪᠤᠳᠠᠭ᠃ ᠨᠤᠬᠠᠢ ᠨᠢ ᠦᠬᠦᠪᠠᠯ᠂ ᠬᠠᠮᠢᠶ᠎ᠠ ᠨᠠᠮᠢᠶ᠎ᠠ ᠦᠭᠡᠢ ᠬᠠᠶᠠᠳᠠᠭ ᠦᠭᠡᠢ᠃ ᠬᠦᠮᠦᠨ ᠮᠠᠯ ᠤᠨ ᠬᠦᠯ ᠤᠰᠤ ᠠᠴᠠ ᠵᠠᠶᠢᠳᠠᠭᠤ ᠳᠤᠪᠤ ᠳᠤᠯᠤᠭᠠᠢ ᠶᠢᠨ ᠤᠷᠤᠢ ᠵᠡᠷᠭᠡ ᠦᠨᠳᠦᠷᠯᠢᠭ ᠭᠠᠵᠠᠷ ᠪᠤᠶᠤ ᠳᠠᠷᠠᠰᠦ ᠪᠤᠳᠠ ᠲᠠᠢ ᠳᠤᠬᠢᠯᠠᠭ ᠰᠠᠶᠢᠬᠠᠨ ᠭᠠᠵᠠᠷ ᠢ ᠰᠤᠩᠭᠤᠨ ᠤᠷᠤᠰᠢᠭᠤᠯᠳᠠᠭ᠃ ᠤᠷᠤᠰᠢᠭᠤᠯᠬᠤ ᠳᠠᠭᠠᠨ ᠰᠠᠬᠦᠯ ᠢ ᠨᠢ ᠤᠭᠳᠤᠯᠤᠨ ᠳᠤᠯᠤᠭᠠᠢ ᠳᠤ ᠨᠢ ᠳᠠᠷᠠᠯᠠᠬᠦᠯᠵᠦ᠂ ᠬᠤᠶᠢᠳᠦ ᠵᠦᠭ ᠲᠤ ᠬᠠᠨᠳᠤᠭᠤᠯᠤᠨ ᠳᠠᠯᠪᠢᠳᠠᠭ᠃ ᠳᠠᠷᠠᠴᠢᠯᠠᠨ ᠠᠮᠠᠨ ᠳᠤ ᠨᠢ ᠦᠭᠡᠭᠦ ᠳᠤᠰᠤ᠂ ᠴᠠᠭᠠᠨ ᠢᠳᠡᠭᠡ᠂ ᠪᠤᠳᠠᠭ᠎ᠠ ᠳᠠᠷᠢᠶ᠎ᠠ ᠳᠠᠷᠢᠭᠦᠳᠠᠨ ᠢ ᠡᠮᠬᠦᠬᠦᠯᠵᠦ᠂ ︽ᠬᠤᠶᠢᠳᠦ ᠳᠦᠷᠦᠯ ᠳᠡᠭᠡᠨ ᠬᠦᠮᠦᠨ ᠪᠤᠯᠵᠦ ᠳᠦᠷᠦ︾ ᠭᠡᠵᠦ ᠪᠡᠯᠭᠡᠰᠢᠶᠠᠨ ᠵᠦᠩᠨᠠᠳᠡᠭ᠃ ᠨᠤᠬᠠᠢ ᠶᠢ ᠦᠭᠦᠭᠰᠡᠨ ᠤ ᠳᠠᠷᠠᠭ᠎ᠠ ᠰᠠᠬᠦᠯ ᠢ ᠨᠢ ᠤᠭᠳᠤᠯᠠᠵᠦ ᠠᠪᠬᠤ ᠦᠭᠡᠢ ︵ᠬᠠᠶᠠᠬᠤ ᠦᠭᠡᠢ︶ ᠪᠤᠯ᠂ ᠳᠠᠷᠠᠭ᠎ᠠ ᠳᠦᠷᠦᠯ ᠳᠡᠭᠡᠨ ᠬᠦᠮᠦᠨ ᠪᠤᠯᠵᠦ ᠳᠦᠷᠦᠭᠦ ᠦᠭᠡᠢ᠂ ᠴᠢᠳᠬᠦᠷ ᠪᠤᠯᠵᠦ ᠳᠦᠷᠦᠨ᠎ᠡ ᠭᠡᠵᠦ ᠦᠵᠡᠳᠡᠭ᠃      ᠨᠤᠬᠠᠢ ᠪᠤᠯ ᠮᠤᠩᠭᠤᠯ ᠬᠦᠮᠦᠨ ᠤ ᠰᠠᠶᠢᠨ ᠨᠠᠶᠢᠵᠠ᠂ ᠳᠤᠳᠤᠨᠤ ᠬᠠᠨᠢ᠃ ᠨᠤᠬᠠᠢ ᠳᠠᠵᠢᠭᠡᠭᠦ ᠪᠤᠯ ᠮᠤᠩᠭᠤᠯᠴᠤᠳ ᠤᠨ ᠠᠮᠢᠳᠤᠷᠠᠯ ᠤᠨ ᠴᠢᠬᠤᠯᠠ ᠨᠢᠭᠡᠨ ᠭᠡᠰᠡᠭ᠃      ᠮᠤᠷᠢ᠂ ᠨᠤᠬᠠᠢ᠂ ᠡᠷ᠎ᠡ ᠭᠤᠷᠪᠠ ᠪᠤᠯ ᠮᠤᠩᠭᠤᠯ ᠬᠦᠮᠦᠨ ᠤ ᠭᠡᠶᠢᠮᠦᠷᠯᠢᠭ ᠰᠦᠷ︕ ᠮᠤᠩᠭᠤᠯ ᠭᠠᠵᠠᠷ ᠤᠨ ᠳᠡᠭᠷᠢᠯᠢᠭ ᠳᠤᠭ︕ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号