ᠢᠩᠴᠠᠩ ᠤᠨ ᠬᠤᠷᠠᠯᠳᠠᠢ ᠶᠢᠨ ᠲᠤᠰᠬᠠᠢ ᠰᠤᠷᠪᠤᠯᠵᠢᠯᠠᠭ᠎ᠠ ︵ᠲᠦᠷᠪᠡ︶
ᠨᠡᠶᠢᠲᠡᠯᠡᠭᠰᠡᠨ ᠴᠠᠭ᠄
2014/8/21
                 ᠳ᠋ᠦᠨᠬᠤᠸᠠᠩ ᠠᠴᠠ ᠰᠢᠨ᠎ᠡ ᠪᠠᠷ ᠤᠯᠳᠠᠭᠰᠠᠨ               ︽ᠵᠢᠷᠦᠬᠡᠨ ᠤ ᠰᠤᠳᠤᠷ︾ ᠤᠨ ᠨᠢᠬᠡ ᠬᠡᠰᠡᠭ                        —— ᠬᠠᠩᠭᠠᠷᠢ ᠤᠯᠤᠰ ᠤᠨ ᠮᠤᠩᠭᠤᠯ ᠰᠤᠳᠤᠯᠭᠠᠳᠠᠨ                                  ᠺᠠᠫᠦᠯᠠᠰ · ᠤᠯᠢᠸᠧᠷ ᠢ ᠰᠤᠷᠪᠤᠯᠵᠢᠯᠠᠭᠰᠠᠨ ᠨᠢ                                                          ᠰᠤᠷᠪᠤᠯᠵᠢᠯᠠᠭᠴᠢ ᠰᠢᠵᠢᠷᠴᠡᠴᠡᠭ
      ᠢᠩᠴᠠᠩ ᠤᠨ ᠬᠤᠷᠠᠯᠳᠠᠢ ᠶᠢᠨ ᠬᠤᠭᠤᠴᠠᠭᠠᠨ ᠳᠤ᠂ ᠤᠯᠠᠨ ᠡᠷᠳᠡᠮᠳᠡᠳ ᠢ ᠲᠠᠭᠠᠨ ᠪᠠᠷᠰ ᠬᠤᠳᠠ ᠶᠢᠨ ᠪᠠᠭᠤᠷᠢ ᠶᠢ ᠲᠤᠭᠤᠷᠢᠨ ᠦᠵᠡᠬᠦ ᠲᠠᠰᠢᠷᠠᠮ ᠳᠤ ᠤᠷᠤᠰᠤᠮ᠎ᠠ ᠰᠠᠶᠢᠬᠠᠨ ᠮᠤᠩᠭᠤᠯ ᠬᠡᠯᠡ ᠲᠠᠢ ᠬᠠᠷᠢ ᠤᠯᠤᠰ ᠤᠨ ᠨᠢᠬᠡᠨ ᠵᠠᠯᠠᠭᠤ ᠮᠢᠨᠤ ᠠᠩᠬᠠᠷᠤᠯ ᠢ ᠶᠡᠬᠡᠳᠠ ᠲᠠᠳᠠᠭᠰᠠᠨ ᠢᠶᠠᠷ ᠡᠨᠡ ᠵᠠᠯᠠᠭᠤ ᠲᠠᠢ ᠲᠠᠨᠢᠯᠴᠠᠵᠤ᠂ ᠵᠠᠮ ᠵᠠᠭᠤᠷ᠎ᠠ ᠶᠠᠷᠢᠯᠴᠠᠬᠤ ᠶᠢᠨ ᠲᠠᠭᠠᠤ ᠲᠡᠬᠦᠨ ᠠᠴᠠ ᠲᠦᠬᠦᠮ ᠰᠤᠷᠪᠤᠯᠵᠢᠯᠠᠭ᠎ᠠ ᠠᠪᠤᠭᠰᠠᠨ ᠶᠤᠮ᠃      ᠡᠨᠡ ᠬᠦᠮᠦᠨ ᠢ ᠺᠠᠫᠦᠯᠠᠰ · ᠤᠯᠢᠸᠧᠷ ᠬᠡᠳᠡᠭ᠃ ᠬᠠᠩᠭᠠᠷᠢ ᠤᠯᠤᠰ ᠤᠨ ᠬᠦᠮᠦᠨ᠃ ᠤᠳᠤᠬᠠᠨ ᠳᠤ ᠬᠠᠩᠭᠠᠷᠢ ᠶᠡᠭᠡ ᠰᠤᠷᠭᠠᠭᠤᠯᠢ ᠳᠤ ᠮᠤᠩᠭᠤᠯ ᠲᠡᠤᠬᠡ ᠰᠤᠶᠤᠯ ᠤᠨ ᠰᠤᠳᠤᠯᠭᠠᠨ ᠬᠢᠵᠤ ᠪᠤᠢ᠃ ᠤᠯᠢᠸᠧᠷ ᠲᠤᠰ ᠤᠳᠠᠭᠠᠨ ᠤ ᠬᠤᠷᠠᠯᠳᠠᠢ ᠳᠤ ᠤᠷᠤᠯᠴᠠᠭᠰᠠᠨ ᠳᠠᠭᠠᠨ ᠮᠠᠰᠢ ᠪᠠᠶᠠᠷᠳᠠᠢ ᠪᠠᠶᠢᠵᠤ᠂ ᠳ᠋ᠦᠨᠬᠤᠸᠠᠩ ᠠᠴᠠ ᠰᠢᠨ᠎ᠡ ᠪᠠᠷ ᠤᠯᠳᠠᠭᠰᠠᠨ ︽ᠵᠢᠷᠦᠬᠡᠨ ᠤ ᠰᠤᠳᠤᠷ︾ ᠤᠨ ᠨᠢᠬᠡ ᠬᠡᠰᠡᠭ ᠤᠨ ᠲᠤᠬᠠᠢ ᠦᠬᠦᠯᠡᠯ ᠢᠶᠠᠨ ᠲᠡᠪᠰᠢᠬᠦᠯᠦᠭᠰᠡᠨ ᠪᠠᠶᠢᠨ᠎ᠠ᠃      1908 ᠤᠨ ᠳᠤ ᠫᠤᠯ · ᠫᠢᠯᠦᠲ ᠬᠡᠮᠡᠬᠦ ᠬᠦᠮᠦᠨ ᠳ᠋ᠦᠨᠬᠤᠸᠠᠩ ᠠᠴᠠ ᠤᠯᠠᠨ ᠭᠠᠷ ᠪᠢᠴᠢᠮᠡᠯ ᠪᠠ ᠮᠤᠳᠤᠨ ᠲᠡᠭᠡᠷ᠎ᠡ ᠰᠡᠶᠢᠯᠦᠭᠰᠡᠨ ᠪᠢᠴᠢᠭ ᠢ ᠴᠤᠭᠯᠠᠭᠤᠯᠵᠤ᠂ ᠲᠡᠳᠡᠬᠡᠷ ᠤᠨ ᠲᠤᠳᠤᠷᠠᠬᠢ ᠨᠢᠬᠡ ᠬᠠᠭᠤᠳᠠᠰᠤ ᠲᠠᠩᠭᠤᠳ ᠪᠢᠴᠢᠭ ᠤᠨ ᠠᠷᠤ ᠲᠠᠯ᠎ᠠ ᠳᠤ ᠮᠤᠩᠭᠤᠯ ᠭᠠᠷ ᠪᠢᠴᠢᠮᠡᠯ ᠪᠠᠶᠢᠵᠤ᠂ ᠡᠨᠡ ᠨᠢ ᠪᠤᠷᠬᠠᠨ ᠤ ᠰᠤᠳᠤᠷ ᠪᠢᠴᠢᠭ ︽ᠵᠢᠷᠦᠬᠡᠨ ᠤ ᠰᠤᠳᠤᠷ︾ ᠤᠨ ᠨᠢᠬᠡ ᠬᠡᠰᠡᠭ ᠪᠤᠯᠬᠤ ᠶᠢ ᠢᠯᠡᠷᠡᠬᠦᠯᠵᠠᠢ᠃ 1988~1995 ᠤᠨ ᠤ ᠬᠤᠭᠤᠷᠤᠨᠳᠤ ᠂ ᠬᠢᠳᠠᠳ ᠤᠨ ᠬᠠᠭᠤᠴᠢ ᠰᠤᠳᠤᠯᠤᠯ ᠤᠨ ᠡᠷᠳᠡᠮᠳᠡᠳ ᠳ᠋ᠦᠨᠬᠤᠸᠠᠩ ᠳᠤ ᠮᠠᠯᠳᠠᠯᠭ᠎ᠠ ᠬᠢᠬᠦ ᠳᠡᠭᠡᠨ ᠪᠠᠰᠠ ᠨᠢᠬᠡᠨ ᠲᠠᠩᠭᠤᠳ ᠭᠠᠷ ᠪᠢᠴᠢᠮᠡᠯ ᠨᠢ ᠫᠢᠯᠦᠲ ᠤᠨ ᠢᠯᠡᠷᠡᠬᠦᠯᠦᠭᠰᠡᠨ ᠭᠠᠷ ᠪᠢᠴᠢᠮᠡᠯ ︽ᠵᠢᠷᠦᠬᠡᠨ ᠤ ᠰᠤᠳᠤᠷ︾ ᠤᠨ ᠵᠠᠯᠭᠠᠮᠵᠢ ᠪᠤᠯᠬᠤ ᠶᠢ ᠤᠯᠢᠸᠧᠷ ᠢᠯᠡᠷᠡᠬᠦᠯᠦᠭᠰᠡᠨ ᠪᠠᠶᠢᠨ᠎ᠠ᠃ ᠤᠯᠢᠸᠧᠷ ᠪᠤᠯ ᠡᠨᠡ ᠬᠤᠶᠠᠷ ᠬᠠᠭᠤᠳᠠᠰᠤ ᠶᠢ ᠤᠯᠵᠤ ᠦᠵᠡᠭᠰᠡᠨ ᠴᠦᠬᠡᠨ ᠬᠡᠳᠤᠨ ᠬᠦᠮᠦᠨ ᠤ ᠲᠤᠳᠤᠷᠠᠬᠢ ᠨᠢᠬᠡ ᠨᠢ ᠪᠤᠯᠤᠨ᠎ᠡ᠃ ᠨᠡᠶᠢᠳᠠ 5 ᠬᠠᠭᠤᠳᠠᠰᠤ ᠲᠠᠢ ︽ᠵᠢᠷᠦᠬᠡᠨ ᠤ ᠰᠤᠳᠤᠷ︾ ᠤᠨ ᠬᠤᠶᠠᠷ ᠭᠤᠷᠪᠠᠳᠤᠭᠠᠷ ᠨᠢᠭᠤᠷ ᠠᠴᠠ ᠪᠤᠰᠤᠳ ᠨᠢᠭᠤᠷ ᠨᠢ ᠬᠠᠷᠠᠬᠠᠨ ᠤᠯᠳᠠᠭ᠎ᠠ ᠦᠭᠡᠢ ᠪᠠᠶᠢᠭᠰᠠᠭᠠᠷ᠃ ᠬᠡᠳᠦᠶᠢᠪᠡᠷ ᠵᠦᠪᠬᠡᠨ ᠬᠤᠶᠠᠷᠬᠠᠨ ᠬᠠᠭᠤᠳᠠᠰᠤ ᠤᠯᠳᠠᠭᠰᠠᠨ ᠪᠤᠯᠪᠠᠴᠤ ᠲᠡᠷᠡ ᠨᠢ ︽ᠵᠢᠷᠦᠬᠡᠨ ᠤ ᠰᠤᠳᠤᠷ︾ ᠤᠨ ᠬᠠᠮᠤᠭ ᠡᠷᠳᠡᠨ ᠤ ᠮᠤᠩᠭᠤᠯ ᠭᠠᠷ ᠪᠢᠴᠢᠮᠡᠯ ᠪᠠᠶᠢᠵᠤ᠂ ᠲᠡᠬᠦᠨ ᠤ ᠬᠡᠯᠡ ᠬᠡᠯᠡᠯᠬᠡ ᠨᠢ ᠪᠤᠷᠬᠠᠨ ᠱᠠᠰᠢᠨ ᠤ ᠲᠡᠤᠬᠡ ᠶᠢᠨ ᠨᠤᠮ ᠤᠨ ᠤᠷᠴᠢᠭᠤᠯᠭ᠎ᠠ ᠳᠤ ᠴᠢᠬᠤᠯᠠ ᠮᠡᠳᠡᠭᠡ ᠵᠠᠩᠬᠢ ᠬᠠᠩᠭᠠᠭᠰᠠᠨ ᠢᠶᠠᠷ ᠮᠠᠰᠢ ᠶᠡᠭᠡ ᠡᠷᠳᠡᠮ ᠰᠢᠨᠵᠢᠯᠡᠬᠡᠨ ᠤ ᠦᠨ᠎ᠡ ᠴᠡᠨ᠎ᠡ ᠲᠠᠢ᠃ ᠡᠶᠢᠮᠤ ᠠᠴᠠ ᠲᠤᠰ ᠤᠳᠠᠭᠠᠨ ᠤ ᠤᠯᠠᠨ ᠤᠯᠤᠰ ᠤᠨ ᠡᠷᠳᠡᠮᠳᠡᠳ ᠴᠤᠭᠯᠠᠷᠠᠭᠰᠠᠨ ᠬᠤᠷᠠᠯᠳᠠᠢ ᠳᠤ ︽ᠵᠢᠷᠦᠬᠡᠨ ᠤ ᠰᠤᠳᠤᠷ︾ ᠤᠨ ᠲᠤᠬᠠᠢ ᠦᠬᠦᠯᠡᠯ ᠢᠶᠠᠨ ᠲᠡᠪᠰᠢᠬᠦᠯᠦᠭᠰᠡᠨ ᠨᠢ ᠮᠠᠰᠢ ᠶᠡᠭᠡ ᠲᠡᠤᠬᠡᠨ ᠠᠴᠢ ᠬᠤᠯᠪᠤᠭᠳᠠᠯ ᠲᠠᠢ ᠬᠡᠵᠤ ᠤᠯᠢᠸᠧᠷ ᠦᠵᠡᠵᠤ ᠪᠠᠶᠢᠯ᠎ᠠ᠃
 
ᠢᠷᠡᠯᠲᠡ᠄ ᠤᠯᠠᠭᠠᠨ ᠬᠠᠳᠠ ᠶᠢᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号