| ᠪᠠᠶᠢᠭᠠᠯᠢ ᠶᠢᠨ ᠦᠵᠡᠮᠵᠢ ᠶᠢᠨ ᠡᠬᠢ ᠪᠠᠶᠠᠯᠢᠭ ᠢ ᠠᠰᠢᠭᠯᠠᠨ ᠠᠶᠠᠯᠠᠯ ᠵᠢᠭᠤᠯᠴᠢᠯᠠᠯ ᠤᠨ ᠦᠢᠯᠡᠰ | ᠢ ᠬᠦᠭᠵᠢᠬᠦᠯᠬᠦ ᠪᠤᠯ ᠬᠡᠰᠢᠭᠳᠡᠨ ᠬᠤᠰᠢᠭᠤᠨ ᠤ ᠠᠵᠤ ᠠᠬᠤᠢ ᠪᠠᠨ ᠬᠦᠭᠵᠢᠬᠦᠯᠬᠦ ᠴᠢᠬᠤᠯᠠ ᠲᠦᠷᠦ ᠶᠢᠨ ᠪᠤᠳᠤᠯᠭ᠎ᠠ | ᠪᠤᠯᠬᠤ ᠶᠤᠮ᠃ | ᠬᠡᠰᠢᠭᠳᠡᠨ ᠬᠤᠰᠢᠭᠤᠨ ᠤ ᠠᠶᠠᠯᠠᠯ ᠵᠢᠭᠤᠯᠴᠢᠯᠠᠯ ᠤᠨ ᠡᠬᠢ ᠪᠠᠶᠠᠯᠢᠭ ᠡᠯᠪᠡᠭ᠂ ᠦᠵᠡᠮᠵᠢ ᠶᠢᠨ | ᠤᠷᠤᠨ ᠠᠷᠪᠢᠨ᠃ ᠵᠢᠭᠠᠰᠤᠨ ᠤ ᠭᠠᠷᠤᠯᠳᠠ ᠶᠢᠨ ᠤᠷᠤᠨ ᠪᠤᠯᠤᠭᠰᠠᠨ ᠲᠠᠯᠤᠨᠠᠭᠤᠷ ᠨᠢ ᠠᠶᠠᠯᠠᠯ ᠵᠢᠭᠤᠯᠴᠢᠯᠠᠯ ᠤᠨ | ᠨᠡᠷᠡᠳᠤ ᠤᠷᠤᠨ ᠪᠠᠶᠢᠵᠤ ᠠᠳᠠ ᠤᠯᠤᠰ ᠤᠨ ᠨᠢᠬᠡᠳᠤᠬᠡᠷ ᠲᠡᠰ ᠤᠨ ᠬᠠᠮᠠᠭᠠᠯᠠᠯᠳᠠ ᠶᠢᠨ ᠰᠢᠪᠠᠭᠤᠨ ᠤ ᠲᠦᠷᠤᠯ | ᠵᠦᠢᠯ ᠠᠯ ᠰᠡᠬᠦᠯ ᠪᠠ ᠬᠤᠶᠠᠳᠤᠭᠠᠷ ᠲᠡᠰ ᠤᠨ ᠬᠠᠮᠠᠭᠠᠯᠠᠯᠳᠠ ᠶᠢᠨ ᠰᠢᠪᠠᠭᠤᠨ ᠤ ᠲᠦᠷᠦᠯ ᠵᠦᠢᠯ ᠴᠠᠭᠠᠨ ᠦᠷᠪᠢ᠂ | ᠬᠤᠨ ᠬᠠᠯᠠᠭᠤ ᠵᠡᠷᠬᠡ ᠰᠢᠪᠠᠭᠤᠨ ᠤ ᠲᠦᠷᠦᠯ ᠮᠢᠩᠭ᠎ᠠ ᠭᠠᠷᠤᠢ ᠪᠠᠶᠢᠳᠠᠭ᠃ | 1956 ᠤᠨ ᠠᠴᠠ ᠡᠬᠢᠯᠡᠨ ᠤᠯᠤᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠪᠤᠯᠭᠠᠨ | ᠪᠦᠳᠦᠬᠡᠨ ᠪᠠᠶᠢᠭᠤᠯᠪᠠ᠃ | ᠲᠠᠯᠤᠨᠠᠭᠤᠷ ᠨᠢ ᠬᠡᠰᠢᠭᠳᠡᠨ ᠤ ᠪᠠᠷᠠᠭᠤᠨ ᠬᠡᠰᠡᠭ ᠤᠨ ᠬᠦᠩᠬᠡᠷ ᠤᠨ ᠲᠠᠯ᠎ᠠ ᠲᠡᠭᠡᠷ᠎ᠡ ᠪᠠᠶᠢᠷᠢᠯᠠᠨ | ᠵᠡᠬᠦᠨ ᠲᠠᠯ᠎ᠠ ᠪᠠᠷ ᠢᠶᠠᠨ ᠭᠠᠩᠭᠠᠨ ᠨᠠᠭᠤᠷ᠂ ᠪᠠᠷᠠᠭᠤᠨ ᠲᠠᠯ᠎ᠠ ᠪᠠᠷ ᠢᠶᠠᠨ ᠲᠦᠷᠦᠬᠡᠨᠡᠭᠤᠷ ᠲᠠᠢ ᠬᠤᠯᠪᠤᠯᠳᠠᠭᠠᠳ | ᠡᠬᠡᠴᠢ ᠲᠡᠬᠦᠦ ᠭᠤᠷᠪᠠᠨ ᠨᠠᠭᠤᠷ ᠪᠤᠯᠵᠤ ᠪᠦᠷᠢᠯᠳᠦᠪᠡ᠃ ᠲᠠᠯᠤᠨᠠᠭᠤᠷ ᠨᠢ ᠡᠮᠤᠨ᠎ᠡ ᠲᠠᠯ᠎ᠠ ᠪᠠᠷ ᠢᠶᠠᠨ ᠲᠠᠷᠬᠠᠨ | ᠠᠭᠤᠯᠠ ᠶᠢ ᠲᠦᠰᠢᠨ᠂ ᠪᠠᠷᠠᠭᠤᠨ ᠲᠠᠯ᠎ᠠ ᠳᠤᠨᠢ ᠶᠤᠸᠠᠨ ᠤᠯᠤᠰ ᠤᠨ ᠪᠠᠷᠰ ᠬᠤᠳᠠ ᠶᠢᠨ ᠪᠠᠭᠤᠷᠢ ᠪᠠᠶᠢᠵᠤ᠂ | ᠬᠤᠶᠢᠳᠤ ᠲᠠᠯ᠎ᠠ ᠳᠤᠨᠢ ᠤᠳᠠᠰᠤᠨ ᠬᠡᠷᠡᠮ ᠪᠠ ᠲᠦᠰᠢ ᠠᠭᠤᠯᠠ ᠪᠠᠶᠢᠳᠠᠭ᠂ ᠲᠦᠰᠢ ᠠᠭᠤᠯᠠ ᠶᠢᠨ ᠬᠠᠳᠠᠨ ᠵᠢᠷᠤᠭ | ᠨᠢ ᠡᠷᠳᠡᠨ ᠤ ᠲᠦᠪ ᠠᠽᠢᠶ᠎ᠠ ᠶᠢᠨ ᠨᠡᠬᠦᠳᠡᠯᠴᠢᠨ ᠦᠨᠳᠤᠰᠤᠳᠠᠨ ᠤ ᠨᠡᠶᠢᠬᠡᠮ ᠤᠨ ᠠᠮᠢᠳᠤᠷᠠᠯ ᠢ ᠬᠠᠷᠠᠭᠤᠯᠤᠭᠰᠠᠨ | ᠪᠠᠶᠢᠨ᠎ᠠ᠃ ᠴᠢᠩ ᠤᠯᠤᠰ ᠤᠨ ᠡᠩᠬᠡ ᠠᠮᠤᠭᠤᠯᠠᠩ ᠬᠠᠭᠠᠨ ᠴᠦ ᠡᠨᠡ ᠤᠷᠴᠢᠮ ᠵᠢᠭᠠᠰᠤ ᠠᠩᠨᠠᠵᠤ ᠪᠠᠶᠢᠭᠰᠠᠨ ᠬᠡᠳᠡᠭ | ᠲᠤᠮᠤᠭ ᠲᠠᠢ ᠶᠤᠮ᠃ ᠲᠠᠶᠢᠸᠠᠨ ᠤ ᠠᠯᠳᠠᠷᠳᠤ ᠰᠢᠯᠦᠭᠴᠢ ᠰᠢ᠊ · ᠮᠦᠷᠡᠨ ᠴᠦ ᠰᠠᠪᠠ ᠭᠠᠵᠠᠷ ᠪᠠ ᠲᠠᠯᠤᠨᠠᠭᠤᠷ | ᠢᠶᠠᠷ ᠵᠢᠭᠤᠯᠴᠢᠯᠠᠨ ᠲᠤᠭᠤᠷᠢᠵᠤ ᠰᠢᠯᠦᠭ ᠨᠠᠶᠢᠷᠠᠭᠤᠯᠤᠯ ᠪᠢᠴᠢᠨ ᠮᠠᠭᠳᠠᠭᠰᠠᠨ ᠪᠠᠶᠢᠳᠠᠭ᠃ | |