ᠬᠤᠭᠤᠯᠠ ᠴᠠᠢ ᠠᠶᠠᠭᠠᠯᠠᠵᠦ ᠪᠠᠷᠢᠬᠤ ᠶᠤᠰᠤ ᠭᠤᠷᠢᠮ
ᠨᠡᠶᠢᠲᠡᠯᠡᠭᠰᠡᠨ ᠴᠠᠭ᠄
2014/8/20
       ᠬᠤᠭᠤᠯᠠ ᠴᠠᠢ ᠠᠶᠠᠭᠠᠯᠠᠵᠦ ᠪᠠᠷᠢᠬᠤ ᠶᠤᠰᠤ ᠵᠠᠩᠰᠢᠯ ᠪᠤᠯ ᠮᠤᠩᠭᠤᠯᠴᠤᠳ ᠤᠨ ᠤᠯᠠᠮᠵᠢᠯᠠᠯᠳᠦ ᠶᠤᠰᠤ ᠵᠠᠩᠰᠢᠯ ᠤᠨ ᠳᠤᠮᠳᠠᠭᠢ ᠭᠤᠤᠯ ᠪᠤᠯᠬᠤ ᠶᠤᠰᠤ ᠵᠠᠩᠰᠢᠯ ᠤᠨ ᠨᠢᠭᠡᠨ ᠪᠤᠯᠬᠤ ᠶᠤᠮ᠃ ᠬᠦᠮᠦᠰ ᠳᠤᠭᠤᠭ᠎ᠠ ᠲᠠᠢ ᠱᠦᠯᠦ᠂ ᠬᠤᠭᠤᠯᠠ ᠪᠤᠶᠤ ᠳᠠᠪᠤᠷ᠎ᠠ ᠳᠠᠩᠬᠤᠤ ᠲᠠᠢ ᠴᠠᠢ ᠶᠢ ᠠᠶᠠᠭ᠎ᠠ ᠱᠠᠭᠠᠵᠢᠩ ᠳᠤ ᠠᠶᠠᠭᠠᠯᠠᠵᠦ ᠪᠤᠰᠤᠳ ᠲᠤ ᠪᠠᠷᠢᠬᠤ ᠶᠢ ᠬᠤᠭᠤᠯᠠ ᠴᠠᠢ ᠠᠶᠠᠭᠠᠯᠠᠵᠦ ᠪᠠᠷᠢᠬᠤ ᠭᠡᠳᠡᠭ᠃ ᠬᠠᠷᠠᠬᠤ ᠳᠤ ᠡᠨᠡ ᠨᠢ ᠨᠢᠭᠡ ᠬᠦᠮᠦᠨ ᠨᠢ ᠨᠦᠬᠦᠭᠡ ᠨᠢᠭᠡ ᠬᠦᠮᠦᠨ ᠳᠡᠭᠡᠨ ᠬᠤᠭᠤᠯᠠ ᠪᠤᠳᠠᠭ᠎ᠠ᠂ ᠴᠠᠢ ᠱᠦᠯᠦ ᠠᠶᠠᠭᠠᠯᠠᠵᠦ ᠠᠶᠠᠭ᠎ᠠ ᠱᠠᠭᠠᠵᠢᠩ ᠳᠠᠮᠵᠢᠭᠤᠯᠵᠦ ᠪᠠᠶᠢᠭ᠎ᠠ ᠶᠠᠯᠢᠮᠵᠢ ᠦᠭᠡᠢ ᠵᠢᠵᠢᠭᠭᠡᠨ ᠦᠢᠯᠠ ᠬᠦᠳᠡᠯᠤᠯ᠂ ᠦᠢᠯᠠᠳᠤᠯ ᠶᠠᠪᠤᠴᠠ ᠪᠤᠯᠪᠠᠴᠤ᠂ ᠡᠬᠦᠨ ᠲᠠᠢ ᠬᠤᠯᠪᠤᠭᠳᠠᠬᠤ ᠶᠤᠰᠤ ᠭᠤᠷᠢᠮ᠂ ᠵᠠᠩ ᠦᠢᠯᠠ ᠭᠡᠵᠦ ᠳᠤᠩ ᠤᠯᠠᠨ ᠪᠠᠶᠢᠳᠠᠭ᠃      ᠠᠶᠠᠭ᠎ᠠ ᠰᠤᠩᠭᠤᠬᠤ᠄ ᠬᠤᠭᠤᠯᠠ ᠴᠠᠢ ᠠᠶᠠᠭᠠᠯᠠᠬᠤ ᠠᠶᠠᠭ᠎ᠠ ᠱᠠᠭᠠᠵᠢᠩ ᠨᠢ ᠡᠷᠭᠡᠪᠡᠰᠢ ᠴᠠᠪᠠᠷ ᠮᠦᠷᠳᠡᠭᠡᠨ ᠡᠮᠳᠠᠷᠴᠤ ᠬᠤᠯᠳᠤᠷᠴᠤ ᠰᠠᠪᠳᠤᠵᠦ ᠴᠠᠪ ᠭᠠᠷᠤᠭᠰᠠᠨ ᠦᠭᠡᠢ ᠠᠶᠠᠭ᠎ᠠ ᠱᠠᠭᠠᠵᠢᠩ ᠪᠠᠶᠢᠬᠤ ᠭᠡᠷᠡᠭᠳᠡᠢ᠃ ᠤᠬᠢᠶᠠᠵᠦ ᠴᠠᠪᠠᠷᠯᠡᠭᠰᠡᠨ ᠦᠭᠡᠢ ᠪᠤᠶᠤ ᠮᠠᠭᠤᠬᠠᠨ ᠤᠬᠢᠶᠠᠵᠦ ᠠᠷᠴᠢᠭᠰᠠᠨ᠂ ᠡᠰᠠᠬᠦᠯ᠎ᠠ ᠡᠮᠳᠡᠷᠡᠭᠡᠢ᠂ ᠴᠠᠪ ᠲᠠᠢ ᠠᠶᠠᠭ᠎ᠠ ᠱᠠᠭᠠᠵᠢᠩ ᠲᠤ ᠪᠤᠰᠤᠳ ᠲᠤ ᠪᠤᠶᠤ ᠭᠡᠶᠢᠴᠢᠨ ᠵᠤᠴᠢᠳ ᠲᠤ ᠬᠤᠭᠤᠯᠠ ᠴᠠᠢ ᠠᠶᠠᠭᠠᠯᠠᠵᠦ ᠦᠭᠭᠦ ᠶᠢ ᠬᠦᠮᠦᠰ ᠮᠤᠷᠠᠯ ᠦᠭᠡᠢ᠂ ᠶᠠᠭᠤᠮ᠎ᠠ ᠮᠠᠳᠡᠭᠦ ᠦᠭᠡᠢ᠂ ᠪᠤᠰᠤᠳ ᠢ ᠬᠦᠨᠳᠦᠳᠭᠬᠦ ᠦᠭᠡᠢ᠂ ᠪᠡᠯᠭᠡ ᠳᠠᠮᠪᠡᠷᠡᠯ ᠦᠭᠡᠢ ᠪᠠᠶᠢᠭ᠎ᠠ ᠶᠢᠨ ᠭᠡᠵᠦ ᠦᠵᠡᠳᠡᠭ᠃ ᠨᠠᠩ ᠴᠤ ᠪᠤᠰᠤᠳ ᠤᠨ ᠬᠤᠭᠤᠯᠠ ᠪᠤᠳᠠᠭ᠎ᠠ ᠢᠳᠠᠵᠦ ᠴᠠᠢ ᠤᠰᠤ ᠤᠤᠭᠤᠵᠦ ᠦᠩᠭᠡᠷᠡᠭᠰᠡᠨ ᠠᠶᠠᠭ᠎ᠠ ᠱᠠᠭᠠᠵᠢᠩ ᠢ ᠳᠠᠮᠠᠢ ᠰᠠᠶᠢᠨ ᠤᠬᠢᠶᠠᠵᠦ ᠴᠠᠪᠠᠷᠯᠠᠬᠦ ᠦᠭᠡᠢ ᠪᠠᠷ ᠪᠠᠭ᠎ᠠ ᠰᠠᠭ᠎ᠠ ︵ᠴᠠᠢ ᠤᠰᠤ  ᠪᠠᠷ︶ ᠵᠠᠶᠢᠯᠠᠵᠦ ᠠᠷᠴᠢᠴᠢᠬᠠᠭᠠᠳ ᠪᠤᠰᠤᠳ ᠲᠤ ᠬᠤᠭᠤᠯᠠ ᠴᠠᠢ ᠠᠶᠠᠭᠠᠯᠠᠵᠦ ᠦᠭᠭᠦ ᠶᠢ ᠪᠤᠵᠠᠷ ᠪᠤᠷᠳᠤᠭ᠂ ᠠᠵᠢᠭᠴᠢ ᠬᠢᠨᠠᠭᠤᠷ ᠪᠤᠰᠤ᠂ ᠠᠷᠢᠭᠤᠨ ᠴᠠᠪᠠᠷ ᠢ ᠳᠠᠮᠠᠢ ᠡᠷᠬᠢᠮᠯᠠᠵᠦ ᠪᠠᠷᠢᠵᠦ ᠴᠢᠳᠠᠬᠤ ᠦᠭᠡᠢ ᠪᠠᠶᠢᠬᠤ ᠶᠢᠨ ᠬᠢ ᠭᠡᠵᠦ ᠴᠤ ᠦᠵᠡᠳᠡᠭ᠃      ᠬᠤᠭᠤᠯᠠ ᠴᠠᠢ ᠠᠶᠠᠭᠠᠯᠠᠬᠤ᠄ ᠭᠡᠨ ᠳᠤ ᠴᠤ ᠪᠤᠯᠤᠭᠰᠠᠨ᠂ ᠴᠠᠢ ᠱᠦᠯᠦ᠂ ᠬᠤᠭᠤᠯᠠ ᠪᠤᠳᠠᠭ᠎ᠠ ᠠᠶᠠᠭᠠᠯᠠᠬᠤ ᠳᠠᠭᠠᠨ ᠭᠡᠳᠦᠷᠭᠡᠢ ᠳᠦᠭᠦᠷᠳᠡᠯ᠎ᠡ ᠪᠢᠯᠬᠠᠳᠠᠯ᠎ᠠ ᠠᠶᠠᠭᠠᠯᠠᠬᠤ ᠪᠤᠶᠤ ᠳᠤᠮᠳᠠᠭᠤᠷ ᠠᠶᠠᠭᠠᠯᠠᠵᠦ ᠪᠤᠯᠬᠤ ᠦᠭᠡᠢ᠃ ᠱᠦᠯᠦ ᠤᠰᠤ᠂ ᠴᠠᠢ ᠪᠤᠳᠠᠭ᠎ᠠ ᠶᠢ ᠨᠢ ᠳᠠᠩᠴᠠᠬᠦᠷᠢ ᠲᠠᠢ ᠠᠶᠠᠭᠠᠯᠠᠬᠤ ᠭᠡᠷᠡᠭᠳᠡᠢ᠃ ᠭᠡᠳᠦᠷᠭᠡᠢ ᠳᠦᠬᠦᠷᠳᠡᠯ᠎ᠡ ᠪᠢᠯᠬᠠᠳᠠᠯ᠎ᠠ ᠠᠶᠠᠭᠠᠯᠠᠬᠤ ᠪᠤᠶᠤ ᠳᠤᠮᠳᠠᠭᠤᠷ ᠠᠶᠠᠭᠠᠯᠠᠬᠤ ᠨᠢ ᠴᠦᠮ ᠮᠤᠷᠠᠯ ᠦᠭᠡᠢ᠂ ᠶᠠᠭᠤᠮᠠᠨ ᠤ ᠭᠡᠮ ᠵᠢᠮ᠂ ᠭᠡᠮᠵᠢᠶ᠎ᠡ ᠳᠤᠮᠵᠢᠶ᠎ᠠ ᠶᠢ ᠮᠠᠳᠡᠭᠦ ᠦᠭᠡᠢ ᠳᠤ ᠳᠤᠭᠠᠴᠠᠭᠳᠠᠳᠠᠭ᠃ ᠤᠨᠴᠠᠭᠠᠶᠢᠯᠠᠨ ᠳᠠᠩᠳᠠᠭᠦᠦ ᠳᠤᠮᠳᠠᠭᠤᠷ ᠠᠶᠠᠭᠠᠯᠠᠬᠤ ᠨᠢ ᠬᠦᠮᠦᠨ ᠳᠤ ᠬᠤᠭᠤᠯᠠ ᠴᠠᠢ ᠪᠠᠨ ᠬᠠᠷᠠᠮᠨᠠᠵᠦ ᠪᠠᠶᠢᠭ᠎ᠠ ᠬᠡᠬᠦ ᠰᠢᠦ ᠪᠤᠶᠤ ᠬᠤᠭᠤᠯᠠ ᠴᠠᠢ ᠨᠢ ᠬᠦᠷᠭᠦ ᠦᠭᠡᠢ ᠪᠤᠯᠤᠭᠰᠠᠨ ᠭᠡᠭᠦ ᠰᠢᠤ ᠳᠦᠷᠦᠭᠳᠡᠯ ᠠᠮᠠᠷᠬᠠᠨ ᠤᠯᠭᠤᠳᠠᠭ᠃ ᠬᠤᠭᠤᠯᠠ ᠴᠠᠢ ᠠᠶᠠᠭᠠᠯᠠᠬᠤ ᠠᠶᠠᠭ᠎ᠠ  ᠪᠠᠨ ᠪᠠᠷᠢᠬᠤ ᠳᠤ᠂ ᠠᠶᠠᠭᠠᠨ ᠠᠮᠠᠰᠠᠷ ᠢ ᠡᠷᠡᠭᠡᠢ ᠬᠤᠷᠤᠭᠤᠨ ᠦᠨᠳᠡᠭᠡ ᠪᠠᠷ ᠢᠶᠠᠨ ᠳᠠᠷᠤᠬᠤ ᠳᠤ ᠡᠷᠡᠭᠡᠢ ᠬᠤᠷᠤᠭᠤᠨ ᠦᠨᠳᠡᠭᠡ ᠨᠢ ᠬᠤᠭᠤᠯᠠ ᠴᠠᠢ ᠳᠤ ᠤᠷᠤᠬᠤ ︵ᠳᠦᠷᠢᠬᠦ︶ ᠦᠭᠡᠢ ᠪᠤᠯ ᠪᠤᠯᠴᠢᠬᠠᠨ᠎ᠠ᠃ ᠦᠩᠭᠡᠷᠡᠦ ᠯᠠᠪᠳᠠᠭᠤᠨ ᠠᠳᠬᠤᠵᠦ ᠪᠠᠷᠢᠭᠰᠠᠨ ᠤ ᠴᠢᠬᠤᠯᠠ ᠦᠭᠡᠢ᠂ ᠬᠦᠩᠭᠡᠭᠡᠨ ᠰᠢᠭ ᠪᠠᠷᠢᠵᠦ ᠠᠳᠬᠤᠪᠠᠯ ᠵᠤᠬᠢᠴᠠᠯᠳᠠᠢ᠃ ᠴᠠᠢ ᠠᠶᠠᠭᠠᠯᠠᠬᠤ ᠳᠤ᠂ ᠳᠠᠪᠤᠷ᠎ᠠ ᠳᠠᠩᠬᠤᠤ ᠪᠠᠨ ᠳᠠᠭᠡᠷ᠎ᠡ ᠡᠷᠭᠦᠨ ᠰᠦᠷᠴᠢᠬᠢᠨᠠᠳᠡᠯ᠎ᠡ ᠭᠤᠭᠤᠵᠢᠭᠤᠯᠵᠦ ᠡᠰᠠ ᠪᠤᠯᠬᠤ᠂ ᠤᠯᠠᠨᠳᠠ ᠳᠠᠰᠤᠯᠳᠠᠭᠤᠯᠵᠦ ᠪᠠᠰᠠ ᠡᠰᠠ ᠪᠤᠯᠬᠤ᠂ ᠬᠤᠭᠤᠯᠠ ᠱᠦᠯᠦ ᠠᠶᠠᠭᠠᠯᠠᠬᠤ ᠳᠤ ᠪᠠᠭ᠎ᠠ ᠪᠠᠭ᠎ᠠ ᠪᠠᠷ ᠠᠬᠢᠨ ᠳᠠᠬᠢᠨ ᠭᠡᠮᠨᠡᠵᠦ ᠬᠢᠵᠦ ᠡᠰᠠ ᠪᠤᠯᠬᠤ᠂ ᠨᠢᠭᠡᠯᠡ ᠳᠠᠭᠡᠷ᠎ᠡ ᠳᠠᠩᠴᠠᠬᠦᠷᠢ ᠲᠠᠢ ᠬᠢᠬᠦ᠂ ᠠᠶᠠᠭᠠᠯᠠᠬᠤ᠃ ᠡᠳᠡᠭᠡᠷ ᠪᠤᠯ ᠬᠤᠭᠤᠯᠠ ᠴᠠᠢ ᠠᠶᠠᠭᠠᠯᠠᠬᠤ ᠳᠤ ᠡᠷᠭᠡᠪᠡᠰᠢ ᠠᠩᠬᠠᠷᠪᠠᠰᠤ ᠮᠠᠳᠠᠪᠠᠰᠤ ᠵᠤᠬᠢᠬᠤ ᠵᠦᠢᠯᠠᠰ ᠪᠢᠯᠠ︕      ᠬᠤᠭᠤᠯᠠ ᠴᠠᠢ ᠨᠠᠮᠠᠬᠦ᠄ ᠠᠬᠠᠮᠠᠳ ᠨᠠᠰᠤᠳᠠᠳ ᠪᠤᠶᠤ ᠭᠡᠶᠢᠴᠢᠨ ᠵᠤᠴᠢᠳ ᠲᠤ ᠬᠤᠭᠤᠯᠠ ᠴᠠᠢ ᠨᠠᠮᠠᠵᠦ ᠳᠠᠬᠢᠨ ᠠᠶᠠᠭᠠᠯᠠᠬᠤ ᠪᠦᠷᠢ ᠠᠶᠠᠭ᠎ᠠ ᠶᠢ ᠨᠢ ᠳᠤᠰᠤᠨ ᠠᠪᠤᠭᠠᠳ ᠬᠤᠭᠤᠯᠠ ᠴᠠᠢ ᠪᠠᠨ ᠨᠠᠮᠡᠭᠰᠡᠨ ᠤ ᠳᠠᠷᠠᠭ᠎ᠠ ᠳᠠᠬᠢᠨ ᠭᠠᠷᠳᠠᠭᠤᠯᠵᠦ ᠦᠭᠭᠦᠨ᠎ᠡ᠃ ᠰᠢᠭᠤᠳ ᠵᠤᠴᠢᠨ ᠢᠶᠠᠷ ᠠᠠᠶᠠᠭ᠎ᠠ ᠳᠤᠰᠤᠭᠤᠯᠤᠨ ᠠᠶᠠᠭᠠᠯᠠᠳᠠᠭ ᠦᠭᠡᠢ᠃ ᠶᠠᠮᠠᠷ ᠬᠦᠮᠦᠨ ᠳᠤ ᠪᠤᠯᠤᠭᠰᠠᠨ ᠴᠤ᠂ ᠬᠤᠭᠤᠯᠠ ᠴᠠᠢ ᠨᠠᠮᠠᠵᠦ ᠠᠶᠠᠭᠠᠯᠠᠬᠤ ᠳᠠᠭᠠᠨ ᠤᠳᠠᠭ᠎ᠠ ᠪᠦᠷᠢ ᠪᠤᠰᠴᠤ ᠵᠤᠭᠰᠤᠨ ᠠᠶᠠᠭᠠᠯᠠᠳᠠᠭ᠃ ᠰᠠᠭᠤᠭ᠎ᠠ ᠪᠠᠷ ᠢᠶᠠᠨ ᠠᠶᠠᠭᠠᠯᠠᠬᠤ᠂ ᠡᠰᠠᠭᠦᠯ᠎ᠠ ᠠᠶᠠᠭ᠎ᠠ ᠶᠢ ᠨᠢ ᠬᠦᠰᠠᠷ ᠪᠤᠶᠤ ᠰᠢᠷᠡᠭᠡᠨ ᠳᠡᠭᠡᠷ᠎ᠡ ᠳᠠᠯᠪᠢᠴᠢᠬᠠᠭᠠᠳ ᠠᠶᠠᠭᠠᠯᠠᠬᠤ ᠨᠢ ᠪᠤᠰᠤᠳ ᠢ ᠬᠦᠨᠳᠦᠳᠭᠡᠭᠰᠡᠨ ᠦᠭᠡᠢ ᠪᠤᠶᠤ ᠮᠤᠷᠠᠯ ᠦᠭᠡᠢ ᠳᠤ ᠳᠤᠭᠠᠴᠠᠭᠳᠠᠳᠠᠭ᠃ ᠬᠤᠭᠤᠯᠠ ᠴᠠᠢ ᠠᠶᠠᠭᠠᠯᠠᠵᠦ ᠪᠠᠷᠢᠬᠤ ᠳᠠᠭᠠᠨ ᠦᠭᠡ ᠳᠠᠭᠤ ︵ᠦᠭᠡ ᠳᠤᠤᠭᠠᠷᠤᠯ︶ ᠦᠭᠡᠢ ᠪᠠᠷ ᠠᠶᠠᠭᠠᠯᠠᠵᠦ ᠪᠠᠷᠢᠳᠠᠭ᠃ ᠭᠡᠶᠢᠴᠢᠨ ᠵᠤᠴᠢᠨ ᠠᠶᠠᠭᠠᠯᠠᠵᠦ ᠦᠭᠭᠦᠭᠰᠡᠨ ᠬᠤᠭᠤᠯᠠ ᠴᠠᠢ ᠶᠢ ᠴᠢᠨᠢ ᠢᠳᠡᠭᠡᠳ ︵ᠤᠤᠭᠤᠭᠠᠳ︶ ᠪᠠᠷᠠᠴᠢᠬᠠᠭᠰᠠᠨ ᠪᠤᠯ ︽ᠳᠠᠬᠢᠭᠠᠳ ᠠᠪᠬᠤ ᠤᠤ︾ ᠭᠡᠵᠦ ᠠᠰᠠᠭᠤᠳᠠᠭ ᠦᠭᠡᠢ᠃ ᠪᠤᠰᠤᠳ ᠢ ᠠᠶᠠᠭ᠎ᠠ ᠪᠠᠨ ᠳᠠᠯᠪᠢᠬᠤ ᠠᠴᠠ ᠡᠮᠤᠨ᠎ᠡ ᠠᠮᠵᠢᠨ ᠨᠠᠮᠠᠵᠦ ᠠᠶᠠᠭᠠᠯᠠᠵᠦ ᠦᠭᠳᠡᠭ᠃      ᠠᠶᠠᠭ᠎ᠠ ᠪᠠᠷᠢᠬᠤ᠂ ᠳᠤᠰᠬᠤ᠂ ᠭᠠᠷᠳᠠᠭᠤᠯᠬᠤ᠄ ᠮᠤᠩᠭᠤᠯᠴᠤᠳ ᠪᠠᠷᠠᠭᠤᠨ ᠭᠠᠷ ᠪᠤᠯ ᠵᠦᠪ ᠭᠠᠷ ᠂ ᠵᠠᠬᠦᠨ ᠭᠠᠷ ᠪᠤᠯ ᠰᠤᠯᠢᠭᠠᠢ ᠭᠠᠷ ᠭᠡᠵᠦ ᠦᠵᠡᠳᠡᠭ᠃ ᠡᠶᠢᠮᠦ ᠠᠴᠠ ᠠᠯᠢᠪᠠ ᠶᠠᠭᠤᠮ᠎ᠠ ᠶᠢ ᠤᠯᠠᠩᠬᠢ ᠳᠠᠭᠠᠨ ᠵᠦᠪ ᠭᠠᠷ ᠢᠶᠠᠷ ᠢᠶᠠᠨ ᠤᠷᠢᠳᠴᠢᠯᠠᠨ ᠪᠠᠷᠢᠵᠦ ᠳᠤᠰᠳᠠᠭ᠃ ᠬᠤᠭᠤᠯᠠ ᠴᠠᠢ ᠠᠶᠠᠭᠠᠯᠠᠵᠦ ᠪᠤᠰᠤᠳ ᠲᠤ ᠭᠠᠷᠳᠠᠭᠤᠯᠬᠤ ᠪᠤᠶᠤ ᠪᠤᠰᠤᠳ ᠤᠨ ᠠᠶᠠᠭ᠎ᠠ ᠶᠢ ᠳᠤᠰᠬᠤ ᠳᠠᠭᠠᠨ ᠴᠤ ᠴᠦᠮ ᠪᠠᠷᠠᠭᠤᠨ ᠭᠠᠷ ᠢᠶᠠᠷ ᠢᠶᠠᠨ ᠪᠠᠷᠢᠵᠦ ᠭᠠᠷᠳᠠᠭᠤᠯᠵᠦ᠂ ᠪᠠᠷᠠᠭᠤᠨ ᠭᠠᠷ ᠢᠶᠠᠷ ᠢᠶᠠᠨ ᠳᠤᠰᠴᠤ ᠠᠪᠳᠠᠭ᠃ ᠵᠠᠬᠦᠨ ᠭᠠᠷ ᠢᠶᠠᠷ ᠢᠶᠠᠨ ᠪᠠᠷᠢᠵᠦ ᠭᠠᠷᠳᠠᠭᠤᠯᠬᠤ ᠪᠤᠶᠤ ᠳᠤᠰᠴᠤ ᠠᠪᠳᠠᠭ ᠦᠭᠡᠢ᠃ ᠰᠤᠯᠢᠭᠠᠢ ᠭᠠᠷ ᠢᠶᠠᠷ ᠢᠶᠠᠨ ᠪᠠᠷᠢᠬᠤ ᠪᠤᠶᠤ ᠰᠤᠯᠢᠭᠠᠢ ᠭᠠᠷ ᠢᠶᠠᠷ ᠢᠶᠠᠨ ᠶᠠᠭᠤᠮ᠎ᠠ ᠳᠤᠰᠬᠤ ᠶᠢ ᠴᠦᠮ ᠮᠤᠷᠠᠯ ᠦᠭᠡᠢ᠂ ᠶᠠᠭᠤᠮ᠎ᠠ ᠮᠠᠳᠡᠬᠦ ᠦᠭᠡᠢ᠂ ᠪᠤᠰᠤᠳ ᠢ ᠬᠦᠨᠳᠤᠳᠭᠡᠭᠦ ᠶᠢ ᠮᠠᠳᠠᠭᠦ ᠦᠭᠡᠢ ᠭᠡᠵᠦ ᠦᠵᠡᠳᠡᠭ᠃ ᠳᠠᠷᠠᠴᠢᠯᠠᠨ ᠰᠤᠯᠢᠭᠠᠢ ᠭᠠᠷ ᠢᠶᠠᠷ ᠢᠶᠠᠨ ᠶᠠᠭᠤᠮ᠎ᠠ ᠭᠦᠷᠭᠡᠵᠦ ᠳᠤᠰᠬᠤ ᠨᠢ ᠪᠡᠯᠭᠡ ᠳᠠᠮᠪᠠᠷᠢᠯ ᠦᠭᠡᠢ᠂ ᠡᠶᠢᠮᠦ ᠶᠠᠭᠤᠮ᠎ᠠ ᠬᠦᠮᠦᠨ ᠤ ᠪᠠᠶ᠎ᠠ ᠳᠤ ᠳᠤᠭᠳᠠᠬᠤ ᠦᠭᠡᠢ ᠭᠡᠵᠦ ᠴᠤ ᠦᠵᠡᠳᠡᠭ᠃ ᠬᠤᠭᠤᠯᠠ ᠴᠠᠢ᠂ ᠪᠤᠳᠠᠭ᠎ᠠ ᠱᠦᠯᠦ ᠠᠶᠠᠭᠠᠯᠠᠬᠤ ᠳᠠᠭᠠᠨ᠂ ᠵᠡᠬᠦᠨ ᠭᠠᠷ ᠲᠠᠭᠠᠨ ᠠᠶᠠᠭ᠎ᠠ ᠪᠠᠨ ᠪᠠᠷᠢᠵᠦ ᠪᠠᠷᠠᠭᠤᠨ ᠭᠠᠷ ᠢᠶᠠᠷ ᠢᠶᠠᠨ ᠰᠢᠨᠠᠭ᠎ᠠ᠂ ᠳᠠᠪᠤᠷ᠎ᠠ᠂ ᠳᠠᠩᠬᠤᠤ ᠪᠠᠨ ᠪᠠᠷᠢᠨ ᠬᠤᠭᠤᠯᠠ ᠴᠠᠢ ᠪᠠᠨ ᠬᠢᠵᠦ ᠠᠶᠠᠭᠠᠯᠠᠳᠠᠭ᠃ ᠬᠠᠷᠢᠨ ᠪᠠᠷᠠᠭᠤᠨ ᠭᠠᠷ ᠲᠠᠭᠠᠨ ᠠᠶᠠᠭ᠎ᠠ ᠪᠠᠨ ᠪᠠᠷᠢᠵᠦ᠂ ᠵᠠᠬᠦᠨ ᠭᠠᠷ ᠢᠶᠠᠷ ᠢᠶᠠᠨ ᠰᠢᠨᠠᠭ᠎ᠠ᠂ ᠳᠠᠪᠤᠷ᠎ᠠ᠂ ᠳᠠᠩᠬᠤᠤ ᠪᠠᠨ ᠪᠠᠷᠢᠵᠦ ᠠᠶᠠᠭᠠᠯᠠᠳᠠᠭ ᠤᠴᠢᠷ ᠭᠡᠵᠦ ᠪᠠᠶᠢᠬᠤ ᠦᠭᠡᠢ᠃ ᠠᠶᠠᠭᠠᠨ ᠳᠠᠭᠠᠨ ᠬᠤᠭᠤᠯᠠ ᠴᠠᠢ᠂ ᠪᠤᠳᠠᠭ᠎ᠠ ᠱᠦᠯᠦ ᠪᠠᠨ ᠬᠢᠵᠦ ᠠᠶᠠᠭᠠᠯᠠᠵᠦ ᠪᠠᠷᠠᠭᠰᠠᠨ ᠤ ᠳᠠᠷᠠᠭ᠎ᠠ᠂ ᠭᠠᠷ ᠢᠶᠠᠨ ᠰᠤᠯᠢᠨ ︵ᠵᠡᠬᠦᠨ ᠭᠠᠷ ᠲᠠᠬᠢ ᠠᠶᠠᠭ᠎ᠠ ᠪᠠᠨ ᠪᠠᠷᠠᠭᠤᠨ ᠭᠠᠷ ᠲᠠᠭᠠᠨ ᠰᠤᠯᠢᠨ ᠪᠠᠷᠢᠵᠦ︶ ᠠᠶᠠᠭ᠎ᠠ ᠪᠠᠨ ᠦᠭᠳᠡᠭ᠃ ᠤᠳᠤ ᠪᠦᠷ ᠴᠤᠮᠤᠨ ᠳᠤ ᠴᠠᠢ ᠤᠰᠤ ᠴᠤᠮᠤᠯᠠᠵᠦ ᠠᠶᠠᠭᠠᠯᠠᠵᠦ ᠪᠠᠶᠢᠭ᠎ᠠ᠃ ᠴᠠᠢ ᠤᠰᠤ ᠶᠢ ᠴᠤᠮᠤᠨ ᠳᠤ ᠬᠢᠵᠦ ᠦᠭᠭᠦᠭᠰᠡᠨ ᠴᠤ ᠮᠦᠨ ᠡᠬᠦᠨ ᠲᠠᠢ ᠠᠳᠠᠯᠠᠢ ᠶᠤᠮ᠃ ︽ᠴᠤᠮᠤ ᠶᠤᠮ᠃ ᠬᠠᠮᠢᠶ᠎ᠠ ᠦᠭᠡᠢ︾ ᠭᠡᠳ᠂ ︽ᠲᠠ ᠴᠤᠮᠤ ᠪᠠᠨ ᠳᠠᠨᠳᠠ ᠳᠠᠯᠪᠢᠴᠢᠬ᠎ᠠ᠂ ᠪᠢ ᠴᠠᠢ ︵ᠤᠰᠤ︶ ᠨᠠᠮᠠᠵᠦ ᠦᠭᠭᠦᠶ᠎ᠡ︾ ᠭᠡᠵᠦ ᠪᠤᠯᠬᠤ ᠦᠭᠡᠢ᠃ ᠴᠤᠮᠤ ᠶᠢ ᠨᠢ ᠳᠤᠰᠤᠨ ᠠᠪᠴᠦ ᠵᠠᠬᠦᠨ ᠭᠠᠷ ᠲᠠᠭᠠᠨ ᠪᠠᠷᠢᠭᠠᠳ ᠪᠤᠶᠤ ᠳᠤᠭᠳᠠᠭᠰᠠᠨ ᠨᠢᠭᠡᠨ ᠭᠠᠵᠠᠷ ᠳᠠᠯᠪᠢᠴᠢᠬᠠᠭᠠᠳ᠂ ᠴᠠᠢ ᠤᠰᠤ ᠪᠠᠨ ᠨᠠᠮᠠᠵᠦ ᠬᠢᠴᠢᠭᠡᠳ᠂ ᠪᠠᠷᠠᠭᠤᠨ ᠭᠠᠷ ᠢᠶᠠᠷ ᠢᠶᠠᠨ ᠰᠤᠯᠢᠨ ᠪᠠᠷᠢᠵᠦ ᠭᠡᠶᠢᠴᠢᠨ ᠵᠤᠴᠢᠨ ᠳᠤ ᠭᠠᠷᠳᠠᠭᠤᠯᠬᠤ ᠪᠤᠶᠤ ᠡᠮᠤᠨ᠎ᠡ ᠨᠢ ᠠᠪᠴᠠᠵᠦ ᠳᠠᠯᠪᠢᠵᠦ ᠦᠭᠭᠦᠨ᠎ᠡ᠃ ᠢᠩᠬᠢᠬᠦ ᠨᠢ ᠰᠠᠶ᠋ᠢ ᠮᠤᠷᠠᠯ ᠶᠤᠰᠤ ᠲᠠᠢ᠂ ᠶᠠᠭᠤᠮ᠎ᠠ ᠮᠠᠳᠡᠳᠡᠭ᠂ ᠪᠤᠰᠤᠳ ᠢ ᠬᠦᠨᠳᠦᠳᠭᠡᠭᠰᠡᠨ ᠢᠶᠠᠷ ᠬᠠᠷᠠᠭᠳᠠᠨ᠎ᠠ᠃ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号