| ᠬᠤᠭᠤᠯᠠ ᠴᠠᠢ ᠠᠶᠠᠭᠠᠯᠠᠵᠦ ᠪᠠᠷᠢᠬᠤ ᠶᠤᠰᠤ ᠵᠠᠩᠰᠢᠯ ᠪᠤᠯ ᠮᠤᠩᠭᠤᠯᠴᠤᠳ ᠤᠨ ᠤᠯᠠᠮᠵᠢᠯᠠᠯᠳᠦ | ᠶᠤᠰᠤ ᠵᠠᠩᠰᠢᠯ ᠤᠨ ᠳᠤᠮᠳᠠᠭᠢ ᠭᠤᠤᠯ ᠪᠤᠯᠬᠤ ᠶᠤᠰᠤ ᠵᠠᠩᠰᠢᠯ ᠤᠨ ᠨᠢᠭᠡᠨ ᠪᠤᠯᠬᠤ ᠶᠤᠮ᠃ ᠬᠦᠮᠦᠰ ᠳᠤᠭᠤᠭ᠎ᠠ ᠲᠠᠢ | ᠱᠦᠯᠦ᠂ ᠬᠤᠭᠤᠯᠠ ᠪᠤᠶᠤ ᠳᠠᠪᠤᠷ᠎ᠠ ᠳᠠᠩᠬᠤᠤ ᠲᠠᠢ ᠴᠠᠢ ᠶᠢ ᠠᠶᠠᠭ᠎ᠠ ᠱᠠᠭᠠᠵᠢᠩ ᠳᠤ ᠠᠶᠠᠭᠠᠯᠠᠵᠦ ᠪᠤᠰᠤᠳ ᠲᠤ | ᠪᠠᠷᠢᠬᠤ ᠶᠢ ᠬᠤᠭᠤᠯᠠ ᠴᠠᠢ ᠠᠶᠠᠭᠠᠯᠠᠵᠦ ᠪᠠᠷᠢᠬᠤ ᠭᠡᠳᠡᠭ᠃ ᠬᠠᠷᠠᠬᠤ ᠳᠤ ᠡᠨᠡ ᠨᠢ ᠨᠢᠭᠡ ᠬᠦᠮᠦᠨ ᠨᠢ ᠨᠦᠬᠦᠭᠡ | ᠨᠢᠭᠡ ᠬᠦᠮᠦᠨ ᠳᠡᠭᠡᠨ ᠬᠤᠭᠤᠯᠠ ᠪᠤᠳᠠᠭ᠎ᠠ᠂ ᠴᠠᠢ ᠱᠦᠯᠦ ᠠᠶᠠᠭᠠᠯᠠᠵᠦ ᠠᠶᠠᠭ᠎ᠠ ᠱᠠᠭᠠᠵᠢᠩ ᠳᠠᠮᠵᠢᠭᠤᠯᠵᠦ ᠪᠠᠶᠢᠭ᠎ᠠ | ᠶᠠᠯᠢᠮᠵᠢ ᠦᠭᠡᠢ ᠵᠢᠵᠢᠭᠭᠡᠨ ᠦᠢᠯᠠ ᠬᠦᠳᠡᠯᠤᠯ᠂ ᠦᠢᠯᠠᠳᠤᠯ ᠶᠠᠪᠤᠴᠠ ᠪᠤᠯᠪᠠᠴᠤ᠂ ᠡᠬᠦᠨ ᠲᠠᠢ ᠬᠤᠯᠪᠤᠭᠳᠠᠬᠤ ᠶᠤᠰᠤ | ᠭᠤᠷᠢᠮ᠂ ᠵᠠᠩ ᠦᠢᠯᠠ ᠭᠡᠵᠦ ᠳᠤᠩ ᠤᠯᠠᠨ ᠪᠠᠶᠢᠳᠠᠭ᠃ | ᠠᠶᠠᠭ᠎ᠠ ᠰᠤᠩᠭᠤᠬᠤ᠄ ᠬᠤᠭᠤᠯᠠ ᠴᠠᠢ ᠠᠶᠠᠭᠠᠯᠠᠬᠤ ᠠᠶᠠᠭ᠎ᠠ ᠱᠠᠭᠠᠵᠢᠩ ᠨᠢ ᠡᠷᠭᠡᠪᠡᠰᠢ ᠴᠠᠪᠠᠷ | ᠮᠦᠷᠳᠡᠭᠡᠨ ᠡᠮᠳᠠᠷᠴᠤ ᠬᠤᠯᠳᠤᠷᠴᠤ ᠰᠠᠪᠳᠤᠵᠦ ᠴᠠᠪ ᠭᠠᠷᠤᠭᠰᠠᠨ ᠦᠭᠡᠢ ᠠᠶᠠᠭ᠎ᠠ ᠱᠠᠭᠠᠵᠢᠩ ᠪᠠᠶᠢᠬᠤ ᠭᠡᠷᠡᠭᠳᠡᠢ᠃ | ᠤᠬᠢᠶᠠᠵᠦ ᠴᠠᠪᠠᠷᠯᠡᠭᠰᠡᠨ ᠦᠭᠡᠢ ᠪᠤᠶᠤ ᠮᠠᠭᠤᠬᠠᠨ ᠤᠬᠢᠶᠠᠵᠦ ᠠᠷᠴᠢᠭᠰᠠᠨ᠂ ᠡᠰᠠᠬᠦᠯ᠎ᠠ ᠡᠮᠳᠡᠷᠡᠭᠡᠢ᠂ ᠴᠠᠪ ᠲᠠᠢ | ᠠᠶᠠᠭ᠎ᠠ ᠱᠠᠭᠠᠵᠢᠩ ᠲᠤ ᠪᠤᠰᠤᠳ ᠲᠤ ᠪᠤᠶᠤ ᠭᠡᠶᠢᠴᠢᠨ ᠵᠤᠴᠢᠳ ᠲᠤ ᠬᠤᠭᠤᠯᠠ ᠴᠠᠢ ᠠᠶᠠᠭᠠᠯᠠᠵᠦ ᠦᠭᠭᠦ ᠶᠢ | ᠬᠦᠮᠦᠰ ᠮᠤᠷᠠᠯ ᠦᠭᠡᠢ᠂ ᠶᠠᠭᠤᠮ᠎ᠠ ᠮᠠᠳᠡᠭᠦ ᠦᠭᠡᠢ᠂ ᠪᠤᠰᠤᠳ ᠢ ᠬᠦᠨᠳᠦᠳᠭᠬᠦ ᠦᠭᠡᠢ᠂ ᠪᠡᠯᠭᠡ ᠳᠠᠮᠪᠡᠷᠡᠯ ᠦᠭᠡᠢ | ᠪᠠᠶᠢᠭ᠎ᠠ ᠶᠢᠨ ᠭᠡᠵᠦ ᠦᠵᠡᠳᠡᠭ᠃ ᠨᠠᠩ ᠴᠤ ᠪᠤᠰᠤᠳ ᠤᠨ ᠬᠤᠭᠤᠯᠠ ᠪᠤᠳᠠᠭ᠎ᠠ ᠢᠳᠠᠵᠦ ᠴᠠᠢ ᠤᠰᠤ ᠤᠤᠭᠤᠵᠦ | ᠦᠩᠭᠡᠷᠡᠭᠰᠡᠨ ᠠᠶᠠᠭ᠎ᠠ ᠱᠠᠭᠠᠵᠢᠩ ᠢ ᠳᠠᠮᠠᠢ ᠰᠠᠶᠢᠨ ᠤᠬᠢᠶᠠᠵᠦ ᠴᠠᠪᠠᠷᠯᠠᠬᠦ ᠦᠭᠡᠢ ᠪᠠᠷ ᠪᠠᠭ᠎ᠠ ᠰᠠᠭ᠎ᠠ ︵ᠴᠠᠢ ᠤᠰᠤ | ᠪᠠᠷ︶ ᠵᠠᠶᠢᠯᠠᠵᠦ ᠠᠷᠴᠢᠴᠢᠬᠠᠭᠠᠳ ᠪᠤᠰᠤᠳ ᠲᠤ ᠬᠤᠭᠤᠯᠠ ᠴᠠᠢ ᠠᠶᠠᠭᠠᠯᠠᠵᠦ ᠦᠭᠭᠦ ᠶᠢ ᠪᠤᠵᠠᠷ ᠪᠤᠷᠳᠤᠭ᠂ | ᠠᠵᠢᠭᠴᠢ ᠬᠢᠨᠠᠭᠤᠷ ᠪᠤᠰᠤ᠂ ᠠᠷᠢᠭᠤᠨ ᠴᠠᠪᠠᠷ ᠢ ᠳᠠᠮᠠᠢ ᠡᠷᠬᠢᠮᠯᠠᠵᠦ ᠪᠠᠷᠢᠵᠦ ᠴᠢᠳᠠᠬᠤ ᠦᠭᠡᠢ ᠪᠠᠶᠢᠬᠤ ᠶᠢᠨ ᠬᠢ | ᠭᠡᠵᠦ ᠴᠤ ᠦᠵᠡᠳᠡᠭ᠃ | ᠬᠤᠭᠤᠯᠠ ᠴᠠᠢ ᠠᠶᠠᠭᠠᠯᠠᠬᠤ᠄ ᠭᠡᠨ ᠳᠤ ᠴᠤ ᠪᠤᠯᠤᠭᠰᠠᠨ᠂ ᠴᠠᠢ ᠱᠦᠯᠦ᠂ ᠬᠤᠭᠤᠯᠠ ᠪᠤᠳᠠᠭ᠎ᠠ | ᠠᠶᠠᠭᠠᠯᠠᠬᠤ ᠳᠠᠭᠠᠨ ᠭᠡᠳᠦᠷᠭᠡᠢ ᠳᠦᠭᠦᠷᠳᠡᠯ᠎ᠡ ᠪᠢᠯᠬᠠᠳᠠᠯ᠎ᠠ ᠠᠶᠠᠭᠠᠯᠠᠬᠤ ᠪᠤᠶᠤ ᠳᠤᠮᠳᠠᠭᠤᠷ ᠠᠶᠠᠭᠠᠯᠠᠵᠦ ᠪᠤᠯᠬᠤ | ᠦᠭᠡᠢ᠃ ᠱᠦᠯᠦ ᠤᠰᠤ᠂ ᠴᠠᠢ ᠪᠤᠳᠠᠭ᠎ᠠ ᠶᠢ ᠨᠢ ᠳᠠᠩᠴᠠᠬᠦᠷᠢ ᠲᠠᠢ ᠠᠶᠠᠭᠠᠯᠠᠬᠤ ᠭᠡᠷᠡᠭᠳᠡᠢ᠃ ᠭᠡᠳᠦᠷᠭᠡᠢ | ᠳᠦᠬᠦᠷᠳᠡᠯᠡ ᠪᠢᠯᠬᠠᠳᠠᠯ᠎ᠠ ᠠᠶᠠᠭᠠᠯᠠᠬᠤ ᠪᠤᠶᠤ ᠳᠤᠮᠳᠠᠭᠤᠷ ᠠᠶᠠᠭᠠᠯᠠᠬᠤ ᠨᠢ ᠴᠦᠮ ᠮᠤᠷᠠᠯ ᠦᠭᠡᠢ᠂ ᠶᠠᠭᠤᠮᠠᠨ ᠤ ᠭᠡᠮ | ᠵᠢᠮ᠂ ᠭᠡᠮᠵᠢᠶ᠎ᠡ ᠳᠤᠮᠵᠢᠶ᠎ᠠ ᠶᠢ ᠮᠠᠳᠡᠭᠦ ᠦᠭᠡᠢ ᠳᠤ ᠳᠤᠭᠠᠴᠠᠭᠳᠠᠳᠠᠭ᠃ ᠤᠨᠴᠠᠭᠠᠶᠢᠯᠠᠨ ᠳᠠᠩᠳᠠᠭᠦᠦ ᠳᠤᠮᠳᠠᠭᠤᠷ | ᠠᠶᠠᠭᠠᠯᠠᠬᠤ ᠨᠢ ᠬᠦᠮᠦᠨ ᠳᠤ ᠬᠤᠭᠤᠯᠠ ᠴᠠᠢ ᠪᠠᠨ ᠬᠠᠷᠠᠮᠨᠠᠵᠦ ᠪᠠᠶᠢᠭ᠎ᠠ ᠬᠡᠬᠦ ᠰᠢᠦ ᠪᠤᠶᠤ ᠬᠤᠭᠤᠯᠠ ᠴᠠᠢ ᠨᠢ | ᠬᠦᠷᠭᠦ ᠦᠭᠡᠢ ᠪᠤᠯᠤᠭᠰᠠᠨ ᠭᠡᠭᠦ ᠰᠢᠤ ᠳᠦᠷᠦᠭᠳᠡᠯ ᠠᠮᠠᠷᠬᠠᠨ ᠤᠯᠭᠤᠳᠠᠭ᠃ ᠬᠤᠭᠤᠯᠠ ᠴᠠᠢ ᠠᠶᠠᠭᠠᠯᠠᠬᠤ ᠠᠶᠠᠭ᠎ᠠ | ᠪᠠᠨ ᠪᠠᠷᠢᠬᠤ ᠳᠤ᠂ ᠠᠶᠠᠭᠠᠨ ᠠᠮᠠᠰᠠᠷ ᠢ ᠡᠷᠡᠭᠡᠢ ᠬᠤᠷᠤᠭᠤᠨ ᠦᠨᠳᠡᠭᠡ ᠪᠠᠷ ᠢᠶᠠᠨ ᠳᠠᠷᠤᠬᠤ ᠳᠤ ᠡᠷᠡᠭᠡᠢ ᠬᠤᠷᠤᠭᠤᠨ | ᠦᠨᠳᠡᠭᠡ ᠨᠢ ᠬᠤᠭᠤᠯᠠ ᠴᠠᠢ ᠳᠤ ᠤᠷᠤᠬᠤ ︵ᠳᠦᠷᠢᠬᠦ︶ ᠦᠭᠡᠢ ᠪᠤᠯ ᠪᠤᠯᠴᠢᠬᠠᠨ᠎ᠠ᠃ ᠦᠩᠭᠡᠷᠡᠦ ᠯᠠᠪᠳᠠᠭᠤᠨ | ᠠᠳᠬᠤᠵᠦ ᠪᠠᠷᠢᠭᠰᠠᠨ ᠤ ᠴᠢᠬᠤᠯᠠ ᠦᠭᠡᠢ᠂ ᠬᠦᠩᠭᠡᠭᠡᠨ ᠰᠢᠭ ᠪᠠᠷᠢᠵᠦ ᠠᠳᠬᠤᠪᠠᠯ ᠵᠤᠬᠢᠴᠠᠯᠳᠠᠢ᠃ ᠴᠠᠢ | ᠠᠶᠠᠭᠠᠯᠠᠬᠤ ᠳᠤ᠂ ᠳᠠᠪᠤᠷ᠎ᠠ ᠳᠠᠩᠬᠤᠤ ᠪᠠᠨ ᠳᠠᠭᠡᠷ᠎ᠡ ᠡᠷᠭᠦᠨ ᠰᠦᠷᠴᠢᠬᠢᠨᠠᠳᠡᠯᠡ ᠭᠤᠭᠤᠵᠢᠭᠤᠯᠵᠦ ᠡᠰᠠ ᠪᠤᠯᠬᠤ᠂ | ᠤᠯᠠᠨᠳᠠ ᠳᠠᠰᠤᠯᠳᠠᠭᠤᠯᠵᠦ ᠪᠠᠰᠠ ᠡᠰᠠ ᠪᠤᠯᠬᠤ᠂ ᠬᠤᠭᠤᠯᠠ ᠱᠦᠯᠦ ᠠᠶᠠᠭᠠᠯᠠᠬᠤ ᠳᠤ ᠪᠠᠭ᠎ᠠ ᠪᠠᠭ᠎ᠠ ᠪᠠᠷ ᠠᠬᠢᠨ | ᠳᠠᠬᠢᠨ ᠭᠡᠮᠨᠡᠵᠦ ᠬᠢᠵᠦ ᠡᠰᠠ ᠪᠤᠯᠬᠤ᠂ ᠨᠢᠭᠡᠯᠡ ᠳᠠᠭᠡᠷ᠎ᠡ ᠳᠠᠩᠴᠠᠬᠦᠷᠢ ᠲᠠᠢ ᠬᠢᠬᠦ᠂ ᠠᠶᠠᠭᠠᠯᠠᠬᠤ᠃ ᠡᠳᠡᠭᠡᠷ ᠪᠤᠯ | ᠬᠤᠭᠤᠯᠠ ᠴᠠᠢ ᠠᠶᠠᠭᠠᠯᠠᠬᠤ ᠳᠤ ᠡᠷᠭᠡᠪᠡᠰᠢ ᠠᠩᠬᠠᠷᠪᠠᠰᠤ ᠮᠠᠳᠠᠪᠠᠰᠤ ᠵᠤᠬᠢᠬᠤ ᠵᠦᠢᠯᠠᠰ ᠪᠢᠯᠠ︕ | ᠬᠤᠭᠤᠯᠠ ᠴᠠᠢ ᠨᠠᠮᠠᠬᠦ᠄ ᠠᠬᠠᠮᠠᠳ ᠨᠠᠰᠤᠳᠠᠳ ᠪᠤᠶᠤ ᠭᠡᠶᠢᠴᠢᠨ ᠵᠤᠴᠢᠳ ᠲᠤ ᠬᠤᠭᠤᠯᠠ ᠴᠠᠢ | ᠨᠠᠮᠠᠵᠦ ᠳᠠᠬᠢᠨ ᠠᠶᠠᠭᠠᠯᠠᠬᠤ ᠪᠦᠷᠢ ᠠᠶᠠᠭ᠎ᠠ ᠶᠢ ᠨᠢ ᠳᠤᠰᠤᠨ ᠠᠪᠤᠭᠠᠳ ᠬᠤᠭᠤᠯᠠ ᠴᠠᠢ ᠪᠠᠨ ᠨᠠᠮᠡᠭᠰᠡᠨ ᠤ ᠳᠠᠷᠠᠭ᠎ᠠ | ᠳᠠᠬᠢᠨ ᠭᠠᠷᠳᠠᠭᠤᠯᠵᠦ ᠦᠭᠭᠦᠨ᠎ᠡ᠃ ᠰᠢᠭᠤᠳ ᠵᠤᠴᠢᠨ ᠢᠶᠠᠷ ᠠᠠᠶᠠᠭᠠ ᠳᠤᠰᠤᠭᠤᠯᠤᠨ ᠠᠶᠠᠭᠠᠯᠠᠳᠠᠭ ᠦᠭᠡᠢ᠃ ᠶᠠᠮᠠᠷ | ᠬᠦᠮᠦᠨ ᠳᠤ ᠪᠤᠯᠤᠭᠰᠠᠨ ᠴᠤ᠂ ᠬᠤᠭᠤᠯᠠ ᠴᠠᠢ ᠨᠠᠮᠠᠵᠦ ᠠᠶᠠᠭᠠᠯᠠᠬᠤ ᠳᠠᠭᠠᠨ ᠤᠳᠠᠭ᠎ᠠ ᠪᠦᠷᠢ ᠪᠤᠰᠴᠤ ᠵᠤᠭᠰᠤᠨ | ᠠᠶᠠᠭᠠᠯᠠᠳᠠᠭ᠃ ᠰᠠᠭᠤᠭ᠎ᠠ ᠪᠠᠷ ᠢᠶᠠᠨ ᠠᠶᠠᠭᠠᠯᠠᠬᠤ᠂ ᠡᠰᠠᠭᠦᠯ᠎ᠠ ᠠᠶᠠᠭ᠎ᠠ ᠶᠢ ᠨᠢ ᠬᠦᠰᠠᠷ ᠪᠤᠶᠤ ᠰᠢᠷᠡᠭᠡᠨ ᠳᠡᠭᠡᠷ᠎ᠡ | ᠳᠠᠯᠪᠢᠴᠢᠬᠠᠭᠠᠳ ᠠᠶᠠᠭᠠᠯᠠᠬᠤ ᠨᠢ ᠪᠤᠰᠤᠳ ᠢ ᠬᠦᠨᠳᠦᠳᠭᠡᠭᠰᠡᠨ ᠦᠭᠡᠢ ᠪᠤᠶᠤ ᠮᠤᠷᠠᠯ ᠦᠭᠡᠢ ᠳᠤ ᠳᠤᠭᠠᠴᠠᠭᠳᠠᠳᠠᠭ᠃ | ᠬᠤᠭᠤᠯᠠ ᠴᠠᠢ ᠠᠶᠠᠭᠠᠯᠠᠵᠦ ᠪᠠᠷᠢᠬᠤ ᠳᠠᠭᠠᠨ ᠦᠭᠡ ᠳᠠᠭᠤ ︵ᠦᠭᠡ ᠳᠤᠤᠭᠠᠷᠤᠯ︶ ᠦᠭᠡᠢ ᠪᠠᠷ ᠠᠶᠠᠭᠠᠯᠠᠵᠦ | ᠪᠠᠷᠢᠳᠠᠭ᠃ ᠭᠡᠶᠢᠴᠢᠨ ᠵᠤᠴᠢᠨ ᠠᠶᠠᠭᠠᠯᠠᠵᠦ ᠦᠭᠭᠦᠭᠰᠡᠨ ᠬᠤᠭᠤᠯᠠ ᠴᠠᠢ ᠶᠢ ᠴᠢᠨᠢ ᠢᠳᠡᠭᠡᠳ ︵ᠤᠤᠭᠤᠭᠠᠳ︶ | ᠪᠠᠷᠠᠴᠢᠬᠠᠭᠰᠠᠨ ᠪᠤᠯ ︽ᠳᠠᠬᠢᠭᠠᠳ ᠠᠪᠬᠤ ᠤᠤ︾ ᠭᠡᠵᠦ ᠠᠰᠠᠭᠤᠳᠠᠭ ᠦᠭᠡᠢ᠃ ᠪᠤᠰᠤᠳ ᠢ ᠠᠶᠠᠭ᠎ᠠ ᠪᠠᠨ | ᠳᠠᠯᠪᠢᠬᠤ ᠠᠴᠠ ᠡᠮᠤᠨ᠎ᠡ ᠠᠮᠵᠢᠨ ᠨᠠᠮᠠᠵᠦ ᠠᠶᠠᠭᠠᠯᠠᠵᠦ ᠦᠭᠳᠡᠭ᠃ | ᠠᠶᠠᠭ᠎ᠠ ᠪᠠᠷᠢᠬᠤ᠂ ᠳᠤᠰᠬᠤ᠂ ᠭᠠᠷᠳᠠᠭᠤᠯᠬᠤ᠄ ᠮᠤᠩᠭᠤᠯᠴᠤᠳ ᠪᠠᠷᠠᠭᠤᠨ ᠭᠠᠷ ᠪᠤᠯ ᠵᠦᠪ ᠭᠠᠷ | ᠂ ᠵᠠᠬᠦᠨ ᠭᠠᠷ ᠪᠤᠯ ᠰᠤᠯᠢᠭᠠᠢ ᠭᠠᠷ ᠭᠡᠵᠦ ᠦᠵᠡᠳᠡᠭ᠃ ᠡᠶᠢᠮᠦ ᠠᠴᠠ ᠠᠯᠢᠪᠠ ᠶᠠᠭᠤᠮ᠎ᠠ ᠶᠢ ᠤᠯᠠᠩᠬᠢ ᠳᠠᠭᠠᠨ ᠵᠦᠪ | ᠭᠠᠷ ᠢᠶᠠᠷ ᠢᠶᠠᠨ ᠤᠷᠢᠳᠴᠢᠯᠠᠨ ᠪᠠᠷᠢᠵᠦ ᠳᠤᠰᠳᠠᠭ᠃ ᠬᠤᠭᠤᠯᠠ ᠴᠠᠢ ᠠᠶᠠᠭᠠᠯᠠᠵᠦ ᠪᠤᠰᠤᠳ ᠲᠤ ᠭᠠᠷᠳᠠᠭᠤᠯᠬᠤ | ᠪᠤᠶᠤ ᠪᠤᠰᠤᠳ ᠤᠨ ᠠᠶᠠᠭ᠎ᠠ ᠶᠢ ᠳᠤᠰᠬᠤ ᠳᠠᠭᠠᠨ ᠴᠤ ᠴᠦᠮ ᠪᠠᠷᠠᠭᠤᠨ ᠭᠠᠷ ᠢᠶᠠᠷ ᠢᠶᠠᠨ ᠪᠠᠷᠢᠵᠦ ᠭᠠᠷᠳᠠᠭᠤᠯᠵᠦ᠂ | ᠪᠠᠷᠠᠭᠤᠨ ᠭᠠᠷ ᠢᠶᠠᠷ ᠢᠶᠠᠨ ᠳᠤᠰᠴᠤ ᠠᠪᠳᠠᠭ᠃ ᠵᠠᠬᠦᠨ ᠭᠠᠷ ᠢᠶᠠᠷ ᠢᠶᠠᠨ ᠪᠠᠷᠢᠵᠦ ᠭᠠᠷᠳᠠᠭᠤᠯᠬᠤ ᠪᠤᠶᠤ ᠳᠤᠰᠴᠤ | ᠠᠪᠳᠠᠭ ᠦᠭᠡᠢ᠃ ᠰᠤᠯᠢᠭᠠᠢ ᠭᠠᠷ ᠢᠶᠠᠷ ᠢᠶᠠᠨ ᠪᠠᠷᠢᠬᠤ ᠪᠤᠶᠤ ᠰᠤᠯᠢᠭᠠᠢ ᠭᠠᠷ ᠢᠶᠠᠷ ᠢᠶᠠᠨ ᠶᠠᠭᠤᠮ᠎ᠠ ᠳᠤᠰᠬᠤ ᠶᠢ | ᠴᠦᠮ ᠮᠤᠷᠠᠯ ᠦᠭᠡᠢ᠂ ᠶᠠᠭᠤᠮ᠎ᠠ ᠮᠠᠳᠡᠬᠦ ᠦᠭᠡᠢ᠂ ᠪᠤᠰᠤᠳ ᠢ ᠬᠦᠨᠳᠤᠳᠭᠡᠭᠦ ᠶᠢ ᠮᠠᠳᠠᠭᠦ ᠦᠭᠡᠢ ᠭᠡᠵᠦ ᠦᠵᠡᠳᠡᠭ᠃ | ᠳᠠᠷᠠᠴᠢᠯᠠᠨ ᠰᠤᠯᠢᠭᠠᠢ ᠭᠠᠷ ᠢᠶᠠᠷ ᠢᠶᠠᠨ ᠶᠠᠭᠤᠮ᠎ᠠ ᠭᠦᠷᠭᠡᠵᠦ ᠳᠤᠰᠬᠤ ᠨᠢ ᠪᠡᠯᠭᠡ ᠳᠠᠮᠪᠠᠷᠢᠯ ᠦᠭᠡᠢ᠂ ᠡᠶᠢᠮᠦ | ᠶᠠᠭᠤᠮ᠎ᠠ ᠬᠦᠮᠦᠨ ᠤ ᠪᠠᠶ᠎ᠠ ᠳᠤ ᠳᠤᠭᠳᠠᠬᠤ ᠦᠭᠡᠢ ᠭᠡᠵᠦ ᠴᠤ ᠦᠵᠡᠳᠡᠭ᠃ ᠬᠤᠭᠤᠯᠠ ᠴᠠᠢ᠂ ᠪᠤᠳᠠᠭ᠎ᠠ ᠱᠦᠯᠦ | ᠠᠶᠠᠭᠠᠯᠠᠬᠤ ᠳᠠᠭᠠᠨ᠂ ᠵᠡᠬᠦᠨ ᠭᠠᠷ ᠲᠠᠭᠠᠨ ᠠᠶᠠᠭ᠎ᠠ ᠪᠠᠨ ᠪᠠᠷᠢᠵᠦ ᠪᠠᠷᠠᠭᠤᠨ ᠭᠠᠷ ᠢᠶᠠᠷ ᠢᠶᠠᠨ ᠰᠢᠨᠠᠭ᠎ᠠ᠂ ᠳᠠᠪᠤᠷ᠎ᠠ᠂ | ᠳᠠᠩᠬᠤᠤ ᠪᠠᠨ ᠪᠠᠷᠢᠨ ᠬᠤᠭᠤᠯᠠ ᠴᠠᠢ ᠪᠠᠨ ᠬᠢᠵᠦ ᠠᠶᠠᠭᠠᠯᠠᠳᠠᠭ᠃ ᠬᠠᠷᠢᠨ ᠪᠠᠷᠠᠭᠤᠨ ᠭᠠᠷ ᠲᠠᠭᠠᠨ ᠠᠶᠠᠭ᠎ᠠ ᠪᠠᠨ | ᠪᠠᠷᠢᠵᠦ᠂ ᠵᠠᠬᠦᠨ ᠭᠠᠷ ᠢᠶᠠᠷ ᠢᠶᠠᠨ ᠰᠢᠨᠠᠭ᠎ᠠ᠂ ᠳᠠᠪᠤᠷ᠎ᠠ᠂ ᠳᠠᠩᠬᠤᠤ ᠪᠠᠨ ᠪᠠᠷᠢᠵᠦ ᠠᠶᠠᠭᠠᠯᠠᠳᠠᠭ ᠤᠴᠢᠷ ᠭᠡᠵᠦ | ᠪᠠᠶᠢᠬᠤ ᠦᠭᠡᠢ᠃ ᠠᠶᠠᠭᠠᠨ ᠳᠠᠭᠠᠨ ᠬᠤᠭᠤᠯᠠ ᠴᠠᠢ᠂ ᠪᠤᠳᠠᠭ᠎ᠠ ᠱᠦᠯᠦ ᠪᠠᠨ ᠬᠢᠵᠦ ᠠᠶᠠᠭᠠᠯᠠᠵᠦ ᠪᠠᠷᠠᠭᠰᠠᠨ ᠤ | ᠳᠠᠷᠠᠭ᠎ᠠ᠂ ᠭᠠᠷ ᠢᠶᠠᠨ ᠰᠤᠯᠢᠨ ︵ᠵᠡᠬᠦᠨ ᠭᠠᠷ ᠲᠠᠬᠢ ᠠᠶᠠᠭ᠎ᠠ ᠪᠠᠨ ᠪᠠᠷᠠᠭᠤᠨ ᠭᠠᠷ ᠲᠠᠭᠠᠨ ᠰᠤᠯᠢᠨ ᠪᠠᠷᠢᠵᠦ︶ | ᠠᠶᠠᠭ᠎ᠠ ᠪᠠᠨ ᠦᠭᠳᠡᠭ᠃ ᠤᠳᠤ ᠪᠦᠷ ᠴᠤᠮᠤᠨ ᠳᠤ ᠴᠠᠢ ᠤᠰᠤ ᠴᠤᠮᠤᠯᠠᠵᠦ ᠠᠶᠠᠭᠠᠯᠠᠵᠦ ᠪᠠᠶᠢᠭ᠎ᠠ᠃ ᠴᠠᠢ | ᠤᠰᠤ ᠶᠢ ᠴᠤᠮᠤᠨ ᠳᠤ ᠬᠢᠵᠦ ᠦᠭᠭᠦᠭᠰᠡᠨ ᠴᠤ ᠮᠦᠨ ᠡᠬᠦᠨ ᠲᠠᠢ ᠠᠳᠠᠯᠠᠢ ᠶᠤᠮ᠃ ︽ᠴᠤᠮᠤ ᠶᠤᠮ᠃ ᠬᠠᠮᠢᠶ᠎ᠠ | ᠦᠭᠡᠢ︾ ᠭᠡᠳ᠂ ︽ᠲᠠ ᠴᠤᠮᠤ ᠪᠠᠨ ᠳᠠᠨᠳᠠ ᠳᠠᠯᠪᠢᠴᠢᠬ᠎ᠠ᠂ ᠪᠢ ᠴᠠᠢ ︵ᠤᠰᠤ︶ ᠨᠠᠮᠠᠵᠦ ᠦᠭᠭᠦᠶ᠎ᠡ︾ ᠭᠡᠵᠦ | ᠪᠤᠯᠬᠤ ᠦᠭᠡᠢ᠃ ᠴᠤᠮᠤ ᠶᠢ ᠨᠢ ᠳᠤᠰᠤᠨ ᠠᠪᠴᠦ ᠵᠠᠬᠦᠨ ᠭᠠᠷ ᠲᠠᠭᠠᠨ ᠪᠠᠷᠢᠭᠠᠳ ᠪᠤᠶᠤ ᠳᠤᠭᠳᠠᠭᠰᠠᠨ ᠨᠢᠭᠡᠨ | ᠭᠠᠵᠠᠷ ᠳᠠᠯᠪᠢᠴᠢᠬᠠᠭᠠᠳ᠂ ᠴᠠᠢ ᠤᠰᠤ ᠪᠠᠨ ᠨᠠᠮᠠᠵᠦ ᠬᠢᠴᠢᠭᠡᠳ᠂ ᠪᠠᠷᠠᠭᠤᠨ ᠭᠠᠷ ᠢᠶᠠᠷ ᠢᠶᠠᠨ ᠰᠤᠯᠢᠨ ᠪᠠᠷᠢᠵᠦ | ᠭᠡᠶᠢᠴᠢᠨ ᠵᠤᠴᠢᠨ ᠳᠤ ᠭᠠᠷᠳᠠᠭᠤᠯᠬᠤ ᠪᠤᠶᠤ ᠡᠮᠤᠨ᠎ᠡ ᠨᠢ ᠠᠪᠴᠠᠵᠦ ᠳᠠᠯᠪᠢᠵᠦ ᠦᠭᠭᠦᠨ᠎ᠡ᠃ ᠢᠩᠬᠢᠬᠦ ᠨᠢ ᠰᠠᠶ᠋ᠢ | ᠮᠤᠷᠠᠯ ᠶᠤᠰᠤ ᠲᠠᠢ᠂ ᠶᠠᠭᠤᠮ᠎ᠠ ᠮᠠᠳᠡᠳᠡᠭ᠂ ᠪᠤᠰᠤᠳ ᠢ ᠬᠦᠨᠳᠦᠳᠭᠡᠭᠰᠡᠨ ᠢᠶᠠᠷ ᠬᠠᠷᠠᠭᠳᠠᠨ᠎ᠠ᠃ | |