ᠢᠩᠴᠠᠩ ᠤᠨ ᠬᠤᠷᠠᠯᠳᠠᠢ ᠶᠢᠨ ᠲᠤᠰᠬᠠᠢ ᠰᠤᠷᠪᠤᠯᠵᠢᠯᠠᠭ᠎ᠠ ︵ᠬᠤᠶᠠᠷ︶
ᠨᠡᠶᠢᠲᠡᠯᠡᠭᠰᠡᠨ ᠴᠠᠭ᠄
2014/8/18
     ᠬᠠᠯᠬ᠎ᠠ ᠶᠢᠨ ᠤᠶᠢᠰᠤᠨ ᠪᠢᠴᠢᠭ ᠲᠠᠬᠢ ᠴᠢᠩᠬᠢᠰ ᠤᠨ ᠶᠢᠰᠦᠨ ᠦᠷᠯᠦᠭ ᠤᠨ ᠮᠠᠭᠳᠠᠭᠠᠯ            —— ᠮᠤᠩᠭᠤᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠲᠠᠤᠬᠡ ᠶᠢᠨ                      ᠬᠦᠷᠢᠶᠡᠯᠡᠩ ᠤᠨ ᠮᠠᠨᠵᠤ ᠶᠢᠨ ᠦᠶ᠎ᠡ ᠶᠢᠨ ᠮᠤᠩᠭᠤᠯ ᠤᠨ ᠲᠡᠤᠬᠡ ᠶᠢᠨ                      ᠰᠠᠯᠪᠤᠷᠢ ᠶᠢᠨ ᠡᠷᠬᠢᠯᠡᠭᠴᠢ ᠵᠢᠭ᠍ᠮᠢᠳᠳᠤᠷᠵᠢ ᠶᠢ ᠰᠤᠷᠪᠤᠯᠵᠢᠯᠠᠭᠰᠠᠨ ᠨᠢ                                                             ᠰᠤᠷᠪᠤᠯᠵᠢᠯᠠᠭᠴᠢ ᠰᠢᠵᠢᠷᠴᠡᠴᠡᠭ
 
 ᠢᠩᠴᠠᠩ ᠤᠨ ᠬᠤᠷᠠᠯᠳᠠᠢ ᠳᠤ᠂ ᠮᠤᠩᠭᠤᠯ ᠤᠯᠤᠰ ᠠᠴᠠ ᠬᠦᠷᠦᠯᠴᠡᠨ ᠢᠷᠡᠭᠰᠡᠨ ᠮᠤᠩᠭᠤᠯ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠲᠠᠤᠬᠡ ᠶᠢᠨ ᠬᠦᠷᠢᠶᠡᠯᠡᠩ ᠤᠨ ᠮᠠᠨᠵᠤ ᠶᠢᠨ ᠦᠶ᠎ᠡ ᠶᠢᠨ ᠮᠤᠩᠭᠤᠯ ᠤᠨ ᠲᠡᠤᠬᠡ ᠶᠢᠨ ᠰᠠᠯᠪᠤᠷᠢ ᠶᠢᠨ ᠡᠷᠬᠢᠯᠡᠭᠴᠢ ᠵᠢᠭ᠍ᠮᠢᠳᠳᠤᠷᠵᠢ ᠬᠠᠯᠬ᠎ᠠ ᠶᠢᠨ ᠤᠶᠢᠰᠤᠨ ᠴᠠᠭᠠᠵᠠ ᠳᠤ ᠪᠠᠶᠢᠭ᠎ᠠ ᠴᠢᠩᠭᠢᠰ  ᠤᠨ ᠶᠢᠰᠦᠨ ᠦᠷᠯᠦᠭ ᠤᠨ ᠮᠠᠭᠳᠠᠭᠠᠯ ᠤᠨ ᠲᠤᠬᠠᠢ ᠢᠯᠡᠳᠬᠡᠯ ᠢᠶᠠᠨ ᠲᠡᠪᠰᠢᠬᠦᠯᠦᠭᠰᠡᠨ ᠪᠠᠶᠢᠨ᠎ᠠ᠃ ᠤᠶᠢᠭᠤᠷᠵᠢᠨ ᠮᠤᠩᠭᠤᠯ᠂ ᠲᠦᠪᠡᠳ ᠬᠡᠯᠡ ᠪᠠᠷ ᠤᠯᠳᠠᠭᠰᠠᠨ ᠬᠠᠯᠬ᠎ᠠ ᠶᠢᠨ ᠠᠷᠪᠠᠨ ᠨᠠᠢᠮᠠᠨ ᠴᠠᠭᠠᠵᠠ ᠪᠤᠯ 1596 ᠤᠨ ᠠᠴᠠ 1639 ᠤᠨ ᠳᠤ ᠬᠤᠯᠪᠤᠭᠳᠠᠬᠤ ᠤᠶᠢᠰᠤᠨ ᠴᠠᠭᠠᠵᠠ ᠪᠠᠶᠢᠵᠤ᠂ ᠡᠬᠦᠨ ᠳᠤ ᠵᠦᠪᠬᠡᠨ ᠴᠠᠭᠠᠵᠠ ᠪᠠᠶᠢᠬᠤ ᠶᠤᠰᠤᠳᠠᠢ ᠪᠠᠶᠢᠳᠠᠯ᠎ᠠ ᠪᠠᠨ ᠴᠢᠩᠬᠢᠰ ᠤᠨ ᠶᠢᠰᠦᠨ ᠦᠷᠯᠦᠭ ᠤᠨ ᠮᠠᠭᠳᠠᠭᠠᠯ ᠢ ᠤᠷᠤᠭᠤᠯᠤᠭᠰᠠᠨ ᠨᠢ ᠮᠠᠰᠢ ᠰᠤᠨᠢᠷᠬᠠᠯᠳᠠᠢ᠃     ᠵᠢᠭ᠍ᠮᠢᠳᠳᠤᠷᠵᠢ᠄ ︽ᠮᠤᠩᠭᠤᠯ ᠤᠯᠤᠰ ᠠᠴᠠ ᠤᠯᠳᠠᠭᠰᠠᠨ ᠬᠠᠯᠬ᠎ᠠ ᠶᠢᠨ ᠤᠶᠢᠰᠤᠨ ᠪᠢᠴᠢᠭ ᠨᠢ ᠮᠤᠩᠭᠤᠯ  ᠤᠨ ᠲᠡᠤᠬᠡ᠂ ᠬᠡᠯᠡ᠂ ᠬᠠᠤᠯᠢ ᠴᠠᠭᠠᠵᠠ ᠪᠤᠯᠤᠨ ᠤᠷᠠᠨ ᠵᠤᠬᠢᠶᠠᠯ ᠤᠨ ᠴᠢᠬᠤᠯᠠ ᠲᠤᠷᠠᠰᠬᠠᠯ ᠮᠦᠨ᠃ ᠴᠢᠩᠬᠢᠰ  ᠤᠨ ᠶᠢᠰᠦᠨ ᠦᠷᠯᠦᠭ ᠤᠨ ᠮᠠᠭᠳᠠᠭᠠᠯ ᠢ ᠴᠠᠭᠠᠵᠠ ᠶᠢᠨ ᠪᠢᠴᠢᠭ ᠲᠤ ᠤᠷᠤᠭᠤᠯᠤᠭᠰᠠᠨ ᠨᠢ ᠴᠢᠩᠬᠢᠰ ᠤᠨ ᠶᠢᠰᠦᠨ ᠦᠷᠯᠦᠭ ᠤᠨ ᠠᠯᠳᠠᠷ ᠭᠠᠪᠢᠶ᠎ᠠ ᠶᠢ ᠬᠤᠶᠢᠴᠢ ᠶᠢᠨ ᠬᠦᠮᠦᠰ ᠲᠤ ᠦᠯᠡᠳᠡᠬᠡᠵᠤ ᠪᠠᠭ᠋ᠠᠷᠤᠯ ᠢ ᠲᠦᠷᠦᠬᠦᠯᠬᠦ ᠬᠡᠰᠡᠨ ᠵᠤᠷᠢᠯᠭ᠎ᠠ ᠲᠠᠢ ᠬᠡᠵᠤ ᠪᠢ ᠪᠤᠳᠤᠵᠤ ᠪᠠᠶᠢᠨ᠎ᠠ᠃ 1973 ᠤᠨ ᠳᠤ ᠬᠠᠯᠬ᠎ᠠ ᠶᠢᠨ ᠤᠶᠢᠰᠤᠨ ᠴᠠᠭᠠᠵᠠ ᠶᠢ ᠬᠠᠭᠤᠯᠵᠤ ᠬᠡᠪᠯᠡᠭᠰᠡᠨ ᠳᠤ ᠴᠢᠩᠬᠢᠰ ᠤᠨ ᠶᠢᠰᠦᠨ ᠦᠷᠯᠦᠭ ᠤᠨ ᠮᠠᠭᠳᠠᠭᠠᠯ ᠢ ᠤᠷᠬᠢᠵᠠᠢ᠃ ᠦᠬᠡᠷ᠎ᠡ ᠪᠠᠷ ᠬᠡᠯᠡᠪᠡᠯ ᠡᠨᠡ ᠲᠤᠬᠠᠢ ᠲᠡᠮᠡᠢ ᠰᠤᠳᠤᠯᠤᠭᠰᠠᠨ ᠦᠭᠡᠢ᠃ ᠲᠡᠭᠡᠬᠦ ᠳᠡᠭᠡᠨ ᠡᠨᠡ ᠲᠤᠬᠠᠢ ᠪᠢ ᠲᠨ ᠨᠠᠷ ᠲᠤ ᠲᠠᠨᠢᠯᠴᠠᠭᠤᠯᠬᠤ ᠶᠢ ᠵᠤᠷᠢᠪᠠ︾ ᠬᠡᠵᠤ ᠶᠠᠷᠢᠭᠰᠠᠨ᠃
 
ᠢᠷᠡᠯᠲᠡ᠄ ᠤᠯᠠᠭᠠᠨ ᠬᠠᠳᠠ ᠶᠢᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号