ᠬᠡᠰᠢᠭᠳᠡᠨ ᠨᠤᠳᠤᠭ ᠤᠨ ᠤᠪᠤᠭᠠᠨ ᠲᠠᠬᠢᠯᠭ᠎ᠠ ᠶᠢᠨ ᠵᠠᠷᠢᠮ ᠴᠡᠬᠡᠷ
ᠨᠡᠶᠢᠲᠡᠯᠡᠭᠰᠡᠨ ᠴᠠᠭ᠄
2014/7/22
       ᠬᠡᠰᠢᠭᠳᠡᠨᠴᠤᠳ ᠤᠨ ᠤᠪᠤᠭᠠᠨ ᠲᠠᠬᠢᠯᠭ᠎ᠠ ᠳᠤ ᠬᠤᠯᠪᠤᠭᠳᠠᠬᠤ ᠴᠡᠬᠡᠷ ᠶᠤᠰᠤᠨ ᠨᠢ ᠵᠤᠬᠢᠬᠤ ᠬᠦᠨᠳᠤ ᠪᠠᠶᠢᠷᠢ ᠶᠢ ᠡᠵᠡᠯᠡᠳᠡᠭ᠃      ᠬᠡᠰᠢᠭᠳᠡᠨᠴᠤᠳ ᠤᠪᠤᠭᠠᠨ ᠲᠡᠭᠡᠷ᠎ᠡ ᠦᠢᠮᠡᠯᠳᠦᠨ ᠱᠤᠤᠬᠢᠯᠳᠤᠬᠤ᠂ ᠬᠠᠷᠢᠶᠠᠯ ᠵᠦᠬᠡᠯ ᠲᠠᠯᠪᠢᠬᠤ᠂ ᠬᠡᠷᠡᠬᠦᠯ ᠵᠤᠳᠤᠭᠠᠨ ᠬᠢᠬᠦ᠂ ᠪᠤᠯᠬᠢ ᠪᠠᠯᠠᠢ ᠠᠭᠠᠰᠢᠯᠠᠬᠤ ᠶᠢ ᠴᠡᠬᠡᠷᠯᠡᠳᠡᠭ︔ ᠤᠪᠤᠭᠠᠨ ᠤ ᠲᠡᠷᠬᠡᠳᠡ ᠠᠷᠢᠬᠢ ᠤᠤᠭᠤᠬᠤ᠂ ᠲᠠᠮᠠᠬᠢ ᠲᠠᠳᠠᠬᠤ᠂ ᠤᠪᠤᠭᠠᠨ ᠤ ᠤᠶᠢᠷᠠᠯᠴᠠᠭ᠎ᠠ ᠦᠳᠬᠡᠨ ᠰᠢᠩᠬᠡᠨ ᠮᠦᠷ ᠦᠵᠡᠬᠦ᠂ ᠴᠡᠷ ᠨᠢᠯᠪᠤᠰᠤ ᠎ ᠪᠠᠨ ᠨᠢᠯᠪᠤᠬᠤ᠂ ᠤᠪᠤᠭᠠᠨ ᠤ ᠤᠶᠢᠷ᠎ᠠ ᠬᠠᠪᠢ ᠶᠢᠨ ᠡᠪᠡᠰᠤ ᠤᠷᠭᠤᠮᠠᠯ ᠴᠡᠴᠡᠭ ᠨᠠᠪᠴᠢ ᠶᠢ ᠦᠭᠳᠡᠬᠡᠵᠤ ᠲᠠᠰᠤᠯᠬᠤ᠂ ᠤᠪᠤᠭᠠᠨ ᠤ ᠤᠶᠢᠷᠠᠯᠴᠠᠭᠠᠬᠢ ᠮᠤᠳᠤ ᠴᠢᠯᠠᠭᠤ ᠶᠢ ᠲᠤᠷ᠎ᠠ ᠪᠠᠷ ᠬᠦᠳᠡᠯᠬᠡᠬᠦ᠂ ᠤᠪᠤᠭᠠᠨ ᠤ ᠬᠠᠵᠠᠭᠤ ᠬᠠᠪᠢ ᠪᠠᠷ ᠬᠤᠭ ᠨᠤᠪᠰᠢ ᠬᠠᠶᠠᠬᠤ ᠶᠢ ᠡᠷᠡᠰ ᠴᠡᠬᠡᠷᠯᠡᠳᠡᠭ︔ ᠨᠡᠩ ᠴᠦ ᠤᠪᠤᠭᠠᠨ ᠤ ᠬᠠᠪᠢ ᠳᠤ ᠠᠮᠢᠳᠠᠨ ᠠᠷᠢᠶᠠᠳᠠᠨ ᠠᠴᠠ ᠬᠤᠷᠤᠬᠠᠢ ᠰᠢᠪᠠᠵᠢ ᠳᠤ ᠬᠦᠷᠳᠡᠯ᠎ᠡ ᠠᠯᠠᠵᠤ ᠬᠦᠨᠦᠬᠡᠬᠦ ᠶᠢ ᠴᠡᠬᠡᠷᠯᠡᠵᠤ᠂ ᠤᠪᠤᠭᠠᠨ ᠤ ᠤᠶᠢᠷᠠᠯᠴᠠᠭ᠎ᠠ ᠴᠢᠰᠤ ᠨᠦᠵᠢ ᠭᠠᠷᠭᠠᠬᠤ ᠶᠢ ᠴᠡᠬᠡᠷᠯᠡᠨ ᠬᠢᠴᠢᠶᠡᠳᠡᠭ ᠶᠤᠰᠤ ᠵᠢᠷᠤᠮ ᠲᠠᠢ ᠪᠠᠶᠢᠳᠠᠭ᠃ ᠴᠡᠬᠡᠷ ᠶᠤᠰᠤᠨ ᠠᠴᠠ ᠵᠦᠷᠢᠴᠡᠭᠰᠡᠳ ᠢ ︽ᠠᠭᠤᠯᠠ ᠤᠰᠤᠨ ᠤ ᠨᠠᠪᠳᠠᠭ ᠰᠠᠪᠳᠠᠭ ᠢ ᠬᠢᠯᠢᠩᠨᠡᠬᠦᠯᠵᠤ᠂ ᠤᠷᠢᠳᠤᠰ ᠲᠡᠭᠡᠳᠤᠰ ᠤᠨ ᠵᠦᠢ ᠶᠤᠰᠤᠨ ᠠᠴᠠ ᠲᠠᠷᠰᠯᠡᠵᠤ᠂ ᠨᠤᠳᠤᠭ ᠤᠨ ᠰᠠᠬᠢᠭᠤᠰᠤ ᠳᠤ ᠬᠦ᠋ ᠲᠦᠷᠬᠢᠭᠰᠡᠨ ᠮᠠᠭᠤ ᠢᠷᠸ᠎ᠠ ᠲᠠᠢ︾ ᠬᠡᠵᠤ ᠴᠢᠩᠭ᠎ᠠ ᠵᠢᠮᠡᠯᠡᠨ ᠰᠤᠷᠭᠠᠳᠠᠭ᠃      ᠬᠡᠰᠢᠭᠳᠡᠨ ᠨᠤᠳᠤᠭ ᠲᠤ ᠪᠦᠰᠡᠬᠦᠢ ᠬᠦᠮᠤᠨ ᠢ ︽ᠤᠷᠳᠤ ᠬᠡᠵᠢᠬᠡ ᠲᠠᠢ ᠤᠰᠤᠨ ᠮᠠᠭᠪᠤᠳ ᠲᠠᠢ︾ ᠬᠡᠵᠤ ᠤᠪᠤᠭᠠᠨ ᠳᠤ ᠭᠠᠷᠭᠠᠳᠠᠭ ᠦᠭᠡᠢ ᠶᠤᠰᠤ ᠲᠠᠢ᠃ ᠬᠡᠬᠦ ᠳᠤ ᠪᠦᠰᠡᠬᠦᠶᠢᠴᠤᠳ ᠤᠪᠤᠭ᠎ᠠ ᠲᠠᠬᠢᠯᠭ᠎ᠠ ᠶᠢᠨ ᠦᠷᠯᠦᠬᠡ ᠦᠨᠢᠶ᠎ᠡ ᠪᠠᠨ ᠰᠠᠭᠠᠭᠠᠳ᠂ ᠦᠨᠢᠶᠡᠨ ᠵᠡᠯ᠎ᠡ ᠠᠴᠠ ᠪᠠᠨ ᠰᠠᠭᠠᠮ᠎ᠠ ᠶᠢᠨ ᠲᠡᠭᠡᠵᠢ ᠪᠠᠨ ︽ᠰᠦᠨ ᠬᠤᠸᠠᠷ︾ ᠬᠡᠮᠡᠬᠦ ᠴᠡᠴᠡᠭ ᠢᠶᠠᠷ ᠤᠪᠤᠭᠠᠨ ᠲᠡᠰᠢ ᠡᠷᠬᠦᠳᠡᠭ ᠵᠠᠩᠰᠢᠯ ᠶᠤᠰᠤ ᠲᠠᠢ ᠪᠠᠶᠢᠳᠠᠭ᠃ ᠲᠡᠬᠢᠪᠠᠯ ᠤᠪᠤᠭᠠᠨ ᠳᠤ ᠮᠤᠷᠢ ᠰᠡᠳᠡᠷᠯᠡᠬᠦ ᠳᠤ ᠬᠡᠵᠢᠶ᠎ᠡ ᠴᠦ ᠭᠠᠷ ᠬᠦᠷᠴᠤ ᠪᠤᠯᠬᠤ ᠦᠭᠡᠢ ᠬᠡᠵᠤ ᠲᠠᠭᠠᠳᠬᠠᠨ ᠤᠩᠭᠤᠯᠠᠭᠰᠠᠨ ᠮᠤᠷᠢᠨ ᠠᠴᠠ ᠪᠤᠰᠤᠳ ᠴᠡᠬᠡᠷ ᠦᠭᠡᠢ ᠰᠡᠳᠡᠷᠯᠡᠭᠰᠡᠨ ᠮᠤᠷᠢ ᠶᠢ ︽ᠡᠵᠢ ᠬᠦᠮᠦᠨ ᠡᠷᠬᠢᠮ ᠲᠡᠭᠡᠳᠤ︾ ᠬᠡᠵᠤ ᠡᠮᠡᠭᠳᠠᠢ ᠬᠦᠮᠦᠨ ᠴᠡᠬᠡᠷ ᠦᠭᠡᠢ ᠤᠨᠤᠳᠠᠭ ᠶᠤᠮ᠃ ᠡᠶᠢᠨᠬᠦ ᠤᠯᠠᠨ ᠬᠠᠳᠠᠭᠤ ᠴᠡᠬᠡᠷ ᠶᠤᠰᠤᠨ ᠨᠢ ᠮᠦᠩᠬᠡ ᠲᠡᠭᠷᠢ ᠶᠢ ᠰᠢᠳᠦᠵᠤ᠂ ᠡᠬᠡ ᠪᠠᠶᠢᠭᠠᠯᠢ ᠶᠢᠨ ᠲᠦᠮᠡᠨ ᠪᠤᠳᠠᠰ ᠵᠡᠷᠬᠡᠴᠡᠨ ᠤᠷᠤᠰᠢᠬᠤ ᠬᠡᠳᠡᠭ ᠡᠪᠦᠭᠡ ᠲᠡᠭᠡᠳᠤ ᠶᠢᠨ ᠰᠤᠷᠭᠠᠯ ᠠᠴᠠ ᠢᠷᠡᠯᠳᠠ ᠲᠠᠢ ᠪᠠᠶᠢᠵᠤ᠂ ᠬᠦᠮᠦᠨ ᠪᠦᠬᠦᠨ ᠤᠬᠠᠮᠰᠠᠷ ᠠᠴᠠ ᠪᠠᠨ ᠰᠠᠬᠢᠳᠠᠭ ᠬᠦᠨ ᠤᠬᠠᠭᠠᠯᠢᠭ ᠪᠠᠶᠢᠭᠠᠯᠢ ᠤᠷᠴᠢᠨ ᠢᠶᠠᠨ ᠬᠠᠮᠠᠭᠠᠯᠠᠬᠤ ᠶᠡᠭᠡ ᠶᠤᠰᠤᠨ ᠪᠤᠯᠬᠤ ᠶᠤᠮ᠃ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号