| ᠤᠳᠬ᠎ᠠ ᠤᠬᠠᠭᠳᠠᠬᠤᠨ ᠨᠢ ᠲᠣᠳᠣ ᠦᠭᠡᠢ ᠦᠭᠡᠰ ᠨᠤᠲᠤᠭ ᠤᠨ ᠠᠶᠠᠯᠭᠤ ᠪᠤᠶᠤ | ᠶᠠᠷᠢᠶᠠᠨ ᠤ ᠬᠡᠯᠡᠨ ᠳᠤ ᠬᠡᠯᠡᠭᠳᠡᠵᠦ ᠪᠠᠶᠢᠬᠤ᠂ ᠪᠠᠰᠠ ᠨᠣᠮ ᠰᠤᠳᠤᠷ ᠪᠣᠯᠣᠨ ᠲᠣᠯᠢ ᠪᠢᠴᠢᠭ ᠤᠳ ᠲᠤ ᠲᠡᠮᠳᠡᠭᠯᠡᠭᠳᠡᠵᠦ | ᠢᠷᠡᠭᠰᠡᠨ ᠨᠢ ᠡᠳᠦᠢ ᠲᠡᠳᠦᠢ ᠬᠠᠷᠠᠭᠳᠠᠨ᠎ᠠ᠃ | ᠡᠨᠡ ᠰᠡᠳᠦᠪ ᠲᠤ ᠳᠤᠷᠠᠳᠴᠤ ᠪᠣᠢ ︽ᠬᠥᠭᠡᠮᠡᠢ︾ ᠭᠡᠳᠡᠭ ᠦᠭᠡ ᠪᠣᠯ ᠢᠵᠠᠭᠤᠷ ᠮᠣᠩᠭᠤᠯ | ᠦᠭᠡ ᠶᠢᠨ ᠰᠢᠨᠵᠢᠲᠡᠢ ᠪᠥᠭᠡᠳ ᠥᠪᠥᠷ ᠮᠣᠩᠭᠤᠯ᠂ ᠮᠣᠩᠭᠤᠯ ᠤᠯᠤᠰ᠂ ᠪᠦᠷᠢᠶᠡᠳ ᠤᠨ ᠵᠠᠷᠢᠮ ᠭᠠᠵᠠᠷ ᠣᠷᠣᠨ ᠤ | ᠠᠷᠠᠳ ᠤᠨ ᠠᠮᠠᠨ ᠶᠠᠷᠢᠶ᠎ᠠ ᠪᠤᠶᠤ ᠨᠤᠲᠤᠭ ᠤᠨ ᠠᠶᠠᠯᠭᠤᠨ ᠳᠤ ᠬᠥᠭᠡᠮᠡᠢ᠂ ᠪᠤᠯᠠᠭᠠᠨ ᠤ ᠬᠥᠭᠡᠮᠡᠢ᠂ ᠳᠠᠰ ᠤᠨ | ᠬᠥᠭᠡᠮᠡᠢ᠂ ᠬᠥᠬᠡ ᠪᠤᠬ᠎ᠠ ᠶᠢᠨ ᠬᠥᠭᠡᠮᠡᠢ᠂ ᠬᠦᠭᠡᠮᠡᠶᠢᠯᠡᠬᠦ ᠭᠡᠬᠦ ᠮᠡᠲᠦ ᠪᠠᠷ ᠬᠡᠯᠡᠭᠳᠡᠳᠡᠭ᠃ ᠲᠡᠭᠦᠨ ᠢ ᠠᠪᠢᠶ᠎ᠠ ᠪᠠᠷ | ᠲᠡᠮᠳᠡᠭᠯᠡᠪᠡᠯ ᠪᠦᠷ ᠮᠣᠩᠭᠤᠯ ᠴᠠᠭᠠᠨ ᠲᠣᠯᠣᠭᠠᠢ ᠶᠢᠨ ᠬᠠ ᠶᠢᠨ ᠲᠥᠷᠥᠯ ᠤᠨ ᠵᠢᠷᠭᠤᠳᠤᠭᠠᠷ ᠦᠶ᠎ᠡ ᠶᠢᠨ ᠬᠥᠨᠳᠡᠢ | ᠡᠭᠡᠰᠢᠭ ᠢ ᠤᠷᠲᠤᠳᠬᠠᠨ ᠳᠠᠭᠤᠳᠠᠵᠤ᠂ ᠮᠠ ᠶᠢᠨ ᠲᠥᠷᠥᠯ ᠤᠨ ᠬᠤᠶᠠᠳᠤᠭᠠᠷ ᠦᠶ᠎ᠡ ᠶᠢᠨ ᠬᠥᠨᠳᠡᠢ ᠡᠭᠡᠰᠢᠭ ᠲᠤ | ︽ ᠢ︾ ᠵᠠᠯᠭᠠᠵᠤ ᠬᠡᠯᠡᠳᠡᠭ ᠦᠭᠡ ᠪᠣᠯᠬᠤᠷ ᠯᠠᠲ᠋ᠢᠨ ᠦᠰᠦᠭ ᠢᠶᠠᠷ ᠠᠪᠢᠶᠠᠴᠢᠯᠠᠨ ᠭᠠᠯᠢᠭᠯᠠᠵᠤ ᠤᠩᠰᠢᠪᠠᠯ | huomei ᠭᠡᠵᠦ ᠰᠣᠨᠣᠰᠳᠠᠵᠤ᠂ ᠮᠣᠩᠭᠤᠯ ᠦᠰᠦᠭ ᠤᠨ ᠳᠦᠷᠢᠮ ᠢᠶᠠᠷ ︽ᠬᠥᠭᠡᠮᠡᠢ︾ ᠭᠡᠵᠦ ᠪᠢᠴᠢᠭᠳᠡᠨ᠎ᠡ᠃ | ᠬᠠᠷᠢᠨ ᠡᠨᠡ ᠦᠭᠡ ᠶᠢ 1717 ᠣᠨ ᠳᠤ ᠵᠣᠬᠢᠶᠠᠭᠳᠠᠨ ᠬᠡᠪᠯᠡᠭᠳᠡᠭᠰᠡᠨ ︽ᠬᠤᠷᠢᠨ ᠨᠢᠭᠡᠲᠦ ᠲᠠᠶᠢᠯᠪᠤᠷᠢ ᠲᠣᠯᠢ︾ | ᠲᠤ ᠬᠥᠬᠡᠮᠠ ᠶᠢᠨ ᠭᠦᠨ᠂ ᠬᠥᠭᠡᠮᠡᠢ ᠬᠡᠮᠡᠨ ᠪᠢᠴᠢᠭ ᠤᠨ ᠬᠡᠯᠡ ᠪᠠᠷ ᠲᠡᠮᠳᠡᠭᠯᠡᠭᠳᠡᠵᠦ᠂ ᠮᠥᠨ 1742 ᠣᠨ ᠤ | ᠬᠢᠷᠢ ᠳᠤ ᠭᠦᠦᠰᠢ ᠯᠠᠮᠠ ᠵᠠᠮᠶᠠᠩᠳᠠᠮᠫᠢᠯ ᠲᠥᠪᠡᠳ ᠲᠥᠪᠡᠳ ︽ᠳ᠋ᠠᠨᠵᠤᠤᠷ︾ ᠲᠠᠬᠢ ᠣᠷᠴᠢᠭᠤᠯᠭ᠎ᠠ ᠶᠢᠨ ᠨᠡᠷ᠎ᠡ | ᠲᠣᠮᠢᠶ᠎ᠠ ᠨᠤᠭᠤᠳ ᠢ ᠲᠥᠷᠥᠯ ᠬᠤᠪᠢᠶᠠᠵᠤ ᠪᠢᠴᠢᠭᠰᠡᠨ ᠰᠠᠨᠰᠺᠷᠢᠲ — ᠲᠥᠪᠡᠳ ᠲᠣᠯᠢ ᠶᠢ ᠣᠷᠴᠢᠭᠤᠯᠤᠨ | ᠰᠠᠨᠰᠺᠷᠢᠲ — ᠲᠥᠪᠡᠳ — ᠮᠣᠩᠭᠤᠯ ᠲᠣᠯᠢ ᠪᠣᠯᠭᠠᠵᠤ ᠮᠣᠩᠭᠤᠯ ᠳ᠋ᠠᠨᠵᠤᠤᠷ ᠲᠤ ᠣᠷᠣᠭᠤᠯᠤᠭᠰᠠᠨ ︽ᠢᠯᠭᠠᠯ ᠢ | ᠣᠨᠣᠭᠤᠯᠤᠭᠴᠢ︾ ᠬᠡᠮᠡᠬᠦ ᠰᠤᠳᠤᠷ ᠲᠤ ᠬᠦᠭᠡᠮᠢ ᠭᠡᠵᠦ ᠪᠢᠴᠢᠭᠳᠡᠭᠰᠡᠨ ᠪᠠᠶᠢᠨ᠎ᠠ᠃ | ᠢᠩᠭᠢᠵᠦ ᠶᠠᠷᠢᠶ᠎ᠠ ᠪᠣᠯᠣᠨ ᠪᠢᠴᠢᠭ ᠲᠤ ᠬᠡᠯᠡᠭᠳᠡᠵᠦ ᠪᠢᠴᠢᠭᠳᠡᠵᠦ ᠢᠷᠠᠶᠢᠭᠰᠠᠨ ᠬᠥᠭᠡᠮᠡᠢ | ᠭᠡᠳᠡᠭ ᠦᠭᠡ ᠴᠣᠬᠤᠮ ᠬᠠᠮᠢᠭ᠎ᠠ ᠪᠠᠶᠢᠳᠠᠭ᠂ ᠶᠠᠭᠤ ᠶᠢ ᠨᠡᠷᠡᠯᠡᠵᠦ ᠵᠢᠭᠠᠭᠰᠠᠨ ᠨᠢ ᠲᠣᠳᠣᠷᠬᠠᠢ ᠲᠠᠶᠢᠯᠪᠤᠷᠢ ᠦᠭᠡᠢ | ᠪᠠᠶᠢᠭᠰᠠᠭᠠᠷ ᠪᠠᠶᠢᠲᠠᠯ᠎ᠠ ᠣᠶᠢᠷ᠎ᠠ ᠳᠤ ᠮᠣᠩᠭᠤᠯ ᠳᠠᠭᠤᠨ ᠤ ᠢᠷᠠᠭᠤ ᠤᠷᠠᠯᠢᠭ ᠲᠤ ︽ᠬᠥᠭᠡᠮᠡᠢ︾ ᠭᠡᠳᠡᠭ | ᠣᠷᠳᠣ ᠶᠢᠨ ᠳᠠᠭᠤᠤ ᠶᠢ ᠬᠥᠭᠡᠮᠡᠶᠢᠯᠡᠵᠦ ᠳᠠᠭᠤᠯᠠᠬᠤ ᠨᠢ ᠰᠣᠨᠣᠰᠳᠠᠬᠤ ᠪᠣᠯᠵᠠᠢ᠃ ᠶᠠᠷᠢᠶᠠᠨ ᠤ ᠬᠡᠯᠡᠨ ᠳᠠᠬᠢ | ᠪᠤᠯᠠᠭᠠᠨ ᠤ ᠬᠥᠭᠡᠮᠡᠢ᠂ ᠬᠥᠬᠡ ᠪᠤᠬ᠎ᠠ ᠶᠢᠨ ᠬᠥᠭᠡᠮᠡᠢ ᠭᠡᠬᠦ ᠮᠡᠲᠦ ᠶᠢᠨ ᠬᠥᠭᠡᠮᠡᠢ ᠪᠣᠯ ᠦᠨᠡᠲᠦ ᠠᠩ ᠤᠨ | ᠬᠤᠭᠤᠯᠠᠢ ᠶᠢᠨ ᠡᠮᠦᠨ᠎ᠡ ᠲᠠᠯ᠎ᠠ ᠲᠤᠰᠢᠶ᠎ᠠ ᠳᠠᠭᠤ ᠲᠠᠴᠢᠷ ᠦᠰᠦᠲᠡᠢ ᠬᠡᠰᠡᠭ ᠵᠤᠷᠪᠤᠰ ᠠᠷᠠᠰᠤ ᠶᠢ ᠵᠢᠭᠠᠵᠤ | ᠨᠡᠷᠡᠯᠡᠭᠰᠡᠨ ᠦᠭᠡ ᠪᠥᠭᠡᠳ ᠲᠡᠷᠡᠶᠢᠨᠡ ᠲᠤᠰ ᠬᠤᠭᠤᠯᠠᠢ ᠶᠢᠨ ᠳᠣᠲᠣᠭᠠᠳᠤ ᠣᠷᠴᠢᠨ ᠳᠤ ᠲᠡᠶᠢᠮᠦ ᠠᠩ ᠤᠨ | ᠠᠷᠠᠰᠤ ᠶᠢ ᠡᠯᠳᠡᠵᠦ ᠡᠰᠬᠡᠳᠡᠭ ᠬᠥᠭᠰᠢᠳ ᠤᠨ ᠬᠡᠯᠡᠳᠡᠭ ᠦᠭᠡ ᠪᠠᠶᠢᠭᠰᠠᠨ ᠪᠣᠯ ᠣᠳᠣ ᠦᠶ᠎ᠡ ᠳᠤ ᠡᠶᠢᠮᠦ ᠦᠭᠡ ᠶᠢ | ᠬᠡᠯᠡᠬᠦ ᠬᠥᠮᠥᠨ ᠪᠠᠷᠤᠭ ᠦᠭᠡᠢ ᠪᠣᠯᠣᠭᠰᠠᠨ ᠪᠢᠵᠡ ᠭᠡᠵᠦ ᠰᠠᠨᠠᠭᠳᠠᠬᠤ ᠪᠣᠯᠵᠠᠢ᠃ ᠮᠥᠨ ᠬᠥᠬᠡ ᠪᠤᠬ᠎ᠠ ᠶᠢᠨ ᠬᠥᠭᠡᠮᠡᠢ | ᠭᠡᠳᠡᠭ ᠨᠢ ᠲᠠᠭᠲᠠᠭᠠᠨ ᠤ ᠬᠤᠭᠤᠯᠠᠢ ᠭᠡᠰᠡᠨ ᠲᠠᠢ ᠠᠳᠠᠯᠢ ᠤᠳᠬ᠎ᠠ ᠪᠦᠬᠦᠢ ᠬᠡᠯᠡᠯᠭᠡ ᠪᠣᠯᠣᠨ᠎ᠠ᠃ | ᠡᠷᠲᠡᠨ ᠤ ᠮᠣᠩᠭᠤᠯᠴᠤᠳ ᠠᠭᠤᠯᠠ ᠣᠰᠣᠨ ᠤ ᠡᠵᠡᠨ ᠢ ᠲᠠᠬᠢᠵᠤ ᠪᠥᠬᠡ ᠪᠥᠭᠡᠯᠡᠬᠦ᠂ | ᠬᠤᠷᠢᠮ ᠨᠠᠶᠢᠷ ᠬᠢᠵᠦ ᠢᠷᠦᠭᠡᠯ ᠮᠠᠭᠲᠠᠭᠠᠯ ᠥᠴᠢᠭᠯᠡᠨ ᠬᠡᠯᠡᠬᠦ ᠳᠤ ᠲᠡᠷᠡ ᠦᠶ᠎ᠡ ᠶᠢᠨ ᠶᠠᠷᠢᠶᠠᠨ ᠤ ᠬᠡᠯᠡ ᠪᠠᠷ ᠳᠠᠭᠤ | ᠬᠤᠭᠤᠯᠠᠢ ᠶᠢᠨ ᠠᠪᠢᠶ᠎ᠠ ᠪᠠᠨ ᠬᠢᠴᠢᠶᠡᠩᠭᠦᠶᠢᠯᠡᠨ ᠡᠭᠡᠰᠢᠭᠯᠡᠵᠦ᠂ ᠣᠯᠠᠨ ᠢᠶᠠᠷ ᠢᠶᠠᠨ ᠲᠦᠷᠢᠯᠭᠡ ᠬᠢᠵᠦ ᠳᠠᠭᠤᠷᠢᠰᠬᠠᠨ | ᠠᠶᠠᠯᠠᠳᠠᠭ ᠵᠤᠷᠰᠢᠯ ᠲᠠᠢ ᠪᠠᠶᠢᠵᠠᠢ᠃ ᠡᠶᠢᠮᠦ ᠳᠠᠭ᠎ᠠ ᠬᠤᠭᠤᠯᠠᠢ ᠶᠢᠨ ᠠᠪᠢᠶ᠎ᠠ ᠨᠢ ᠬᠤᠭᠤᠯᠠᠢ ᠶᠢᠨ ᠬᠠᠮᠢᠭ᠎ᠠ ᠠᠴᠠ | ᠭᠠᠷᠴᠤ ᠢᠷᠡᠳᠡᠭ ᠢ ᠥᠯᠥ ᠮᠡᠳᠡᠬᠦ ᠪᠣᠯᠪᠠᠴᠤ ᠬᠥᠭᠡᠮᠡᠢ᠂ ᠬᠥᠭᠡᠮᠡᠶᠢᠯᠡᠬᠦ᠂ ᠡᠭᠡᠰᠢᠭᠯᠡᠨ ᠳᠠᠭᠤᠯᠠᠬᠤ ︽ᠪᠤᠷᠢᠶᠠᠳ ᠠᠮᠠᠨ | ᠠᠶᠠᠯᠭᠤ︶᠂ ᠬᠥᠭᠡᠮᠡᠢ ᠨᠢ ᠬᠤᠭᠤᠯᠠᠢ ᠳᠤ ᠡᠭᠡᠰᠢᠭᠯᠡᠵᠦ ᠪᠠᠶᠢᠳᠠᠭ ︵ᠮᠣᠩᠭᠤᠯ ᠤᠯᠤᠰ ᠤᠨ ᠰᠢ᠊ · ᠰᠦᠷᠤᠩᠵᠠᠪ ᠤᠨ | ᠰᠢᠯᠦᠭ︶ ᠭᠡᠬᠦ ᠮᠡᠲᠦ ᠶᠢᠨ ᠬᠡᠯᠡᠯᠭᠡ ᠨᠦᠭᠦᠳ ᠪᠣᠯ ᠬᠥᠭᠡᠮᠡᠢ ᠭᠡᠳᠡᠭ ᠨᠢ ᠳᠠᠭᠤᠨ ᠭᠠᠷᠬᠤ ᠦᠢᠯᠡᠳᠦᠯ ᠲᠠᠢ ᠨᠢᠭᠡᠨ | ᠵᠦᠢᠯ ᠤᠨ ᠡᠷᠬᠡᠲᠡᠨ ᠢ ᠵᠢᠭᠠᠭᠰᠠᠨ ᠨᠡᠷ᠎ᠡ ᠪᠣᠯᠬᠤ ᠪᠥᠭᠡᠳ ᠮᠣᠩᠭᠤᠯ ᠬᠡᠯᠡᠨ ᠳᠤ ᠪᠠᠶᠢᠭᠰᠠᠨ ᠪᠠ ᠪᠠᠶᠢᠳᠠᠭ ᠢ ᠴᠥᠮ | ᠭᠡᠷᠡᠴᠢᠯᠡᠵᠦ ᠪᠠᠶᠢᠭ᠎ᠠ ᠶᠤᠮ᠃ | ᠴᠢᠩᠭᠢᠪᠡᠯ ᠳᠡᠭᠡᠷ᠎ᠡ ᠳᠤᠷᠠᠳᠤᠭᠰᠠᠨ ᠲᠠᠶᠢᠯᠪᠤᠷᠢ ᠲᠣᠯᠢ ᠪᠣᠯᠣᠨ ᠳ᠋ᠠᠨᠵᠤᠤᠷ ᠰᠤᠳᠤᠷ ᠲᠤ | ᠪᠢᠴᠢᠭ ᠤᠨ ᠬᠡᠯᠡ ᠪᠠᠷ ᠪᠢᠴᠢᠭᠳᠡᠵᠦ ᠪᠠᠶᠢᠭ᠎ᠠ ᠬᠥᠬᠡᠮᠠ ᠶᠢᠨ ᠭᠦᠨ᠂ ᠬᠦᠮᠡᠢ᠂ ᠬᠦᠭᠡᠮᠢ ᠭᠡᠳᠡᠭ ᠦᠭᠡᠰ ᠪᠣᠯ ᠮᠥᠨ | ᠲᠡᠷᠡ ᠦᠶ᠎ᠡ ᠶᠢᠨ ᠨᠤᠲᠤᠭ ᠨᠤᠲᠤᠭ ᠤᠨ ᠢᠶᠠᠨ ᠠᠮᠠᠨ ᠠᠶᠠᠯᠭᠤ ᠪᠠᠷ ᠶᠠᠷᠢᠳᠠᠭ ᠮᠣᠩᠭᠤᠯᠴᠢ ᠡᠷᠳᠡᠮᠲᠡᠳ ᠨᠡᠶᠢᠯᠡᠵᠦ | ᠪᠢᠴᠢᠭᠰᠡᠨ ᠪᠣᠯᠬᠤᠷ ᠬᠥᠭᠡᠮᠡᠢ ᠭᠡᠳᠡᠭ ᠦᠭᠡ ᠳᠤ ᠣᠷᠳᠣ ᠡᠭᠡᠰᠢᠭ ᠤᠨ ᠪᠢᠴᠢᠯᠭᠡ ᠶᠢᠨ ᠠᠰᠠᠭᠤᠳᠠᠯ ᠪᠠᠶᠢᠬᠤ ᠠᠴᠠ | ᠪᠢᠰᠢ᠂ ᠶᠠᠷᠢᠶᠠᠨ ᠤ ᠦᠭᠡ ᠶᠢᠨ ᠤᠳᠬ᠎ᠠ ᠶᠢ ᠲᠤᠰᠬᠠᠭᠰᠠᠨ ᠪᠠᠶᠢᠨ᠎ᠠ ᠨᠢ ᠳᠠᠮᠵᠢᠭ ᠦᠭᠡᠢ᠃ ᠡᠭᠦᠨ ᠳᠤ ︽ᠬᠤᠷᠢᠨ | ᠨᠢᠭᠡᠲᠦ ᠲᠠᠶᠢᠯᠪᠤᠷᠢ ᠲᠣᠯᠢ︾ ᠲᠤ ᠬᠦᠭᠡᠮᠡ ᠶᠢᠨ ᠭᠦᠨ ᠭᠡᠳᠡᠭ ᠦᠭᠡ ᠶᠢ ᠲᠠᠶᠢᠯᠪᠤᠷᠢᠯᠠᠬᠤ ᠳᠠᠭᠠᠨ ︽ | ᠬᠤᠭᠤᠯᠠᠢ ᠶᠢᠨ ᠳᠣᠲᠣᠭᠠᠳᠤ ᠬᠦᠨᠳᠦᠷᠤᠨ ᠣᠷᠣᠭᠰᠠᠨ ᠮᠢᠬ᠎ᠠ ᠶᠢ ᠬᠦᠭᠡᠮᠡ ᠶᠢᠨ ᠭᠦᠨ ᠬᠡᠮᠡᠮᠦᠢ᠃ ᠪᠠᠰᠠ | ᠬᠤᠭᠤᠯᠠ ᠶᠢᠨ ᠡᠵᠡᠨ ᠬᠡᠮᠡᠨ ᠬᠡᠯᠡᠯᠴᠡᠮᠦᠢ︾ ᠭᠡᠰᠡᠨ ᠪᠠᠶᠢᠨ᠎ᠠ᠃ | ᠴᠢᠩᠭᠢᠪᠡᠯ ᠬᠤᠭᠤᠯᠠᠢ ᠶᠢᠨ ᠳᠣᠲᠣᠭᠠᠳᠤ ᠬᠥᠨᠲᠥᠷᠦᠨ ᠣᠷᠭᠤᠭᠰᠠᠨ ᠮᠢᠬ᠎ᠠ᠂ ᠬᠦᠭᠡᠮᠡ ᠶᠢᠨ | ᠬᠦᠨ᠂ ᠬᠤᠭᠤᠯᠠᠢ ᠶᠢᠨ ᠡᠵᠡᠨ ᠨᠢ ᠬᠤᠭᠤᠯᠠᠢ ᠶᠢᠨ ᠳᠣᠲᠣᠭᠠᠳᠤ ᠳᠤ ᠣᠷᠣᠰᠢᠵᠤ ᠪᠠᠶᠢᠭ᠎ᠠ ᠨᠢᠭᠡ ᠶᠠᠭᠤᠮ᠎ᠠ ᠶᠢᠨ | ᠭᠤᠷᠪᠠᠨ ᠨᠡᠷ᠎ᠡ ᠭᠡᠵᠦ ᠣᠶᠢᠯᠠᠭᠠᠭᠳᠠᠨ᠎ᠠ᠃ ᠬᠠᠷᠢᠨ ᠬᠤᠭᠤᠯᠠᠢ ᠶᠢᠨ ᠳᠣᠲᠣᠭᠠᠳᠤ ᠬᠥᠨᠲᠥᠷᠦᠨ ᠣᠷᠭᠤᠭᠰᠠᠨ ᠮᠢᠬ᠎ᠠ | ᠭᠡᠳᠡᠭ ᠨᠢ ᠨᠡᠷ᠎ᠡ ᠲᠣᠮᠢᠶ᠎ᠠ ᠪᠢᠰᠢ ᠲᠠᠶᠢᠯᠪᠤᠷᠢ ᠪᠣᠯᠬᠤ ᠪᠥᠭᠡᠳ ᠶᠡᠷᠦ ᠳᠡᠭᠡᠨ ᠠᠮᠠᠨ ᠬᠥᠨᠳᠡᠢ ᠶᠢᠨ ᠭᠦᠨ ᠳᠤ | ᠣᠷᠣᠰᠢᠨ ᠬᠠᠷᠠᠭᠳᠠᠳᠠᠭ ᠬᠡᠦᠬᠡᠳ ᠬᠡᠯᠡ ᠶᠢ ᠵᠢᠭᠠᠵᠤ ᠬᠡᠯᠡᠭᠰᠡᠨ ᠦᠭᠡ ᠪᠣᠯᠣᠨ᠎ᠠ᠃ ᠬᠡᠦᠬᠡᠳ ᠬᠡᠯᠡ ᠶᠢ ᠬᠢᠲᠠᠳ ᠢᠶᠠᠷ | 腭垂᠂ ᠣᠷᠣᠰ ᠢᠶᠠᠷ язычок ᠠᠩᠭ᠍ᠯᠢ ᠪᠠᠷ uvu-la᠂ ᠯᠠᠲ᠋ᠢᠨ ᠢᠶᠠᠷ uvula palatina | ᠭᠡᠳᠡᠭ ᠪᠥᠭᠡᠳ ᠪᠦᠷ ᠯᠡ ᠲᠠᠩᠨᠠᠢ ᠶᠢᠨ ᠪᠢᠴᠢᠬᠠᠨ ᠮᠢᠬᠠᠨ ᠤᠨᠵᠢᠯᠭ᠎ᠠ ᠪᠤᠶᠤ ᠦᠵᠦᠮ ᠰᠢᠭ ᠶᠠᠭᠤᠮ᠎ᠠ ᠭᠡᠰᠡᠨ | ᠤᠳᠬ᠎ᠠ ᠪᠠᠭᠲᠠᠵᠤ ᠪᠣᠢ ᠨᠡᠷ᠎ᠡ ᠲᠣᠮᠢᠶ᠎ᠠ ᠶᠤᠮ᠃ ᠬᠤᠭᠤᠯᠠ ᠭᠡᠳᠡᠭ ᠦᠭᠡ ᠪᠣᠯ ᠵᠠᠯᠭᠢᠬᠤᠢ ᠶᠢ ᠬᠡᠯᠡᠭᠰᠡᠨ ᠪᠢᠰᠢ | ᠢᠳᠡᠬᠦ ᠶᠠᠭᠤᠮ᠎ᠠ ᠪᠤᠶᠤ ᠢᠳᠡᠭᠡᠨ ᠢ ᠵᠢᠭᠠᠵᠤ ᠬᠡᠯᠡᠭᠰᠡᠨ ᠦᠭᠡ ᠪᠥᠭᠡᠳ ᠬᠠᠷᠢᠶᠠᠯᠠᠬᠤ ᠶᠢᠨ ᠲᠡᠶᠢᠨ ᠢᠯᠭᠠᠯ ᠤᠨ | ᠳᠠᠭᠠᠪᠤᠷᠢ ᠵᠠᠯᠭᠠᠵᠤ ᠢᠳᠡᠬᠦ ᠤᠯᠠᠭᠠᠨ ᠬᠤᠭᠤᠯᠠᠢ᠂ ᠠᠮᠢᠰᠬᠤᠯᠯᠠᠬᠤ ᠴᠠᠭᠠᠨ ᠬᠤᠭᠤᠯᠠᠢ᠂ ᠳᠠᠭᠤᠨ ᠤ ᠬᠤᠭᠤᠯᠠᠢ | ᠲᠠᠢ ᠬᠤᠳᠬᠤᠯᠳᠤᠵᠤ ᠬᠥᠭᠡᠮᠡᠢ᠂ ᠳᠠᠭᠤ᠂ ᠬᠤᠭᠤᠯᠠᠢ ᠶᠢᠨ ᠤᠳᠬ᠎ᠠ ᠤᠬᠠᠭᠳᠠᠬᠤᠨ ᠢ ᠦᠭᠡ ᠬᠡᠯᠡ ᠢᠶᠠᠷ | ᠲᠣᠳᠣᠳᠬᠠᠨ ᠢᠯᠡᠳᠬᠡᠬᠦ ᠠᠷᠭ᠎ᠠ ᠦᠯᠦ ᠮᠡᠳᠡᠭᠳᠡᠬᠦ ᠲᠤᠯᠠ ᠬᠤᠭᠤᠯᠠ ᠶᠢᠨ ᠡᠵᠡᠨ ᠭᠡᠰᠡᠨ ᠨᠡᠷ᠎ᠡ ᠪᠠᠷ ᠣᠩᠭᠤᠨ | ᠡᠵᠡᠨ ᠮᠡᠳᠡᠳᠦᠭᠡᠢ ᠭᠡᠵᠦ ᠳᠠᠭᠠᠳᠬᠠᠨ ᠳᠠᠯᠳᠠ ᠦᠭᠡ ᠪᠠᠷ ᠶᠤᠭᠳᠠᠯᠠᠵᠡᠢ᠃ ᠲᠥᠷᠥᠯ ᠳᠤ ᠪᠠᠭᠲᠠᠵᠤ ᠪᠠᠶᠢᠭ᠎ᠠ | ᠤᠨᠵᠢᠢᠭᠰᠠᠨ ᠮᠢᠬ᠎ᠠ ᠭᠡᠰᠡᠨ ᠤᠳᠬ᠎ᠠ ᠲᠠᠢ ᠲᠥᠪᠡᠳ ᠦᠭᠡ ᠶᠢ ᠬᠥᠭᠡᠮᠡᠢ ᠭᠡᠵᠦ ᠮᠣᠩᠭᠤᠯᠴᠢᠯᠠᠨ | ᠣᠷᠴᠢᠭᠤᠯᠤᠭᠰᠠᠨ ᠢ ᠬᠠᠷᠢᠨ ᠬᠢᠲᠠᠳ ᠢᠶᠠᠷ 垂胡᠂ 牛项下悬垂的肉皮 ᠭᠡᠵᠦ | ᠦᠬᠡᠷ ᠤᠨ ᠬᠦᠵᠦᠭᠦᠨ ᠳᠣᠣᠷᠠᠬᠢ ᠤᠨᠵᠢᠢᠭᠰᠠᠨ ᠠᠷᠠᠰᠤ ᠪᠤᠶᠤ ᠪᠣᠶᠢᠨᠤᠭ ᠢ ᠵᠢᠭᠠᠵᠤ ᠭᠠᠵᠢᠭᠤᠳᠬᠠᠨ | ᠲᠠᠶᠢᠯᠪᠤᠷᠢᠯᠠᠭᠰᠠᠨ ᠨᠢ ᠦᠵᠡᠭᠳᠡᠨ᠎ᠡ᠃ ᠡᠶᠢᠮᠦ ᠠᠴᠠ ᠬᠥᠭᠡᠮᠡᠢ ᠭᠡᠳᠡᠭ ᠢ ᠬᠥᠮᠥᠨ ᠤ ᠪᠡᠶ᠎ᠡ ᠶᠢᠨ ᠶᠠᠭᠤ ᠨᠡᠷᠡᠯᠡᠭᠰᠡᠨ᠂ | ᠶᠠᠮᠠᠷ ᠪᠦᠲᠦᠴᠡ ᠪᠠ ᠦᠢᠯᠡᠳᠦᠯ ᠲᠠᠢ᠂ ᠳᠠᠭᠤᠨ ᠪᠠ ᠠᠪᠢᠶ᠎ᠠ ᠲᠠᠢ ᠶᠠᠮᠠᠷ ᠬᠤᠯᠪᠣᠭᠳᠠᠯ ᠲᠠᠢ ᠨᠢ ᠲᠣᠳᠣᠷᠬᠠᠢ ᠦᠭᠡᠢ | ᠬᠡᠯᠡᠭᠳᠡᠵᠦ ᠪᠢᠴᠢᠭᠳᠡᠵᠦ ᠢᠷᠡᠭᠰᠡᠨ ᠦᠭᠡ ᠪᠣᠯᠣᠨ᠎ᠠ᠃ | ᠡᠭᠦᠨ ᠢ ᠣᠳᠣ ᠦᠶ᠎ᠡ ᠶᠢᠨ ᠠᠨᠠᠭᠠᠬᠤ ᠤᠬᠠᠭᠠᠨ ᠳᠠᠬᠢ ᠬᠥᠮᠥᠨ ᠤ ᠪᠡᠶ᠎ᠡ ᠶᠢᠨ ᠠᠨᠠᠲ᠋ᠣᠮᠢ ︵ | ᠪᠦᠲᠦᠴᠡ︶ ᠪᠠ ᠹᠢᠽᠢᠣᠯᠣᠭᠢ ︵ᠠᠵᠢᠯᠯᠠᠭ᠎ᠠ︶ ᠶᠢᠨ ᠨᠡᠷ᠎ᠡ ᠳᠤᠯᠠᠭᠠᠨ ᠨᠤᠲᠠᠯᠠᠵᠤ ᠲᠣᠮᠢᠶᠠᠯᠠᠬᠤ ᠨᠢ ᠴᠢᠬᠤᠯᠠ ᠠᠴᠢ | ᠬᠤᠯᠪᠣᠭᠳᠠᠯ ᠲᠠᠢ ᠪᠠᠶᠢᠨ᠎ᠠ᠃ ᠲᠡᠶᠢᠮᠦ ᠶᠢᠨ ᠲᠤᠯᠠ ᠡᠨᠡ ᠬᠥᠭᠡᠮᠡᠢ ᠭᠡᠳᠡᠭ ᠢ ᠬᠥᠮᠥᠨ ᠤ ᠪᠡᠶ᠎ᠡ ᠳᠠᠬᠢ ᠳᠠᠭᠤ | ᠰᠣᠨᠣᠰᠳᠠᠬᠤ ᠡᠷᠬᠡᠲᠡᠨ ᠴᠢᠬᠢ᠂ ᠶᠠᠭᠤᠮ᠎ᠠ ᠬᠠᠷᠠᠬᠤ ᠡᠷᠬᠡᠲᠡᠨ ᠨᠢᠳᠦ ᠲᠠᠢ ᠵᠡᠷᠭᠡᠴᠡᠭᠰᠡᠨ᠂ ᠳᠤᠤᠭᠠᠷᠬᠤ ᠦᠢᠯᠡᠳᠦᠯ | ᠲᠠᠢ ᠡᠷᠬᠡᠲᠡᠨ ᠪᠣᠯᠬᠤ ᠶᠢ ᠮᠡᠳᠡᠵᠦ ᠪᠣᠯᠣᠨ᠎ᠠ᠃ ᠡᠶᠢᠮᠦ ᠡᠷᠬᠡᠲᠡᠨ ᠬᠥᠭᠡᠮᠡᠢ ᠶᠢ ᠯᠠᠲ᠋ᠢᠨ ᠪᠣᠯᠣᠨ ᠠᠩᠭ᠍ᠯᠢ ᠬᠡᠯᠡ ᠪᠠᠷ | glottis ᠭᠡᠵᠦ᠂ ᠬᠢᠲᠠᠳ ᠪᠣᠯᠣᠨ ᠶᠠᠫᠤᠨ ᠬᠡᠯᠡ ᠪᠠᠷ ᠥᠩᠭᠡᠷᠡᠭᠴᠢ ᠵᠠᠭᠤᠨ ᠤ ᠡᠬᠢᠨ ᠤ ᠦᠶ᠎ᠡ ᠳᠤ 声门 | ᠭᠡᠵᠦ ᠪᠢᠴᠢᠵᠦ᠂ ᠨᠡᠷᠡᠯᠡᠬᠦ ᠪᠣᠯᠣᠭᠰᠠᠨ ᠪᠠ ᠡᠨᠡ ᠨᠢ ᠣᠷᠣᠰ ᠬᠡᠯᠡᠨ ᠤ голособая | шель ᠭᠡᠰᠡᠨ ᠨᠡᠷ᠎ᠡ ᠲᠣᠮᠢᠶ᠎ᠠ ᠲᠠᠢ ᠣᠨᠣᠯᠳᠤᠨ ᠵᠣᠬᠢᠴᠠᠬᠤ ᠨᠢ ᠲᠣᠳᠣᠷᠬᠠᠢ᠃ | ᠡᠨᠡ ᠳᠤᠤᠭᠠᠷᠬᠤ ᠡᠷᠬᠡᠲᠡᠨ ᠬᠥᠭᠡᠮᠡᠢ ᠶᠢᠨ ᠪᠦᠲᠦᠴᠡ ᠨᠢ ᠠᠮᠢᠰᠬᠤᠯ ᠤᠨ ᠵᠠᠮ ᠪᠣᠯᠬᠤ | ᠮᠥᠭᠡᠷᠰᠦᠨ ᠬᠤᠭᠤᠯᠠᠢ ᠪᠤᠶᠤ ᠴᠠᠭᠠᠨ ᠬᠤᠭᠤᠯᠠᠢ ᠲᠠᠢ ᠵᠠᠯᠭᠠᠯᠳᠤᠨ ᠣᠷᠣᠰᠢᠵᠤ ᠭᠠᠳᠠᠭᠰᠢ ᠪᠠᠨ ᠳᠦᠪᠤᠶᠢᠨ | ᠦᠵᠡᠭᠳᠡᠳᠡᠭ ᠪᠠᠮᠪᠠᠢ ᠮᠥᠭᠡᠷᠰᠦ ᠵᠡᠷᠭᠡ ᠲᠣᠮᠣ ᠵᠢᠵᠢᠭ ᠳᠣᠯᠣᠭᠠᠨ ᠵᠦᠢᠯ ᠤᠨ ᠮᠥᠭᠡᠷᠰᠦᠨ ᠪᠦᠲᠦᠴᠡ ᠪᠠᠷ | ᠪᠦᠷᠢᠯᠳᠦᠭᠰᠡᠨ ᠲᠦᠪᠦᠩ ᠪᠤᠶᠤ ᠲᠦᠪᠦᠩᠬᠢ ᠶᠢᠨ ᠳᠣᠲᠣᠷ᠎ᠠ ᠬᠥᠨᠳᠡᠢ ᠶᠢ ᠬᠤᠶᠠᠷ ᠲᠠᠯ᠎ᠠ ᠠᠴᠠ ᠬᠠᠪᠴᠢᠨ | ᠪᠢᠲᠡᠭᠦᠯᠡᠵᠦ ᠳᠤᠮᠳᠠᠭᠤᠷ ᠢᠶᠠᠨ ᠵᠤᠷᠪᠤᠰᠬᠠᠨ ᠭᠤᠯᠳᠤ ᠠᠩᠭᠠᠷᠬᠠᠢ ᠭᠡᠳᠡᠭ ᠪᠥᠭᠡᠳ ᠲᠡᠭᠦᠨ ᠤ ᠬᠤᠶᠠᠷ ᠲᠠᠯ᠎ᠠ ᠶᠢᠨ | ᠬᠥᠪᠡᠭᠡ ᠳᠠᠭᠠᠤ ᠲᠤᠰ ᠪᠦᠷᠢ ᠨᠢᠭᠡ ᠵᠤᠷᠪᠤᠰ ᠰᠢᠨᠳᠠᠰᠤᠨ ᠬᠠᠯᠢᠰᠤ ᠪᠠᠶᠢᠬᠤ ᠶᠢ ᠳᠠᠭᠤᠨ ᠤ ᠬᠥᠪᠴᠢ ᠭᠡᠨ᠎ᠡ᠃ | ᠳᠠᠭᠤᠨ ᠤ ᠠᠩᠭᠠᠷᠬᠠᠢ ᠨᠢ ᠶᠡᠷᠦ ᠶᠢᠨ ᠠᠮᠢᠰᠬᠤᠯ ᠤᠨ ᠦᠶ᠎ᠡ ᠳᠤ ᠮᠠᠶᠢᠬᠠᠨ ᠤ ᠡᠭᠦᠳᠡ ᠰᠢᠭ ᠬᠤᠶᠠᠷ ᠲᠡᠶᠢᠰᠢ ᠪᠠᠨ | ᠠᠩᠭᠠᠶᠢᠵᠤ ᠪᠠᠶᠢᠳᠠᠭ᠂ ᠳᠤᠤᠭᠠᠷᠬᠤ ᠦᠦᠶᠡ ᠳᠤ ᠬᠤᠶᠠᠷ ᠲᠠᠯ᠎ᠠ ᠠᠴᠠ ᠵᠢᠮᠢᠢᠵᠦ ᠠᠩᠭᠠᠷᠬᠠᠢ ᠶᠢᠨ ᠵᠠᠢ ᠨᠢ ᠨᠠᠷᠢᠰᠤᠨ | ᠳᠠᠭᠤᠨ ᠤ ᠬᠥᠪᠴᠢ ᠨᠢ ᠠᠮᠢᠰᠬᠤᠯ ᠤᠨ ᠬᠡᠢ ᠭᠠᠳᠠᠭᠰᠢ ᠭᠠᠷᠬᠤ ᠬᠦᠴᠦᠨ ᠳᠤ ᠴᠡᠴᠡᠷᠡᠨ ᠬᠡᠯᠪᠡᠯᠵᠡᠵᠦ ᠳᠠᠭᠤᠨ | ᠭᠠᠷᠤᠨ᠎ᠠ᠃ ᠡᠭᠦᠨ ᠳᠤ ᠬᠡᠦᠬᠡᠳ ᠡᠬᠡ ᠠᠴᠠ ᠲᠥᠷᠥᠵᠦ ᠭᠠᠷᠤᠩᠭᠤᠲᠠ ᠪᠠᠷᠬᠢᠷᠠᠬᠤ ᠳᠠᠭᠤᠨ ᠪᠣᠯ ᠬᠥᠮᠥᠨ ᠤ | ᠬᠥᠭᠡᠮᠡᠢ ᠠᠴᠠ ᠭᠠᠷᠬᠤ ᠠᠩᠬᠠᠨ ᠤ ᠳᠠᠭᠤ ᠪᠣᠯᠣᠨ᠎ᠠ᠃ ᠬᠥᠮᠥᠨ ᠤ ᠬᠥᠭᠡᠮᠡᠢ ᠪᠣᠯ ᠬᠥᠮᠥᠨ ᠲᠥᠷᠥᠯᠬᠢᠲᠡᠨ ᠢ ᠳᠠᠭᠤᠨ | ᠭᠠᠷᠭᠠᠵᠤ᠂ ᠦᠭᠡ ᠬᠡᠯᠡᠳᠡᠭ ᠣᠨᠴᠠᠯᠢᠭ ᠲᠠᠢ ᠪᠣᠯᠭᠠᠭᠰᠠᠨ ᠡᠷᠬᠡᠲᠡᠨ ᠪᠥᠭᠡᠳ ᠬᠥᠮᠥᠨ ᠤ ᠲᠠᠷᠢᠬᠢᠨ ᠤ | ᠬᠥᠭᠵᠢᠯᠲᠡ ᠶᠢᠨ ᠳᠠᠭᠠᠤ ᠬᠡᠦᠬᠡᠳ ᠬᠡᠯᠡᠨ ᠳᠤ ᠣᠷᠣᠬᠤ᠂ ᠬᠥᠯ ᠳᠤ ᠣᠷᠣᠬᠤ ᠠᠴᠠ ᠡᠬᠢᠯᠡᠨ ᠬᠥᠮᠥᠨ ᠪᠣᠯᠬᠤ ᠪᠥᠬᠦ | ᠶᠠᠪᠤᠴᠠ ᠳᠤ ᠲᠠᠷᠢᠬᠢᠨ ᠤ ᠬᠥᠷᠥᠰᠥᠨ ᠳᠠᠪᠬᠤᠷᠭ᠎ᠠ ᠶᠢᠨ ᠠᠵᠢᠯᠯᠠᠭᠠᠨ ᠳᠤ ᠬᠠᠮᠢᠶᠠᠷᠤᠭᠳᠠᠨ᠎ᠠ᠃ ᠬᠥᠮᠥᠨ ᠤ | ᠬᠥᠭᠡᠮᠡᠢ ᠠᠴᠠ ᠭᠠᠷᠬᠤ ᠠᠩᠬᠠᠨ ᠤ ᠳᠠᠭᠤ ᠪᠣᠯ ᠡᠭᠡᠰᠢᠭ ᠤᠨ ᠰᠢᠨᠵᠢᠲᠡᠢ ᠪᠠᠷᠬᠢᠷᠠᠬᠤ ᠠᠪᠢᠶ᠎ᠠ ᠪᠠᠶᠢᠳᠠᠭ ᠪᠣᠯ | ᠬᠤᠶᠢᠰᠢᠳᠠ ᠲᠡᠷᠡ ᠨᠢ ᠠᠪᠢᠶᠠᠯᠠᠪᠤᠷᠢ ᠶᠢᠨ ᠦᠢᠯᠡᠳᠦᠯ ᠢᠶᠠᠷ ᠭᠡᠶᠢᠭᠦᠯᠦᠭᠴᠢ ᠶᠢᠨ ᠰᠢᠨᠵᠢᠲᠡᠢ ᠠᠪᠢᠶ᠎ᠠ ᠨᠡᠮᠡᠭᠳᠡᠵᠦ | ᠶᠠᠮᠠᠷ ᠨᠢᠭᠡ ᠬᠡᠯᠡ ᠪᠠᠷ ᠨᠢᠭᠤᠷ ᠴᠢᠷᠠᠢ ᠶᠢᠨ ᠢᠯᠡᠷᠡᠯ᠂ ᠭᠠᠷ ᠬᠥᠯ ᠤᠨ ᠬᠥᠳᠡᠯᠭᠡᠭᠡᠨ ᠤ ᠳᠦᠷᠢ ᠢᠶᠠᠨ ᠬᠠᠷᠠᠯᠴᠠᠨ | ᠪᠠᠶᠢᠵᠤ ᠦᠭᠡ ᠬᠡᠯᠡᠯᠴᠡᠨ ᠳᠤᠤᠭᠠᠷᠠᠯᠳᠤᠵᠦ ᠴᠢᠳᠠᠳᠠᠭ ᠣᠶᠣᠨ ᠤ ᠬᠠᠷᠢᠯᠴᠠᠭᠠᠨ ᠤ ᠪᠠᠭᠠᠵᠢ ᠪᠣᠯᠳᠠᠭ ᠪᠠᠶᠢᠨ᠎ᠠ᠃ | ᠬᠥᠮᠥᠨ ᠤ ᠬᠥᠭᠡᠮᠡᠢ ᠶᠢᠨ ᠳᠠᠭᠤ ᠶᠢ ᠦᠭᠡ ᠶᠠᠷᠢᠶᠠᠨ ᠤ ᠳᠠᠭᠤ ᠪᠣᠯᠣᠨ ᠳᠠᠭᠤᠤ ᠳᠠᠭᠤᠯᠠᠬᠤ | ᠳᠠᠭᠤᠨ ᠭᠡᠵᠦ ᠬᠤᠶᠠᠷ ᠬᠤᠪᠢᠶᠠᠵᠤ ᠪᠣᠯᠣᠨ᠎ᠠ᠃ ᠳᠠᠭᠤᠨ ᠤ ᠰᠢᠨᠵᠢ ᠴᠢᠨᠠᠷ ᠨᠢ ᠳᠠᠭᠤᠨ ᠤ ᠬᠥᠪᠴᠢ ᠶᠢᠨ ᠤᠷᠲᠤ | ᠪᠣᠭᠤᠨᠢ ᠶᠢᠨ ᠬᠡᠮᠵᠢᠶ᠎ᠡ᠂ ᠡᠷ᠎ᠡ ᠡᠮ᠎ᠡ ᠨᠠᠰᠤᠨ ᠤ ᠢᠯᠭᠠᠭ᠎ᠠ ᠵᠡᠷᠭᠡ ᠠᠴᠠ ᠪᠣᠯᠵᠤ ᠴᠢᠩᠭ᠎ᠠ ᠰᠤᠯᠠ᠂ ᠥᠳᠬᠡᠨ | ᠰᠢᠩᠭᠡᠨ ᠪᠠ ᠳᠠᠭᠤᠨ ᠤ ᠥᠩᠭᠡ ᠨᠢ ᠠᠳᠠᠯᠢ ᠦᠭᠡᠢ ᠪᠣᠯᠣᠨ ᠬᠤᠪᠢᠷᠠᠳᠠᠭ᠃ ᠡᠷᠡᠭᠲᠡᠢ ᠶᠢᠨ ᠳᠠᠭᠤᠨ ᠤ | ᠬᠡᠯᠪᠡᠯᠵᠡᠯᠲᠡ ᠰᠧᠺᠦ᠋ᠨᠲ ᠪᠥᠷᠢ ᠳᠤ 120 ᠣᠷᠴᠢᠮ ᠪᠠᠶᠢᠬᠤ ᠳᠤ ᠡᠮᠡᠭᠲᠡᠢ ᠶᠢᠨ ᠬᠢᠨᠢ 240 ᠬᠢᠷᠢᠲᠡᠢ ᠪᠠᠶᠢᠨ᠎ᠠ᠃ | ᠶᠡᠷᠦᠩᠬᠡᠢ ᠳᠡᠭᠡᠨ ᠬᠥᠮᠥᠨ ᠤ ᠳᠠᠭᠤᠨ ᠤ ᠬᠡᠯᠪᠡᠯᠵᠡᠯᠲᠡ ᠨᠢ 1200 ᠠᠴᠠ 80 ᠶᠢᠨ ᠬᠤᠭᠤᠷᠣᠨᠳᠤ ᠪᠠᠶᠢᠳᠠᠭ | ᠪᠠᠶᠢᠨ᠎ᠠ᠃ ᠴᠢᠬᠢᠨ ᠳᠤ ᠰᠣᠨᠣᠰᠳᠠᠵᠤ ᠪᠣᠯᠬᠤ ᠠᠯᠢᠪᠠ ᠳᠠᠭᠤᠨ ᠤ ᠬᠡᠯᠪᠡᠯᠵᠡᠯᠲᠡ ᠨᠢ ᠰᠧᠺᠦ᠋ᠨᠲ ᠪᠦᠷᠢ ᠳᠤ | 20 ᠠᠴᠠ 20000 ᠶᠢᠨ ᠬᠤᠭᠤᠷᠣᠨᠳᠤ ᠪᠠᠶᠢᠳᠠᠭ᠃ ᠠᠭᠤᠰᠬᠢᠨ ᠠᠮᠢᠰᠬᠤᠯᠲᠤ ᠠᠳᠤᠭᠤᠰᠤᠨ ᠠᠮᠢᠲᠠᠨ | ᠬᠡᠳᠦᠶᠢᠪᠡᠷ ᠬᠥᠭᠡᠮᠡᠢ ᠲᠠᠢ ᠪᠣᠯᠪᠠᠴᠤ ᠦᠭᠡ ᠬᠡᠯᠡᠵᠦ ᠴᠢᠳᠠᠬᠤ ᠦᠭᠡᠢ ᠲᠤᠯᠠ ᠳᠤᠤᠭᠠᠷᠬᠤ ᠳᠠᠭᠤᠨ ᠤ ᠠᠪᠢᠶ᠎ᠠ | ᠠᠳᠠᠯᠢ ᠦᠭᠡᠢ ᠪᠠᠶᠢᠨ᠎ᠠ᠃ ᠵᠢᠱᠢᠶᠡᠯᠡᠪᠡᠯ᠄ ᠦᠬᠡᠷ ᠮᠥᠭᠡᠷᠡᠬᠦ᠂ ᠠᠳᠤᠭᠤ ᠢᠨᠴᠠᠭᠠᠬᠤ᠂ ᠬᠤᠨᠢ ᠢᠮᠠᠭ᠎ᠠ ᠮᠠᠶᠢᠯᠠᠬᠤ᠂ | ᠲᠡᠮᠡᠭᠡ ᠪᠣᠶᠢᠯᠠᠬᠤ᠂ ᠨᠣᠬᠠᠢ ᠬᠤᠴᠠᠬᠤ᠂ ᠴᠢᠨ᠋ᠸ᠎ᠠ ᠣᠯᠢᠬᠤ ᠭᠡᠵᠦ ᠮᠣᠩᠭᠤᠯ ᠢᠶᠠᠷ ᠢᠯᠭᠠᠭ᠎ᠠ ᠲᠠᠢ ᠬᠡᠯᠡᠳᠡᠭ ᠪᠢᠯᠡ᠃ | ᠬᠥᠭᠡᠮᠡᠢ ᠪᠠᠷ ᠢᠶᠠᠨ ᠬᠥᠭᠡᠮᠡᠶᠢᠯᠡᠵᠦ ᠮᠣᠩᠭᠤᠯ ᠣᠷᠳᠣ ᠶᠢᠨ ᠳᠠᠭᠤᠤ᠂ ᠪᠡᠭᠡᠵᠢᠩ ᠰᠢ᠂ | ᠡᠸᠦ᠋ᠷᠦᠫᠡ ᠶᠢᠨ ᠣᠫᠧᠷᠡ ᠳᠠᠭᠤᠷᠢ᠂ ᠶᠠᠫᠤᠨ ᠤ ᠺᠠᠷᠠ ᠤᠺᠧ ᠵᠡᠷᠭᠡ ᠶᠢ ᠶᠠᠮᠠᠷ ᠬᠡᠯᠡ ᠪᠠᠷ ᠳᠠᠭᠤᠯᠠᠭᠰᠠᠨ ᠴᠦ ᠳᠠᠭᠤ | ᠠᠪᠢᠶ᠎ᠠ ᠪᠦᠬᠦᠨ ᠤ ᠣᠨᠴᠠᠯᠢᠭ ᠤᠳ ᠨᠢ ᠭᠤᠤᠯᠳᠠᠭᠤ ᠠᠮᠢᠰᠬᠤᠯ ᠤᠨ ᠬᠡᠢ ᠶᠢᠨ ᠲᠦᠷᠢᠯᠲᠡ ᠰᠢᠬᠠᠯᠲᠠ ᠶᠢᠨ ᠬᠦᠴᠦ᠂ | ᠳᠠᠭᠤᠨ ᠤ ᠬᠥᠪᠴᠢ ᠶᠢᠨ ᠴᠡᠴᠡᠷᠡᠬᠦ ᠬᠡᠯᠪᠡᠯᠵᠡᠯᠲᠡ᠂ ᠥᠷᠥᠴᠡ᠂ ᠬᠠᠴᠠᠷ᠂ ᠠᠮᠠ᠂ ᠣᠷᠣᠭᠤᠯ᠂ ᠬᠡᠯᠡ᠂ ᠬᠡᠦᠬᠡᠨ | ᠬᠡᠯᠡ᠂ ᠬᠤᠭᠤᠯᠠᠢ᠂ ᠬᠦᠵᠦᠭᠦᠦ᠂ ᠴᠡᠭᠡᠵᠢ᠂ ᠬᠠᠪᠢᠷᠭ᠎ᠠ᠂ ᠨᠢᠷᠤᠭᠤ᠂ ᠬᠥᠯ ᠬᠦᠷᠲᠡᠯᠡᠬᠢ ᠲᠣᠮᠣ ᠵᠢᠵᠢᠭ ᠣᠯᠠᠨ | ᠪᠤᠯᠴᠢᠩ ᠰᠢᠷᠪᠦᠰᠦ ᠨᠦᠭᠦᠳ ᠤᠨ ᠰᠤᠩᠬᠤ ᠠᠭᠰᠢᠬᠤ᠂ ᠰᠤᠯᠠᠳᠬᠤ ᠶᠢᠨ ᠴᠢᠩᠭᠠᠷᠠᠬᠤ ᠬᠥᠳᠡᠯᠭᠡᠭᠡᠨ ᠪᠣᠯᠣᠨ ᠠᠮᠠ᠂ | ᠬᠠᠮᠠᠷ᠂ ᠬᠤᠭᠤᠯᠠᠢ ᠶᠢᠨ ᠬᠥᠨᠳᠡᠢ ᠶᠢᠨ ᠴᠤᠤᠷᠢᠶᠠᠳᠤᠯᠭ᠎ᠠ ᠳᠤ ᠨᠥᠯᠥᠭᠡᠯᠡᠭᠳᠡᠳᠡᠭ ᠤᠴᠢᠷ ᠪᠦᠬᠦᠯᠢ ᠪᠡᠶ᠎ᠡ ᠶᠢᠨ | ᠴᠢᠨᠠᠷᠲᠠᠢ ᠠᠵᠢᠯᠯᠠᠭ᠎ᠠ ᠣᠷᠣᠯᠴᠠᠭᠰᠠᠨ ᠳᠠᠭᠤ ᠭᠠᠷᠭᠠᠵᠤ ᠳᠠᠭᠤᠯᠠᠳᠠᠭ ᠪᠠᠶᠢᠨ᠎ᠠ᠃ ᠡᠭᠦᠨ ᠳᠤ ᠲᠠᠷᠢᠬᠢᠨ ᠤ | ᠮᠡᠳᠡᠷᠡᠯ ᠤᠨ ᠰᠢᠰᠲ᠋ᠧᠮ ᠳᠠᠭᠤᠨ ᠤ ᠹᠢᠽᠢᠯᠤᠯᠤᠬᠢ ᠶᠢᠨ ᠲᠠᠯ᠎ᠠ ᠪᠠᠷ ᠬᠥᠭᠡᠮᠡᠢ ᠶᠢᠨ ᠡᠷᠡᠭᠦᠯ ᠠᠬᠤᠢ ᠶᠢᠨ ᠬᠢᠨᠠᠯᠲᠠ ᠲᠠᠢ | ᠬᠤᠭᠤᠯᠠᠢ ᠶᠢᠨ ᠠᠶ᠎ᠠ ᠶᠢ ᠲᠣᠬᠢᠷᠠᠭᠤᠯᠤᠨ ᠵᠠᠰᠠᠵᠤ ᠳᠠᠭᠤᠯᠠᠬᠤ᠂ ᠶᠠᠷᠢᠬᠤ ᠤᠷ᠎ᠠ ᠮᠡᠷᠭᠡᠵᠢᠯ ᠢ ᠠᠰᠢᠭᠯᠠᠨ ᠬᠡᠷᠡᠭᠯᠡᠬᠦ | ᠪᠣᠯᠪᠠᠰᠤᠷᠠᠯ ᠲᠠᠢ ᠪᠣᠯᠬᠤ ᠨᠢ ᠴᠢᠬᠤᠯᠠ ᠪᠠᠶᠢᠨ᠎ᠠ᠃ | | | ᠨᠣᠮ ᠵᠣᠬᠢᠶᠠᠯ᠄ | ① ︽ᠬᠤᠷᠢᠨ ᠨᠢᠭᠡᠲᠦ ᠲᠠᠶᠢᠯᠪᠤᠷᠢ ᠲᠣᠯᠢ︾᠂ ᠥ᠊ ᠮᠣ ᠶᠠ᠊ ᠰᠤ ᠬᠡᠪᠯᠡᠯ ᠤᠨ ᠬᠤᠷᠢᠶ᠎ᠠ᠂ | 1979 ᠣᠨ᠃ | ② ᠭ᠊ · ᠷᠠᠰᠢᠰᠡᠷᠡᠩ᠄ ︽ᠣᠶᠣᠨ ᠢ ᠲᠣᠳᠣᠷᠠᠭᠤᠯᠤᠭᠴᠢ ᠡᠷᠳᠡᠨᠢ ᠲᠣᠯᠢ︾᠂ ᠥ᠊ ᠮᠣ ᠶᠠ᠊ | ᠰᠤ ᠬᠡᠪᠯᠡᠯ ᠤᠨ ᠬᠤᠷᠢᠶ᠎ᠠ᠃ | ③ ︽人体解剖学名词︾ 科学出版社,一九九 | 一年. | ④STEDMANS MEDICAL DICTIONARY | ZNDEDITION.ENGLISH-JAPANESE.1958.MEDICALVIEW CO. | TOKYO. | ⑤B.H.T оll к о B :Улебник | Анатомии Человека,Т.1.1953,МЕД-гиз. | ленинград. | ⑥ ᠢ᠊ · ᠴᠠᠪᠠᠯ᠄ ︽ᠮᠣᠩᠭᠤᠯ ᠬᠡᠯᠡᠨ ᠤ ᠲᠣᠪᠴᠢ ᠲᠠᠶᠢᠯᠪᠤᠷᠢ ᠲᠣᠯᠢ︾᠂ | ᠤᠯᠠᠭᠠᠨᠪᠠᠭᠠᠲᠤᠷ᠂ 1966 ᠣᠨ᠃ | ⑦ ︽ᠮᠣᠩᠭᠤᠯ ᠬᠡᠯᠡᠨ ᠤ ᠲᠣᠯᠢ︾᠂ ᠥ᠊ ᠮᠣ ᠠ᠊ ᠬᠡᠪᠯᠡᠯ ᠤᠨ ᠬᠤᠷᠢᠶ᠎ᠠ᠂ 1999 ᠣᠨ | ᠃ | ⑧ ︽多变速器 对照语言学词汇(英法德俄 | 汉)︾ 北京语言学院出版社,一九九八年. | | | |