| | ᠮᠠᠨ ᠤ ᠤᠷᠤᠨ ᠪᠤᠬᠢᠷᠳᠤᠯ ᠦᠬᠡᠢ ᠮᠠᠯ ᠤᠨ ᠠᠰᠢᠭ ᠰᠢᠮ᠎ᠠ ᠶᠢ ᠡᠳ᠋ᠰᠢᠬᠦᠯᠦᠨ ᠪᠤᠯᠪᠠᠰᠤᠷᠠᠭᠤᠯᠬᠤ | ᠬᠠᠷᠢᠴᠠᠯᠠᠰᠢᠬᠦᠢ ᠡᠬᠢ ᠪᠠᠶᠠᠯᠢᠭ ᠤᠨ ᠲᠠᠪᠠᠭᠤᠯᠢᠭ ᠲᠠᠢ᠃ ᠶᠡᠷᠦᠩᠬᠡᠶᠢᠯᠡᠭᠰᠡᠨ ᠦᠢᠯᠡᠳᠪᠦᠷᠢᠯᠡᠯ ᠤᠨ ᠴᠢᠳᠡᠪᠦᠷᠢ ᠪᠦᠬᠦ | ᠤᠯᠤᠰ ᠤᠨ ᠲᠠᠪᠤᠨ ᠶᠡᠭᠡ ᠮᠠᠯᠵᠢᠬᠤ ᠤᠷᠤᠨ ᠳᠤ ᠤᠷᠦ᠋ᠢᠯᠠᠵᠤ᠂ ᠪᠦᠬᠦ ᠤᠯᠤᠰ ᠤᠨ ᠪᠤᠬᠢᠷᠳᠤᠯ ᠦᠬᠡᠢ ᠮᠠᠯ ᠤᠨ | ᠠᠰᠢᠭ ᠰᠢᠮ᠎ᠠ ᠶᠢᠨ ᠦᠢᠯᠡᠳᠪᠦᠷᠢᠯᠡᠯ ᠤᠨ ᠴᠢᠬᠤᠯᠠ ᠰᠠᠭᠤᠷᠢᠨ ᠪᠤᠯᠤᠨ᠎ᠠ᠃ ᠤᠢᠢᠷ᠎ᠠ ᠶᠢᠨ ᠵᠢᠯ ᠮᠢᠬᠠᠨ ᠦᠬᠡᠷ | ᠮᠢᠬᠠᠨ ᠬᠤᠨᠢᠨ ᠤ ᠬᠦᠭᠵᠢᠯᠳᠠ ᠶᠢᠨ ᠲᠠᠪᠠᠭᠤᠯᠢᠭ ᠤᠷᠤᠨ ᠪᠦᠰᠡ ᠶᠢ ᠪᠦᠳᠦᠬᠡᠨ ᠪᠠᠶᠢᠭᠤᠯᠬᠤ ᠶᠢᠨ ᠲᠤᠭᠤᠷᠢᠨ ᠳᠤ᠂ | ᠵᠡᠬᠦᠨ ᠬᠤᠶᠢᠳᠤ ᠶᠢᠨ ᠮᠢᠬᠠᠨ ᠬᠤᠨᠢᠨ ᠤ ᠪᠦᠰᠡ᠂ ᠰᠢᠯᠢ ᠶᠢᠨ ᠭᠤᠤᠯ ᠤᠨ ᠲᠠᠯ᠎ᠠ ᠨᠤᠳᠤᠭ ᠤᠨ ᠮᠢᠬᠠᠨ ᠬᠤᠨᠢᠨ ᠤ | ᠪᠦᠰᠡ᠂ ᠪᠠᠷᠠᠭᠤᠨ ᠬᠡᠰᠡᠭ ᠤᠨ ᠮᠢᠬᠠᠨ ᠬᠤᠨᠢᠨ ᠤ ᠪᠦᠰᠡ ᠵᠡᠷᠬᠡ ᠭᠤᠷᠪᠠᠨ ᠶᠡᠭᠡ ᠮᠢᠬᠠᠨ ᠬᠤᠨᠢᠨ ᠤ | ᠲᠠᠵᠢᠬᠡᠪᠦᠷᠢ ᠶᠢᠨ ᠪᠦᠰᠡ ᠶᠢ ᠪᠦᠷᠢᠯᠳᠦᠬᠦᠯᠵᠤ᠂ ᠪᠦᠬᠦ ᠤᠷᠤᠨ ᠤ 10 ᠠᠶᠢᠮᠠᠭ ᠬᠤᠳᠠ ᠶᠢ ᠪᠦᠷᠬᠦᠨ᠂ ᠮᠢᠬᠠᠨ | ᠦᠬᠡᠷ ᠤᠨ ᠲᠠᠵᠢᠬᠡᠪᠦᠷᠢ ᠨᠢ ᠬᠤᠷᠴᠢᠨ ᠦᠬᠡᠷ ᠤᠨ ᠦᠢᠯᠡᠰ ᠢᠶᠠᠷ ᠲᠠᠭᠠᠭᠤᠯᠤᠭᠴᠢ ᠪᠤᠯᠭᠠᠵᠤ᠂ ᠲᠦᠩᠯᠢᠶᠤᠤ᠂ | ᠤᠯᠠᠭᠠᠨᠬᠠᠳᠠ᠂ ᠰᠢᠯᠢ ᠶᠢᠨ ᠭᠤᠤᠯ᠂ ᠬᠢᠩᠭᠠᠨ ᠠᠶᠢᠮᠠᠭ ᠢᠶᠠᠷ ᠭᠤᠤᠯ ᠪᠤᠯᠭᠠᠬᠰᠠᠨ ᠲᠤᠮᠳᠠ ᠵᠡᠬᠦᠨ ᠬᠡᠰᠡᠭ ᠭᠠᠵᠠᠷ | ᠤᠷᠤᠨ ᠤ ᠮᠢᠬᠠᠨ ᠦᠬᠡᠷ ᠤᠨ ᠪᠦᠰᠡ ᠶᠢ ᠪᠦᠷᠢᠯᠳᠦᠬᠦᠯᠵᠡᠢ᠃ | | | ᠦᠨ᠎ᠠ ᠦᠰᠦᠭᠰᠡᠨ ᠪᠠᠶᠢᠳᠡᠯ | | | ᠤᠢᠢᠷ᠎ᠠ ᠶᠢᠨ ᠵᠢᠯ ᠠᠴᠠ ᠵᠠᠬ᠎ᠠ ᠲᠠᠯᠭᠡᠭᠦᠷ ᠤᠨ ᠬᠤᠪᠢᠷᠡᠯᠳᠠ ᠶᠢ ᠲᠠᠭᠠᠯᠳᠤᠨ ᠮᠠᠨ ᠤ ᠤᠷᠤᠨ ᠤ ᠦᠬᠡᠷ | ᠬᠤᠨᠢᠨ ᠮᠢᠬᠠᠨ ᠤ ᠦᠨ᠎ᠠ ᠦᠷᠬᠦᠯᠵᠢᠯᠠᠨ ᠦᠰᠴᠤ᠂ 2006 ᠤᠨ — 2013 ᠤᠨ ᠪᠤᠯᠳᠠᠯ᠎ᠠ ᠦᠬᠡᠷ | ᠬᠤᠨᠢᠨ ᠮᠢᠬᠠᠨ ᠤ ᠦᠨ᠎ᠠ ᠬᠡᠳᠦᠨ ᠤᠳᠠᠭ᠎ᠠ ᠶᠢᠨ ᠬᠤᠪᠢᠷᠠᠯᠳᠠ ᠶᠢ ᠦᠩᠬᠡᠷᠡᠭᠡᠯᠡ᠃ 2006 ᠤᠨ ᠤ ᠦᠶ᠎ᠠ ᠪᠠᠷ | ᠦᠬᠡᠷ ᠬᠤᠨᠢᠨ ᠮᠢᠬᠠᠨ ᠤ ᠦᠨ᠎ᠠ ᠨᠡᠯᠢᠶᠡᠳ ᠲᠤᠭᠳᠠᠭᠤᠨ ᠪᠠᠶᠢᠬᠰᠠᠨ ᠢᠶᠠᠨ 2007 ᠤᠨ ᠳᠤ ᠭᠠᠭ᠋ᠠᠢ ᠶᠢᠨ | ᠮᠢᠬᠠᠨ ᠤ ᠦᠨ᠎ᠠ ᠶᠡᠬᠡᠪᠡᠷ ᠦᠰᠬᠦ ᠶᠢ ᠲᠠᠭᠠᠯᠳᠤᠨ ᠦᠬᠡᠷ ᠬᠤᠨᠢᠨ ᠮᠢᠬᠠᠨ ᠤ ᠦᠨ᠎ᠠ ᠴᠤ ᠲᠠᠭᠠᠯᠳᠤᠨ ᠦᠰᠴᠤ᠂ | 2010 ᠤᠨ ᠪᠤᠯᠳᠠᠯ᠎ᠠ ᠬᠡᠳᠦᠨ ᠵᠢᠯ ᠲᠠᠷᠠᠭᠠᠯᠠᠨ ᠦᠷᠬᠦᠯᠵᠢᠯᠠᠨ ᠦᠰᠬᠦ ᠪᠠᠶᠢᠳᠠᠯ ᠢᠯᠡᠷᠡᠵᠠᠢ᠃ ᠡᠬᠦᠨ ᠳᠤ | ᠦᠬᠡᠷ ᠤᠨ ᠮᠢᠬᠠᠨ ᠤ ᠦᠨ᠎ᠠ ᠬᠠᠷᠢᠴᠠᠩᠭᠤᠢ ᠪᠠᠷ ᠲᠤᠭᠳᠠᠭᠤᠨ ᠪᠠᠶᠢᠵᠤ᠂ 2011 ᠤᠨ ᠠᠴᠠ ᠨᠠᠰᠢ ᠦᠬᠡᠷ | ᠬᠤᠨᠢᠨ ᠮᠢᠬᠠᠨ ᠤ ᠦᠨ᠎ᠡ ᠶᠡᠬᠡᠪᠡᠷ ᠦᠰᠬᠦ ᠪᠠᠶᠢᠳᠠᠯ ᠢᠯᠡᠷᠡᠪᠠ᠃ 2013 ᠤᠨ ᠳᠤ ᠪᠦᠬᠦ ᠤᠷᠤᠨ ᠤ ᠦᠬᠡᠷ᠂ | ᠬᠤᠨᠢᠨ ᠮᠢᠬᠠᠨ ᠤ ᠵᠢᠵᠢᠭᠯᠡᠨ ᠪᠤᠷᠤᠯᠠᠭᠤᠯᠬᠤ ᠲᠡᠭᠰᠢᠳᠭᠡᠭᠰᠡᠨ ᠦᠨ᠎ᠠ ᠵᠢᠩ ᠪᠦᠷᠢ ᠳᠡᠭᠡᠨ 27.72 ᠲᠦᠬᠦᠷᠢᠭ ᠪᠠ | 31.63 ᠲᠦᠬᠦᠷᠢᠭ ᠲᠤ ᠬᠦᠷᠴᠤ᠂ 2012 ᠤᠨ ᠤ ᠬᠢ ᠠᠴᠠ ᠲᠤᠰ ᠲᠤᠰ 28%᠂ 12.46% ᠢᠶᠠᠷ | ᠦᠰᠴᠤ᠂ 2011 ᠤᠨ ᠤ ᠬᠢ ᠠᠴᠠ ᠲᠤᠰ ᠲᠤᠰ 57.32% ᠪᠠ 31.70% ᠢᠶᠠᠷ ᠦᠰᠴᠦ᠂ ᠦᠨ᠎ᠠ ᠶᠢᠨ | ᠦᠰᠦᠭᠰᠡᠨ ᠬᠡᠮᠵᠢᠶ᠎ᠠ ᠭᠠᠭ᠋ᠠᠢ ᠶᠢᠨ ᠮᠢᠬᠠᠨ ᠤ ᠦᠨ᠎ᠠ ᠶᠢᠨ ᠦᠰᠦᠯᠳᠡ ᠠᠴᠠ ᠢᠯᠡᠳᠳᠡ ᠦᠨᠳᠦᠷ ᠪᠤᠯᠵᠠᠢ᠃ | 2008 ᠤᠨ ᠠᠴᠠ ᠡᠮᠦᠨ᠎ᠡ ᠭᠠᠭ᠋ᠠᠢ ᠶᠢᠨ ᠮᠢᠬᠠᠨ ᠤ ᠦᠨ᠎ᠠ ᠪᠠ ᠦᠬᠡᠷ ᠬᠤᠨᠢᠨ ᠮᠢᠬᠠᠨ ᠤ ᠦᠨ᠎ᠠ ᠲᠡᠮᠡᠢ | ᠶᠡᠭᠡ ᠵᠦᠷᠢᠶᠠᠨ ᠦᠬᠡᠢ ᠪᠠᠶᠢᠬᠰᠠᠨ ᠢᠶᠠᠨ 2013 ᠤᠨ ᠪᠤᠯᠬᠤ ᠳᠤ ᠦᠬᠡᠷ᠂ ᠬᠤᠨᠢᠨ ᠮᠢᠬᠠᠨ ᠤ ᠦᠨ᠎ᠠ ᠪᠠ | ᠭᠠᠭ᠋ᠠᠢ ᠶᠢᠨ ᠮᠢᠬᠠᠨ ᠤ ᠦᠨ᠎ᠠ ᠶᠢᠨ ᠬᠠᠷᠢᠴᠠᠯ ᠲᠤᠰ ᠲᠤᠰ 1.89᠄ 1 ᠪᠠ 2.07᠄ 1 ᠪᠤᠯᠵᠠᠢ᠃ | | | ᠦᠨ᠎ᠠ ᠦᠰᠦᠭᠰᠡᠨ ᠰᠢᠯᠳᠠᠭᠠᠨ | | | ᠮᠠᠨ ᠤ ᠤᠷᠤᠨ ᠤ ᠦᠬᠡᠷ ᠬᠤᠨᠢᠨ ᠮᠢᠬᠠᠨ ᠤ ᠦᠨ᠎ᠠ ᠦᠰᠦᠭᠰᠡᠨ ᠰᠢᠯᠳᠠᠭᠠᠨ ᠢ ᠵᠡᠳᠠᠯᠪᠠᠯ᠄ ᠬᠤᠳᠠ | ᠬᠦᠳᠡᠭᠡ ᠶᠢᠨ ᠰᠠᠭᠤᠭᠠᠯᠢ ᠠᠷᠠᠳ ᠤᠨ ᠠᠮᠢᠳᠦᠷᠠᠯ ᠤᠨ ᠲᠦᠪᠰᠢᠨ ᠤ ᠲᠠᠰᠤᠷᠠᠯᠳᠠ ᠦᠬᠡᠢ ᠲᠡᠭᠡᠭᠰᠢᠯᠡᠬᠦ ᠶᠢ | ᠲᠠᠭᠠᠯᠳᠤᠨ ᠦᠬᠡᠷ ᠬᠤᠨᠢᠨ ᠮᠢᠬᠠᠨ ᠤ ᠵᠠᠬ᠎ᠠ ᠲᠡᠯᠬᠡᠬᠦᠷ ᠤᠨ ᠬᠡᠷᠡᠭᠴᠡᠭᠡ ᠠᠭᠠᠵᠢᠮ ᠢᠶᠠᠷ ᠨᠡᠮᠡᠭᠳᠡᠵᠤ᠂ ᠦᠬᠡᠷ | ᠬᠤᠨᠢᠨ ᠮᠢᠬ᠎ᠠ ᠨᠢ ᠤᠷᠤᠨ ᠪᠦᠰᠡ ᠶᠢᠨ ᠴᠢᠨᠠᠷᠳᠠᠢ ᠬᠡᠷᠡᠭᠯᠡᠭᠡ ᠠᠴᠠ ᠪᠠᠨ ᠪᠦᠬᠦ ᠤᠯᠤᠰ ᠤᠨ ᠴᠢᠨᠠᠷᠳᠠᠢ ᠬᠡᠷᠡᠭᠯᠡᠭᠡ᠂ | ᠤᠯᠠᠷᠢᠯ ᠤᠨ ᠴᠢᠨᠠᠷᠳᠠᠢ ᠬᠡᠷᠡᠭᠯᠡᠭᠡ ᠠᠴᠠ ᠪᠠᠶᠢᠩᠭᠤ ᠶᠢᠨ ᠴᠢᠨᠠᠷᠳᠠᠢ ᠬᠡᠷᠡᠭᠯᠡᠭᠡ ᠲᠠᠰᠢ ᠰᠢᠯᠵᠢᠵᠠᠢ᠃ ᠬᠡᠳᠡᠯ᠎ᠡ ᠵᠠᠬ᠎ᠠ | ᠲᠡᠯᠬᠡᠬᠦᠷ ᠤᠨ ᠬᠠᠩᠭᠠᠯᠭ᠎ᠠ ᠠᠴᠠ ᠠᠪᠴᠤ ᠬᠡᠯᠡᠪᠡᠯ᠂ ᠠᠮᠢ ᠠᠬᠤᠢ ᠶᠢ ᠬᠠᠮᠠᠭᠠᠯᠠᠬᠤ ᠡᠷᠴᠢᠮ ᠴᠢᠩᠭᠠᠷᠠᠬᠤ ᠶᠢ | ᠲᠠᠭᠠᠯᠳᠤᠨ ᠶᠡᠬᠡᠩᠬᠢ ᠲᠤᠭᠠᠨ ᠤ ᠦᠬᠡᠷ ᠬᠤᠨᠢ ᠶᠢ ᠬᠠᠰᠢᠶᠠᠯᠠᠵᠤ ᠲᠡᠵᠢᠬᠡᠬᠦ ᠪᠤᠯᠤᠬᠰᠠᠨ ᠢᠶᠠᠷ ᠲᠡᠵᠢᠬᠡᠪᠦᠷᠢ ᠶᠢᠨ | ᠦᠪᠡᠷ ᠤᠨ ᠦᠷᠳᠡᠭ ᠲᠠᠰᠤᠷᠠᠯᠳᠠ ᠦᠬᠡᠢ ᠨᠡᠮᠡᠭᠳᠡᠵᠤ ᠬᠠᠩᠭᠠᠯᠭ᠎ᠠ ᠪᠠᠭᠠᠰᠤᠬᠰᠠᠨ ᠪᠠᠶᠢᠨ᠎ᠠ᠃ ᠡᠶᠢᠨᠬᠦ ᠬᠡᠷᠡᠭᠯᠡᠭᠡ | ᠲᠠᠰᠤᠷᠠᠯᠳᠠ ᠦᠬᠡᠢ ᠨᠡᠮᠡᠭᠳᠡᠵᠤ ᠪᠠᠶᠢᠬᠤ ᠪᠠᠶᠢᠳᠠᠯ ᠲᠤᠤᠷ᠎ᠠ ᠦᠬᠡᠷ ᠬᠤᠨᠢᠨ ᠮᠢᠬᠠᠨ ᠤ ᠵᠠᠬ᠎ᠠ ᠲᠡᠯᠬᠡᠬᠦᠷ ᠤᠨ | ᠬᠠᠩᠭᠠᠯᠭ᠎ᠠ ᠬᠡᠷᠡᠭᠴᠡᠭᠡ ᠶᠢᠨ ᠵᠦᠷᠢᠴᠡᠯ ᠬᠤᠷᠴᠠᠳᠴᠠᠢ᠃ | ᠲᠠᠷᠠᠭ᠎ᠠ ᠨᠢ᠂ ᠦᠬᠡᠷ ᠬᠤᠨᠢᠨ ᠤ ᠲᠡᠵᠢᠬᠡᠪᠦᠷᠢ ᠶᠢᠨ ᠦᠪᠡᠷ ᠤᠨ ᠦᠷᠳᠡᠭ ᠲᠠᠰᠤᠷᠠᠯᠳᠠ ᠦᠬᠡᠢ | ᠨᠡᠮᠡᠭᠳᠡᠭᠰᠡᠨ ᠨᠢ ᠦᠨ᠎ᠠ ᠶᠢᠨ ᠦᠰᠦᠯᠳᠡ ᠶᠢ ᠲᠠᠶᠢᠴᠢᠯᠠᠵᠠᠢ᠃ ᠵᠢᠱᠢᠶᠡᠯᠡᠪᠡᠯ᠂ ᠰᠢᠯᠢ ᠶᠢᠨ ᠭᠤᠤᠯ ᠠᠶᠢᠮᠠᠭ ᠢᠶᠠᠷ | 2007 ᠤᠨ ᠤ ᠦᠶ᠎ᠡ ᠪᠠᠷ ᠬᠦᠳᠡᠯᠮᠦᠷᠢ ᠬᠦᠴᠦᠨ ᠤ ᠰᠠᠷ᠎ᠠ ᠶᠢᠨ ᠴᠠᠯᠢᠩ 2400 — 3000 ᠲᠦᠬᠦᠷᠢᠭ | ᠪᠠᠶᠢᠬᠰᠠᠨ ᠢᠶᠠᠨ ᠤᠳᠤ 3500 — 4000 ᠲᠦᠬᠦᠷᠢᠭ ᠪᠤᠯᠵᠡᠢ᠃ ᠲᠡᠬᠢᠪᠠᠯ ᠡᠪᠡᠰᠦ ᠪᠤᠷᠳᠤᠭ᠎ᠠ ᠶᠢᠨ ᠦᠨ᠎ᠠ | ᠴᠤ ᠶᠡᠬᠡᠪᠡᠷ ᠦᠰᠦᠭᠰᠡᠨ ᠪᠠᠶᠢᠨ᠎ᠠ᠃ ᠠᠯᠠᠵᠤ ᠨᠢᠳᠤᠯᠬᠤ ᠦᠪᠡᠷ ᠤᠨ ᠦᠷᠳᠡᠭ ᠤᠨ ᠨᠡᠮᠡᠭᠳᠡᠭᠰᠡᠨ ᠨᠢ ᠴᠤ ᠦᠬᠡᠷ | ᠬᠤᠨᠢᠨ ᠮᠢᠬᠠᠨ ᠤ ᠦᠨ᠎ᠠ ᠦᠰᠦᠭᠰᠡᠨ ᠰᠢᠯᠳᠠᠭᠠᠨ ᠤ ᠨᠢᠬᠡ ᠪᠤᠯᠤᠨ᠎ᠠ᠂ ᠬᠦᠬᠡᠬᠤᠳᠠ ᠶᠢᠨ ᠢᠳᠡᠬᠡᠨ ᠤ ᠵᠦᠢᠯᠡᠰ ᠤᠨ | ᠺᠤᠮᠫᠠᠨᠢ ᠶᠢᠨ ᠯᠠᠯᠤ ᠶᠢᠨ ᠠᠯᠠᠵᠤ ᠨᠢᠳᠤᠯᠬᠤ ᠲᠠᠯᠠᠪᠠᠢ ᠠᠴᠠ ᠤᠢᠢᠯᠠᠭᠠᠭᠰᠠᠨ ᠢᠶᠠᠷ᠂ 2011 ᠤᠨ ᠳᠤ ᠨᠢᠬᠡ ᠬᠤᠨᠢ | ᠠᠯᠠᠬᠤ ᠴᠡᠪᠡᠷᠯᠡᠬᠦ ᠵᠠᠷᠤᠳᠠᠯ 10 ᠲᠦᠬᠦᠷᠢᠭ ᠪᠠᠶᠢᠬᠰᠠᠨ ᠢᠶᠠᠨ 2013 ᠤᠨ ᠳᠤ 15 ᠲᠦᠬᠦᠷᠢᠭ ᠪᠤᠯᠵᠠᠢ᠃ | ᠲᠤᠰᠬᠠᠢ ᠮᠡᠷᠬᠡᠵᠢᠯᠳᠡᠨ ᠤ ᠦᠵᠡᠬᠦ ᠪᠠᠷ᠂ ᠬᠡᠳᠦᠨ ᠵᠢᠯ ᠤᠨ ᠲᠤᠷᠰᠢ ᠮᠠᠨ ᠤ ᠤᠷᠤᠨ ᠤ ᠦᠬᠡᠷ ᠬᠤᠨᠢᠨ | ᠮᠢᠬᠠᠨ ᠤ ᠦᠨ᠎ᠠ ᠦᠷᠬᠦᠯᠵᠢᠯᠡᠨ ᠦᠰᠦᠭᠰᠡᠨ ᠪᠤᠯᠪᠠᠴᠤ ᠵᠠᠬ᠎ᠠ ᠲᠡᠯᠬᠡᠬᠦᠷ ᠤᠨ ᠬᠡᠷᠡᠭᠴᠡᠭᠡ᠂ ᠲᠡᠵᠢᠬᠡᠪᠦᠷᠢ ᠶᠢᠨ | ᠦᠪᠡᠷ ᠤᠨ ᠦᠷᠳᠡᠭ ᠤᠨ ᠦᠰᠦᠭᠰᠡᠨ ᠵᠡᠷᠬᠡ ᠤᠯᠠᠨ ᠲᠠᠯ᠎ᠠ ᠳᠤ ᠵᠠᠳᠠᠯᠤᠯᠳᠠ ᠬᠢᠪᠠᠯ ᠮᠠᠨ ᠤ ᠤᠷᠤᠨ ᠤ ᠦᠬᠡᠷ | ᠬᠤᠨᠢᠨ ᠮᠢᠬᠠᠨ ᠤ ᠦᠨ᠎ᠠ ᠵᠦᠢ ᠵᠤᠬᠢᠰᠳᠡᠢ ᠬᠡᠪᠴᠢᠶᠠᠨ ᠳᠤ ᠪᠤᠢ᠃ ᠤᠴᠢᠷ ᠨᠢ ᠮᠠᠨ ᠤ ᠤᠷᠤᠨ ᠤ ᠦᠬᠡᠷ ᠬᠤᠨᠢᠨ | ᠮᠢᠬ᠎ᠠ ᠪᠤᠰᠤᠳ ᠭᠠᠵᠠᠷ ᠤᠷᠤᠨ ᠬᠢ ᠲᠠᠢ ᠠᠳᠠᠯᠢᠳᠬᠠᠪᠠᠯ ᠶᠠᠰᠦ ᠴᠢᠨᠠᠷ ᠤᠨ ᠲᠠᠪᠠᠭᠠᠤᠯᠢᠭ ᠲᠠᠢ᠃ | | | ᠵᠠᠬ᠎ᠠ ᠲᠡᠯᠭᠡᠭᠦᠷ ᠤᠨ ᠦᠨᠡᠨ ᠮᠦᠷ | | | ᠰᠤᠷᠪᠤᠯᠵᠢᠯᠠᠬᠴᠢ ᠬᠦᠬᠡᠬᠤᠳᠠ ᠶᠢᠨ ᠦᠬᠡᠷ ᠬᠤᠨᠢᠨ ᠮᠢᠬᠠᠨ ᠤ ᠲᠡᠯᠬᠡᠬᠦᠷ ᠬᠤᠳᠠᠯᠳᠤᠭ᠎ᠠ ᠪᠠᠷ | ᠰᠤᠷᠪᠤᠯᠵᠢᠯᠬᠰᠠᠨ ᠳᠤ᠂ ᠰᠢᠯᠢ ᠶᠢᠨ ᠭᠤᠤᠯ᠂ ᠬᠦᠯᠦᠨ ᠪᠤᠶᠢᠷ ᠬᠤᠳᠠ ᠶᠢᠨ ᠬᠡᠵᠤ ᠬᠤᠳᠠᠯᠳᠤᠵᠤ ᠪᠠᠶᠢᠭ᠎ᠠ ᠦᠬᠡᠷ | ᠬᠤᠨᠢᠨ ᠮᠢᠬ᠎ᠠ ᠶᠢᠨ ᠦᠨ᠎ᠠ ᠵᠢᠩ ᠪᠦᠷᠢ ᠳᠡᠭᠡᠨ 30 — 35 ᠲᠦᠬᠦᠷᠢᠭ ᠤᠨ ᠬᠤᠭᠤᠷᠤᠨᠳᠤ ᠪᠠᠶᠢᠵᠤ᠂ | ᠡᠪᠦᠯ ᠤᠨ ᠤᠯᠠᠷᠢᠯ ᠲᠠᠢ ᠬᠠᠷᠢᠴᠠᠭᠤᠯᠪᠠᠯ ᠨᠠᠶᠢᠳᠠᠮ ᠳᠡᠭᠡᠨ ᠪᠤᠷᠤᠯᠠᠭᠤᠯᠭ᠎ᠠ ᠮᠠᠭᠤᠳᠠᠢ ᠪᠠᠶᠢᠵᠤ᠂ ᠪᠤᠷᠤᠯᠠᠭᠤᠯᠭ᠎ᠠ ᠶᠢᠨ | ᠬᠡᠮᠵᠢᠶ᠎ᠠ ᠵᠢᠯ ᠤᠨ ᠡᠬᠢᠨ ᠤ ᠭᠤᠷᠪᠠᠨ ᠤ ᠨᠢᠬᠡ ᠳᠤ ᠬᠦᠷᠬᠦ ᠦᠬᠡᠢ᠃ | ᠰᠠᠶᠢᠬᠠᠨ ᠲᠤᠭᠤᠷᠢᠭ ᠤᠨ ᠰᠢᠨ᠎ᠠ ᠬᠦᠰᠡᠯ ᠰᠠᠭᠤᠭᠠᠯᠢ ᠠᠷᠠᠳ ᠤᠨ ᠲᠤᠭᠤᠷᠢᠭ ᠤᠨ ᠠᠵᠢᠯ ᠠᠴᠠ ᠪᠠᠨ | ᠠᠮᠠᠷᠠᠬᠰᠠᠨ ᠵᠠᠩ ᠢᠤᠢ ᠮᠸᠢ ᠨᠠᠰᠤᠳᠠᠨ ᠰᠤᠷᠪᠤᠯᠵᠢᠯᠠᠬᠴᠢ ᠳᠤ᠄ | — ᠭᠠᠭ᠋ᠠᠢ ᠶᠢᠨ ᠮᠢᠬᠠᠨ ᠠᠴᠠ ᠬᠡᠳᠦᠨ ᠲᠠᠬᠢᠨ ᠦᠨᠡᠳᠡᠢ᠂ ᠵᠢᠩ ᠳᠡᠭᠡᠨ ᠭᠤᠴᠢᠨ ᠬᠡᠳᠦᠨ | ᠲᠦᠬᠦᠷᠢᠭ ᠤᠨ ᠦᠬᠡᠷ ᠬᠤᠨᠢᠨ ᠮᠢᠬ᠎ᠠ ᠶᠢ ᠡᠳᠦᠷ ᠪᠦᠷᠢ ᠢᠳᠡᠨ᠎ᠡ ᠬᠡᠵᠤ ᠨᠢᠬᠡ ᠬᠡᠮᠵᠢᠶᠠᠨ ᠤ ᠵᠠᠷᠤᠳᠠᠯ ᠰᠢᠦ᠂ | ᠬᠡᠪᠡᠴᠤ ᠪᠤᠬᠢᠷᠳᠤᠯ ᠦᠬᠡᠢ᠂ ᠰᠢᠮ᠎ᠠ ᠲᠡᠵᠢᠬᠡᠯ ᠲᠠᠢ ᠶᠢ ᠪᠤᠳᠤᠯᠬᠢᠯᠠᠵᠤ ᠡᠪᠦᠬᠡᠨ ᠪᠢᠳᠠ ᠬᠤᠶᠠᠷ ᠦᠷᠬᠦᠯᠵᠢ ᠦᠬᠡᠷ | ᠬᠤᠨᠢᠨ ᠮᠢᠬ᠎ᠠ ᠢᠳᠡᠳᠡᠭ ᠬᠡᠵᠤ ᠲᠠᠨᠢᠯᠴᠠᠭᠤᠯᠵᠤ ᠪᠠᠶᠢᠪᠠ᠃ ᠬᠠᠷᠢᠨ ᠤᠷᠤᠯᠭ᠎ᠠ ᠲᠤᠤᠷ᠎ᠠ ᠰᠠᠭᠤᠭᠠᠯᠢ ᠠᠷᠠᠳ ᠲᠤ | ᠠᠪᠴᠤ ᠬᠡᠯᠡᠪᠡᠯ ᠵᠢᠯ ᠴᠠᠭᠠᠨ ᠰᠠᠷ᠎ᠠ ᠪᠤᠶᠤ ᠪᠠᠶᠠᠷ ᠲᠤᠷᠠᠰᠬᠠᠯ ᠤᠨ ᠡᠳᠦᠷ ᠪᠤᠯᠪᠠᠯ ᠰᠠᠶᠢ ᠦᠬᠡᠷ ᠬᠤᠨᠢᠨ ᠮᠢᠬ᠎ᠠ | ᠢᠳᠡᠳᠡᠭ ᠨᠢ ᠤᠯᠠᠨ ᠪᠤᠢ᠃ | ᠪᠠᠯᠵᠢᠨᠢᠮ᠎ᠠ ᠶᠢᠨ ᠬᠢ ᠪᠠᠷᠠᠭᠤᠨ ᠦᠵᠦᠮᠦᠴᠢᠨ ᠬᠤᠰᠢᠭᠤᠨ ᠤ ᠪᠠᠯᠭᠠᠷᠭᠤᠤᠯ ᠪᠠᠯᠭᠠᠰᠤᠨ ᠳᠤ ᠦᠬᠡᠷ ᠬᠤᠨᠢᠨ | ᠮᠢᠬᠠᠨ ᠤ ᠲᠡᠯᠬᠡᠬᠦᠷ ᠨᠡᠭᠡᠭᠡᠵᠤ ᠬᠡᠳᠦᠨ ᠵᠢᠯ ᠪᠤᠯᠵᠤ ᠪᠤᠢ᠃ ᠪᠤᠷᠤᠯᠠᠭᠤᠯᠭ᠎ᠠ ᠰᠠᠶᠢᠳᠠᠢ ᠡᠪᠦᠯ ᠤᠨ ᠦᠶ᠎ᠠ ᠪᠠᠷ ᠨᠢᠬᠡ | ᠡᠳᠦᠷ ᠬᠠᠮᠤᠭ ᠤᠯᠠᠨ ᠳᠠᠭᠠᠨ 2 — 3 ᠬᠤᠨᠢ ᠬᠤᠳᠠᠯᠳᠤᠵᠤ ᠲᠠᠶᠢᠯᠦᠨ᠎ᠠ᠂ ᠤᠳᠤᠬᠠᠨ ᠤ ᠪᠠᠶᠢᠳᠠᠯ ᠠᠴᠠ | ᠦᠵᠡᠪᠡᠯ ᠨᠢᠬᠡ ᠬᠤᠨᠢ ᠶᠢ 2 — 3 ᠡᠳᠦᠷ ᠬᠤᠳᠠᠯᠳᠤᠨ᠎ᠠ᠃ ᠦᠬᠡᠷ ᠬᠤᠨᠢᠨ ᠮᠢᠬ᠎ᠠ ᠵᠢᠩ ᠪᠦᠷᠢ ᠳᠡᠭᠡᠨ ᠪᠠᠷᠤᠭ | ᠯᠡ 30 ᠲᠦᠬᠦᠷᠢᠭ ᠤᠨ ᠤᠷᠴᠢᠮ᠂ ᠬᠤᠰᠢᠭᠤᠨ ᠲᠦᠪ ᠲᠡᠭᠡᠷ᠎ᠡ ᠲᠡᠯᠬᠡᠬᠦᠷ ᠤᠯᠠᠨ᠂ ᠬᠡᠷᠡᠭᠯᠡᠭᠴᠢ ᠴᠦᠬᠡᠨ᠂ | ᠶᠠᠷᠢᠶᠠᠨ ᠦᠬᠡᠢ ᠪᠤᠷᠤᠯᠠᠭᠤᠯᠭ᠎ᠠ ᠪᠠᠷᠤᠬᠳᠠᠢ ᠬᠡᠵᠤ ᠬᠦᠴᠢᠷ ᠢᠶᠠᠨ ᠲᠤᠭᠠᠴᠢᠵᠤ ᠪᠠᠶᠢᠯ᠎ᠠ᠃ | ᠮᠢ ᠵᠢᠶᠠᠨ ᠭᠠᠩ ᠬᠦᠬᠡᠬᠤᠳᠠ ᠶᠢᠨ ᠳ᠋ᠦᠩ ᠸᠠ ᠶᠤᠤ ᠪᠦᠬᠡᠮ ᠢᠶᠠᠷ ᠪᠤᠷᠤᠯᠠᠭᠤᠯᠬᠤ ᠵᠠᠬ᠎ᠠ ᠲᠡᠯᠬᠡᠬᠦᠷ ᠲᠤ | ᠦᠬᠡᠷ ᠬᠤᠨᠢᠨ ᠮᠢᠬ᠎ᠠ ᠡᠵᠡᠩᠨᠡᠭᠡᠳ ᠤᠯᠠᠨ ᠵᠢᠯ ᠪᠤᠯᠵᠤ ᠪᠤᠢ᠃ ᠵᠢᠯ ᠤᠨ ᠡᠵᠡᠩᠨᠡᠯᠳᠡ ᠶᠢᠨ ᠲᠠᠯᠠᠪᠠᠢ ᠶᠢᠨ | ᠰᠦᠢᠳᠬᠡᠯ 9000 ᠲᠦᠬᠦᠷᠢᠭ᠂ ᠬᠤᠶᠠᠷ ᠠᠵᠢᠯᠳᠠᠨ ᠬᠦᠯᠦᠰᠦᠯᠡᠵᠤ ᠪᠤᠢ᠂ ᠬᠦᠮᠦᠨ ᠤ ᠬᠦᠴᠦᠨ ᠤ ᠰᠦᠢᠳᠬᠡᠯ᠂ | ᠰᠠᠷ᠎ᠠ ᠶᠢᠨ ᠴᠠᠬᠢᠯᠭᠠᠨ ᠤ ᠵᠠᠷᠤᠳᠠᠯ ᠨᠠᠢᠮᠠ ᠶᠢᠰᠦᠨ ᠮᠢᠩᠭᠠᠨ ᠲᠦᠬᠦᠷᠢᠭ᠂ ᠵᠢᠯ ᠤᠨ ᠡᠴᠦᠰ ᠲᠤ ᠪᠠᠷᠤᠭ ᠲᠤᠯᠤᠭ᠎ᠠ | ᠨᠠᠢᠮᠠᠨ ᠲᠦᠮᠡᠨ ᠲᠦᠬᠦᠷᠢᠭ ᠤᠨ ᠤᠷᠤᠯᠭ᠎ᠠ ᠤᠯᠤᠨ᠎ᠠ᠃ ᠲᠡᠷᠡ ᠰᠤᠷᠪᠤᠯᠵᠢᠯᠠᠬᠴᠢ ᠳᠤ᠄ | — ᠤᠳᠤ ᠪᠦᠬᠦᠯᠢ ᠬᠤᠨᠢ ᠺᠢᠯᠦᠭᠷᠡᠮ ᠪᠦᠷᠢ ᠳᠡᠭᠡᠨ 45 ᠲᠦᠬᠦᠷᠢᠭ᠂ ᠵᠢᠵᠢᠭᠯᠡᠨ ᠪᠤᠷᠤᠯᠠᠭᠤᠯᠬᠤ ᠳᠤ | ᠺᠢᠯᠦᠭᠷᠡᠮ ᠪᠦᠷᠢ ᠳᠤ ᠪᠠᠷᠤᠭ ᠨᠢᠬᠡ ᠲᠦᠬᠦᠷᠢᠭ ᠤᠨ ᠤᠷᠤᠯᠭ᠎ᠠ ᠲᠠᠢ᠂ ᠤᠳᠤ ᠬᠡᠷᠡᠭᠯᠡᠭᠴᠢ ᠴᠦᠬᠡᠨ᠂ ᠠᠰᠢᠭ | ᠤᠷᠤᠯᠭ᠎ᠠ ᠲᠤᠤᠷ᠎ᠠ ᠁ ᠬᠡᠵᠤ ᠦᠬᠡᠷ ᠬᠤᠨᠢᠨ ᠮᠢᠬᠠᠨ ᠤ ᠪᠤᠷᠤᠯᠠᠭᠤᠯᠤᠭ᠎ᠠ ᠵᠢᠯ ᠤᠨ ᠡᠬᠢᠨ ᠤ ᠬᠢ ᠶᠢ ᠬᠦᠷᠬᠦ | ᠦᠬᠡᠢ ᠬᠡᠨ᠎ᠠ᠃ | ᠬᠡᠳᠡᠯ᠎ᠡ ᠡᠬᠦᠨ ᠲᠠᠢ ᠬᠠᠷᠢᠴᠠᠭᠤᠯᠪᠠᠯ᠂ ᠪᠠᠶᠠᠨᠨᠠᠭᠤᠷ ᠬᠤᠳᠠ ᠶᠢᠨ ᠮᠧᠷᠢᠨᠦ᠋ᠰ ᠮᠢᠬᠠᠨ ᠬᠤᠨᠢᠨ ᠤ | ᠲᠡᠵᠢᠬᠡᠪᠦᠷᠢ ᠶᠢᠨ ᠺᠤᠮᠫᠠᠨᠢ ᠪᠤᠯ ᠮᠠᠨ ᠤ ᠤᠷᠤᠨ ᠤ ᠬᠠᠮᠤᠭ ᠲᠤᠮᠤ ᠰᠠᠭᠤᠷᠢ ᠡᠬᠡ ᠬᠤᠨᠢ ᠪᠤᠶᠢᠵᠢᠭᠤᠯᠬᠤ ᠰᠠᠭᠤᠷᠢᠨ᠂ | 3 ᠲᠦᠮᠡ ᠭᠠᠷᠤᠢ ᠰᠠᠭᠤᠷᠢ ᠡᠬᠡ ᠬᠤᠨᠢ ᠲᠠᠵᠢᠬᠡᠵᠤ᠂ ᠪᠤᠷᠳᠤᠭ᠎ᠠ ᠠᠴᠠ ᠠᠪᠤᠭᠠᠳ ᠨᠠᠷᠢᠯᠢᠭ ᠡᠳ᠋ᠰᠢᠬᠦᠯᠬᠦ ᠬᠦᠷᠳᠡᠯ᠎ᠡ | ᠪᠦᠬᠦ ᠶᠠᠪᠤᠴᠠ ᠶᠢᠨ ᠠᠵᠤ ᠦᠢᠯᠡᠰ ᠤᠨ ᠬᠡᠯᠬᠢᠶᠡᠵᠢᠯ ᠢ ᠪᠦᠷᠢᠯᠳᠦᠬᠦᠯᠵᠡᠢ᠃ ᠲᠤᠰ ᠺᠤᠮᠫᠠᠨᠢ ᠲᠤᠤ ᠪᠤᠤ ᠵᠡᠷᠬᠡ | ᠰᠦᠯᠵᠢᠶᠠᠨ ᠪᠤᠷᠤᠯᠠᠭᠤᠯᠭ᠎ᠠ ᠪᠠᠷ ᠲᠡᠮᠵᠢᠨ ᠬᠤᠨᠢᠨ ᠮᠢᠬ᠎ᠠ ᠪᠠᠨ ᠪᠤᠷᠤᠯᠠᠭᠤᠯᠵᠤ᠂ ᠰᠢᠯᠢᠳᠡᠭ ᠴᠢᠨᠠᠷ ᠤᠨ ᠬᠤᠨᠢᠨ | ᠮᠢᠬ᠎ᠠ ᠬᠠᠮᠤᠭ ᠦᠨᠡᠳᠡᠢ ᠨᠢ ᠺᠢᠯᠦᠭᠷᠡᠮ ᠪᠦᠷᠢ ᠳᠡᠭᠡᠨ 140 ᠲᠦᠬᠦᠷᠢᠭ ᠲᠤ ᠬᠦᠷᠴᠤ ᠪᠤᠢ᠃ ᠺᠤᠮᠫᠠᠨᠢ ᠶᠢᠨ | ᠦᠢᠯᠡᠳᠪᠦᠷᠢᠯᠡᠯ ᠤᠨ ᠬᠡᠪᠴᠢᠶ᠎ᠠ ᠵᠢᠯ ᠶᠠᠪᠤᠬᠤ ᠲᠤᠳᠤᠮ ᠨᠡᠮᠡᠭᠳᠡᠵᠤ᠂ ᠤᠳᠤ ᠵᠢᠯ ᠳᠤ 30 ᠲᠦᠮᠡᠨ ᠮᠢᠬᠠᠨ | ᠬᠤᠨᠢ ᠶᠢ ᠡᠳ᠋ᠰᠢᠬᠦᠯᠦᠨ ᠪᠤᠷᠤᠯᠠᠭᠤᠯᠬᠤ ᠴᠢᠳᠡᠪᠦᠷᠢ ᠲᠠᠢ ᠪᠤᠯᠵᠤ᠂ ᠬᠠᠩᠭᠠᠯᠭ᠎ᠠ ᠨᠢ ᠬᠡᠷᠡᠭᠴᠡᠭᠡ ᠳᠡᠭᠡᠨ ᠬᠦᠷᠬᠦ ᠦᠬᠡᠢ | ᠪᠠᠶᠢᠬᠰᠠᠭᠠᠷ᠃ | ᠪᠠᠶᠠᠨᠨᠠᠭᠤᠷ ᠬᠤᠳᠠ ᠶᠢᠨ ᠬᠠᠩᠬᠢᠨ ᠬᠤᠶᠢᠳᠤ ᠬᠤᠰᠢᠭᠤᠨ ᠤ ᠹᠧᠩ ᠶᠤᠸᠠᠨ ᠺᠤᠮᠫᠠᠨᠢ 1200 ᠭᠠᠷᠤᠢ | ᠮᠢᠬᠠᠨ ᠤ ᠦᠬᠡᠷ ᠲᠡᠵᠢᠬᠡᠵᠤ ᠪᠤᠢ᠃ ᠪᠤᠷᠳᠤᠭ᠎ᠠ᠂ ᠲᠡᠵᠢᠬᠡᠬᠦ᠂ ᠪᠤᠷᠳᠤᠬᠤ᠂ ᠪᠤᠯᠪᠠᠰᠤᠷᠠᠭᠤᠯᠬᠤ ᠪᠦᠬᠦ ᠠᠵᠤ | ᠦᠢᠯᠡᠰ ᠤᠨ ᠬᠡᠯᠬᠢᠶᠠᠵᠢᠯ ᠤᠨ ᠦᠢᠯᠡᠳᠪᠦᠷᠢᠯᠡᠯ ᠢ ᠪᠡᠶᠡᠯᠡᠬᠦᠯᠦᠭᠰᠡᠨ ᠪᠦᠬᠡᠳ ᠤᠷᠭᠠᠨᠢᠭ ᠦᠬᠡᠷ ᠤᠨ ᠮᠢᠬ᠎ᠠ ᠪᠠᠷ | ᠬᠢᠨᠠᠨ ᠬᠡᠷᠡᠴᠢᠯᠡᠭᠳᠡᠭᠰᠡᠨ ᠪᠠᠶᠢᠨ᠎ᠠ᠃ ᠺᠤᠮᠫᠠᠨᠢ ᠶᠢᠨ ᠶᠡᠷᠦᠩᠬᠡᠢ ᠲᠠᠭᠠᠭᠠᠮᠠᠯ ᠵᠠᠩ ᠰᠢᠩ ᠤᠨ ᠲᠠᠨᠢᠯᠴᠠᠭᠤᠯᠬᠤ ᠪᠠᠷ᠂ | ᠤᠳᠤᠬᠠᠨ ᠳᠤ ᠲᠤᠬᠠᠢ ᠶᠢᠨ ᠭᠠᠵᠠᠷ ᠤᠷᠤᠨ ᠤ ᠦᠬᠡᠷ ᠤᠨ ᠮᠢᠬ᠎ᠠ ᠵᠢᠩ ᠪᠦᠷᠢ ᠳᠡᠭᠡᠨ 26 ᠲᠦᠬᠦᠷᠢᠭ ᠤᠷᠴᠢᠮ᠂ | ᠬᠡᠳᠡᠯ᠎ᠡ ᠲᠡᠬᠦᠨ ᠤ ᠤᠷᠭᠠᠨᠢᠭ ᠦᠬᠡᠷ ᠤᠨ ᠮᠢᠬ᠎ᠠ ᠵᠢᠩ ᠪᠦᠷᠢ ᠳᠡᠭᠡᠨ 40 ᠲᠦᠬᠦᠷᠢᠭ ᠪᠦᠭᠡᠳ ᠭᠤᠤᠯᠳᠠᠭᠤ | ᠵᠠᠬᠢᠶᠠᠯᠠᠭ᠎ᠠ ᠶᠢᠨ ᠬᠡᠯᠪᠡᠷᠢ ᠪᠠᠷ ᠪᠡᠬᠡᠵᠢᠩ᠂ ᠱᠠᠩᠬᠠᠢ ᠵᠡᠷᠬᠡ ᠲᠤᠮᠤ ᠬᠤᠳᠠ ᠪᠠᠷ ᠪᠤᠷᠤᠯᠠᠭᠤᠯᠤᠬᠳᠠᠵᠤ ᠪᠤᠢ᠂ ᠲᠡᠬᠡᠬᠦ | ᠮᠦᠷᠳᠡᠬᠡᠨ ᠲᠡᠳᠡᠨ ᠤ ᠦᠬᠡᠷ ᠤᠨ ᠮᠢᠬ᠎ᠠ ᠶᠢ ᠵᠠᠬᠢᠶᠠᠯᠠᠬᠤ ᠪᠠᠷ ᠡᠷᠢᠵᠤ ᠪᠠᠶᠢᠬᠤ ᠠᠵᠤ ᠠᠬᠤᠢᠢᠯᠠᠯ ᠤᠯᠠᠮ ᠢᠶᠠᠷ | ᠨᠡᠮᠡᠭᠳᠡᠵᠤ ᠪᠤᠢ᠃ | ᠤᠳᠤᠬᠠᠨ ᠳᠤ᠂ ᠮᠠᠨ ᠤ ᠤᠷᠤᠨ ᠲᠡᠬᠡᠳᠦ ᠲᠡᠰ ᠤᠨ ᠬᠡᠷᠡᠭᠯᠡᠬᠡᠨ ᠤ ᠵᠠᠬ᠎ᠠ ᠲᠡᠯᠬᠡᠬᠦᠷ ᠢ ᠢᠳᠡᠪᠬᠢᠳᠡᠢ | ᠪᠤᠶᠢᠵᠢᠭᠤᠯᠬᠤ ᠪᠠ ᠬᠦᠴᠦᠷᠭᠡᠭᠵᠢᠬᠦᠯᠦᠨ ᠪᠤᠶᠢᠵᠢᠭᠤᠯᠪᠠᠯ ᠵᠤᠬᠢᠨ᠎ᠠ᠃ ᠮᠠᠯ ᠠᠵᠤ ᠠᠬᠤᠢ ᠶᠢᠨ ᠡᠵᠡᠩᠨᠡᠯᠳᠠ ᠶᠢᠨ | ᠤᠯᠠᠮᠵᠢᠯᠠᠯᠳᠤ ᠲᠡᠵᠢᠬᠡᠪᠦᠷᠢ ᠶᠢᠨ ᠠᠷᠭ᠎ᠠ ᠬᠡᠯᠪᠡᠷᠢ ᠶᠢ ᠬᠤᠪᠢᠷᠠᠭᠤᠯᠬᠤ ᠶᠢ ᠱᠠᠭᠠᠷᠳᠠᠵᠤ ᠪᠤᠢ᠃ ᠡᠵᠡᠩᠨᠡᠯᠳᠡ ᠶᠢᠨ | ᠠᠷᠭ᠎ᠠ ᠮᠠᠶ᠋ᠢᠭ ᠤᠨ ᠬᠤᠴᠤᠷᠤᠩᠭᠤᠢ᠂ ᠲᠡᠵᠢᠬᠡᠪᠦᠷᠢ ᠶᠢᠨ ᠦᠪᠡᠷ ᠤᠨ ᠦᠷᠳᠡᠭ ᠶᠡᠭᠡ ᠪᠠᠶᠢᠭ᠎ᠠ ᠨᠢ ᠮᠠᠯᠴᠢᠳ ᠤᠨ | ᠤᠷᠤᠯᠭ᠎ᠠ ᠲᠤᠭᠳᠠᠭᠤᠨ ᠦᠬᠡᠢ ᠪᠦᠬᠡᠳ ᠠᠰᠢᠭ ᠤᠷᠤᠯᠭ᠎ᠠ ᠲᠤᠤᠷ᠎ᠠ ᠪᠠᠶᠢᠭ᠎ᠠ ᠪᠠᠶᠢᠳᠠᠯ ᠢ ᠪᠤᠢ ᠪᠤᠯᠭᠠᠵᠠᠢ᠃ | ᠦᠨᠡᠨ ᠳᠡᠭᠡᠨ ᠦᠵᠦᠬᠦᠷ ᠬᠡᠷᠡᠭᠯᠡᠬᠡᠨ ᠤ ᠵᠠᠬ᠎ᠠ ᠲᠡᠯᠬᠡᠬᠦᠷ ᠬᠡᠳᠦᠢ ᠶᠡᠭᠡ ᠪᠤᠯ ᠠᠵᠤ ᠦᠢᠯᠡᠰ ᠤᠨ ᠬᠦᠭᠵᠢᠯᠳᠡ ᠶᠢᠨ | ᠢᠷᠡᠬᠡᠳᠦᠢ ᠰᠠᠶᠢ ᠲᠠᠳᠦᠢ ᠶᠡᠭᠡ ᠪᠤᠯᠤᠨ᠎ᠠ᠃ | | | ᠲᠤᠰᠬᠠᠢ ᠮᠡᠷᠭᠡᠵᠢᠯᠳᠡᠨ ᠤ ᠰᠠᠨᠠᠭᠤᠯᠭ᠎ᠠ | | | ᠲᠤᠰᠬᠠᠢ ᠮᠡᠷᠬᠡᠵᠢᠯᠳᠡᠨ ᠤ ᠦᠵᠡᠬᠦ ᠪᠠᠷ᠂ ᠮᠠᠨ ᠤ ᠤᠷᠤᠨ ᠤ ᠦᠬᠡᠷ ᠬᠤᠨᠢᠨ ᠮᠢᠬ᠎ᠠ ᠦᠨ᠎ᠠ ᠬᠠᠩᠰᠢ ᠶᠢ | ᠬᠢᠮᠳᠠᠷᠠᠭᠤᠯᠬᠤ ᠪᠠᠷ ᠲᠠᠮᠵᠢᠨ ᠵᠠᠬ᠎ᠠ ᠲᠡᠯᠬᠡᠬᠦᠷ ᠢ ᠡᠵᠡᠯᠡᠬᠦ ᠪᠤᠯᠤᠮᠵᠢ ᠪᠠᠭ᠎ᠠ᠂ ᠤᠴᠢᠷ ᠨᠢ ᠦᠪᠦᠷ ᠮᠤᠩᠭᠤᠯ ᠤᠨ | ᠬᠤᠨᠢᠨ ᠮᠢᠬᠠᠨ ᠤ ᠶᠠᠰᠦ ᠴᠢᠨᠠᠷ ᠶᠠᠷᠦᠨᠢ ᠲᠡᠬᠡᠳᠦ ᠲᠡᠰ ᠤᠨ ᠪᠤᠷᠤᠯᠠᠭᠤᠯᠭ᠎ᠠ ᠶᠢᠨ ᠱᠤᠭᠤᠮ ᠢᠶᠠᠷ ᠶᠠᠪᠤᠬᠤ ᠳᠠᠭᠠᠨ | ᠲᠠᠭᠠᠷᠠᠨ᠎ᠠ᠂ ᠶᠠᠰᠦ ᠴᠢᠨᠠᠷ ᠰᠠᠶᠢᠨ ᠪᠠᠶᠢᠳᠠᠭ ᠢᠶᠠᠷ ᠢᠶᠠᠨ ᠦᠨᠳᠦᠷ ᠦᠨ᠎ᠠ ᠳᠤ ᠬᠦᠷᠬᠦ ᠨᠢ ᠵᠦᠢ ᠶᠤᠰᠤᠳᠡᠢ᠂ ᠬᠡᠳᠡᠯ᠎ᠡ | ᠮᠠᠨ ᠤ ᠤᠷᠤᠨ ᠤᠳᠤᠬᠠᠨ ᠪᠤᠯᠳᠠᠯ᠎ᠠ ᠤᠯᠤᠰ ᠤᠨ ᠲᠤᠳᠤᠭᠠᠳᠤ ᠭᠠᠳᠠᠭᠠᠳᠤ ᠳᠤ ᠨᠠᠯᠢᠶᠠᠳ ᠨᠡᠷ᠎ᠡ ᠨᠦᠯᠦᠬᠡ ᠲᠠᠢ | ᠪᠤᠯᠤᠬᠰᠠᠨ ᠦᠬᠡᠷ ᠬᠤᠨᠢᠨ ᠮᠢᠬᠠᠨ ᠤ ᠲᠦᠷᠦᠯ ᠲᠡᠮᠳᠡᠭ ᠦᠬᠡᠢ ᠪᠠᠶᠢᠬᠰᠠᠭᠠᠷ ᠬᠡᠵᠡᠢ᠃ | ᠮᠠᠯ ᠠᠵᠤ ᠠᠬᠤᠢ ᠶᠢᠨ ᠠᠵᠤ ᠦᠢᠯᠡᠰ ᠢ ᠬᠦᠭᠵᠢᠬᠦᠯᠬᠦ ᠳᠤ ᠵᠠᠰᠠᠭ ᠤᠨ ᠤᠷᠳᠤᠨ ᠪᠤᠯᠤᠨ ᠵᠠᠬ᠎ᠠ | ᠲᠡᠯᠬᠡᠬᠦᠷ ᠤᠨ ᠬᠠᠷᠢᠴᠠᠭ᠎ᠠ ᠶᠢ ᠰᠠᠶᠢᠳᠤᠷ ᠰᠢᠢᠳᠪᠦᠷᠢᠯᠡᠵᠤ᠂ ᠵᠠᠰᠠᠭ ᠤᠨ ᠤᠷᠳᠤᠨ ᠠᠴᠠ ᠬᠦᠦ ᠮᠦᠩᠬᠦ ᠶᠢᠨ | ᠨᠦᠬᠦᠪᠦᠷᠢ ᠲᠠᠢ ᠵᠢᠬᠡᠯᠡᠯᠬᠡ ᠦᠭᠬᠦ᠂ ᠮᠦᠩᠬᠦᠨ ᠬᠦᠢᠯᠬᠡᠬᠡ ᠶᠢᠨ ᠲᠡᠮᠵᠢᠯᠬᠡ ᠦᠵᠡᠬᠦᠯᠬᠦ᠂ ᠭᠠᠶᠢᠯᠢ ᠶᠢᠨ ᠬᠠᠷᠠᠭᠠᠯᠵᠠᠯ | ᠦᠵᠡᠬᠦᠯᠬᠦ ᠵᠡᠷᠬᠡ ᠠᠷᠭ᠎ᠠ ᠠᠪᠴᠠᠯ ᠢ ᠶᠡᠷᠦᠩᠬᠡᠶᠢᠯᠡᠨ ᠠᠰᠢᠬᠯᠠᠵᠤ᠂ ᠦᠬᠡᠷ ᠬᠤᠨᠢᠨ ᠮᠢᠬᠠᠨ ᠤ ᠦᠵᠦᠬᠦᠷ ᠵᠠᠬ᠎ᠠ | ᠲᠡᠯᠬᠡᠬᠦᠷ ᠢ ᠪᠤᠶᠢᠵᠢᠭᠤᠯᠬᠤ ᠪᠠ ᠲᠠᠮᠵᠢᠬᠦ ᠡᠷᠴᠢᠮ ᠢᠶᠠᠨ ᠴᠢᠩᠭᠠᠳᠬᠠᠵᠤ᠂ ᠮᠠᠯᠴᠢᠨ ᠲᠠᠷᠢᠶᠠᠴᠢᠳ ᠤᠨ ᠤᠷᠭᠠᠨᠢᠭ | ᠮᠢᠬᠠᠨ ᠦᠬᠡᠷ ᠪᠠ ᠮᠢᠬᠠᠨ ᠬᠤᠨᠢ ᠲᠠᠵᠢᠬᠡᠬᠦ ᠶᠢ ᠵᠤᠷᠢᠬᠵᠢᠭᠤᠯᠤᠨ ᠲᠡᠮᠵᠢᠵᠤ᠂ ᠤᠷᠭᠠᠨᠢᠭ᠂ ᠪᠤᠬᠢᠷᠳᠤᠯ ᠦᠬᠡᠢ | ᠪᠠᠶᠢᠬᠤ ᠲᠠᠪᠠᠭᠤᠯᠢᠭ ᠢᠶᠠᠨ ᠬᠦᠢᠴᠡᠳ ᠠᠭᠤᠳᠠᠯᠵᠤ᠂ ᠮᠢᠬᠠᠨ ᠦᠬᠡᠷ ᠮᠢᠬᠠᠨ ᠬᠤᠨᠢᠨ ᠤ ᠰᠢᠯᠢᠳᠡᠭ ᠲᠦᠷᠦᠯ | ᠲᠡᠮᠳᠡᠭ ᠢ ᠡᠬᠦᠳᠬᠦ ᠲᠡᠭᠡᠷ᠎ᠡ ᠰᠢᠨ᠎ᠠ ᠰᠢᠪᠳᠤᠯᠤᠯᠳᠠ ᠭᠠᠷᠭᠠᠪᠠᠯ ᠵᠤᠬᠢᠨ᠎ᠠ ᠬᠡᠵᠡᠢ᠃ | ᠵᠠᠬ᠎ᠠ ᠲᠡᠯᠬᠡᠬᠦᠷ ᠤᠨ ᠬᠠᠩᠭᠠᠯᠭ᠎ᠠ ᠭᠡᠷᠡᠭᠴᠡᠭᠡ ᠶᠢᠨ ᠵᠦᠷᠢᠴᠡᠯ ᠬᠤᠷᠴᠡᠳᠤᠬᠰᠠᠨ ᠪᠠᠶᠢᠳᠠᠯ ᠲᠤᠤᠷ᠎ᠠ᠂ ᠭᠤᠤᠯ | ᠭᠠᠷᠤᠯᠳᠠ ᠶᠢᠨ ᠤᠷᠤᠨ ᠤ ᠦᠢᠯᠡᠳᠪᠦᠷᠢᠯᠡᠯ ᠤᠨ ᠬᠤᠪᠢᠷᠠᠯᠳᠠ ᠶᠢᠨ ᠪᠠᠶᠢᠳᠠᠯ ᠢ ᠠᠩᠬᠠᠷᠴᠤ ᠭᠤᠤᠯ ᠭᠠᠷᠤᠯᠳᠠ ᠶᠢᠨ | ᠤᠷᠤᠨ ᠤ ᠦᠬᠡᠷ ᠬᠤᠨᠢᠨ ᠤ ᠭᠠᠷᠭᠠᠯᠳᠠ᠂ ᠦᠨ᠎ᠠ ᠬᠠᠩᠰᠢ ᠶᠢ ᠴᠠᠭ ᠲᠤᠬᠠᠢ ᠳᠤᠨᠢ ᠵᠦᠪ ᠤᠨᠤᠪᠴᠢᠳᠡᠢ | ᠤᠢᠢᠯᠠᠭᠠᠵᠤ᠂ ᠦᠬᠡᠷ ᠬᠤᠨᠢᠨ ᠮᠢᠬᠠᠨ ᠤ ᠵᠠᠬ᠎ᠠ ᠲᠡᠯᠬᠡᠬᠦᠷ ᠤᠨ ᠪᠠᠶᠢᠴᠠᠭᠠᠯᠳᠠ ᠶᠢ ᠴᠢᠩᠭᠠᠳᠬᠠᠵᠤ᠂ ᠤᠰᠤ | ᠶᠡᠬᠦᠯᠡᠭᠰᠡᠨ ᠦᠬᠡᠷ ᠬᠤᠨᠢᠨ ᠮᠢᠬ᠎ᠠ᠂ ᠦᠬᠦᠭᠰᠡᠨ ᠦᠬᠡᠷ ᠬᠤᠨᠢᠨ ᠮᠢᠬ᠎ᠠ ᠪᠤᠷᠤᠯᠠᠭᠤᠯᠬᠤ᠂ ᠬᠠᠦᠯᠢ ᠠᠴᠠ ᠵᠦᠷᠢᠴᠡᠬᠦ | ᠠᠵᠢᠯᠯᠠᠭ᠎ᠠ ᠳᠤ ᠴᠢᠩᠭ᠎ᠠ ᠴᠤᠬᠢᠯᠳᠡ ᠦᠭᠴᠤ᠂ ᠭᠠᠳᠠᠭᠠᠳᠤ ᠠᠴᠠ ᠤᠷᠤᠭᠤᠯᠤᠬᠰᠠᠨ ᠦᠬᠡᠷ ᠬᠤᠨᠢᠨ ᠮᠢᠬᠠᠨ ᠤ | ᠬᠢᠨᠠᠨ ᠬᠠᠮᠢᠶᠠᠷᠤᠯᠳᠠ ᠪᠠᠨ ᠴᠢᠩᠭᠠᠳᠬᠠᠵᠤ᠂ ᠵᠠᠬ᠎ᠠ ᠲᠡᠯᠬᠡᠬᠦᠷ ᠤᠨ ᠬᠡᠪ ᠤᠨ ᠡᠮᠬᠢ ᠲᠢᠭᠯᠢᠮ ᠢ ᠬᠠᠮᠠᠭᠠᠯᠠᠬᠤ | ᠶᠠᠪᠤᠳᠠᠯ ᠢ ᠴᠤ ᠤᠮᠳᠤᠭᠠᠢᠢᠯᠠᠵᠤ ᠪᠤᠯᠬᠤ ᠦᠬᠡᠢ᠃ ᠦᠬᠡᠷ ᠬᠤᠨᠢ ᠲᠡᠵᠢᠬᠡᠬᠦ ᠶᠢᠨ ᠠᠰᠢᠭ ᠠᠯᠳᠠᠪᠦᠷᠢ ᠶᠢᠨ ᠵᠦᠢ | ᠵᠤᠬᠢᠰᠳᠡᠢ ᠲᠠᠩᠴᠡᠬᠦᠷᠢ ᠶᠢᠨ ᠴᠡᠭ ᠡᠰᠡᠬᠦᠯ᠎ᠠ ᠬᠠᠷᠠᠯᠳᠠᠳᠤ ᠦᠨ᠎ᠠ ᠬᠠᠩᠰᠢ ᠶᠢ ᠰᠤᠳᠤᠯᠤᠨ ᠲᠤᠭᠳᠠᠭᠠᠵᠤ᠂ ᠦᠬᠡᠷ | ᠬᠤᠨᠢᠨ ᠤ ᠲᠡᠵᠢᠬᠡᠪᠦᠷᠢ ᠶᠢᠨ ᠦᠢᠯᠡᠰ ᠲᠤ ᠵᠠᠬ᠎ᠠ ᠲᠡᠯᠬᠡᠬᠦᠷ ᠤᠨ ᠦᠨ᠎ᠠ ᠬᠠᠩᠰᠢ ᠶᠢᠨ ᠲᠤᠭᠳᠠᠭᠤᠨ ᠤᠷᠤᠨ ᠵᠠᠢ | ᠡᠬᠦᠳᠴᠤ ᠦᠭᠬᠦ ᠶᠢ ᠱᠠᠭᠠᠷᠳᠠᠵᠤ ᠪᠤᠢ᠃ | | | ᠬᠤᠯᠪᠤᠭᠠᠰᠤ | | | ᠭᠠᠭ᠋ᠠᠢ ᠶᠢᠨ ᠮᠢᠬ᠎ᠠ ᠲᠠᠢ ᠬᠠᠷᠢᠴᠠᠭᠤᠯᠪᠠᠯ᠂ ᠦᠬᠡᠷ ᠤᠨ ᠮᠢᠬᠠᠨ ᠳᠤ ᠠᠭᠤᠯᠤᠬᠳᠠᠬᠤ ᠤᠭᠤᠷᠠᠭ ᠨᠡᠩ | ᠦᠨᠳᠦᠷ ᠪᠠᠶᠢᠵᠤ᠂ ᠦᠬᠡᠬᠦ ᠶᠢᠨ ᠠᠭᠤᠯᠤᠬᠳᠠᠴᠠ ᠬᠠᠷᠢᠴᠠᠩᠭᠤᠢ ᠪᠠᠷ ᠲᠤᠤᠷ᠎ᠠ᠂ ᠰᠢᠪᠳᠤᠷᠳᠤ ᠬᠦᠴᠢᠯ ᠤᠨ | ᠪᠦᠳᠦᠴᠡ ᠨᠢ ᠬᠦᠮᠦᠨ ᠤ ᠪᠠᠶ᠎ᠠ ᠶᠢᠨ ᠱᠠᠭᠠᠷᠳᠠᠯᠭ᠎ᠠ ᠳᠤ ᠨᠡᠩ ᠵᠤᠬᠢᠴᠠᠨ᠎ᠠ᠃ ᠬᠤᠨᠢᠨ ᠮᠢᠬᠠᠨ ᠳᠤ ᠠᠭᠤᠯᠤᠬᠳᠠᠬᠤ | ᠸᠢᠲ᠋ᠠᠮᠢᠨ᠂ ᠤᠨᠴᠠᠭᠠᠢᠢᠯᠠᠨ ᠺᠠᠯᠼ᠂ ᠲᠠᠮᠤᠷ ᠤᠨ ᠠᠭᠤᠯᠤᠬᠳᠠᠴᠠ ᠦᠨᠳᠦᠷ ᠪᠠᠶᠢᠵᠤ᠂ ᠰᠦᠰᠦᠨ ᠤ ᠭᠤᠨᠠᠨ | ᠠᠯᠺᠤᠤᠯ ᠠᠭᠤᠯᠤᠬᠳᠠᠬᠤ ᠬᠡᠮᠵᠢᠶ᠎ᠠ ᠨᠠᠯᠢᠶᠠᠳ ᠲᠤᠤᠷ᠎ᠠ᠃ 2000 — 2012 ᠤᠨ ᠪᠤᠯᠳᠠᠯ᠎ᠠ᠂ ᠪᠦᠬᠦ | ᠤᠯᠤᠰ ᠤᠨ ᠦᠬᠡᠷ ᠤᠨ ᠮᠢᠬᠠᠨ ᠤ ᠦᠢᠯᠡᠳᠪᠦᠷᠢᠯᠡᠯ 513.1 ᠲᠦᠮᠡᠨ ᠲᠤᠨ ᠠᠴᠠ ᠪᠠᠨ 662. 3 ᠲᠦᠮᠡᠨ | ᠲᠤᠨ ᠪᠤᠯᠵᠤ᠂ 29% ᠢᠶᠠᠷ ᠨᠡᠮᠡᠭᠳᠡᠵᠡᠢ︔ ᠬᠤᠨᠢᠨ ᠮᠢᠬᠠᠨ ᠤ ᠦᠢᠯᠡᠳᠪᠦᠷᠢᠯᠡᠯ 264.1 ᠲᠦᠮᠡᠨ | ᠲᠤᠨ ᠠᠴᠠ ᠪᠠᠨ 401 ᠲᠦᠮᠡᠨ ᠲᠤᠨ ᠪᠤᠯᠵᠤ 51.8% ᠢᠶᠠᠷ ᠨᠡᠮᠡᠭᠳᠡᠵᠡᠢ᠃ ᠮᠠᠨ ᠤ ᠤᠯᠤᠰ ᠤᠨ ᠦᠬᠡᠷ | ᠬᠤᠨᠢᠨ ᠮᠢᠬᠠᠨ ᠤ ᠦᠢᠯᠡᠳᠪᠦᠷᠢᠯᠡᠯ ᠤᠨ ᠨᠡᠮᠡᠭᠳᠡᠯ ᠤᠨ ᠬᠡᠮᠵᠢᠶ᠎ᠠ ᠲᠤᠰ ᠲᠤᠰ ᠠᠳᠠᠯᠢ ᠬᠤᠭᠤᠴᠠᠭᠠᠨ ᠤ ᠲᠡᠯᠡᠬᠡᠢ ᠶᠢᠨ | ᠲᠡᠭᠰᠢᠳᠭᠡᠭᠰᠡᠨ ᠲᠦᠪᠰᠢᠨ ᠤ 2 — 3 ᠲᠠᠬᠢᠨ᠃ ᠮᠠᠨ ᠤ ᠤᠯᠤᠰ ᠲᠡᠯᠡᠬᠡᠢ ᠶᠢᠨ ᠦᠬᠡᠷ ᠤᠨ ᠮᠢᠬᠠᠨ ᠤ | ᠦᠢᠯᠡᠳᠪᠦᠷᠢᠯᠡᠯ ᠤᠨ ᠭᠤᠷᠪᠠᠳᠤᠭᠠᠷ ᠶᠡᠭᠡ ᠤᠯᠤᠰ᠂ ᠬᠤᠨᠢᠨ ᠮᠢᠬ᠎ᠠ ᠤ ᠦᠢᠯᠡᠳᠪᠦᠷᠢᠯᠡᠯ ᠤᠨ ᠨᠢᠬᠡᠳᠦᠬᠡᠷ ᠲᠤᠮᠤ | ᠤᠯᠤᠰ ᠪᠤᠯᠵᠠᠢ᠃ | ᠡᠸᠦ᠋ᠷᠤᠫᠠᠴᠤᠳ ᠤᠨ ᠢᠳᠡᠬᠡᠨ ᠤᠮᠳᠠᠭᠠᠨ ᠤ ᠪᠦᠳᠦᠴᠡ ᠳᠤ᠂ ᠦᠬᠡᠷ ᠤᠨ ᠮᠢᠬ᠎ᠠ ᠨᠢ ᠲᠡᠭᠡᠳᠦ ᠲᠡᠰ ᠤᠨ | ᠮᠢᠬᠠᠨ ᠤ ᠲᠦᠷᠦᠯ᠃ ᠬᠦᠮᠦᠰ ᠤᠨ ᠠᠮᠢᠳᠦᠷᠠᠯ ᠤᠨ ᠲᠦᠪᠰᠢᠨ ᠲᠠᠰᠤᠷᠠᠯᠳᠠ ᠦᠬᠡᠢ ᠲᠡᠭᠡᠭᠰᠢᠯᠡᠬᠦ ᠶᠢ ᠲᠠᠭᠠᠯᠳᠤᠨ | ᠦᠬᠡᠷ ᠬᠤᠨᠢᠨ ᠮᠢᠬᠠᠨ ᠤ ᠬᠡᠷᠡᠭᠯᠡᠭᠡ ᠪᠠ ᠮᠢᠬᠠᠨ ᠤ ᠲᠦᠷᠦᠯ ᠤᠨ ᠬᠡᠷᠡᠭᠯᠡᠭᠡ ᠶᠢᠨ ᠲᠤᠳᠤᠷᠠᠬᠢ ᠡᠵᠡᠯᠡᠬᠦ ᠬᠠᠷᠢᠴᠠᠯ | ᠶᠡᠬᠡᠪᠡᠷ ᠨᠡᠮᠡᠭᠳᠡᠬᠦ ᠪᠤᠯᠤᠨ᠎ᠠ᠃ ᠲᠤᠰᠬᠠᠢ ᠮᠡᠷᠬᠡᠵᠢᠯᠳᠡᠨ ᠤ ᠦᠵᠡᠬᠦ ᠪᠠᠷ᠂ ᠮᠠᠨ ᠤ ᠤᠯᠤᠰ ᠤᠨ ᠠᠷᠠᠳ ᠤᠨ | ᠠᠮᠢᠳᠦᠷᠠᠯ ᠤᠨ ᠲᠦᠪᠰᠢᠨ ᠲᠡᠭᠡᠭᠰᠢᠯᠡᠭᠰᠡᠨ ᠨᠢ ᠦᠬᠡᠷ ᠬᠤᠨᠢᠨ ᠮᠢᠬᠠᠨ ᠤ ᠦᠨ᠎ᠠ ᠦᠰᠦᠭᠰᠡᠨ ᠦᠨᠳᠦᠰᠦᠨ | ᠰᠢᠯᠳᠠᠭᠠᠨ ᠪᠤᠯᠤᠨ᠎ᠠ᠃ 2000 — 2011 ᠤᠨ ᠪᠤᠯᠳᠠᠯ᠎ᠠ ᠰᠠᠭᠤᠭᠠᠯᠢ ᠠᠷᠠᠳ ᠤᠨ ᠭᠠᠭ᠋ᠠᠢ ᠶᠢᠨ ᠮᠢᠬ᠎ᠠ | ᠬᠤᠳᠠᠯᠳᠤᠨ ᠠᠪᠬᠤ ᠬᠡᠮᠵᠢᠶ᠎ᠠ 21.2% ᠢᠶᠠᠷ ᠨᠡᠮᠡᠭᠳᠡᠵᠤ᠂ ᠬᠠᠷᠢᠨ ᠦᠬᠡᠷ ᠬᠤᠨᠢᠨ ᠮᠢᠬ᠎ᠠ ᠬᠤᠳᠠᠯᠳᠤᠨ ᠠᠪᠬᠤ | ᠬᠡᠮᠵᠢᠶ᠎ᠠ 53.2% ᠢᠶᠠᠷ ᠨᠡᠮᠡᠭᠳᠡᠵᠡᠢ᠃ | ᠬᠠᠳᠠᠭᠤ ᠬᠡᠷᠡᠭᠴᠡᠭᠡ ᠨᠡᠮᠡᠭᠳᠡᠵᠤ ᠪᠠᠶᠢᠭ᠎ᠠ ᠪᠠᠶᠢᠳᠠᠯ ᠲᠤᠤᠷ᠎ᠠ᠂ ᠦᠬᠡᠷ ᠬᠤᠨᠢᠨ ᠮᠢᠬᠠᠨ ᠤ | ᠦᠢᠯᠡᠳᠪᠦᠷᠢᠯᠡᠯ ᠤᠨ ᠦᠪᠡᠷ ᠤᠨ ᠦᠷᠳᠡᠭ ᠤᠨ ᠨᠡᠮᠡᠭᠳᠡᠭᠰᠡᠨ᠂ ᠬᠦᠭᠵᠢᠯᠳᠠ ᠶᠢᠨ ᠠᠷᠭ᠎ᠠ ᠬᠡᠯᠪᠡᠷᠢ ᠶᠢᠨ ᠬᠤᠪᠢᠷᠠᠯᠳᠠ | ᠂ ᠪᠠᠶᠢᠭᠠᠯᠢ ᠶᠢᠨ ᠭᠠᠮᠰᠢᠭ᠂ ᠡᠪᠡᠳᠴᠢᠨ ᠬᠢᠵᠢᠭ ᠵᠡᠷᠬᠡ ᠤᠯᠠᠨ ᠲᠠᠯ᠎ᠠ ᠶᠢᠨ ᠰᠢᠯᠳᠠᠭᠠᠨ ᠠᠴᠠ ᠪᠤᠯᠵᠤ ᠦᠬᠡᠷ | ᠬᠤᠨᠢᠨ ᠮᠢᠬᠠᠨ ᠤ ᠦᠢᠯᠡᠳᠪᠦᠷᠢᠯᠡᠯ ᠤᠨ ᠨᠡᠮᠡᠭᠳᠡᠯ ᠤᠳᠠᠭᠠᠰᠢᠷᠠᠵᠤ᠂ ᠬᠠᠩᠭᠠᠯᠭ᠎ᠠ ᠶᠢᠨ ᠬᠡᠮᠵᠢᠶ᠎ᠠ ᠤᠬᠤᠷᠬᠠᠨ | ᠬᠤᠭᠤᠴᠠᠭᠠᠨ ᠳᠤ ᠨᠡᠮᠡᠭᠳᠡᠵᠤ ᠴᠢᠳᠡᠬᠤ ᠦᠬᠡᠢ᠂ ᠵᠠᠬ᠎ᠠ ᠲᠡᠯᠬᠡᠬᠦᠷ ᠤᠨ ᠬᠠᠩᠭᠠᠯᠭ᠎ᠠ ᠬᠡᠷᠡᠭᠴᠡᠭᠡ ᠶᠢᠨ ᠵᠦᠷᠢᠴᠡᠯ | ᠤᠷᠳᠤ ᠬᠤᠭᠤᠴᠠᠭ᠎ᠠ ᠦᠷᠬᠦᠯᠵᠢᠯᠡᠬᠦ ᠪᠤᠯᠤᠨ᠎ᠠ᠃ | |