| | ᠦᠪᠤᠷ ᠮᠤᠩᠭᠤᠯ ᠤᠨ ᠤᠳᠬ᠎ᠠ ᠵᠤᠬᠢᠶᠠᠯ ᠤᠨ ᠲᠠᠶᠢᠵᠠᠨ ᠲᠡᠭᠡᠷ᠎ᠡ ᠴᠤᠯᠭᠤᠷᠠᠨ ᠭᠠᠷᠤᠭᠰᠠᠨ | ᠰᠢᠯᠦᠭᠴᠢᠨ ᠤ ᠨᠢᠬᠡ ᠪᠤᠯᠬᠤ ᠹ᠊᠂ ᠴᠢᠮᠡᠭ 1943 ᠤᠨ ᠳᠤ ᠬᠡᠰᠢᠭᠳᠡᠨ ᠬᠤᠰᠢᠭᠤᠨ ᠤ ᠵᠡᠬᠦᠨ ᠠᠷᠤ ᠨᠤᠳᠤᠭ ᠤᠨ | ᠬᠤᠰᠤᠳᠠᠢ ᠠᠶᠢᠯ ᠤᠨ ᠮᠠᠯᠴᠢᠨ ᠹᠦᠮᠢᠩᠬᠡ ᠶᠢᠨ ᠤᠤᠭᠠᠨ ᠦᠬᠢᠨ ᠨᠢ ᠪᠤᠯᠤᠨ ᠵᠠᠶᠠᠭᠠᠵᠠᠢ᠃ ᠬᠠᠷᠠᠬᠠᠨ ᠪᠠᠭ᠎ᠠ | ᠨᠠᠰᠤᠨ ᠳᠤᠨᠢ ᠬᠡᠰᠢᠭᠳᠡᠨ ᠬᠤᠰᠢᠭᠤᠨ ᠤ ᠲᠠᠮᠠᠭᠠᠨ ᠵᠠᠯᠠᠨ ᠪᠠᠶᠢᠭᠰᠠᠨ ᠨᠠᠭᠠᠴᠤ ᠡᠪᠦᠭᠡ ᠬᠠᠰᠪᠠᠽᠠᠷ᠂ ᠨᠠᠭᠠᠴᠤ ᠡᠵᠢ | ᠬᠡᠷᠡᠯ᠎ᠡ ᠨᠢ ᠦᠷᠡᠴᠢᠯᠡᠨ ᠲᠡᠵᠢᠬᠡᠵᠠᠢ᠃ | ᠹ᠊᠂ ᠴᠢᠮᠡᠭ ᠪᠠᠭ᠎ᠠ ᠠᠴᠠ ᠪᠠᠨ ᠨᠠᠭᠠᠴᠤ ᠡᠵᠢ ᠪᠤᠯᠤᠨ ᠨᠠᠭᠠᠴᠤ ᠡᠪᠦᠭᠡ ᠶᠢᠨ ᠢᠶᠠᠨ ᠶᠠᠷᠢᠭᠰᠠᠨ | ᠠᠯᠢ ᠤᠯᠠᠨ ᠰᠤᠨᠢᠨ ᠭᠠᠶᠢᠬᠠᠮᠰᠢᠭᠳᠤ ᠦᠯᠢᠬᠡᠷ ᠲᠤᠮᠤᠭ᠂ ᠠᠷᠠᠳ ᠤᠨ ᠲᠠᠭᠤᠤ᠂ ᠤᠨᠢᠰᠤᠭ᠎ᠠ ᠁ | ᠨᠤᠭᠤᠳ ᠢ ᠴᠡᠬᠡᠵᠢᠯᠡᠨ ᠠᠪᠳᠠᠭ ᠪᠠᠶᠢᠵᠠᠢ᠃ ︽ᠮᠢᠨᠤ ᠮᠠᠭᠤ ᠦᠬᠢᠨ ᠨᠢᠬᠡ ᠶᠠᠭᠤᠮ᠎ᠠ ᠪᠤᠯᠬᠤ ᠶᠤᠮ ᠳ᠋ᠠ︾ ᠬᠡᠵᠤ | ᠨᠠᠭᠠᠴᠤ ᠡᠵᠢ ᠨᠢ ᠦᠷᠬᠦᠯᠵᠢ ᠶᠠᠷᠢᠳᠠᠭ ᠪᠠᠶᠢᠭᠰᠠᠨ ᠪᠦᠬᠡᠳ ᠴᠢᠳᠠᠯ ᠢᠶᠠᠨ ᠰᠢᠪᠬᠠᠨ ᠴᠢᠮᠡᠭ ᠢ ᠰᠤᠶᠤᠯ ᠡᠷᠳᠡᠮ ᠤᠨ | ᠵᠠᠮ ᠤᠷᠤᠭᠤ ᠬᠦᠳᠦᠯᠵᠠᠢ᠃ | ᠬᠦᠳᠡᠭᠡ ᠨᠤᠳᠤᠭ ᠲᠤ ᠲᠦᠷᠦᠵᠤ ᠦᠰᠦᠭᠰᠡᠨ ᠹ᠊᠂ ᠴᠢᠮᠡᠭ ᠬᠦᠴᠢᠷ ᠪᠡᠷᠬᠡᠰᠢᠶᠡᠯ ᠢ | ᠲᠠᠰᠪᠤᠷᠢᠯᠡᠨ ᠬᠠᠳᠠᠭᠤᠵᠢᠯᠳᠠᠢ ᠰᠤᠷᠤᠯᠴᠠᠵᠤ᠂ 1968 ᠤᠨ ᠳᠤ ᠦᠪᠤᠷ ᠮᠤᠩᠭᠤᠯ ᠤᠨ ᠪᠠᠭᠰᠢ ᠶᠢᠨ ᠲᠠᠭᠡᠳᠤ | ᠰᠤᠷᠭᠠᠭᠤᠯᠢ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠠᠴᠠ ᠰᠤᠷᠤᠯᠭ᠎ᠠ ᠲᠡᠬᠦᠰᠴᠠᠢ᠃ | ᠹ᠊᠂ ᠴᠢᠮᠡᠭ ᠬᠤᠷᠢᠨ ᠬᠡᠳᠤᠨ ᠵᠢᠯ ᠤᠨ ᠲᠤᠳᠤᠷ᠎ᠠ ᠦᠪᠡᠷᠮᠢᠴᠠ ᠤᠨᠴᠠᠯᠢᠭ ᠪᠦᠬᠦᠢ ᠰᠢᠯᠦᠭ᠂ | ᠨᠠᠶᠢᠷᠠᠭᠤᠯᠤᠯ ᠤᠳ ᠢ ᠪᠢᠴᠢᠵᠤ ᠨᠡᠶᠢᠳᠡᠯᠡᠬᠡᠳ᠂ ᠤᠯᠤᠰ ᠤᠨ ᠲᠤᠳᠤᠭᠠᠳᠤ ᠭᠠᠳᠠᠭᠠᠳᠤ ᠶᠢᠨ ᠤᠩᠰᠢᠭᠴᠢᠳ ᠤᠨ | ᠰᠤᠨᠢᠷᠬᠠᠯ ᠪᠠᠭ᠋ᠠᠷᠬᠠᠯ ᠢ ᠲᠠᠳᠠᠭᠰᠠᠨ ᠶᠤᠮ᠃ ᠲᠡᠬᠦᠨ ᠤ ᠪᠢᠴᠢᠭᠰᠡᠨ ᠬᠤᠶᠠᠷ ᠵᠠᠭᠤ ᠭᠠᠷᠤᠢ ᠰᠢᠯᠦᠭ ᠤᠨ ᠬᠠᠭᠠᠰ ᠨᠢ | ᠨᠤᠳᠤᠭ ᠤᠰᠤ — ᠮᠤᠩᠭᠤᠯ ᠡᠬᠡ ᠤᠷᠤᠨ ᠢᠶᠠᠨ ᠪᠢᠯᠬᠠᠮ᠎ᠠ ᠴᠠᠯᠬᠢᠮ᠎ᠠ ᠰᠡᠳᠬᠢᠯᠬᠡ ᠪᠠᠷ ᠤᠶᠠᠩᠭᠠᠯᠠᠨ | ᠲᠠᠭᠤᠯᠠᠭᠰᠠᠨ ᠠᠭᠤᠯᠭ᠎ᠠ ᠲᠠᠢ ᠪᠠᠶᠢᠨ᠎ᠠ᠃ | ᠲᠡᠷᠡ ︽ᠲᠠᠯᠠᠢ — ᠨᠠᠭᠤᠷ︾ ᠬᠡᠬᠦ ᠰᠢᠯᠦᠭ ᠲᠡᠭᠡᠨ᠄ | ᠰᠠᠶᠢᠬᠠᠨ ᠲᠤᠩᠭᠠᠯᠠᠭ ᠬᠡᠰᠢᠭᠳᠡᠨ ᠲᠠᠯᠠᠢ | ᠰᠦ ᠪᠠᠷ ᠢᠪᠢᠯᠦᠭᠰᠡᠨ ᠡᠵᠢ ᠮᠢᠨᠢ ᠳ᠋ᠠ | ᠡᠷᠳᠡᠨᠢ ᠪᠢᠯᠬᠠᠮ᠎ᠠ ᠡᠨᠡ ᠨᠠᠭᠤᠷ | ᠡᠬᠡ ᠨᠤᠳᠤᠭ ᠤᠨ ᠮᠢᠨᠢ ᠬᠡᠰᠢᠭ ᠨᠢ ᠳ᠋ᠠ | ᠲᠦᠪᠰᠢᠨ ᠵᠢᠷᠭᠠᠯᠳᠤ ᠲᠠᠯ᠎ᠠ ᠶᠢᠨ ᠢᠶᠠᠨ | ᠬᠡᠷᠡᠯ ᠰᠠᠳᠠᠷᠠᠭᠰᠠᠨ ᠰᠤᠪᠤᠳ ᠨᠢ ᠶᠤᠮ | ᠲᠦᠮᠡᠨ ᠤᠯᠠᠨ ᠠᠷᠠᠳ ᠤᠨ ᠢᠶᠠᠨ | ᠦᠷᠯᠦᠭ ᠲᠠᠬᠢᠨᠢ ᠡᠬᠡ ᠨᠢ ᠶᠤᠮ | ᠪᠤᠰᠤᠭ᠎ᠠ ᠮᠦᠩᠬᠦᠨ ᠲᠠᠪᠠᠯᠭᠠᠨ ᠨᠢ | ᠪᠤᠶᠠᠨ ᠬᠤᠷᠢᠶᠠᠭᠰᠠᠨ ᠲᠠᠯᠠᠯᠭ᠎ᠠ ᠶᠤᠮ | ᠪᠤᠴᠠᠭᠠᠳ ᠱᠤᠤᠬᠢᠬᠤ ᠲᠠᠪᠢᠷᠠᠭᠠᠨ ᠨᠢ | ᠪᠦᠤᠪᠠᠢ ᠶᠢᠨ ᠲᠠᠭᠤᠨ ᠤ ᠡᠬᠡᠰᠢᠭ ᠶᠤᠮ | ᠠᠳᠠ ᠪᠢ ᠡᠰᠨᠢᠨ ᠲᠦᠷᠦᠵᠤ | ᠡᠯᠡᠰᠤ ᠶᠢ ᠨᠢ ᠬᠢᠰᠬᠢᠵᠤ ᠬᠦᠯ ᠳᠤ ᠤᠷᠤᠭᠰᠠᠨ | ᠁ ᠁ ᠁ | ᠬᠡᠵᠤ ᠲᠠᠯᠠᠢ ᠨᠠᠭᠤᠷ ᠤᠨ ᠢᠶᠠᠨ ᠬᠠᠵᠠᠭᠤ ᠡᠷᠬᠢ ᠳᠤᠨᠢ ᠪᠠᠶᠢᠭ᠎ᠠ ᠰᠢᠭ᠋ ᠬᠦᠭᠵᠢᠮᠯᠢᠭ᠂ | ᠤᠶᠠᠷᠠᠭᠤᠨ ᠪᠦᠰᠡᠬᠦᠢ ᠬᠦᠮᠦᠨ ᠤ ᠰᠡᠳᠬᠢᠯ ᠢᠶᠠᠷ ᠪᠢᠴᠢᠵᠠᠢ᠃ | ᠹ᠊᠂ ᠴᠢᠮᠡᠭ ᠨᠢᠯᠬ᠎ᠠ ᠨᠢᠷᠠᠢ ᠤᠶᠤᠨ ᠢᠶᠠᠨ ᠨᠤᠳᠤᠭ ᠤᠨ ᠰᠠᠶᠢᠬᠠᠨ ᠦᠵᠡᠰᠬᠦᠯᠡᠩ ᠢᠶᠠᠷ ᠢᠶᠠᠨ | ᠴᠢᠮᠠᠵᠤ᠂ ᠪᠠᠯᠴᠢᠷ ᠪᠠᠭ᠎ᠠ ᠨᠠᠰᠤ ᠪᠠᠨ ᠨᠤᠳᠤᠭ ᠤᠨ ᠰᠢᠮ᠎ᠡ᠂ ᠵᠢᠮᠢᠰ ᠭᠤᠭᠤᠳ ᠢᠶᠠᠷ ᠢᠶᠠᠨ ᠲᠡᠵᠢᠬᠡᠵᠤ ᠦᠰᠦᠭᠰᠡᠨ | ᠢᠶᠠᠨ ᠲᠤᠶᠢᠯ ᠤᠨ ᠵᠤᠯ ᠵᠠᠪᠰᠢᠶᠠᠨ ᠬᠡᠵᠤ ᠦᠵᠡᠨ ᠵᠤᠷᠢᠭᠵᠢᠳᠠᠭ᠃ | ᠹ᠊᠂ ᠴᠢᠮᠡᠭ ︽ᠦᠨᠳᠤᠰᠤᠳᠠᠨ ᠤ ᠪᠦᠯᠬᠦᠮᠳᠠᠯ︾ ᠰᠡᠳᠬᠦᠯ ᠳᠤ ᠨᠡᠶᠢᠳᠡᠯᠡᠬᠦᠯᠦᠭᠰᠡᠨ ᠨᠢᠬᠡ | ᠨᠠᠶᠢᠷᠠᠭᠤᠯᠤᠯ ᠳᠠᠭᠠᠨ ︽᠁ ᠪᠢ ᠲᠡᠷᠡᠬᠦ ᠬᠢᠵᠠᠭᠠᠷ ᠦᠭᠡᠢ ᠨᠤᠭᠤᠭᠠᠨ ᠲᠠᠩᠬᠢᠰ ᠰᠢᠭ᠋ ᠬᠦᠩᠬᠡᠷ ᠤᠨ ᠲᠠᠯ᠎ᠠ ᠪᠠᠨ | ᠪᠠᠷᠠᠯᠠᠵᠤ ᠠᠩᠬᠠᠨ ᠤ ᠬᠠᠷᠠᠭ᠎ᠠ ᠪᠠᠨ ᠲᠡᠯᠡᠭᠰᠡᠨ ᠶᠤᠮ᠃ ᠲᠡᠷᠡᠬᠦ ᠰᠠᠶᠢᠬᠠᠨ ᠬᠡᠬᠡᠨᠴᠢᠷ ᠨᠤᠪ ᠨᠤᠭᠤᠭᠠᠨ ᠦᠩᠬᠡ | ᠨᠠᠮᠠᠢᠢ ᠬᠦᠳᠦᠯᠦᠨ ᠠᠮᠢᠳᠤᠷᠠᠯ ᠢ ᠲᠠᠨᠢᠯᠴᠠᠭᠤᠯᠵᠤ ᠰᠤᠷᠭᠤᠭ ᠰᠡᠴᠡᠨ ᠤᠬᠠᠭᠠᠨ ᠰᠠᠨᠠᠭ᠎ᠠ᠂ ᠠᠯᠤᠰ ᠬᠡᠳᠤ ᠶᠢᠨ | ᠵᠤᠷᠢᠯᠳᠠ᠂ ᠠᠮᠢᠯᠠᠯ ᠮᠠᠨᠳᠤᠯ ᠤᠨ ᠲᠡᠯᠬᠡᠷ ᠰᠠᠶᠢᠬᠠᠨ ᠢᠷᠡᠬᠡᠳᠤᠢ ᠶᠢ ᠲᠡᠯᠬᠡᠨ ᠬᠦᠮᠦᠨ ᠤ ᠦᠷ᠎ᠡ ᠶᠢᠨ ᠬᠢᠵᠠᠭᠠᠷ | ᠦᠭᠡᠢ ᠶᠡᠭᠡ ᠬᠦᠰᠡᠯᠡᠩ ᠵᠦᠭ ᠬᠦᠳᠦᠯᠳᠡᠭ ᠪᠠᠶᠢᠭᠰᠠᠨ ᠡ ᠁︾ ᠬᠡᠵᠤ ᠦᠪᠡᠷ ᠤᠨ ᠠᠯᠢᠪᠠ ᠪᠠᠨ ᠪᠦᠷ ᠡᠬᠡ | ᠨᠤᠳᠤᠭ ᠤᠨ ᠢᠪᠡᠬᠡᠯ ᠠᠴᠢᠯᠠᠯ ᠬᠡᠵᠤ ᠰᠢᠭᠤᠳ ᠲᠤᠷᠠᠳᠬᠤ ᠬᠡᠯᠪᠡᠷᠢ ᠪᠠᠷ ᠪᠢᠴᠢᠭᠰᠡᠨ ᠨᠢ ᠲᠡᠬᠦᠨ ᠤ ᠲᠦᠷᠦᠭᠰᠡᠨ | ᠨᠤᠳᠤᠭ ᠲᠠᠭᠠᠨ ᠬᠡᠴᠢᠨᠡᠨ ᠬᠦᠨ ᠬᠦᠨᠵᠡᠬᠡᠢ ᠬᠠᠶᠢᠷ᠎ᠠ ᠰᠡᠳᠬᠢᠯᠬᠡ ᠲᠠᠢ ᠬᠡᠭᠴᠢ ᠶᠢ ᠲᠤᠳᠤ ᠬᠠᠷᠠᠭᠤᠯᠵᠠᠢ᠃ | ᠹ᠊᠂ ᠴᠢᠮᠡᠭ ᠬᠦᠯᠦᠨ ᠪᠦᠢᠷ ᠨᠤᠳᠤᠭ ᠠᠴᠠ ︽ᠨᠤᠳᠤᠭ ᠤᠨ ᠰᠤᠯᠤᠩᠭ᠎ᠠ︾᠂ ︽ᠨᠤᠳᠤᠭ | ᠤᠨ ᠦᠳᠡᠰᠢ︾᠂ ︽ᠨᠤᠳᠤᠭ ᠤᠨ ᠦᠷᠯᠦᠬᠡ︾᠂ ︽ᠨᠤᠳᠤᠭ ᠤᠨ ᠰᠢᠬᠦᠳᠡᠷᠢ︾᠂ ︽ᠭᠤᠪᠢ ᠮᠢᠨᠢ︾᠂ ︽ | ᠪᠠᠶᠠᠨᠵᠢᠷᠦᠬᠡ ᠤᠪᠤᠭ᠎ᠠ︾᠂ ︽ᠲᠠᠷᠬᠠᠨ ᠠᠭᠤᠯᠠ ᠮᠢᠨᠢ︾᠂ ︽ᠲᠠᠯᠠᠢ ᠨᠠᠭᠤᠷ︾᠂ ︽ᠨᠤᠳᠤᠭ ᠲᠠᠭᠠᠨ ᠬᠦᠷᠬᠡᠬᠦ | ᠲᠠᠭᠤᠤ︾᠂ ︽ᠨᠤᠳᠤᠭ ᠤᠨ ᠬᠦᠪᠡᠬᠦᠳ ᠲᠡᠭᠡᠨ︾᠂ ︽ᠮᠦᠩᠬᠡ ᠬᠦᠬᠡ ᠢᠷᠭᠤᠢ︾᠂ ︽ᠰᠢᠷ᠎ᠠ ᠶᠢᠨ ᠭᠤᠤᠯ | ᠤᠨ ᠪᠦᠰᠡᠬᠦᠢ︾ ᠬᠡᠬᠦ ᠮᠡᠳᠤ ᠲᠦᠷᠦᠭᠰᠡᠨ ᠨᠤᠳᠤᠭ ᠤᠨ ᠢᠶᠠᠨ ᠠᠭᠤᠯᠠ ᠤᠰᠤ ᠶᠢ ᠲᠤᠷᠠᠰᠤᠨ ᠰᠠᠨᠠᠵᠤ ᠪᠢᠴᠢᠭᠰᠡᠨ | ᠰᠢᠯᠦᠭ ᠤᠳ ᠢ ᠨᠤᠳᠤᠭ ᠤᠰᠤ ᠪᠤᠯᠤᠨ ᠨᠤᠳᠤᠭ ᠤᠨ ᠠᠷᠠᠳ ᠲᠦᠮᠡᠨ ᠳᠡᠭᠡᠨ ᠪᠡᠯᠡᠭᠯᠡᠵᠡᠢ᠃ | ᠹ᠊᠂ ᠴᠢᠮᠡᠭ ᠤᠨ ᠰᠢᠯᠦᠭ ᠤᠨ ᠤᠨᠴᠠᠯᠢᠭ ᠬᠡᠪᠡᠯ ᠤᠷᠤᠰᠤᠮ᠎ᠠ ᠢᠷᠡᠭᠤ ᠬᠡᠯᠡ ᠬᠡᠯᠡᠯᠬᠡ ᠲᠠᠢ᠂ | ᠤᠶᠠᠷᠠᠭᠤᠨ᠂ ᠬᠦᠭᠵᠢᠮᠯᠢᠭ ᠠᠶᠢᠵᠢᠮ ᠴᠤᠬᠢᠯᠭ᠎ᠠ ᠲᠠᠢ᠂ ᠤᠳᠬ᠎ᠠ ᠰᠠᠨᠠᠭ᠎ᠠ ᠬᠤᠷᠴᠠ ᠲᠤᠳᠤ᠂ ᠰᠤᠳᠤᠨ ᠰᠠᠶᠢᠬᠠᠨ | ᠪᠦᠬᠡᠳ ᠤᠩᠰᠢᠭᠴᠢ ᠶᠢᠨ ᠠᠩᠬᠠᠷᠤᠯ ᠢ ᠲᠠᠳᠠᠬᠤ ᠬᠦᠴᠦᠨ ᠲᠠᠢ ᠪᠠᠶᠢᠳᠠᠭ ᠶᠤᠮ᠃ ᠡᠶᠢᠮᠤ ᠴᠦ ᠤᠴᠢᠷ ᠠᠴᠠ | ᠦᠷᠦᠴᠡ ᠵᠢᠷᠦᠬᠡᠨ ᠠᠴᠠ ᠨᠢ ᠠᠰᠬᠠᠯ ᠪᠤᠯᠠᠭ ᠰᠢᠭ᠋ ᠤᠨᠳᠤᠷᠴᠤ ᠪᠠᠶᠢᠭ᠎ᠠ ᠡᠨᠡᠬᠦ ᠡᠮᠡᠭᠳᠡᠢ ᠢᠷᠠᠭᠤ ᠨᠠᠶᠢᠷᠠᠭᠴᠢ ᠶᠢᠨ | ᠰᠢᠯᠦᠭ ᠤᠩᠰᠢᠭᠴᠢᠳ ᠲᠤ ᠬᠦᠨ ᠬᠦᠨᠵᠡᠬᠡᠢ ᠰᠠᠭᠤᠭᠳᠠᠯ ᠦᠯᠡᠳᠡᠬᠡᠬᠦ ᠪᠠᠷ ᠪᠠᠷᠠᠬᠤ ᠦᠭᠡᠢ᠂ ᠴᠢᠨᠠᠭᠰᠢ | ᠤᠷᠭᠤᠭᠤᠯᠤᠨ ᠪᠤᠳᠤᠬᠤ ᠤᠷᠤᠨ ᠵᠠᠢ ᠲᠠᠢ ᠪᠠᠶᠢᠳᠠᠭ ᠪᠢᠯᠡ᠃ ᠠᠳᠡ ᠨᠢᠬᠡ ᠵᠢᠱᠢᠶ᠎ᠠ ᠲᠠᠳᠠᠪᠠᠯ ︽ᠡᠵᠢ ᠶᠢᠨ | ᠪᠤᠯᠠᠰᠢᠨ ᠲᠡᠭᠡᠷ᠎ᠡ︾ ᠬᠡᠬᠦ ᠤᠶᠠᠩᠭ᠎ᠠ ᠶᠢᠨ ᠤᠬᠤᠷ ᠰᠢᠯᠦᠭ ᠲᠡᠭᠡᠨ᠄ | ᠠᠷᠪᠠᠨ ᠵᠢᠯ ᠤᠨ ᠰᠠᠮᠠᠭᠤᠷᠠᠯ ᠲᠤᠮᠳᠠ | ᠠᠳᠠᠭᠠᠳᠤᠨ ᠳᠤ ᠠᠳᠡᠭᠰᠡᠨ ᠡᠵᠢ ᠮᠢᠨᠢ | ᠮᠢᠬᠠᠰᠢᠵᠤ ᠪᠠᠶᠢᠭᠰᠠᠨ ᠮᠠᠩᠭᠤᠰ ᠤᠳ ᠤᠨ | ᠮᠦᠬᠦᠵᠤ ᠰᠦᠨᠦᠭᠰᠡᠨ ᠢ ᠮᠡᠳᠡᠭᠡ ᠪᠢᠵᠡ ᠁ | ᠬᠡᠵᠤ ᠭᠠᠭᠴᠠᠬᠠᠨ ᠪᠠᠳᠠᠭ ᠢᠶᠠᠷ ᠠᠷᠪᠠᠨ ᠵᠢᠯ ᠤᠨ ᠭᠠᠮᠰᠢᠭ ᠤᠨ ᠭᠠᠢ ᠵᠤᠪᠠᠯᠠᠩ᠂ ᠡᠴᠤᠰ | ᠤᠨ ᠢᠯᠠᠭᠳᠠᠯ ᠢ ᠳ᠋ᠦᠩᠨᠡᠨ ᠴᠢᠳᠠᠵᠠᠢ᠃ ᠮᠦᠨ ᠴᠢᠨᠠᠭᠰᠢ ︽ᠴᠡᠴᠡᠭ ᠨᠠᠪᠴᠢ ᠶᠢᠨ ᠲᠡᠪᠢᠰᠬᠡᠷ ᠲᠠᠢ᠂ ᠴᠢᠨᠳᠠᠮᠤᠨᠢ | ᠡᠷᠳᠡᠨᠢ ᠶᠢᠨ ᠲᠡᠷᠡ ᠲᠠᠢ᠂ ᠨᠠᠷᠠᠨ ᠰᠠᠷᠠᠨ ᠬᠦᠨᠵᠢᠯᠠ ᠲᠠᠢ᠂ ᠨᠠᠯᠠᠭᠠᠷ ᠬᠦᠳᠡᠭᠡ ᠪᠠᠭᠤᠷᠢ ᠲᠠᠢ᠂ ᠡᠯᠳᠡᠩ ᠴᠡᠩᠬᠡᠷ | ᠨᠤᠳᠤᠭ ᠤᠨ ᠢᠶᠠᠨ᠂ ᠠᠲᠺᠠᠷ ᠨᠠᠷᠠᠭᠤᠯ ᠭᠠᠵᠠᠷ ᠲᠤ᠂ ᠦᠷᠦᠬᠡᠰᠤᠨ ᠨᠢᠳᠤ ᠲᠠᠢ ᠯᠤᠶᠢᠪᠠᠷᠴᠢᠨ ᠢ᠂ ᠦᠯᠮᠡᠢ ᠲᠤᠤᠷ᠎ᠠ | ᠪᠠᠨ ᠲᠡᠪᠢᠰᠤᠨ ᠪᠠᠶᠢᠵᠤ ᠁︾ ᠬᠡᠵᠤ ᠤᠮᠤᠭ ᠰᠦᠷ᠂ ᠠᠭᠤᠷ ᠬᠢᠯᠢᠩ ᠲᠠᠢ ᠰᠢᠯᠦᠭᠯᠡᠨ ᠪᠢᠴᠢᠭᠰᠡᠨ ᠢᠶᠠᠨ | ᠲᠡᠷᠡ ᠲᠤᠤᠷ᠎ᠠ ᠨᠢ ᠰᠢᠯᠦᠭ ᠤᠨ ᠦᠰᠦᠷᠤᠯᠳᠠ ᠭᠠᠷᠭᠠᠵᠤ᠄ ︽᠁ ᠬᠠᠨᠠᠭᠠᠷ ᠨᠤᠳᠤᠭ ᠤᠨ ᠢᠶᠠᠨ ᠢᠷᠭᠤᠢ ᠰᠢᠭ᠋ | ᠂ ᠬᠠᠪᠤᠷ ᠬᠠᠪᠤᠷ ᠲᠡᠯᠬᠡᠷᠡᠨ ᠪᠠᠢ ᠡᠵᠢ ᠡ᠂ ᠬᠠᠳᠠᠭᠤ ᠵᠤᠷᠢᠭᠳᠤ ︿ᠲᠠᠯᠠᠨ ᠬᠡᠯᠡ﹀ ᠰᠢᠭ᠂ ᠬᠤᠷᠸ᠎ᠠ ᠳᠤ ᠲᠠᠩᠳᠠ | ᠲᠤᠩᠭᠤᠳᠤᠨ ᠪᠠᠢ︕︾ ᠬᠡᠵᠤ ᠡᠵᠢ ᠪᠠᠨ ᠰᠠᠨᠠᠨ ᠮᠦᠷᠦᠬᠡᠳᠴᠤ ᠭᠠᠰᠢᠭᠤᠳᠠᠨ ᠬᠠᠷᠠᠤᠰᠠᠵᠤ ᠪᠠᠶᠢᠭ᠎ᠠ ᠬᠦᠮᠦᠨ ᠤ | ᠦᠷ᠎ᠡ ᠶᠢᠨ ᠶᠡᠭᠡ ᠬᠠᠶᠢᠷ᠎ᠠ ᠪᠠᠨ ᠤᠶᠠᠩᠭᠠᠯᠠᠨ ᠪᠢᠴᠢᠵᠠᠢ᠃ ᠡᠨᠡ ᠰᠢᠯᠦᠭ ᠡᠳᠤᠢ ᠲᠡᠳᠤᠢ ᠤᠯᠠᠨ ᠬᠦᠮᠦᠨ ᠤ | ᠰᠡᠳᠬᠢᠯ ᠤᠶᠤᠨ᠂ ᠰᠡᠷᠡᠯ ᠮᠡᠳᠡᠷᠡᠯ ᠳᠤ ᠬᠦᠨ ᠬᠦᠨᠵᠡᠬᠡᠢ ᠰᠠᠭᠤᠭᠳᠠᠯ ᠦᠭᠴᠤ ᠪᠤᠢ᠃ ᠡᠨᠡ ᠰᠢᠯᠦᠭ ᠪᠤᠯ ᠲᠡᠤᠬᠡᠨ | ᠴᠠᠭ ᠦᠶ᠎ᠡ ᠶᠢ ᠲᠤᠰᠬᠠᠭᠰᠠᠨ᠂ ᠮᠤᠩᠭᠤᠯ ᠨᠤᠳᠤᠭ ᠤᠨ ᠨᠢᠬᠡ ᠪᠠᠳᠠᠭ ᠤᠶᠠᠷᠠᠯ ᠤᠨ ᠲᠠᠭᠤᠤ ᠪᠢᠯᠡ᠃ | ᠹ᠊᠂ ᠴᠢᠮᠡᠭ ᠰᠢᠯᠦᠭ ᠨᠠᠶᠢᠷᠠᠭ ᠢ ᠤᠷᠠᠨ ᠤᠶᠠᠩᠭᠠᠯᠢᠭ ᠴᠢᠳᠠᠮᠠᠭᠠᠢ ᠰᠠᠶᠢᠬᠠᠨ ᠪᠢᠴᠢᠳᠡᠭ ᠢᠶᠠᠷ | ᠦᠯᠤ ᠪᠠᠷᠠᠨ ᠦᠬᠦᠯᠡᠯᠬᠡ᠂ ᠨᠠᠶᠢᠷᠠᠭᠤᠯᠤᠯ᠂ ᠲᠧᠯᠸᠢᠰ ᠵᠦᠴᠦᠬᠡ ᠶᠢ ᠴᠦ ᠪᠢᠴᠢᠳᠡᠭ ᠶᠤᠮ᠃ | ᠨᠢᠬᠡᠨ ᠵᠤᠬᠢᠶᠠᠯᠴᠢ ᠬᠦᠮᠦᠨ᠂ ᠦᠪᠡᠷ ᠤᠨ ᠰᠡᠳᠬᠢᠨ ᠪᠢᠴᠢᠭᠰᠡᠨ ᠵᠤᠬᠢᠶᠠᠯ ᠢᠶᠠᠨ ᠡᠬᠡ | ᠤᠷᠤᠨ ᠤ ᠪᠠᠨ ᠡᠯᠢᠬᠡᠨ ᠲᠡᠭᠡᠷ᠎ᠡ ᠲᠡᠯᠬᠡᠬᠦ ᠪᠤᠯ ᠬᠠᠮᠤᠭ ᠤᠨ ᠪᠠᠶᠠᠷ ᠪᠠᠶᠠᠰᠤᠯ ᠲᠠᠢ ᠬᠡᠷᠡᠭ ᠪᠢᠯᠡ᠃ | 1989 ᠤᠨ ᠳᠤ ᠹ᠊᠂ ᠴᠢᠮᠡᠭ ᠤᠨ ᠤᠤᠭᠠᠨ ᠰᠢᠯᠦᠭ ᠤᠨ ᠲᠡᠬᠦᠪᠦᠷᠢ ᠪᠤᠯᠬᠤ ︽ | ᠨᠤᠭᠤᠭᠠᠨ ᠲᠤᠷᠠᠳᠬᠠᠯ︾ ᠢ ᠨᠢ ᠦᠨᠳᠤᠰᠤᠳᠠᠨ ᠤ ᠬᠡᠪᠯᠡᠯ ᠤᠨ ᠬᠤᠷᠢᠶ᠎ᠠ ᠬᠡᠪᠯᠡᠬᠦᠯᠦᠨ ᠲᠠᠷᠬᠠᠭᠠᠪᠠ᠃ ᠡᠨᠡ ᠪᠤᠯ | ᠦᠪᠤᠷ ᠮᠤᠩᠭᠤᠯ ᠤᠨ ᠪᠦᠰᠡᠬᠦᠢ ᠰᠢᠯᠦᠭᠴᠢ ᠶᠢᠨ ᠠᠩᠬᠠᠳᠠᠭᠴᠢ ᠰᠢᠯᠦᠭ ᠤᠨ ᠲᠡᠬᠦᠪᠤᠷᠢ ᠪᠤᠯᠤᠨ᠎ᠡ᠃ ᠬᠦᠯᠦᠨ | ᠪᠤᠶᠢᠷ ᠠᠶᠢᠮᠠᠭ ᠤᠨ ᠨᠠᠮ ᠵᠠᠰᠠᠭ ᠤᠨ ᠬᠠᠷᠠᠭᠠᠯᠵᠠᠯ ᠲᠤᠤᠷ᠎ᠠ᠂ ᠬᠦᠯᠦᠨ ᠪᠤᠶᠢᠷ ᠤᠨ ᠦᠨᠳᠤᠰᠤᠳᠠᠨ ᠤ ᠬᠡᠷᠡᠭ | ᠡᠷᠬᠢᠯᠡᠬᠦ ᠭᠠᠵᠠᠷ ᠠᠴᠠ 1989 ᠤᠨ ᠤ 5 ᠳ᠋ᠤᠭᠠᠷ ᠰᠠᠷ᠎ᠠ ᠳᠤ ︽ᠹ᠊᠂ ᠴᠢᠮᠡᠭ ᠤᠨ ᠵᠤᠬᠢᠶᠠᠯ ᠪᠦᠳᠦᠬᠡᠯ ᠢ | ᠶᠠᠷᠢᠯᠴᠠᠬᠤ ᠲᠤᠰᠬᠠᠢ ᠬᠤᠷᠠᠯ︾ ᠢ ᠡᠷᠬᠢᠯᠡᠨ ᠬᠤᠷᠠᠯᠳᠤᠭᠤᠯᠵᠠᠢ᠃ ᠬᠦᠯᠦᠨ ᠪᠤᠶᠢᠷ ᠤᠨ ᠲᠧᠯᠸᠢᠰ ᠬᠤᠷᠢᠶ᠎ᠠ ᠴᠦ ︽ | ᠪᠦᠰᠡᠬᠦᠢ ᠰᠢᠯᠦᠭᠴᠢ — ᠹ᠊᠂ ᠴᠢᠮᠡᠭ︾ ᠬᠡᠮᠡᠬᠦ ᠲᠤᠰᠬᠠᠢ ᠰᠡᠳᠤᠪ ᠢᠶᠠᠷ ᠰᠡᠬᠦᠳᠡᠷᠯᠡᠨ ᠨᠡᠪᠳᠡᠷᠡᠬᠦᠯᠵᠡᠢ᠃ ᠹ᠊᠂ | ᠴᠢᠮᠡᠭ ᠤᠨ ᠵᠤᠬᠢᠶᠠᠯ ᠤᠨ ᠤᠯᠠᠩᠬᠢ ᠨᠢ ᠤᠯᠠᠨ ᠪᠠᠷ ᠬᠡᠪᠯᠡᠯ ᠤᠨ ᠲᠡᠬᠦᠪᠦᠷᠢ ᠳᠤ ᠰᠢᠯᠢᠭᠳᠡᠨ ᠤᠷᠤᠭᠰᠠᠨ ᠪᠠᠶᠢᠨ᠎ᠠ᠃ | ᠹ᠊᠂ ᠴᠢᠮᠡᠭ ᠤᠨ ᠰᠢᠯᠦᠭ᠂ ᠢᠯᠠᠩᠭᠤᠶ᠎ᠠ ᠬᠡᠤᠬᠡᠳ ᠤᠨ ᠤᠷᠠᠨ ᠵᠤᠬᠢᠶᠠᠯ ᠨᠢ ᠤᠯᠤᠰ ᠤᠨ | ᠭᠠᠳᠠᠭᠠᠳᠤ ᠳᠤ ᠴᠦ ᠵᠤᠬᠢᠬᠤ ᠨᠦᠯᠦᠬᠡ ᠲᠤᠰᠬᠠᠯ ᠪᠠᠶᠢᠵᠤ᠂ ᠮᠤᠩᠭᠤᠯ ᠤᠯᠤᠰ ᠪᠠ ᠤᠷᠤᠰ ᠤᠨ ᠵᠠᠷᠢᠮ ᠰᠤᠨᠢᠨ | ᠰᠡᠳᠬᠦᠯ ᠲᠡᠭᠡᠷ᠎ᠡ ᠴᠦ ᠨᠡᠯᠢᠶᠡᠳ ᠢ ᠰᠤᠩᠭᠤᠨ ᠨᠡᠶᠢᠳᠡᠯᠡᠵᠤ ᠪᠢᠯᠡ᠃ | | ᠴᠦᠯᠳᠤᠮ ᠤᠨ ︽ᠪᠠᠶᠠᠨᠵᠢᠷᠦᠬᠡ ᠶᠢᠨ ᠵᠡᠷᠬᠡᠯᠬᠡᠨ ᠠᠴᠠ︾ | ᠬᠡᠰᠡᠭᠯᠡᠪᠡ | |