ᠴᠠᠭ ᠦᠶ᠎ᠡ ᠶᠢᠨ ᠬᠦᠭᠵᠢᠯᠲᠡ᠂ ᠨᠡᠶᠢᠬᠡᠮ ᠠᠮᠢᠳᠤᠷᠠᠯ ᠤᠨ ᠴᠢᠨᠡᠭᠡᠯᠡᠭᠵᠢᠯᠲᠡ ᠠᠴᠠ ᠪᠤᠯᠵᠤ ᠰᠤᠶᠤᠯ ᠤᠨ | ᠰᠤᠯᠢᠯᠴᠠᠭ᠎ᠠ ᠮᠠᠰᠢ ᠲᠦᠷᠭᠡᠨ ᠬᠦᠭᠵᠢᠵᠤ᠂ ᠦᠨᠦᠳᠦᠷ ᠤᠨ ᠬᠡᠦᠬᠡᠳ ᠤᠳ ᠮᠠᠰᠢ ᠵᠢᠷᠭᠠᠯ ᠲᠠᠢ ᠪᠤᠯᠤᠭᠰᠠᠨ ᠨᠢ | ᠳᠡᠮᠡᠢ ᠴᠤ ᠬᠠᠴᠢᠷᠬᠠᠮᠠᠷ ᠶᠠᠪᠤᠳᠠᠯ ᠪᠢᠰᠢ ᠪᠤᠯᠤᠯ᠎ᠠ᠃ ᠬᠡᠯᠡᠨ ᠳᠤ ᠤᠷᠤᠭᠰᠠᠨ ᠬᠡᠦᠬᠡᠳ ᠠᠴᠠ ᠠᠪᠤᠭᠠᠳ | ᠰᠤᠷᠭᠠᠭᠤᠯᠢ ᠰᠤᠶᠤᠯ ᠤᠨ ᠮᠦᠷ ᠬᠦᠭᠡᠭᠡᠭᠰᠡᠨ ᠬᠡᠦᠬᠡᠳ ᠤᠳ ᠬᠦᠷᠲᠡᠯ᠎ᠡ ᠪᠦᠷ ᠲᠧᠯᠸᠢᠰ ᠷᠠᠳᠢᠤ᠋᠂ ᠺᠤᠮᠫᠢᠤᠲ᠋ᠧᠷ | ᠰᠦᠯᠵᠢᠶ᠎ᠡ ᠵᠡᠷᠭᠡ ᠪᠠᠷ ᠳᠠᠮᠵᠢᠭᠤᠯᠤᠨ ᠨᠡᠶᠢᠬᠡᠮ ᠠᠬᠤᠢ ᠶᠢᠨ ᠤᠯᠠᠨ ᠵᠦᠢᠯᠡᠰ ᠲᠠᠢ ᠬᠦᠷᠦᠯᠴᠡᠵᠤ ᠴᠢᠳᠠᠬᠤ ᠪᠤᠯᠵᠠᠢ᠃ | ᠠᠯᠢᠪᠠ ᠨᠡᠶᠢᠬᠡᠮ ᠤᠨ ᠬᠦᠭᠵᠢᠯᠲᠡ ᠨᠢ ᠪᠦᠷ ᠲᠡᠭᠦᠨ ᠤ ᠪᠠᠨ ᠳᠠᠪᠠᠭᠤᠯᠢᠭ ᠢᠶᠠᠷ ᠵᠢᠷᠭᠠᠵᠤ ᠪᠠᠶᠢᠳᠠᠭ ᠪᠤᠯᠪᠠᠴᠤ | ᠳᠤᠳᠠᠭᠳᠠᠯ ᠨᠢ ᠳᠠᠭᠠᠯᠳᠤᠨ ᠤᠷᠤᠰᠢᠵᠤ ᠪᠠᠶᠢᠳᠠᠭ ᠨᠢ ᠴᠤ ᠶᠠᠷᠢᠶᠠᠨ ᠦᠭᠡᠢ᠃ ᠠᠳᠡ ᠪᠢ ᠲᠧᠯᠸᠢᠰ ᠷᠠᠳᠢᠤ᠋ ᠬᠢᠭᠡᠳ | ᠮᠤᠩᠭᠤᠯ ᠬᠡᠦᠬᠡᠳ ᠤᠨ ᠦᠰᠦᠨ ᠪᠤᠶᠢᠵᠢᠯᠲᠠ ᠶᠢᠨ ᠳᠤᠬᠠᠢ ᠳᠦᠭᠦᠮ ᠶᠠᠷᠢᠶ᠎ᠠ᠃ | | ᠨ᠊ᠵᠭᠡ ᠳᠤ᠂ ᠳᠡᠯᠭᠡᠷ ᠬᠠᠷᠠᠭ᠎ᠠ | ᠦᠨᠦᠳᠦᠷ ᠤᠨ ᠬᠤᠪᠢᠷᠠᠯᠲᠠ ᠶᠢ ᠪᠢᠳᠠ ᠬᠤᠷᠢᠳᠤᠭᠠᠷ ᠵᠠᠭᠤᠨ ᠤ ᠰᠡᠭᠦᠯᠴᠢ ᠲᠠᠢ ᠬᠠᠷᠢᠴᠠᠭᠤᠯᠬᠤ ᠶᠢᠨ | ᠠᠷᠭ᠎ᠠ ᠦᠭᠡᠢ ᠭᠡᠳᠡᠭ ᠢ ᠬᠡᠨ ᠴᠤ ᠮᠡᠳᠡᠨ᠎ᠡ᠃ ᠳᠤᠬᠠᠢ ᠶᠢᠨ ᠦᠶ᠎ᠡ ᠳᠤ ᠵᠦᠪᠬᠡᠨ ᠠᠶᠢᠯ ᠠᠶᠢᠮᠠᠭ ᠤᠨ ᠬᠡᠳᠦᠨ ᠠᠬ᠎ᠠ | ᠳᠡᠭᠦᠦ ᠲᠠᠢ ᠪᠠᠨ ᠡᠪᠳᠡᠷᠠᠬᠡᠢ ᠰᠠᠪᠠ᠂ ᠬᠠᠭᠠᠷᠬᠠᠢ ᠱᠠᠭᠠᠵᠠᠩ ᠢᠶᠠᠷ ︽ᠭᠡᠷ ᠤᠨ ᠬᠡᠷᠡᠭᠰᠡᠯ︾ ᠪᠤᠯᠭᠠᠨ ᠨᠠᠭᠠᠳᠴᠤ᠂ | ᠤᠶᠢᠷ᠎ᠠ ᠤᠷᠴᠢᠮ ᠳᠤ ᠪᠤᠯᠤᠭᠰᠠᠨ ᠬᠡᠳᠦᠨ ᠠᠶᠢᠯ ᠤᠨ ᠶᠠᠪᠤᠳᠠᠯ ᠢ ︽ᠰᠤᠨᠢᠨ︾ ᠪᠤᠯᠭᠠᠵᠤ ᠶᠠᠷᠢᠴᠢᠬᠠᠪᠠᠯ ᠦᠭᠡᠷ᠎ᠡ | ᠶᠠᠭᠤᠮ᠎ᠠ ᠦᠭᠡᠢ ᠪᠠᠶᠢᠭᠰᠠᠨ ᠨᠢ ᠦᠨᠡᠨ᠃ ᠨᠦᠬᠦᠴᠡᠯ ᠲᠠᠢ ᠬᠡᠳᠦ ᠨᠢ ︽ᠦᠯᠢᠭᠡᠷ︾ ᠰᠤᠨᠤᠰᠴᠤ ᠴᠢᠬᠢ ᠪᠠᠶᠠᠰᠬᠠᠨ | ᠤᠬᠠᠭᠠᠨ ᠨᠡᠭᠡᠭᠡᠭᠳᠡᠭᠦᠯᠳᠡᠭ ᠪᠠᠶᠢᠭᠰᠠᠨ ᠨᠢ ᠴᠤ ᠳᠤᠭᠠᠲᠠᠢ ᠳ᠋ᠠ᠃ ᠭᠡᠬᠦ ᠳᠤ ᠦᠨᠦᠳᠦᠷ ᠤᠨ ᠬᠡᠦᠬᠡᠳ ᠤᠳ ᠤᠯᠤᠰ | ᠤᠷᠤᠨ ᠤ ᠰᠤᠨᠢᠨ ᠮᠡᠳᠡᠭᠡ ᠠᠴᠠ ᠳᠡᠯᠡᠬᠡᠢ ᠶᠢᠨ ᠰᠤᠨᠢᠨ ᠮᠡᠳᠡᠭᠡ ᠶᠢ ᠬᠦᠷᠲᠡᠯ᠎ᠡ ᠮᠡᠳᠡᠳᠡᠭ ᠨᠢ ᠦᠩᠭᠡᠷᠡᠭᠰᠡᠨ ᠲᠠᠢ | ᠬᠠᠷᠢᠴᠠᠭᠤᠯᠬᠤ ᠶᠢᠨ ᠠᠷᠭ᠎ᠠ ᠦᠭᠡᠢ ᠪᠤᠯᠵᠠᠢ᠃ | ᠠᠯᠢ ᠨᠢᠭᠡ ᠠᠶᠢᠯ ᠤᠨ ᠡᠭᠦᠳᠡ ᠪᠠᠷ ᠤᠷᠤᠬᠤ ᠳᠤ ᠴᠤ ᠬᠡᠦᠬᠡᠳ ᠤᠳ ᠵᠦᠭᠡᠯᠡᠨ ᠤᠷᠤ ᠳᠡᠭᠡᠷ᠎ᠡ ᠪᠠᠨ | ᠰᠠᠭᠤᠭᠠᠳ ᠬᠡᠦᠬᠡᠯᠳᠡᠢ ᠵᠦᠴᠦᠭᠡ ᠦᠵᠡᠬᠦ ᠦᠭᠡᠢ ᠪᠤᠯ ᠺᠤᠮᠫᠢᠲ᠋ᠧᠷ ᠤᠨ ᠡᠮᠦᠨ᠎ᠡ ᠬᠡᠦᠬᠡᠳ ᠤᠨ ᠰᠤᠨᠢᠷᠬᠠᠯᠲᠤ | ᠹᠢᠯᠢᠮ ᠤᠳ ᠢ ᠦᠵᠡᠵᠤ ᠪᠠᠶᠢᠳᠠᠭ᠃ ᠳᠡᠭᠡᠬᠦ ᠳᠤ ᠳᠡᠳᠡ ᠮᠤᠩᠭᠤᠯ ᠬᠢᠲᠠᠳ᠂ ᠶᠠᠫᠤᠨ ᠠᠮᠧᠷᠢᠺᠠ ᠵᠡᠷᠭᠡ | ᠤᠯᠤᠰ ᠤᠳ ᠤᠨ ᠰᠤᠩᠭᠤᠳᠠᠭ ᠪᠦᠲᠦᠭᠡᠯ ᠢ ᠰᠤᠨᠢᠷᠬᠠᠵᠤ ᠪᠠᠶᠢᠳᠠᠭ ᠰᠠᠨ᠃ ᠴᠡᠴᠡᠷᠯᠢᠭ ᠤᠨ ᠳᠤᠷ᠎ᠠ ᠶᠢᠨ ᠨᠢᠭᠡ | ᠬᠡᠦᠬᠡᠳ ᠠᠴᠠ ︽ᠴᠢᠶᠠᠩ ᠭᠡᠯᠦᠩ︾ ᠢ ᠠᠰᠠᠭᠤᠬᠤ ᠳᠤ ᠮᠡᠳᠡᠬᠦ ᠦᠭᠡᠢ ᠭᠡᠬᠦ ᠬᠡᠦᠬᠡᠳ ᠪᠠᠶᠢᠬᠤ ᠦᠭᠡᠢ᠃ ᠳᠡᠳᠡ | ᠬᠡᠳᠦᠢ ᠬᠡᠦᠬᠡᠳ ᠪᠤᠯᠪᠠᠴᠤ ᠦᠵᠡᠵᠤ ᠰᠤᠨᠤᠰᠤᠭᠰᠠᠨ ᠵᠦᠢᠯᠡᠰ ᠮᠠᠰᠢ ᠦᠷᠭᠡᠨ ᠭᠡᠳᠡᠭ ᠨᠢ ᠳᠡᠳᠡᠨ ᠤ ᠦᠭᠡ ᠶᠠᠷᠢᠶ᠎ᠠ | ᠂ ᠦᠢᠯᠡ ᠠᠵᠢᠯᠯᠠᠭ᠎ᠠ ᠳᠡᠭᠡᠷ᠎ᠡ ᠢᠯᠡᠷᠬᠡᠢ ᠮᠡᠳᠡᠭᠳᠡᠵᠤ ᠪᠠᠶᠢᠭ᠎ᠠ᠃ ᠡᠭᠦᠨ ᠤ ᠤᠭ ᠤᠴᠢᠷ ᠠᠨᠤ ︽ᠲᠧᠯᠸᠢᠰ ᠷᠠᠳᠢᠤ᠋᠂ | ᠺᠤᠮᠫᠢᠦᠲ᠋ᠧᠷ ᠰᠦᠯᠵᠢᠶᠡᠨ︾ ᠤ ᠲᠦᠭᠡᠮᠡᠯᠵᠢᠯ ᠳᠤ ᠪᠠᠶᠢᠬᠤ ᠶᠤᠰᠤᠲᠠᠢ᠃ | | ᠬᠤᠶᠠᠷ᠂ ᠬᠡᠯᠡ ᠰᠤᠶᠤᠯ ᠤᠨ ᠨᠦᠯᠦᠭᠡ | ᠲᠧᠯᠸᠢᠰ ᠦᠵᠡᠬᠦ ᠪᠠᠷ ᠳᠠᠮᠵᠢᠭᠤᠯᠤᠨ ᠬᠡᠦᠬᠡᠳ ᠤᠳ ᠤᠨ ᠪᠤᠰᠤᠳ ᠦᠨᠳᠦᠰᠦᠲᠡᠨ ᠤ ᠰᠤᠶᠤᠯ ᠤᠨ | ᠨᠦᠯᠦᠭᠡ ᠶᠢ ᠭᠦᠨ ᠬᠦᠷᠲᠡᠵᠤ ᠪᠠᠶᠢᠭ᠎ᠠ᠃ ᠢᠯᠠᠩᠭᠤᠶ᠎ᠠ ᠬᠢᠲᠠᠳ ᠬᠡᠯᠡᠨ ᠤ ᠨᠦᠯᠦᠭᠡ ᠶᠢ ᠭᠦᠨ ᠬᠦᠷᠲᠡᠵᠤ ᠪᠠᠶᠢᠭ᠎ᠠ | ᠶᠤᠮ᠃ ᠮᠠᠨ ᠤ ᠤᠯᠤᠰ ᠤᠨ ᠬᠦᠭᠵᠢᠯᠲᠡ ᠠᠰᠤᠷᠤ ᠠᠮᠵᠢᠯᠲᠠ ᠤᠯᠬᠤ ᠪᠠᠷ ᠲᠧᠯᠸᠢᠰ ᠤᠨ ᠬᠦᠭᠵᠢᠯᠲᠡ ᠳᠤ ᠨᠦᠷᠢ | ᠶᠡᠭᠡ ᠳᠡᠮᠵᠢᠯᠭᠡ ᠦᠵᠡᠭᠦᠯᠵᠤ ᠪᠠᠶᠢᠭ᠎ᠠ ᠳ᠋ᠠ᠃ ᠬᠡᠦᠬᠡᠳ ᠤᠨ ᠰᠤᠨᠢᠷᠬᠠᠯ ᠢ ᠳᠠᠳᠠᠬᠤ ᠳᠤ ᠬᠡᠦᠬᠡᠳ ᠤᠨ ᠪᠡᠶ᠎ᠡ | ᠰᠡᠳᠬᠢᠴᠡ ᠶᠢᠨ ᠬᠦᠭᠵᠢᠯᠲᠡ ᠲᠠᠢ ᠨᠢᠭᠲᠠ ᠤᠶᠠᠯᠳᠤᠭᠤᠯᠬᠤ ᠨᠢ ᠮᠠᠰᠢ ᠴᠢᠬᠤᠯᠠ ᠪᠠᠶᠢᠳᠠᠭ᠃ ᠪᠦᠬᠦᠯᠢ ᠡᠳᠦᠷ ᠤᠨ | ᠴᠠᠭ ᠢ ᠪᠦᠬᠦᠨ ᠢ ᠵᠦᠪᠬᠡᠨ ᠬᠡᠦᠬᠡᠳ ᠲᠤ ᠵᠤᠷᠢᠭᠤᠯᠤᠭᠰᠠᠨ ᠳᠤᠰᠬᠠᠢ ᠫᠷᠤᠭ᠍ᠷᠠᠮ ᠪᠤᠯ ᠲᠦᠪ ᠲᠧᠯᠸᠢᠰ ᠤᠨ ︽ | ᠬᠡᠦᠬᠡᠳ︾ ᠤᠨ ᠰᠤᠪᠠᠭ ᠪᠤᠯᠤᠨ᠎ᠠ᠃ ᠢᠩᠬᠢᠬᠦ ᠪᠠᠷ ᠬᠡᠦᠬᠡᠳ ᠤᠨ ᠪᠦᠬᠦ ᠠᠩᠬᠠᠷᠤᠯ ᠳᠡᠨᠳᠡ ᠪᠠᠶᠢᠭ᠎ᠠ ᠤᠴᠢᠷ ᠡᠳᠦᠷ | ᠪᠦᠷᠢ ᠶᠢᠨ ᠦᠵᠡᠵᠤ ᠰᠤᠨᠤᠰᠴᠤ ᠪᠠᠶᠢᠭ᠎ᠠ ᠨᠢ ᠬᠢᠲᠠᠳ ᠬᠡᠯᠡᠨ ᠤ ᠵᠦᠢᠯᠡᠰ ᠪᠠᠶᠢᠭ᠎ᠠ᠃ ᠢᠩᠬᠢᠬᠦ ᠪᠠᠷ ᠬᠢᠲᠠᠳ | ᠰᠤᠶᠤᠯ ᠤᠨ ᠨᠦᠯᠦᠭᠡ ᠶᠢ ᠭᠦᠨ ᠬᠦᠷᠲᠡᠵᠤ ᠪᠠᠶᠢᠭ᠎ᠠ ᠶᠤᠮ᠃ | 1. ᠬᠢᠲᠠᠳ ᠬᠡᠯᠡᠨ ᠤ ᠨᠦᠯᠦᠭᠡ | ᠠᠪᠤ ᠡᠵᠢ ᠨᠢ ᠬᠢᠲᠠᠳ ᠦᠭᠡ ᠶᠢ ᠶᠡᠷᠦ ᠠᠴᠠ ᠶᠠᠷᠢᠵᠤ ᠴᠢᠳᠠᠬᠤ ᠦᠭᠡᠢ ᠴᠤ ᠴᠡᠴᠡᠷᠯᠢᠭ ᠲᠤ ᠤᠷᠤᠭ᠎ᠠ | ᠬᠡᠦᠬᠡᠳ ᠨᠢ ᠨᠡᠯᠢᠶᠡᠳ ᠬᠡᠳᠦᠨ ᠬᠢᠲᠠᠳ ᠦᠭᠡ ᠲᠠᠢ ᠪᠤᠯᠤᠭᠰᠠᠨ ᠪᠠᠶᠢᠳᠠᠭ᠃ ᠮᠦᠷᠲᠡᠭᠡᠨ ᠨᠠᠭᠠᠳᠴᠤ | ᠲᠤᠭᠯᠠᠬᠤ ᠳᠤ ᠪᠠᠨ ᠮᠠᠰᠢ ᠤᠯᠠᠨ ᠬᠢᠲᠠᠳ ᠦᠭᠦᠯᠡᠪᠦᠷᠢ ᠶᠢ ᠶᠠᠷᠢᠵᠤ ᠪᠠᠶᠢᠭ᠎ᠠ᠃ ᠡᠳᠡᠭᠡᠷ ᠦᠭᠡᠰ ᠨᠢ ᠭᠤᠤᠯᠳᠠᠭᠤ ︽ | ᠬᠡᠦᠬᠡᠯᠳᠡᠢ ᠵᠦᠴᠦᠭᠡ︾ ᠠᠴᠠ ᠢᠷᠡᠯᠲᠡᠢ ᠨᠢ ᠶᠠᠷᠢᠶᠠᠨ ᠦᠭᠡᠢ᠃ ᠳᠡᠳᠡ ᠨᠠᠭᠠᠳᠴᠤ ᠲᠤᠭᠯᠠᠵᠤ ᠪᠠᠶᠢᠭ᠎ᠠ | ᠦᠶ᠎ᠡ ᠳᠤ ᠪᠠᠨ ᠬᠡᠯᠡᠭᠰᠡᠨ ᠦᠭᠡᠰ ᠨᠢ ᠪᠦᠷ ᠴᠤ ᠬᠡᠦᠬᠡᠯᠳᠡᠢ ᠵᠦᠴᠦᠭᠡ ᠶᠢᠨ ᠭᠤᠤᠯ ᠪᠠᠭᠠᠲᠤᠷ ᠤᠨ ᠦᠭᠡ ᠶᠠᠷᠢᠶ᠎ᠠ | ᠪᠠᠶᠢᠳᠠᠭ ᠨᠢ ᠬᠡᠦᠬᠡᠯᠳᠡᠢ ᠵᠦᠴᠦᠭᠡ ᠶᠢᠨ ᠨᠦᠯᠦᠭᠡ ᠭᠡᠳᠡᠭ ᠢ ᠪᠠᠲᠤ ᠨᠤᠳᠠᠯᠠᠵᠤ ᠪᠠᠶᠢᠭ᠎ᠠ᠃ ᠡᠨᠡ ᠨᠢ ᠵᠦᠪᠬᠡᠨ ᠬᠡᠯᠡ | ᠶᠠᠷᠢᠶᠠᠨ ᠤ ᠨᠦᠯᠦᠭᠡ ᠶᠢ ᠬᠦᠷᠲᠡᠵᠤ ᠪᠠᠶᠢᠭ᠎ᠠ ᠶᠢᠨ ᠢᠯᠡᠷᠡᠯ ᠪᠢᠯᠡ᠃ | 2. ᠬᠢᠲᠠᠳ ᠰᠡᠳᠬᠢᠬᠦᠢ ᠶᠢᠨ ᠨᠦᠯᠦᠭᠡ | ᠮᠤᠩᠭᠤᠯ ᠰᠤᠷᠭᠠᠭᠤᠯᠢ ᠨᠤᠭᠤᠳ ᠬᠡᠯᠡ ᠪᠢᠴᠢᠭ ᠤᠨ ᠵᠢᠭᠠᠨ ᠰᠤᠷᠭᠠᠯᠲᠠ ᠶᠢ ᠮᠠᠰᠢ ᠬᠦᠨᠳᠦᠳᠭᠡᠵᠤ᠂ ᠡᠬᠡ | ᠬᠡᠯᠡ ᠪᠠᠷ ᠬᠢᠴᠢᠶᠡᠯ ᠤᠷᠤᠵᠤ ᠪᠠᠶᠢᠭ᠎ᠠ ᠪᠤᠯᠬᠤᠷ ᠵᠤᠬᠢᠶᠠᠨ ᠪᠢᠴᠢᠯᠭᠡ᠂ ᠶᠠᠷᠢᠶ᠎ᠠ ᠬᠠᠷᠢᠯᠴᠠᠭ᠎ᠠ ᠬᠢᠯᠭᠡᠬᠦ ᠳᠤ | ᠰᠤᠷᠤᠭᠴᠢᠳ ᠤᠨ ᠪᠡᠶᠡᠴᠢ ᠤᠷᠤᠯᠳᠤᠯᠭ᠎ᠠ ᠶᠢ ᠮᠠᠰᠢ ᠬᠦᠨᠳᠦᠳᠭᠡᠳᠡᠭ᠃ ᠲᠡᠭᠡᠭᠡᠳ ᠨᠢᠭᠡ ᠶᠠᠭᠤᠮ᠎ᠠ ᠪᠢᠴᠢᠭᠦᠯᠬᠦ ᠳᠤ | ᠬᠠᠭᠠᠰ ᠤᠷᠴᠢᠮ ᠲᠤᠭᠠᠨ ᠤ ᠰᠤᠷᠤᠭᠴᠢᠳ ᠬᠢᠲᠠᠳ ᠢᠶᠠᠷ ᠰᠡᠳᠬᠢᠭᠡᠳ ᠮᠤᠩᠭᠤᠯ ᠢᠶᠠᠷ ᠤᠷᠴᠢᠭᠤᠯᠵᠤ ᠪᠢᠴᠢᠳᠡᠭ | ᠪᠤᠯᠤᠭᠰᠠᠨ ᠨᠢ ︽ᠮᠤᠩᠭᠤᠯ ᠰᠡᠳᠬᠢᠬᠦᠢ︾ ᠪᠠᠨ ᠠᠯᠳᠠᠵᠤ ᠪᠠᠶᠢᠭ᠎ᠠ ᠶᠢᠨ ᠢᠯᠡᠷᠡᠯ ᠪᠢᠯᠡ᠃ ᠰᠤᠷᠤᠭᠴᠢᠳ ᠤᠨ | ᠳᠠᠰᠬᠠᠯ ᠢ ᠡᠷᠭᠢᠭᠦᠯᠵᠤ ᠦᠵᠡᠬᠦ ᠳᠤ ︽ᠡᠵᠢ ᠬᠡᠯᠡᠵᠤ ︿ᠰᠤᠷᠭᠠᠭᠤᠯᠢ ᠳᠡᠭᠡᠷ᠎ᠡ ᠪᠠᠨ ᠤᠴᠢᠭᠠᠳ ᠰᠠᠶᠢᠨ ᠰᠤᠷᠬᠤ | ᠶᠤᠮ ᠰᠢᠦ﹀ ᠭᠡᠵᠤ ᠬᠡᠯᠡᠪᠡ᠃︾ ᠭᠡᠬᠦ ᠮᠡᠲᠦ ᠶᠢᠨ ᠬᠢᠲᠠᠳ ᠬᠡᠯᠡᠨ ᠤ ᠰᠡᠳᠬᠢᠬᠦᠢ ᠳᠤ ᠨᠦᠯᠦᠭᠡᠯᠡᠭᠳᠡᠭᠰᠡᠨ ᠡᠮᠵᠡᠭ | ᠦᠭᠦᠯᠡᠪᠦᠷᠢ ᠮᠤᠩ ᠦᠭᠡᠢ ᠤᠯᠠᠨ ᠪᠠᠶᠢᠳᠠᠭ᠃ | ᠦᠨᠡᠨᠳᠡᠭᠡᠨ ᠨᠡᠶᠢᠬᠡᠮ ᠤᠨ ᠬᠦᠭᠵᠢᠯᠲᠡ ᠬᠦᠮᠦᠨ ᠤ ᠠᠮᠢᠳᠤᠷᠠᠯ ᠤᠨ ᠬᠤᠷᠳᠤᠴᠠ ᠶᠢ ᠲᠦᠷᠭᠡᠳᠭᠡᠨ᠂ | ᠬᠦᠮᠦᠨ ᠪᠤᠯᠭᠠᠨ ᠠᠵᠢᠯ ᠦᠢᠯᠡᠰ ᠲᠤ ᠪᠠᠨ ᠶᠠᠭᠠᠷᠠᠬᠤ ᠪᠤᠯᠵᠤ ᠬᠡᠦᠬᠡᠳ ᠲᠠᠢ ᠪᠠᠨ ᠰᠠᠭᠤᠬᠤ ᠴᠠᠭ ᠬᠤᠪᠤᠷ | ᠪᠤᠯᠤᠭᠰᠠᠨ ᠨᠢ ᠤᠳᠤᠬᠢ ᠨᠡᠶᠢᠬᠡᠮ ᠤᠨ ᠲᠦᠭᠡᠮᠡᠯ ᠦᠵᠡᠭᠳᠡᠯ ᠪᠤᠯᠤᠭᠰᠠᠨ ᠶᠤᠮ᠃ ᠮᠦᠷᠲᠡᠭᠡᠨ ᠠᠶᠢᠯ ᠡᠷᠦᠬᠡ | ᠪᠦᠬᠦᠨ ᠳᠤ ᠨᠢᠭᠡ ᠬᠤᠶᠠᠷ ᠯᠠ ᠬᠡᠦᠬᠡᠳ ᠲᠠᠢ ᠪᠤᠯᠤᠭᠰᠠᠨ ᠤᠴᠢᠷ ᠬᠤᠭᠤᠷᠤ ᠬᠤᠭᠤᠷᠤᠨᠳᠤ ᠪᠠᠨ ᠶᠠᠷᠢᠯᠴᠠᠬᠤ | ᠶᠠᠪᠤᠳᠠᠯ ᠴᠤ ᠴᠦᠭᠡᠨ ᠪᠤᠯᠤᠭᠰᠠᠨ ᠪᠤᠯᠬᠤᠷ ᠬᠡᠦᠬᠡᠳ ᠤᠳ ᠶᠡᠬᠡᠩᠬᠢ ᠴᠠᠭ ᠢᠶᠠᠨ ᠲᠧᠯᠸᠢᠰ ᠲᠠᠢ ᠬᠠᠨᠢᠯᠠᠵᠣ | ᠦᠩᠭᠡᠷᠡᠭᠡᠳᠡᠭ ᠪᠤᠯᠤᠭᠰᠠᠨ ᠪᠠᠶᠢᠨ᠎ᠠ᠃ ᠡᠶᠢᠮᠦᠷᠬᠦ ᠪᠠᠶᠢᠳᠠᠯ ᠳᠤ ᠳᠡᠳᠡᠨ ᠢ ᠬᠠᠮᠤᠭ ᠠᠴᠠ ᠨᠦᠯᠦᠭᠡᠯᠡᠵᠤ ᠪᠠᠶᠢᠭ᠎ᠠ ᠨᠢ | ᠲᠧᠯᠸᠢᠰ ᠤᠨ ᠬᠡᠯᠡ ᠶᠠᠷᠢᠶ᠎ᠠ᠂ ᠠᠭᠤᠯᠭ᠎ᠠ ᠪᠤᠯᠵᠤ ᠪᠠᠶᠢᠭ᠎ᠠ᠃ | ᠮᠤᠩᠭᠤᠯ ᠬᠡᠯᠡᠨ ᠤ ᠲᠧᠯᠸᠢᠰ ᠵᠦᠴᠦᠭᠡ ᠪᠠᠶᠢᠳᠠᠭ ᠪᠤᠯᠪᠠᠴᠤ ︽ᠨᠠᠬᠢᠶ᠎ᠠ︾ ᠳᠡᠯᠭᠡᠴᠡ᠂ ᠬᠡᠦᠬᠡᠯᠳᠡᠢ | ᠵᠦᠴᠦᠭᠡ ᠵᠡᠷᠭᠡ ᠤᠬᠤᠷᠬᠠᠨ ᠬᠠᠭᠠᠰ ᠴᠠᠭ ᠤᠨ ᠠᠭᠤᠯᠭ᠎ᠠ ᠯᠠ ᠪᠠᠶᠢᠳᠠᠭ᠃ ᠢᠩᠬᠢᠬᠦ ᠪᠠᠷ ᠮᠤᠩᠭᠤᠯ ᠲᠧᠯᠸᠢᠰ ᠢᠶᠠᠨ | ᠰᠤᠨᠢᠷᠬᠠᠵᠤ ᠪᠠᠶᠢᠭ᠎ᠠ ᠬᠡᠦᠬᠡᠳ ᠤᠳ ᠲᠤᠩ ᠴᠦᠭᠡᠨ ᠪᠤᠯᠤᠭᠰᠠᠨ ᠨᠢ ᠰᠠᠨᠠᠭᠠᠰᠢᠷᠠᠮᠠᠷ ᠶᠠᠪᠤᠳᠠᠯ ᠳ᠋ᠠ᠃ | | ᠭᠤᠷᠪᠠ᠂ ᠦᠵᠡᠯ ᠤᠬᠠᠮᠰᠠᠷ | ᠳᠡᠯᠡᠬᠡᠶᠢᠴᠢᠯᠡᠭᠰᠡᠨ ᠰᠤᠶᠤᠯ ᠤᠨ ᠨᠦᠯᠦᠭᠡᠨ ᠳᠤ ᠬᠦᠮᠦᠨ ᠤ ᠬᠢ ᠶᠢ ᠪᠠᠭ᠋ᠠᠷᠬᠠᠵᠤ᠂ ᠳᠠᠭᠠᠵᠤ᠂ ᠳᠠᠭᠤᠷᠢᠶᠠᠵᠤ | ᠪᠠᠶᠢᠬᠤ ᠳᠤ ᠦᠪᠡᠷ ᠤᠨ ᠬᠢ ᠪᠠᠨ ᠪᠠᠳᠠᠷᠠᠭᠤᠯᠵᠤ᠂ ᠬᠦᠭᠵᠢᠭᠦᠯᠵᠤ᠂ ᠦᠵᠡᠭᠦᠯᠦᠨ᠎ᠡ ᠭᠡᠳᠡᠭ ᠤᠬᠠᠮᠰᠠᠷ ᠬᠤᠮᠰᠠᠳᠠᠵᠤ | ᠪᠠᠶᠢᠭ᠎ᠠ ᠶᠢ ᠶᠠᠭᠤ ᠭᠡᠵᠤ ᠬᠡᠯᠡᠯᠲᠡᠢ ᠪᠢᠯᠡ᠃ ᠦᠨᠡᠨᠳᠡᠭᠡᠨ ᠤᠨᠴᠠᠭᠠᠢ ᠶᠠᠮᠠᠷ ᠨᠢᠭᠡᠨ ᠨᠦᠬᠦᠴᠡᠯ ᠪᠤᠯᠤᠯᠴᠠᠭ᠎ᠠ ᠳᠤ | ᠳᠦᠰᠢᠭᠯᠡᠬᠦ ᠶᠠᠭᠤᠮ᠎ᠠ ᠪᠢᠰᠢ ᠬᠠᠷᠢᠨ ᠵᠦᠪᠬᠡᠨ ᠦᠪᠡᠷ ᠤᠨ ᠦᠵᠡᠯ ᠤᠬᠠᠮᠰᠠᠷ ᠲᠤ ᠯᠠ ᠳᠦᠰᠢᠭᠯᠡᠬᠦ ᠬᠡᠷᠡᠭᠲᠡᠢ | ᠪᠠᠶᠢᠭ᠎ᠠ᠃ ᠤᠳᠤᠬᠢ ᠭᠡᠷ ᠤᠨ ᠠᠬᠠᠮᠠᠳ ᠪᠦᠷ ᠭᠠᠭᠴᠠ ᠬᠤᠶᠠᠷ ᠬᠡᠦᠬᠡᠳ ᠪᠠᠶᠢᠬᠤ ᠪᠠᠷ ᠨᠢ ᠡᠷᠬᠡᠯᠡᠭᠦᠯᠵᠤ | ᠳᠤᠷ᠎ᠠ ᠪᠠᠷ ᠨᠢ ᠲᠠᠯᠪᠢᠨ᠎ᠠ᠃ ᠦᠨᠡᠨᠳᠡᠭᠡᠨ ᠶᠡᠭᠡ ᠬᠦᠮᠦᠨ ᠤ ᠬᠠᠷᠢᠭᠤᠴᠠᠯᠭ᠎ᠠ ᠠᠴᠠ ᠦᠵᠡᠪᠡᠯ ᠳᠡᠳᠡᠨ ᠢ ᠵᠤᠬᠢᠬᠤ | ᠬᠢᠵᠠᠭᠠᠷᠯᠠᠯ ᠲᠠᠢ ᠪᠠᠶᠢᠯᠭᠠᠪᠠᠯ ᠵᠤᠬᠢᠨ᠎ᠠ᠃ | 1. ᠡᠳᠦᠷ ᠪᠦᠷᠢ ᠳᠤᠭᠲᠠᠭᠰᠠᠨ ᠴᠠᠭ ᠲᠠᠢ ᠲᠧᠯᠸᠢᠰ ᠦᠵᠡᠭᠦᠯᠦᠨ᠎ᠡ᠃ ᠬᠡᠦᠬᠡᠳ ᠤᠨ ᠰᠡᠳᠬᠢᠯ ᠳᠤ | ᠪᠦᠬᠦᠯᠢ ᠡᠳᠦᠷ ᠲᠧᠯᠸᠢᠰ ᠦᠵᠡᠭᠦᠯᠦᠭᠰᠡᠨ ᠴᠤ ᠰᠡᠳᠬᠢᠯ ᠬᠠᠩᠬᠤ ᠪᠢᠰᠢ ᠯᠠ ᠳ᠋ᠠ᠃ ᠭᠡᠪᠡᠴᠤ ᠭᠡᠷ ᠤᠨ ᠠᠬᠠᠮᠠᠳ | ᠤᠬᠠᠮᠰᠠᠷ ᠲᠠᠢ ᠪᠠᠷ ᠤᠴᠢᠵᠤ ᠬᠡᠦᠬᠡᠳ ᠤᠨ ᠲᠧᠯᠸᠢᠰ ᠲᠠᠢ ᠨᠠᠶᠢᠵᠠᠯᠠᠬᠤ ᠶᠢ ᠬᠢᠵᠠᠭᠠᠷᠯᠠᠵᠤ᠂ ᠦᠪᠡᠷ ᠢᠶᠠᠨ | ᠢᠯᠡᠭᠦᠬᠡᠨ ᠬᠠᠨᠢ ᠪᠤᠯᠪᠠᠯ ᠬᠡᠦᠬᠡᠳ ᠤᠨ ᠡᠷᠡᠭᠦᠯ ᠦᠰᠦᠨ ᠪᠤᠶᠢᠵᠢᠯᠲᠠ ᠳᠤ ᠨᠡᠩ ᠴᠢᠬᠤᠯᠠ ᠨᠦᠯᠦᠭᠡ ᠦᠵᠡᠭᠦᠯᠵᠤ | ᠪᠤᠯᠤᠨ᠎ᠠ᠃ | 2. ᠡᠳᠦᠷ ᠪᠦᠷᠢ ᠳᠤᠭᠲᠠᠭᠰᠠᠨ ᠴᠠᠭ ᠲᠠᠢ ᠮᠤᠩᠭᠤᠯ ᠬᠡᠯᠡᠨ ᠤ ᠲᠧᠯᠸᠢᠰ ᠫᠷᠦᠭᠷᠠᠮ ᠦᠵᠡᠭᠦᠯᠦᠨ᠎ᠡ᠃ | ᠮᠠᠰᠢ ᠤᠯᠠᠨ ᠮᠤᠩᠭᠤᠯ ᠬᠡᠦᠬᠡᠳ ᠪᠦᠷ ᠬᠢᠲᠠᠳ ᠫᠷᠤᠭ᠍ᠷᠠᠮ ᠤᠳ ᠲᠤ ᠰᠡᠳᠬᠢᠯ ᠳᠠᠳᠠᠭᠳᠠᠵᠤ ᠪᠠᠶᠢᠭ᠎ᠠ᠃ ᠡᠶᠢᠮᠦᠷᠬᠦ | ᠪᠠᠶᠢᠳᠠᠯ ᠳᠤ ᠬᠡᠷ ᠤᠨ ᠠᠬᠠᠮᠠᠳ ᠬᠡᠦᠬᠡᠳ ᠢᠶᠠᠨ ᠳᠤᠳᠤᠮᠳᠠᠵᠤ᠂ ᠮᠤᠩᠭᠤᠯ ᠲᠧᠯᠸᠢᠰ ᠲᠠᠢ ᠨᠢ ᠬᠠᠨᠢ ᠪᠤᠯᠭᠠᠬᠤ | ᠳᠠᠳᠬᠠᠯ ᠢ ᠬᠦᠮᠦᠵᠢᠭᠦᠯᠦᠨ᠎ᠡ᠃ ᠦᠨᠡᠨᠳᠡᠭᠡᠨ ᠮᠤᠩᠭᠤᠯ ᠲᠧᠯᠸᠢᠰ ᠤᠨ ᠬᠦᠭᠵᠢᠯᠲᠡ ᠮᠠᠭᠤ ᠪᠢᠰᠢ᠂ ᠬᠡᠦᠬᠡᠳ | ᠵᠦᠪᠬᠡᠨ ᠠᠳᠡᠬᠦᠦ ᠪᠤᠷᠤᠭᠤ ᠤᠶᠢᠯᠠᠭᠠᠯᠲᠠ ᠠᠴᠠ ᠪᠤᠯᠵᠤ ᠦᠵᠡᠬᠦ ᠤᠬᠠᠮᠰᠠᠷ ᠢᠶᠠᠷ ᠳᠤᠲᠠᠮᠠᠭ ᠪᠠᠶᠢᠭ᠎ᠠ ᠳᠡᠳᠦᠢ᠃ | ᠮᠤᠩᠭᠤᠯ ᠲᠧᠯᠸᠢᠰ ᠴᠤ ᠴᠠᠭ ᠦᠶ᠎ᠡ ᠶᠢᠨ ᠬᠦᠭᠵᠢᠯᠲᠡ ᠪᠠᠨ ᠳᠠᠭᠠᠭᠠᠳ ᠮᠠᠰᠢ ᠬᠦᠭᠵᠢᠯᠲᠡᠢ ᠪᠤᠯᠵᠤ ᠪᠠᠶᠢᠭ᠎ᠠ᠃ | ᠡᠶᠢᠮᠦᠷᠬᠦ ᠪᠠᠶᠢᠳᠠᠯ ᠳᠤ ᠦᠵᠡᠭᠴᠢᠳ ᠤᠨ ᠦᠵᠡᠯ ᠤᠬᠠᠮᠰᠠᠷ ᠢ ᠬᠦᠭᠵᠢᠭᠡᠬᠦ ᠳᠤ ᠪᠠᠰᠠ ᠴᠢᠬᠤᠯᠠ ᠳ᠋ᠠ᠃ | | | ᠵᠤᠬᠢᠶᠠᠭᠴᠢ ᠶᠢᠨ ᠬᠠᠶ᠋ᠢᠭ᠄ ᠦᠦᠰᠢᠨ ᠬᠤᠰᠢᠭᠤᠨ ᠤ ᠷᠠᠳᠢᠤ᠋ ᠲᠧᠯᠸᠢᠰ ᠤᠨ ᠳᠤᠪᠴᠢᠶ᠎ᠠ | | |