ᠪᠣᠶᠠᠨᠰᠠᠩ
ᠨᠡᠶᠢᠲᠡᠯᠡᠭᠰᠡᠨ ᠴᠠᠭ᠄
2014/6/26
          ᠪᠣᠶᠠᠨᠰᠠᠩ᠂ ᠬᠢᠳᠠᠳ ᠨᠡᠷ᠎ᠡ ᠨᠢ ᠵᠣᠣ ᠴᠧᠨ ᠷᠠᠩ ᠂ 1915 ᠣᠨ ᠳᠤ ᠬᠡᠰᠢᠭᠳᠡᠨ ᠬᠤᠰᠢᠭᠤᠨ ᠤ ᠦᠪᠦᠷ ᠨᠣᠳᠤᠭ ᠤᠨ ᠮᠣᠩᠭᠤᠯ ᠦᠨᠳᠦᠰᠦᠳᠡᠨ ᠲᠦᠪᠯᠡᠷᠡᠨ ᠰᠠᠭᠤᠭᠰᠠᠨ ᠮᠡᠯᠡᠬᠡᠶᠢᠳᠤ ᠠᠶᠢᠯ ᠤᠨ ᠴᠢᠨᠡᠬᠡᠯᠢᠭ ᠮᠠᠯᠴᠢᠨ  ᠭᠠᠰᠢᠭᠤᠭᠤᠳ ᠣᠪᠣᠭᠳᠠᠨ ᠤ ᠬᠡᠷ ᠲᠤ ᠲᠦᠷᠦᠵᠡᠢ᠃              1925 ᠣᠨ ᠳᠤ ᠲᠡᠬᠦᠨ ᠤ ᠠᠪᠤ ᠨᠢ ᠬᠦᠦ ᠪᠠᠨ ᠬᠡᠰᠢᠭᠳᠡᠨ ᠬᠤᠰᠢᠭᠤᠨ ᠤ ᠨᠣᠮᠢᠨ ᠮᠣᠩᠭᠤᠯ ᠪᠠᠭ᠎ᠠ ᠰᠣᠷᠭᠠᠭᠤᠯᠢ ᠳᠤ ᠬᠦᠷᠬᠡᠨ ᠦᠭᠴᠣ ᠡᠷᠳᠡᠮᠳᠡᠨ ᠪᠠᠭᠰᠢ ᠠᠴᠠ ᠮᠣᠩᠭᠤᠯ᠂ ᠬᠢᠳᠠᠳ ᠪᠢᠴᠢᠭ ᠰᠣᠷᠴᠣ᠂ 1934 ᠣᠨ ᠳᠤ ᠲᠣᠰ ᠰᠣᠷᠭᠠᠭᠤᠯᠢ ᠪᠠᠨ ᠲᠡᠬᠦᠰᠵᠣ᠂ ᠬᠢᠩᠭᠠᠨ ᠮᠣᠵᠢ ᠶᠢᠨ ᠴᠡᠷᠢᠭ ᠤᠨ ᠨᠣᠶᠠᠳ ᠎ ᠤᠨ ᠰᠣᠷᠭᠠᠭᠤᠯᠢ ᠳᠤ ᠰᠢᠯᠭᠠᠭᠳᠠᠨ ᠣᠷᠣᠵᠣ᠂ 1936 ᠣᠨ ᠳᠤ ᠲᠣᠰ ᠰᠣᠷᠭᠠᠭᠤᠯᠢ ᠪᠠᠨ ᠲᠡᠬᠦᠰᠪᠠ᠃              1937 ᠣᠨ ᠳᠤ ᠯᠢᠨᠰᠢ ᠳᠠᠬᠢ ᠬᠢᠩᠭᠠᠨ ᠪᠠᠷᠠᠭᠤᠨ ᠮᠣᠵᠢ ᠶᠢᠨ ᠭᠤᠷᠪᠠᠳᠣᠭᠠᠷ ᠮᠣᠷᠢᠳᠣ ᠴᠡᠷᠢᠭ ᠤᠨ ᠨᠢᠬᠡ ᠰᠠᠯᠠᠭᠠᠨ ᠤ ᠲᠠᠷᠤᠭ᠎ᠠ ᠪᠣᠯᠪᠠ᠃ ᠲᠣᠰ ᠴᠡᠷᠢᠭ ᠲᠤ ᠪᠠᠶᠢᠬᠤ ᠦᠶ᠎ᠡ ᠳᠤ ᠶᠠᠫᠣᠨ ᠴᠡᠷᠢᠭ ᠤᠨ ᠨᠣᠶᠠᠨ ᠤ ᠵᠠᠷᠯᠢᠭ ᠢᠶᠠᠷ ᠬᠤᠯᠭᠠᠶᠢᠴᠢ ᠶᠢ ᠪᠠᠷᠢᠵᠣ ᠠᠯᠠᠬᠤ ᠡᠬᠦᠷᠬᠡ ᠶᠢ ᠲᠡᠬᠦᠨ ᠳᠤ ᠠᠯᠪᠠᠳᠠᠨ ᠦᠭᠵᠡᠢ᠃ ᠡᠨᠡᠬᠦ ᠡᠬᠦᠷᠬᠡ ᠶᠢ ᠪᠡᠶᠡᠯᠡᠬᠦᠯᠦᠭᠰᠡᠨ ᠦᠬᠡᠢ ᠬᠡᠵᠣ ᠬᠡᠷᠡᠭ ᠲᠣᠯᠭᠠᠵᠣ ᠬᠢᠨᠳᠠᠨ ᠳᠤ ᠣᠷᠣᠭᠤᠯᠵᠣ ᠬᠠᠷ᠎ᠠ ᠬᠡᠷ ᠤᠨ ᠬᠤᠷᠢᠭᠳᠠᠯ ᠪᠣᠯᠪᠠ᠃ ᠡᠨᠡᠬᠦ ᠤᠴᠢᠷ ᠢ ᠣᠯᠵᠣ ᠰᠣᠨᠣᠰᠣᠭᠰᠠᠨ ᠬᠡᠰᠢᠭᠳᠡᠨ ᠬᠤᠰᠢᠭᠤᠨ ᠤ ᠲᠠᠷᠤᠭ᠎ᠠ ᠠᠯᠳᠠᠨ᠋ᠧᠴᠢᠷ ᠯᠢᠨᠰᠢ ᠳᠤ ᠬᠦᠷᠴᠣ ᠶᠠᠫᠣᠨ ᠨᠣᠶᠠᠨ ᠳᠤ ᠬᠡᠰᠢᠭᠳᠡᠨ ᠤ ᠪᠣᠶᠠᠨᠰᠠᠩ ᠤᠨ ᠪᠣᠷᠣᠭᠤ ᠶᠢ ᠬᠦᠯᠢᠶᠡᠵᠣ ᠬᠠᠷ᠎ᠠ ᠬᠡᠷ ᠠᠴᠠ ᠭᠠᠷᠭᠠᠵᠣ ᠬᠡᠰᠢᠭᠳᠡᠨ ᠳᠤ ᠶᠠᠪᠣᠭᠤᠯᠬᠤ ᠶᠢ ᠭᠤᠶᠣᠴᠢᠯᠠᠵᠣ ᠪᠠᠶᠢᠭᠠᠳ 1942 ᠣᠨ ᠳᠤ ᠬᠠᠷ᠎ᠠ ᠬᠡᠷ ᠠᠴᠠ ᠰᠣᠯᠠᠯᠠᠨ ᠭᠠᠷᠭᠠᠵᠣ᠂ ᠬᠡᠰᠢᠭᠳᠡᠨ ᠳᠡᠭᠡᠨ ᠠᠪᠴᠤ ᠢᠷᠡᠪᠠ᠃ ᠲᠡᠷᠡ ᠨᠣᠳᠤᠭ ᠲᠠᠭᠠᠨ ᠬᠠᠷᠢᠵᠣ ᠢᠷᠡᠬᠡᠳ ᠲᠠᠬᠢᠨ ᠶᠠᠫᠣᠨ ᠵᠣᠯᠢᠭ ᠤᠨ ᠬᠤᠣᠷ ᠢ ᠠᠮᠠᠰᠠᠬᠤ ᠠᠴᠠ ᠵᠠᠶᠢᠯᠠᠵᠣ ᠪᠠᠷᠠᠭᠤᠨ ᠰᠦᠨᠢᠳ ᠲᠤ ᠶᠠᠪᠣᠵᠠᠢ᠃              1945 ᠣᠨ ᠳᠤ ᠶᠠᠫᠣᠨ ᠪᠠᠭᠤᠨ ᠦᠭᠬᠦᠭᠰᠡᠨ ᠤ ᠰᠡᠬᠦᠯᠡᠷ᠂ ᠪᠣᠶᠠᠨᠰᠠᠩ ᠰᠦᠨᠢᠳ ᠪᠠᠷᠠᠭᠤᠨ ᠬᠤᠰᠢᠭᠤᠨ ᠤ ᠦᠨᠳᠦᠷ ᠰᠦᠮ᠎ᠡ ᠳᠤ ᠣᠯᠠᠭᠠᠨᠬᠦᠦ᠂ ᠺᠥᠩ ᠹᠸᠢ᠂ ᠬᠦᠬᠦᠷᠬᠡ ᠨᠠᠷ ᠲᠠᠢ ᠠᠭᠤᠯᠵᠠᠵᠤ ᠲᠠᠨᠢᠯᠴᠠᠭᠠᠳ ᠤᠴᠢᠷ ᠶᠠᠪᠣᠳᠠᠯ ᠢᠶᠠᠨ ᠦᠨᠡᠨ ᠮᠦᠨ ᠢᠶᠠᠷ ᠬᠡᠯᠡᠵᠤ ᠲᠠᠨᠢᠯ ᠪᠣᠯᠪᠠ᠃ ᠲᠡᠬᠡᠬᠡᠳ ᠲᠡᠬᠦᠨ ᠢ ᠵᠠᠩ ᠪᠸᠢ ᠎ ᠳᠤ ᠶᠠᠪᠣᠭᠤᠯᠣᠨ ᠨᠢᠬᠡ ᠬᠤᠭᠤᠴᠠᠭ᠎ᠠ ᠰᠣᠷᠣᠯᠴᠠᠭᠤᠯᠪᠠ᠃ ᠰᠣᠷᠣᠯᠭ᠎ᠠ ᠪᠠᠨ ᠲᠡᠬᠦᠰᠴᠤ ᠴᠢᠭᠤᠯᠠᠯᠳᠣ ᠬᠠᠭᠠᠯᠭ᠎ᠠ ᠳᠤ ᠪᠣᠯᠣᠭᠰᠠᠨ ᠦᠪᠦᠷ ᠮᠣᠩᠭᠤᠯ ᠤᠨ ᠦᠪᠡᠷᠳᠡᠬᠡᠨ ᠵᠠᠰᠠᠬᠤ ᠬᠤᠯᠪᠣᠭᠠᠨ ᠤ ᠬᠤᠷᠠᠯ ᠳᠤ ᠣᠷᠣᠯᠴᠠᠪᠠ᠃ ᠲᠣᠰ ᠵᠢᠯ ᠎ ᠤᠨ 12 ᠰᠠᠷ᠎ᠠ ᠳᠤ ᠲᠡᠬᠦᠨ ᠢ ᠬᠡᠰᠢᠭᠳᠡᠨ ᠬᠤᠰᠢᠭᠤᠨ ᠳᠤ ᠨᠢ ᠲᠣᠮᠢᠯᠠᠨ ᠶᠠᠪᠣᠭᠤᠯᠵᠣ ᠬᠡᠰᠢᠭᠳᠡᠨ ᠤ ᠦᠪᠡᠷᠳᠡᠬᠡᠨ ᠵᠠᠰᠠᠬᠤ ᠰᠠᠯᠪᠣᠷᠢ ᠬᠤᠷᠠᠯ ᠤᠨ ᠪᠡᠯᠡᠳᠬᠡᠯ ᠠᠵᠢᠯ ᠬᠢᠬᠦ ᠡᠬᠦᠷᠬᠡ ᠦᠭᠵᠠᠢ᠃              1946 ᠣᠨ ᠳᠤ ᠬᠡᠰᠢᠭᠳᠡᠨ ᠤ ᠦᠪᠡᠷᠳᠡᠬᠡᠨ ᠵᠠᠰᠠᠬᠤ ᠰᠠᠯᠪᠣᠷᠢ ᠬᠤᠷᠠᠯ ᠪᠠᠶᠢᠭᠤᠯᠣᠭᠳᠠᠵᠣ ᠪᠣᠶᠠᠨᠰᠠᠩ ᠡᠷᠬᠢᠯᠡᠭᠴᠢ ᠶᠢᠨ ᠲᠣᠰᠢᠶᠠᠯ ᠢ ᠬᠠᠷᠢᠭᠤᠴᠠᠪᠠ᠃ ᠡᠬᠦᠨ ᠤ ᠬᠠᠮᠳᠣ ᠬᠡᠰᠢᠭᠳᠡᠨ ᠮᠣᠷᠢᠳᠣ ᠴᠡᠷᠢᠭ 36 ᠳ᠋ᠣᠭᠠᠷ ᠬᠤᠷᠢᠶ᠎ᠠ ᠶᠢ ᠪᠠᠶᠢᠭᠤᠯᠬᠤ ᠪᠡᠯᠡᠳᠬᠡᠯ ᠳᠤ ᠪᠡᠶᠡᠳᠡᠨ ᠤᠷᠤᠯᠴᠠᠵᠤ ᠪᠠᠶᠢᠭᠤᠯᠪᠠ᠃              1946 ᠣᠨ ᠳᠤ ᠪᠣᠶᠠᠨᠰᠠᠩ 36 ᠳ᠋ᠣᠭᠠᠷ ᠬᠤᠷᠢᠶ᠎ᠠ ᠶᠢᠨ ᠮᠣᠷᠢᠳᠣ ᠴᠡᠷᠢᠭ ᠤᠨ ᠲᠠᠷᠤᠭ᠎ᠠ ᠎ ᠶᠢᠨ ᠲᠣᠰᠢᠶᠠᠯ ᠢ ᠬᠠᠷᠢᠭᠤᠴᠠᠪᠠ᠃              1949 — 1951 ᠣᠨ ᠳᠤ ᠦᠪᠦᠷ ᠮᠣᠩᠭᠤᠯ ᠤᠨ ᠮᠣᠷᠢᠳᠣ ᠴᠡᠷᠢᠭ ᠤᠨ ᠭᠤᠷᠪᠠᠳᠣᠭᠠᠷ ᠳ᠋ᠢᠸᠢᠼᠢ ᠵᠣᠣ ᠣᠳᠠ ᠠᠶᠢᠮᠠᠭ ᠤᠨ ᠴᠡᠷᠢᠭ ᠤᠨ ᠬᠤᠪᠢᠶᠠᠷᠢ ᠲᠣᠭᠤᠷᠢᠭ ᠤᠨ ᠲᠡᠳ᠋ ᠵᠦᠪᠯᠡᠭᠴᠢ ᠶᠢᠨ ᠲᠣᠰᠢᠶᠠᠯ ᠳᠤ ᠲᠣᠮᠢᠯᠠᠪᠠ᠃              1952 —1956 ᠣᠨ ᠪᠣᠯᠳᠠᠯ᠎ᠠ ᠵᠣᠣ ᠣᠳᠠ ᠠᠶᠢᠮᠠᠭ ᠤᠨ ᠵᠠᠬᠢᠷᠭ᠎ᠠ ᠶᠢᠨ ᠲᠡᠳ᠋ ᠲᠠᠷᠤᠭ᠎ᠠ ᠪᠣᠯᠪᠠ᠃              1957 —1968 ᠣᠨ ᠪᠣᠯᠳᠠᠯ᠎ᠠ ᠦᠪᠦᠷ ᠮᠤᠩᠭᠤᠯ ᠤᠨ ᠦᠪᠡᠷᠳᠡᠬᠡᠨ ᠵᠠᠰᠠᠬᠤ ᠣᠷᠣᠨ ᠎ ᠤ ᠮᠠᠯ ᠠᠵᠣ ᠠᠬᠤᠢ ᠶᠢᠨ ᠲᠢᠩᠬᠢᠮ ᠤᠨ ᠲᠡᠳ᠋ ᠲᠠᠷᠤᠭ᠎ᠠ ᠶᠢᠨ ᠲᠣᠰᠢᠶᠠᠯ ᠳᠤ ᠪᠠᠶᠢᠪᠠ᠃             1968 ᠣᠨ ᠳᠤ ᠰᠣᠶᠣᠯ ᠤᠨ ᠬᠤᠪᠢᠰᠬᠠᠯ ᠤᠨ ᠣᠯᠠᠭᠠᠨ ᠰᠢᠭᠤᠷᠭᠠᠨ ᠳᠤ ᠲᠠᠭᠠᠷᠢᠭᠳᠠᠵᠣ ᠬᠢᠯᠢᠰ ᠬᠤᠳᠠᠯ ᠪᠣᠷᠣᠭᠤ ᠪᠠᠷ ᠴᠣᠬᠢᠭᠳᠠᠵᠣ ᠣᠶᠣᠨ ᠰᠠᠨᠠᠭ᠎ᠠ ᠪᠡᠶ᠎ᠡ ᠮᠠᠬᠠᠪᠣᠳ ᠲᠤᠨᠢ ᠬᠦᠨᠳᠣ ᠰᠢᠷᠬ᠎ᠠ ᠰᠣᠷᠪᠢ ᠰᠠᠭᠤᠵᠣ ᠬᠤᠣᠷ ᠠᠮᠰᠠᠪᠠ᠃ 1979 ᠣᠨ ᠳᠤ ᠠᠯᠢᠪᠠ ᠪᠣᠷᠣᠭᠤ ᠬᠡᠷᠡᠭ ᠢ ᠨᠢ ᠴᠠᠭᠠᠳᠬᠠᠵᠣ ᠨᠡᠷ᠎ᠡ ᠠᠯᠳᠠᠷ ᠢ ᠨᠢ ᠰᠡᠷᠬᠦᠬᠡᠵᠣ ᠦᠭᠪᠠ᠃ ᠬᠡᠪᠡᠴᠣ ᠲᠡᠷᠡ ᠬᠦᠨᠳᠣ ᠡᠪᠡᠳᠴᠢᠨ ᠣᠯᠣᠭᠰᠠᠨ ᠲᠣᠯᠠ ᠲᠠᠬᠢᠨ ᠠᠵᠢᠯᠠᠯᠬᠤ ᠴᠢᠳᠠᠪᠣᠷᠢ ᠪᠠᠨ ᠠᠯᠳᠠᠵᠠᠢ᠃            1987 ᠣᠨ ᠳᠤ ᠰᠣᠶᠣᠯ ᠤᠨ ᠬᠤᠪᠢᠰᠬᠠᠯ ᠳᠤ ᠣᠯᠣᠭᠰᠠᠨ ᠡᠪᠡᠳᠴᠢᠨ ᠢᠶᠠᠷ ᠨᠠᠰᠦ ᠪᠠᠷᠠᠪᠠ᠃   
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号