ᠬᠡᠤᠬᠡᠳ ᠤᠨ ᠤᠪᠤᠭ᠎ᠠ ᠶᠢᠨ ᠲᠠᠬᠢᠯᠭ᠎ᠠ ᠶᠢᠨ ᠨᠠᠶᠢᠷ
ᠨᠡᠶᠢᠲᠡᠯᠡᠭᠰᠡᠨ ᠴᠠᠭ᠄
2014/6/24
        6 ᠰᠠᠷ᠎ᠠ ᠶᠢᠨ 22᠎ ᠤ ᠡᠳᠤᠷ ︵ ᠪᠢᠯᠢᠭ ᠤᠨ ᠤᠯᠠᠷᠢᠯ ᠤᠨ 5 ᠰᠠᠷ᠎ᠠ ᠶᠢᠨ 25︶ ᠂ ᠬᠡᠰᠢᠭᠳᠡᠨ ᠬᠤᠰᠢᠭᠤᠨ ᠤ ᠲᠠᠷᠬᠠᠬᠠᠭᠤᠯᠠ ᠰᠤᠮᠤᠨ ᠤ ᠪᠠᠶᠠᠨᠰᠢᠯᠢ ᠭᠠᠴᠠᠭ᠎ᠠ ᠳᠤ ᠪᠠᠶᠢᠭ᠎ᠠ ᠬᠡᠤᠬᠡᠳ ᠤᠨ ᠤᠪᠤᠭ᠎ᠠ ᠎ ᠶᠢᠨ ᠲᠠᠬᠢᠯᠭ᠎ᠠ ᠶᠢᠨ ᠨᠠᠶᠢᠷ ᠨᠢᠵᠢᠬᠡᠷ ᠰᠠᠶᠢᠬᠠᠨ ᠶᠠᠪᠤᠭᠳᠠᠯ᠎ᠠ᠃ ᠡᠨᠡ ᠵᠢᠯ ᠤᠨ ᠲᠠᠬᠢᠯᠭ᠎ᠠ ᠶᠢᠨ ᠨᠠᠶᠢᠷ ᠢ ᠲᠠᠷᠬᠠᠬᠠᠭᠤᠯᠠ ᠰᠤᠮᠤᠨ ᠤ ᠪᠠᠶᠠᠨᠰᠢᠯᠢ ᠭᠠᠴᠠᠭ᠎ᠠ ᠠᠴᠠ ᠡᠷᠬᠢᠯᠡᠵᠤ᠂ ᠲᠤᠮᠤᠴᠤᠳ ᠤᠨ ᠪᠦᠬᠡ᠂ ᠬᠡᠤᠬᠡᠳ ᠤᠨ ᠪᠦᠬᠡ ᠂ ᠠᠯᠤᠰ ᠤᠨ ᠮᠤᠷᠢᠨ ᠤ ᠤᠷᠤᠯᠳᠤᠭᠠᠨ ᠢ ᠶᠠᠪᠤᠭᠳᠠᠭᠤᠯᠤᠭᠰᠠᠨ ᠪᠠᠶᠢᠨ᠎ᠠ᠃       ᠬᠡᠤᠬᠡᠳ ᠤᠨ ᠤᠪᠤᠭ᠎ᠠ ᠪᠤᠯ ᠦᠷ᠎ᠡ ᠬᠡᠤᠬᠡᠳ ᠤᠨ ᠢᠶᠠᠨ ᠰᠠᠶᠢᠨ ᠰᠠᠶᠢᠬᠠᠨ᠂ ᠡᠷᠡᠬᠦᠯ ᠡᠩᠬᠡ᠂ ᠢᠷᠡᠬᠡᠳᠤᠢ ᠶᠢᠨ ᠬᠢᠨᠢ ᠦᠬᠡᠳᠠ ᠦᠩᠬᠡ ᠶᠢ ᠨᠢ ᠪᠡᠯᠬᠡᠳᠡᠵᠤ ᠲᠠᠬᠢᠳᠠᠭ ᠤᠪᠤᠭ᠎ᠠ ᠶᠤᠮ᠃ ᠵᠠᠩ ᠦᠢᠯᠡ ᠰᠤᠳᠤᠯᠤᠭᠠᠴᠢᠳ ᠤᠨ ᠶᠠᠷᠢᠬᠤ ᠪᠠᠷ ᠬᠡᠤᠬᠡᠳ ᠤᠨ ᠤᠪᠤᠭ᠎ᠠ ᠨᠢ ᠮᠤᠩᠭᠤᠯ ᠤᠷᠤᠨ ᠳᠤ ᠴᠦᠬᠡᠨ ᠪᠠᠶᠢᠳᠠᠭ ᠬᠡᠨ᠎ᠡ᠃ ᠲᠠᠶᠢᠮᠤ ᠠᠴᠠ ᠬᠡᠰᠢᠭᠳᠡᠨ ᠤ ᠬᠡᠤᠬᠡᠳ ᠤᠨ ᠤᠪᠤᠭ᠎ᠠ ᠨᠢ ᠨᠢᠬᠡ ᠵᠦᠢᠯ ᠤᠨ ᠤᠨᠴᠠᠭᠠᠢ ᠤᠪᠤᠭ᠎ᠠ ᠳᠤ ᠲᠤᠭᠠᠴᠠᠭᠳᠠᠵᠤ ᠂ ᠡᠨᠡᠬᠦ ᠤᠪᠤᠭ᠎ᠠ ᠶᠢᠨ ᠤᠷᠤᠰᠢᠬᠤᠢ ᠨᠢ ᠬᠡᠰᠢᠭᠳᠡᠨ ᠨᠤᠳᠤᠭ ᠤᠨ ᠵᠠᠩ ᠦᠢᠯᠡ ᠨᠢ ᠦᠷᠦᠬᠡᠯ ᠮᠤᠩᠭᠤᠯ ᠨᠤᠳᠤᠭ ᠎ ᠠᠴᠠ ᠦᠰᠤᠳ ᠠᠰᠳᠠᠭᠠᠨ ᠪᠠᠶᠢᠳᠠᠭ ᠢ ᠦᠵᠡᠬᠦᠯᠵᠤ᠂ ᠬᠦᠨ ᠵᠤᠵᠠᠭᠠᠨ ᠤᠯᠠ ᠰᠠᠭᠤᠷᠢ ᠲᠠᠢ ᠮᠤᠩᠭᠤᠯ ᠤᠨ ᠡᠵᠡᠨᠳᠤ ᠬᠦᠷᠦᠨ ᠤ ᠦᠶ᠎ᠡ ᠶᠢᠨ ᠤᠷᠳᠤᠨ ᠤ ᠰᠤᠶᠤᠯ᠂ ᠠᠯᠳᠠᠨ ᠤᠷᠤᠭᠳᠠᠨ ᠪᠤᠯᠬᠤ ᠬᠤᠩᠬᠢᠷᠠᠳ ᠶᠠᠰᠤᠳᠠᠨ ᠤ ᠡᠰᠢ ᠰᠤᠶᠤᠯ ᠤᠨ ᠤᠯᠠᠮᠵᠢᠯᠠᠯ ᠢ ᠬᠠᠷᠠᠭᠤᠯᠤᠭᠰᠠᠨ ᠶᠤᠮ᠃        ᠬᠡᠤᠬᠡᠳ ᠤᠨ 128 ᠪᠦᠬᠡ ᠶᠢᠨ ᠲᠡᠭᠡᠳᠤ ᠲᠦᠷᠪᠡ ᠳᠤ᠄        ᠲᠡᠷᠢᠬᠦᠨ᠄ ᠤᠬᠠᠭᠠᠨ ︵ᠪᠢᠷᠠᠭᠤ ᠳᠠᠬᠢ ᠮᠤᠩᠭᠤᠯ ᠪᠠᠭ᠎ᠠ ᠰᠤᠷᠭᠠᠭᠤᠯᠢ︶       ᠲᠡᠳ᠋᠄ ᠰᠠᠴᠤᠷᠠᠩᠭᠤᠢ ︵ᠪᠢᠷᠠᠭᠤ ᠳᠠᠬᠢ ᠮᠤᠩᠭᠤᠯ ᠪᠠᠭ᠎ᠠ ᠰᠤᠷᠭᠠᠭᠤᠯᠢ︶       ᠭᠤᠳᠠᠭᠠᠷ᠄ ᠤᠴᠢ ︵ᠲᠠᠷᠬᠠᠬᠠᠭᠤᠯᠠ ᠪᠦᠷᠢᠨ ᠪᠠᠭ᠎ᠠ ᠰᠤᠷᠭᠠᠭᠤᠯᠢ︶       ᠲᠦᠳᠦᠬᠡᠷ᠄ ᠦᠢᠯᠡᠰ ︵ᠪᠢᠷᠠᠭᠤ ᠳᠠᠬᠢ ᠮᠤᠩᠭᠤᠯ ᠪᠠᠭ᠎ᠠ ᠰᠤᠷᠭᠠᠭᠤᠯᠢ︶        ᠲᠤᠮᠤᠴᠤᠳ ᠤᠨ 128 ᠪᠦᠬᠡ ᠶᠢᠨ ᠲᠡᠭᠡᠳᠤ ᠨᠠᠢᠮᠠ ᠳᠤ᠄         ᠲᠡᠷᠢᠬᠦᠨ᠄ ᠠᠯᠳᠠᠨᠪᠠᠭᠠᠨ᠎ᠠ ︵ᠵᠡᠬᠦᠨ ᠦᠵᠦᠮᠦᠴᠢᠨ︶        ᠲᠡᠳ᠋᠄ ᠢᠪᠡᠬᠡᠯᠳᠣ ︵ᠨᠠᠷᠠᠰᠦ ᠭᠠᠴᠠᠭ᠎ᠠ︶        ᠭᠤᠳᠠᠭᠠᠷ᠄ ᠪᠦᠷᠢᠨᠪᠣᠯᠣᠷ ︵ᠬᠦᠩᠬᠡᠷ ᠭᠠᠴᠠᠭ᠎ᠠ︶        ᠲᠦᠳᠦᠬᠡᠷ᠄ ᠰᠣᠳᠣᠪᠢᠯᠢᠭ᠌ ︵ᠪᠠᠶᠠᠨᠰᠢᠯᠢ ᠭᠠᠴᠠᠭ᠎ᠠ︶        ᠲᠠᠪᠤᠳᠤᠭᠠᠷ᠄ ᠤᠳᠬᠠᠨᠵᠢᠷᠭᠠᠯ ︵ᠪᠠᠷᠠᠭᠤᠨ ᠦᠵᠦᠮᠦᠴᠢᠨ︶        ᠵᠢᠷᠭᠤᠳᠤᠭᠠᠷ᠄ ᠶᠦᠩ᠂ ᠰᠣᠶᠣᠯ ︵ᠲᠦᠷᠦᠬᠡᠨᠠᠭᠤᠷ ᠭᠠᠴᠠᠭ᠎ᠠ︶        ᠲᠤᠯᠤᠳᠤᠭᠠᠷ᠄ ᠭᠠᠨᠳᠢᠭ ︵ᠮᠣᠩᠭᠤᠯ ᠲᠣᠮᠳᠠᠳᠣ ᠰᠣᠷᠭᠠᠭᠤᠯᠢ︶        ᠨᠠᠢᠮᠠᠳᠤᠭᠠᠷ᠄ ᠠᠯᠮᠠᠰ ︵ᠮᠣᠩᠭᠤᠯ ᠲᠣᠮᠳᠠᠳᠣ ᠰᠣᠷᠭᠠᠭᠤᠯᠢ︶        ᠠᠯᠣᠰ ᠤᠨ ᠮᠣᠷᠢᠨ ᠤ ᠣᠷᠣᠯᠳᠣᠭᠠᠨ ᠳᠤ᠄        ᠲᠡᠷᠢᠬᠦᠨ᠄ ᠴᠠᠭᠠᠨ ᠤ ᠰᠠᠷᠠ ᠲᠠᠢ ᠬᠠᠷ᠎ᠠ ᠮᠣᠷᠢ ︵ᠲᠠᠯᠠᠶᠢᠨᠠᠭᠤᠷ ᠪᠠᠯᠭᠠᠰᠦ︶        ᠲᠡᠳ᠋᠄ ᠲᠣᠷᠣᠨᠳᠠᠯᠠᠢ ᠶᠢᠨ ᠬᠡᠬᠡᠷ ᠮᠣᠷᠢ ︵ᠪᠠᠶᠠᠨᠴᠠᠭᠠᠨ ᠰᠣᠮᠦ︶        ᠭᠤᠳᠠᠭᠠᠷ᠄ ᠪᠠᠨᠴᠢᠷᠠᠭᠴᠢ ᠶᠢᠨ ᠬᠠᠯᠢᠭᠤᠨ ᠮᠣᠷᠢ ︵ᠬᠦᠩᠬᠡᠷ ᠭᠠᠴᠠᠭ᠎ᠠ︶        ᠲᠦᠳᠦᠬᠡᠷ᠄ ᠪᠦᠬᠡᠴᠢᠯᠠᠭᠤ ᠶᠢᠨ ᠬᠤᠸᠠ ᠮᠣᠷᠢ ︵ᠪᠠᠶᠠᠨᠰᠢᠯᠢ ᠭᠠᠴᠠᠭ᠎ᠠ︶ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号