ᠲᠠᠷᠬᠠᠬᠠᠭᠤᠯᠠ ᠰᠤᠮᠤᠨ ᠤ ᠲᠠᠪᠤᠨ ᠬᠤᠷᠤᠭᠤ ᠭᠠᠴᠠᠭᠠᠨ ᠤ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2014/6/20
        ᠲᠠᠪᠤᠨ ᠬᠤᠷᠤᠭᠤ ᠭᠠᠴᠠᠭ᠎ᠠ ᠨᠢ ᠲᠠᠷᠬᠠᠬᠠᠭᠤᠯᠠ ᠰᠤᠮᠤᠨ ᠤ ᠬᠤᠶᠢᠳᠤ ᠬᠡᠰᠡᠭ ᠲᠤ ᠪᠠᠶᠢᠷᠢᠯᠠᠵᠤ᠂ ᠰᠤᠮᠤᠨ ᠤ ᠵᠠᠰᠠᠭ ᠤᠨ ᠤᠷᠳᠤᠨ ᠤ ᠪᠠᠶᠢᠭ᠎ᠠ ᠭᠠᠵᠠᠷ ᠠᠴᠠ ᠪᠠᠨ 35 ᠺᠢᠯᠤᠮᠧᠲᠷ ᠵᠠᠶᠢᠳᠠᠢ᠃ ᠭᠠᠴᠠᠭᠠᠨ ᠤ ᠨᠤᠳᠤᠭ ᠲᠡᠪᠢᠰᠬᠡᠷ ᠨᠢ ᠵᠡᠬᠦᠨᠰᠢ ᠪᠠᠷᠠᠭᠤᠨᠰᠢ 15 ᠺᠢᠯᠤᠮᠧᠲᠷ ᠤᠷᠳᠤ᠂ ᠡᠮᠤᠨ᠎ᠡ ᠤᠮᠠᠷᠠᠰᠢ 10 ᠺᠢᠯᠤᠮᠧᠲᠷ ᠦᠷᠬᠡᠨ ᠪᠠᠶᠢᠵᠤ᠂ ᠡᠮᠤᠨ᠎ᠡ ᠬᠡᠰᠡᠭ ᠪᠠ ᠵᠡᠬᠦᠨ ᠬᠡᠰᠡᠭ ᠨᠢ ᠬᠦᠩᠬᠡᠷ ᠤ ᠲᠠᠯ᠎ᠠ ᠤᠳᠤᠭ ᠲᠤ ᠪᠠᠭᠳᠠᠵᠤ᠂ ᠬᠤᠶᠢᠳᠤ ᠬᠡᠰᠡᠭ ᠢᠶᠠᠷ ᠢᠶᠠᠨ ᠰᠢᠯᠢ ᠶᠢᠨ ᠭᠤᠤᠯ ᠤᠨ ᠲᠠᠯ᠎ᠠ ᠨᠤᠳᠤᠭ ᠲᠠᠢ ᠬᠢᠯᠢ ᠨᠡᠶᠢᠯᠡᠵᠤ᠂ ᠪᠠᠷᠠᠭᠤᠨ ᠬᠡᠰᠡᠭ ᠨᠢ ᠲᠠᠯᠠᠢ ᠨᠠᠭᠤᠷ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠳᠤ ᠬᠠᠷᠢᠶᠠᠯᠠᠭᠳᠠᠵᠤ ᠪᠤᠢ᠃       ᠲᠠᠪᠤᠨ ᠬᠤᠷᠤᠭᠤ ᠭᠠᠴᠠᠭ᠎ᠠ ᠳᠤ ᠤᠳᠤ ᠨᠡᠶᠢᠳᠠ 48 ᠡᠷᠦᠬᠡ ᠪᠠᠶᠢᠵᠤ᠂ ᠨᠠᠶᠢᠳᠠ 180 ᠬᠦᠮᠦᠨ ᠠᠮᠠ ᠲᠠᠢ᠃ ᠭᠠᠴᠠᠭᠠᠨ ᠤ ᠲᠠᠯᠠᠪᠠᠢ ᠨᠢ 19 ᠲᠦᠮᠡᠨ ᠮᠤ᠋ ᠪᠠᠶᠢᠵᠤ᠂ ᠪᠠᠶᠢᠭᠠᠯᠢᠯᠢᠭ ᠬᠠᠳᠤᠯᠠᠩ ᠪᠡᠯᠴᠢᠬᠡᠷ  ᠤᠨ ᠲᠠᠯᠠᠪᠠᠢ ᠨᠢ 18.5 ᠲᠦᠮᠡᠨ ᠮᠤ᠋ ᠪᠤᠢ᠃       ᠲᠤᠰ ᠭᠠᠴᠠᠭᠠᠨ ᠤ ᠠᠵᠤ ᠠᠬᠤᠢ ᠨᠢ ᠤᠯᠡᠮᠵᠢᠯᠠᠯᠳᠤ ᠮᠠᠯ ᠠᠵᠤ ᠠᠬᠤᠢ ᠪᠠᠷ ᠭᠤᠤᠯᠯᠠᠵᠤ᠂ ᠭᠠᠴᠠᠭᠠᠨ ᠤ ᠪᠦᠬᠦ ᠮᠠᠯ ᠤᠨ ᠲᠤᠭ᠎ᠠ ᠨᠢ 2690 ᠲᠤᠯᠤᠭᠠᠢ ︵ᠲᠤᠭ᠎ᠠ︶ ᠬᠦᠷᠴᠤ᠂ ᠡᠬᠦᠨ ᠤ ᠲᠤᠮᠳᠠ ᠦᠬᠡᠷ  ᠤᠨ ᠵᠤᠭᠰᠤᠭ᠎ᠠ ᠲᠤᠭ᠎ᠠ ᠨᠢ 180 ᠲᠤᠯᠤᠭᠠᠢ ᠪᠠᠶᠢᠵᠤ᠂ ᠬᠤᠨᠢᠨ ᠤ ᠵᠤᠭᠰᠤᠭ᠎ᠠ ᠲᠤᠭ᠎ᠠ ᠨᠢ 2400 ᠪᠠᠶᠢᠵᠤ᠂ ᠪᠤᠰᠤᠳ ᠮᠠᠯ ᠨᠢ 110 ᠲᠤᠯᠤᠭᠠᠢ ︵ᠲᠤᠭ᠎ᠠ︶ ᠪᠤᠢ᠃ 2012 ᠤᠨ ᠤ ᠮᠠᠯᠴᠢᠳ ᠤᠨ ᠬᠦᠮᠦᠨ ᠲᠤᠮᠳᠠᠴᠢ ᠶᠢᠨ ᠤᠷᠤᠯᠭ᠎ᠠ ᠨᠢ 6000 ᠲᠦᠬᠦᠷᠢᠭ ᠤᠷᠴᠢᠮ ᠬᠦᠷᠴᠠᠢ᠃ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号