ᠡᠷᠳᠡᠨ ᠤ ᠬᠦᠮᠦᠰ ᠤᠨ ᠤᠷᠳᠤ ᠨᠠᠰᠤᠯᠠᠬᠤ 10 ᠠᠨᠢᠰᠤ
ᠨᠡᠶᠢᠲᠡᠯᠡᠭᠰᠡᠨ ᠴᠠᠭ᠄
2014/6/20
   1. ᠲᠡᠷᠢᠭᠦᠨ ᠪᠤᠯᠪᠠᠰᠤ ᠤᠢ ᠤᠬᠠᠭᠠᠨ ᠤ ᠲᠦᠪ ᠪᠤᠯᠠᠢ᠂ ᠡᠳᠦᠷ ᠪᠦᠷᠢ ᠭᠤᠷᠪᠠᠨᠳᠠ ᠰᠠᠮᠨᠠᠪᠠᠰᠤ ᠡᠪᠡᠳᠴᠢᠨ ᠪᠦᠬᠦᠳᠡ ᠶᠢ ᠠᠷᠢᠯᠭᠠᠮᠤᠢ᠃    2. ᠬᠦᠯ ᠪᠤᠯᠪᠠᠰᠤ ᠬᠤᠶᠠᠳᠤᠭᠠᠷ ᠵᠢᠷᠤᠭᠡ ᠪᠤᠯᠠᠢ᠂ ᠦᠷᠬᠦᠯᠵᠢ ᠢᠯᠢᠵᠤ ᠪᠠᠶᠢᠪᠠᠰᠤ ᠡᠷᠡᠭᠦᠯ ᠴᠢᠬᠢᠷᠠᠭ ᠢ ᠪᠠᠳᠤᠯᠠᠮᠤᠢ᠃ 3. ᠰᠢᠯᠤᠰᠤ ᠪᠠᠨ ᠡᠳᠦᠷ ᠪᠦᠷᠢ ᠭᠤᠷᠪᠠᠨ ᠵᠠᠭᠤᠨᠳᠠ ᠵᠠᠯᠬᠢᠯᠠᠪᠠᠰᠤ ᠶᠠᠷᠡ ᠶᠢᠰᠦᠨ ᠨᠠᠰᠤᠨ ᠳᠤᠷ ᠯᠠᠪᠳᠠᠭᠤᠨ ᠬᠦᠷᠦᠮᠦᠢ᠃4. ᠦᠷᠯᠦᠭᠡ ᠦᠳᠡᠰᠢ ᠪᠦᠷᠢ ᠰᠢᠳᠤ ᠪᠠᠨ ᠭᠤᠷᠪᠠᠨ ᠵᠠᠭᠤᠨ ᠵᠢᠷᠠᠨᠳᠠ ᠲᠠᠭᠰᠢᠪᠠᠰᠤ ᠲᠠᠯᠠ ᠨᠠᠶᠠ  ᠬᠦᠷᠦᠭᠰᠡᠨ ᠴᠤ ᠰᠢᠳᠤ ᠡᠰᠡ ᠤᠨᠠᠮᠤᠢ᠃    5. ᠬᠦᠮᠦᠨ ᠤ ᠪᠦᠭᠡᠷ᠎ᠡ ᠶᠢᠨ ᠠᠮᠢᠰᠬᠤᠯ ᠬᠡᠮᠡᠭᠴᠢ ᠴᠢᠬᠢᠨ ᠳᠤᠷ ᠨᠡᠪᠳᠡᠷᠡᠮᠤᠢ᠂ ᠴᠢᠬᠢ ᠶᠦᠭᠡᠨ ᠦᠷᠬᠦᠯᠵᠢ ᠴᠢᠮᠬᠢᠨ ᠲᠠᠳᠠᠵᠤ ᠨᠤᠬᠤᠯᠠᠨ ᠢᠯᠢᠪᠡᠰᠦ ᠪᠦᠬᠦ ᠪᠡᠶ᠎ᠡ ᠶᠢ ᠴᠢᠬᠢᠷᠠᠭᠵᠢᠭᠤᠯᠤᠮᠤᠢ᠃     6. ᠡᠷ᠎ᠡ ᠡᠮ᠎ᠡ ᠬᠤᠶᠠᠭᠤᠯᠠ ᠦᠷᠬᠦᠯᠵᠢ ᠬᠠᠷᠢᠯᠴᠠᠨ ᠨᠢᠷᠤᠭᠤ ᠲᠠᠯᠤ ᠪᠠᠨ ᠢᠯᠢᠨ ᠨᠤᠬᠤᠯᠠᠵᠤ ᠠᠮᠤᠷᠵᠢᠭᠤᠯᠪᠠᠰᠤ ᠶᠠᠳᠠᠷᠠᠭ᠎ᠠ ᠶᠢ ᠲᠠᠶᠢᠯᠤᠨ ᠰᠡᠳᠬᠢᠯᠭᠡ ᠶᠢ ᠠᠭᠤᠰᠤᠯᠴᠠᠭᠤᠯᠤᠨ᠂ ᠪᠡᠶ᠎ᠡ ᠶᠢ ᠴᠢᠬᠢᠷᠠᠭᠵᠢᠭᠤᠯᠤᠨ ᠦᠮᠡᠨ ᠡᠪᠡᠳᠴᠢᠨ ᠢ ᠰᠡᠷᠬᠡᠶᠢᠯᠡᠮᠤᠢ᠃    7. ᠬᠡᠪᠡᠯᠢ ᠬᠡᠳᠡᠰᠦ ᠪᠠᠨ ᠡᠳᠦᠷ ᠪᠦᠷᠢ ᠵᠠᠭᠤᠨᠳᠠ ᠢᠯᠢᠪᠡᠰᠦ ᠬᠡᠢ ᠴᠢᠰᠤ ᠶᠢ ᠨᠡᠪᠳᠡᠷᠡᠬᠦᠯᠵᠤ ᠴᠤᠭ ᠵᠤᠯᠢ ᠶᠢ ᠪᠠᠳᠠᠷᠠᠭᠤᠯᠤᠮᠤᠢ᠃   8. ᠮᠠᠷᠢᠶ᠎ᠠ ᠪᠠᠨ ᠪᠠᠭᠤᠷᠠᠭᠤᠯᠤᠨ ᠡᠷᠴᠢᠮ ᠲᠠᠢ ᠶᠠᠪᠤᠪᠠᠰᠤ ᠴᠢᠰᠤᠨ ᠡᠷᠬᠢᠯᠳᠡ ᠶᠢ ᠲᠦᠷᠭᠡᠳᠭᠡᠵᠤ᠂ ᠬᠦᠯ ᠭᠠᠷ ᠨᠢᠷᠤᠭᠤ  ᠲᠠᠯᠤ ᠪᠠᠨ ᠦᠷᠬᠦᠯᠵᠢᠳᠡ ᠰᠤᠨᠢᠶᠠᠨ ᠲᠡᠪᠳᠡᠪᠡᠰᠤ ᠦᠷ᠎ᠡ ᠪᠦᠳᠦᠮᠵᠢ ᠤᠨᠴᠠ ᠶᠢᠨ ᠦᠨᠳᠦᠷ ᠪᠤᠯᠠᠢ᠃    9. ᠭᠠᠷ᠂ ᠬᠦᠯ᠂ ᠪᠠᠭᠤᠤ ᠶᠢᠨ ᠪᠠᠯᠴᠢᠷ ᠤᠳ ᠢ ᠡᠳᠦᠷ ᠪᠦᠷᠢ ᠨᠢᠭᠡ ᠤᠳᠠᠭ᠎ᠠ ᠢᠯᠢᠨ ᠨᠤᠬᠤᠯᠠᠪᠠᠰᠤ ᠪᠦᠬᠦ ᠪᠡᠶ᠎ᠡ ᠶᠢ  ᠴᠢᠩᠭᠠᠷᠠᠭᠤᠯᠤᠮᠤᠢ᠃    10. ᠡᠳᠦᠷ ᠪᠦᠷᠢ ᠬᠤᠰᠬᠢᠨᠠᠭ ᠢᠶᠠᠨ ᠵᠠᠭᠤᠨᠳᠠ ᠲᠠᠳᠠᠪᠠᠰᠤ ᠡᠪᠡᠳᠴᠢᠨ ᠢ ᠵᠠᠰᠠᠵᠤ ᠠᠷᠬᠠᠭ ᠢ ᠠᠷᠢᠯᠭᠠᠨ ᠤᠷᠳᠤ  ᠨᠠᠰᠤᠯᠠᠭᠤᠯᠤᠮᠤᠢ᠃    
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号