ᠴ᠊᠂ ᠪᠣᠯᠠᠭ
ᠨᠡᠶᠢᠲᠡᠯᠡᠭᠰᠡᠨ ᠴᠠᠭ᠄
2014/6/19
        ᠴ᠊᠂ ᠪᠣᠯᠠᠭ᠂ 1922 ᠣᠨ ᠳᠤ ᠬᠡᠰᠢᠭᠳᠡᠨ ᠬᠤᠰᠢᠭᠤᠨ ᠤ ᠣᠣᠯ ᠤᠨ ᠵᠡᠬᠦᠨ ᠠᠷᠣ ᠨᠣᠳᠤᠭ ᠤᠨ ᠪᠣᠷᠵᠢᠬᠢᠨ ᠣᠪᠣᠭᠳᠣ ᠴᠣᠶᠢᠵᠠᠮᠰᠣ ᠪᠠᠭᠰᠢ ᠶᠢᠨ ᠬᠦᠪᠡᠬᠦᠨ ᠪᠣᠯᠵᠣ ᠵᠠᠶᠠᠭᠠᠵᠠᠢ᠃        ᠣᠢ ᠣᠬᠠᠭᠠᠨ ᠰᠡᠷᠬᠦᠯᠡᠩ ᠲᠦᠷᠦᠭᠰᠡᠨ ᠪᠣᠯᠠᠭ ᠪᠠᠯᠴᠢᠷ ᠪᠠᠭ᠎ᠠ ᠨᠠᠰᠣᠨ ᠠᠴᠠ ᠪᠠᠨ ᠠᠪᠤ ᠶᠢᠨ ᠴᠢᠩᠭ᠎ᠠ ᠬᠡᠷ ᠤᠨ ᠰᠣᠷᠭᠠᠯ ᠢ ᠬᠦᠷᠳᠡᠵᠣ ᠬᠡᠷ ᠲᠡᠭᠡᠨ ᠮᠤᠩᠭᠤᠯ ᠪᠣᠰᠤᠭ᠎ᠠ ᠦᠰᠦᠭ ᠨᠢᠳᠦᠯᠵᠣ ᠰᠣᠷᠪᠠ᠃        1935 ᠣᠨ ᠳᠤ ᠬᠡᠰᠢᠭᠳᠡᠨ ᠬᠤᠰᠢᠭᠤᠨ ᠤ ᠨᠣᠮᠢᠨ ᠪᠠᠭ᠎ᠠ ᠰᠣᠷᠭᠠᠭᠤᠯᠢ ᠳᠤ ᠣᠷᠣᠵᠣ ᠮᠣᠩᠭᠤᠯ᠂ ᠬᠢᠳᠠᠳ ᠪᠢᠴᠢᠭ ᠢ ᠰᠣᠷᠴᠣ ᠪᠠᠭ᠎ᠠ ᠰᠣᠷᠭᠠᠭᠤᠯᠢ ᠪᠠᠨ ᠰᠢᠯᠢᠳᠡᠭ ᠠᠮᠵᠢᠯᠳᠠ ᠪᠠᠷ ᠲᠡᠬᠦᠰᠵᠣ ᠡᠷᠳᠡᠮ ᠮᠡᠳᠡᠯᠬᠡ ᠰᠣᠷᠬᠤ ᠰᠠᠭᠤᠷᠢ ᠲᠠᠢ ᠪᠣᠯᠪᠠ᠃        1939 ᠣᠨ ᠳᠤ ᠬᠢᠩᠭᠠᠨ ᠪᠠᠷᠠᠭᠤᠨ ᠮᠣᠵᠢ ᠶᠢᠨ ᠺᠠᠶᠢᠯᠦ ᠶᠢᠨ ᠣᠯᠣᠰ ᠠᠷᠠᠳ ᠤᠨ ᠦᠨᠳᠦᠷ ᠵᠡᠷᠬᠡ ᠶᠢᠨ ᠰᠣᠷᠭᠠᠭᠤᠯᠢ ᠳᠤ ᠰᠢᠯᠢᠳᠡᠭ ᠠᠮᠵᠢᠯᠳᠠ ᠪᠠᠷ ᠰᠢᠯᠭᠠᠭᠳᠠᠨ ᠣᠷᠣᠪᠠ᠃       1942 ᠣᠨ ᠳᠤ ᠲᠣᠰ ᠰᠣᠷᠭᠠᠭᠤᠯᠢ ᠪᠠᠨ ᠲᠦᠬᠦᠷᠡᠩ ᠪᠦᠳᠦᠮᠵᠢ ᠲᠠᠢ ᠲᠡᠬᠦᠰᠵᠣ ᠬᠡᠰᠢᠭᠳᠡᠨ ᠳᠡᠭᠡᠨ ᠬᠠᠷᠢᠵᠣ ᠢᠷᠡᠬᠡᠳ ᠨᠣᠮᠢᠨ ᠡᠬᠡ ᠰᠣᠷᠭᠠᠭᠤᠯᠢ ᠳᠠᠭᠠᠨ ᠪᠠᠭᠰᠢᠯᠠᠪᠠ᠃        1946 ᠣᠨ ᠳᠤ ᠴᠧᠩᠳᠧ ᠳᠠᠬᠢ ᠣᠯᠣᠰ ᠪᠠᠶᠢᠭᠤᠯᠬᠤ ᠲᠡᠬᠡᠳᠣ ᠰᠣᠷᠭᠠᠭᠤᠯᠢ ᠳᠤ ᠲᠣᠮᠢᠯᠠᠨ ᠰᠣᠷᠣᠯᠴᠠᠭᠤᠯᠪᠠ᠃        1947 ᠣᠨ ᠳᠤ ᠲᠣᠰ ᠰᠣᠷᠭᠠᠭᠤᠯᠢ ᠪᠠᠨ ᠲᠡᠬᠦᠰᠵᠣ ᠬᠤᠰᠢᠭᠤᠨ ᠳᠠᠭᠠᠨ ᠬᠠᠷᠢᠵᠣ ᠢᠷᠡᠬᠡᠳ ᠦᠪᠡᠷᠳᠡᠬᠡᠨ ᠵᠠᠰᠠᠬᠤ ᠬᠤᠯᠪᠣᠭᠠᠳᠣ ᠬᠤᠷᠠᠯ ᠳᠤ ᠣᠷᠣᠯᠴᠠᠪᠠ᠃        1947 ᠣᠨ ᠤ ᠬᠠᠪᠣᠷ ᠵᠣᠬᠢᠶᠠᠨ ᠪᠠᠶᠢᠭᠤᠯᠣᠯᠳᠠ ᠠᠴᠠ ᠲᠡᠬᠦᠨ ᠢ ᠵᠡᠬᠦᠨ ᠨᠣᠳᠤᠭ ᠤᠨ ᠲᠠᠷᠤᠭ᠎ᠠ ᠪᠠᠷ ᠲᠣᠮᠢᠯᠠᠪᠠ᠃ ᠲᠣᠬᠠᠢ ᠦᠶ᠎ᠡ ᠳᠤ ᠶᠠᠭ ᠬᠠᠯᠠᠭᠤᠨ ᠭᠤᠣᠯ ᠮᠣᠵᠢ ᠶᠢᠨ ᠭᠠᠵᠡᠷ ᠰᠢᠷᠦᠢ ᠶᠢᠨ ᠦᠬᠡᠷᠡᠴᠢᠯᠡᠯᠳᠡ ᠢ ᠮᠠᠯᠵᠢᠬᠤ ᠣᠷᠣᠨ ᠳᠤ ᠬᠠᠷ᠎ᠠ ᠠᠯᠪᠠ ᠪᠠᠷ ᠲᠣᠬᠤᠵᠣ ᠶᠠᠪᠣᠭᠤᠯᠵᠣ ᠪᠠᠶᠢᠭᠰᠠᠨ ᠴᠠᠭ ᠪᠢᠯᠡ᠃ ᠡᠨᠡᠬᠦ ᠬᠦᠳᠡᠯᠬᠡᠬᠡᠨ ᠨᠢ ᠵᠡᠬᠦᠨ ᠤ ᠠᠯᠳᠠᠭ᠎ᠠ ᠭᠠᠷᠭᠠᠵᠣ ᠬᠢᠯᠢᠰ ᠬᠤᠳᠠᠯ ᠬᠡᠷᠡᠭ ᠢᠶᠠᠷ ᠬᠦᠮᠦᠨ ᠪᠠᠷᠢᠬᠤ᠂ ᠬᠠᠯᠠ ᠲᠠᠮᠦ ᠦᠵᠡᠬᠦᠯᠬᠦ᠂ ᠠᠮᠢ ᠨᠠᠰᠦ ᠶᠢ ᠨᠢ ᠬᠤᠬᠢᠷᠠᠭᠤᠯᠬᠤ ᠪᠣᠷᠣᠭᠤ ᠬᠦᠳᠡᠯᠬᠡᠬᠡᠨ ᠪᠣᠯᠵᠣ ᠨᠣᠳᠤᠭ ᠤᠨ ᠲᠠᠷᠤᠭ᠎ᠠ ᠪᠣᠯᠠᠭ ᠢ ᠴᠦ ︽ᠬᠤᠪᠢᠰᠬᠠᠯ ᠤᠨ ᠡᠰᠡᠷᠬᠦᠦ ᠪᠦᠯᠦᠭ ᠲᠠᠢ ᠬᠤᠯᠪᠣᠭ᠎ᠠ ᠲᠠᠢ︾ ᠬᠡᠵᠣ ᠴᠢᠷᠦᠨ ᠭᠠᠷᠭᠠᠵᠣ ᠬᠢᠯᠢᠰ ᠬᠤᠳᠠᠯ ᠬᠡᠷᠡᠭ ᠢᠶᠠᠷ ᠬᠠᠯᠠ ᠲᠠᠮᠣ ᠦᠵᠡᠬᠦᠯᠦᠭᠰᠡᠨ ᠴᠦ ᠲᠡᠷᠡ ᠶᠡᠷᠦᠨᠢ ᠬᠦᠯᠢᠶᠡᠨ ᠠᠪᠣᠭᠰᠠᠨ ᠦᠬᠡᠢ᠂ ᠦᠨᠡᠨ ᠦᠬᠡ ᠬᠡᠯᠡᠵᠣ ᠶᠣᠰᠦ ᠣᠴᠡᠷ ᠢ ᠪᠣᠴᠠᠭᠠᠨ ᠶᠠᠷᠢᠵᠤ ᠪᠠᠶᠢᠭᠠᠳ ᠬᠠᠷ᠎ᠠ ᠬᠡᠷ ᠠᠴᠠ ᠲᠦᠩᠬᠡᠵᠤ ᠭᠠᠷᠴᠣ ᠢᠷᠡᠪᠡ᠃        1949 ᠣᠨ ᠳᠤ ᠲᠡᠬᠦᠨ ᠢ ᠦᠪᠦᠷ ᠮᠣᠩᠭᠤᠯ ᠤᠨ ᠦᠪᠡᠷᠳᠡᠬᠡᠨ ᠵᠠᠰᠠᠬᠤ ᠲᠡᠬᠡᠳᠣ ᠰᠣᠷᠭᠠᠭᠤᠯᠢ ᠶᠢᠨ ᠪᠠᠭᠰᠢ ᠶᠢᠨ ᠠᠩᠬᠢ ᠳᠤ ᠬᠦᠷᠬᠡᠨ ᠦᠭᠴᠣ ᠰᠣᠷᠣᠯᠴᠠᠭᠤᠯᠪᠠ᠃ ᠰᠣᠷᠭᠠᠭᠤᠯᠢ ᠪᠠᠨ ᠲᠡᠬᠦᠰᠵᠣ ᠵᠣᠣ ᠣᠳᠠ ᠠᠶᠢᠮᠠᠭ ᠤᠨ ᠮᠣᠩᠭᠤᠯ ᠲᠣᠮᠳᠠᠳᠣ ᠰᠣᠷᠭᠠᠭᠤᠯᠢ ᠶᠢᠨ ᠪᠠᠭᠰᠢ ᠪᠠᠷ ᠲᠣᠮᠢᠯᠠᠭᠳᠠᠨ ᠠᠵᠢᠯᠯᠠᠪᠠ᠃        1956 ᠣᠨ ᠳᠤ ᠲᠦᠪ ᠤᠨ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ ᠤᠨ ᠣᠷᠴᠢᠭᠤᠯᠭ᠎ᠠ ᠶᠢᠨ ᠲᠣᠪᠴᠢᠶᠠᠨ ᠠᠴᠠ ᠲᠡᠬᠦᠨ ᠤ ᠮᠡᠳᠡᠯᠬᠡ ᠦᠷᠬᠡᠨ᠂ ᠬᠢᠳᠠᠳ ᠮᠣᠩᠭᠤᠯ ᠬᠡᠯᠡ ᠪᠣᠰᠣᠳ ᠠᠴᠠ ᠣᠷᠣᠶᠢᠯᠠᠭᠰᠠᠨ ᠢ ᠦᠵᠡᠵᠤ᠂ ᠣᠷᠴᠢᠭᠤᠯᠣᠭᠴᠢ ᠪᠠᠷ ᠠᠵᠢᠯ ᠢ ᠨᠢ ᠰᠢᠯᠵᠢᠬᠦᠯᠦᠨ ᠪᠡᠬᠡᠵᠢᠩ ᠲᠤ ᠠᠪᠠᠴᠢᠪᠠ᠃        1958 ᠣᠨ ᠳᠤ ᠲᠦᠪ ᠤᠨ ᠦᠨᠳᠦᠰᠦᠳᠡᠨ ᠤ ᠬᠡᠪᠯᠡᠯ ᠤᠨ ᠬᠤᠷᠢᠶ᠎ᠠ ᠳᠤ ᠮᠠᠷᠺᠰ ᠯᠧᠨᠢᠨ ᠎ ᠤ ᠵᠣᠬᠢᠶᠠᠯ ᠪᠠ︽ᠣᠯᠠᠭᠠᠨ ᠲᠤᠭ︾ ᠰᠡᠳᠬᠦᠯ ᠤᠨ ᠣᠷᠴᠢᠭᠤᠯᠣᠭᠴᠢ ᠪᠣᠯᠪᠠ᠃ ᠣᠷᠴᠢᠭᠤᠯᠣᠭᠴᠢ ᠪᠣᠯᠵᠣ ᠶᠠᠪᠣᠬᠤ ᠳᠠᠭᠠᠨ ᠣᠯᠣᠰ ᠤᠨ ᠲᠣᠳᠣᠭᠠᠳᠣ ᠭᠠᠳᠠᠭᠠᠳᠣ ᠶᠢᠨ ᠬᠤᠷᠠᠯ ᠴᠣᠭᠯᠭᠠᠨ᠂ ᠬᠦᠨᠳᠣᠳᠣ ᠵᠣᠴᠢᠳ ᠲᠤ ᠣᠷᠴᠢᠭᠤᠯᠣᠭᠴᠢ ᠪᠣᠯᠵᠣ︽ᠠᠯᠳᠠᠷᠳᠣ ᠬᠡᠯᠡᠮᠣᠷᠴᠢᠨ︾ ᠬᠡᠮᠡᠨ ᠴᠣᠯᠠᠯᠠᠭᠳᠠᠵᠣ᠂ ᠬᠢᠳᠠᠳ᠂ ᠮᠣᠩᠭᠤᠯ ᠢᠶᠠᠷ ᠣᠷᠣᠰᠣᠮ᠎ᠠ ᠰᠠᠶᠢᠬᠠᠨ ᠣᠷᠴᠢᠭᠤᠯᠳᠠᠭ ᠪᠠᠶᠢᠵᠠᠢ᠃        1973 ᠣᠨ ᠳᠤ ᠲᠦᠪ ᠤᠨ ᠦᠨᠳᠦᠰᠦᠳᠡᠨ ᠤ ᠶᠡᠭᠡ ᠰᠣᠷᠭᠠᠭᠤᠯᠢ ᠳᠤ ᠪᠠᠭᠰᠢ ᠪᠠᠷ ᠠᠵᠢᠯ ᠰᠢᠯᠵᠢᠬᠦᠯᠦᠨ ᠠᠷᠪᠠᠭᠠᠳ ᠵᠢᠯ ᠪᠠᠭᠰᠢᠯᠠᠬᠤ ᠬᠤᠭᠤᠴᠠᠭᠠᠨ ᠳᠤ ᠲᠡᠳ᠋ ᠫᠷᠣᠹᠧᠰᠰᠣᠷ ᠤᠨ ᠴᠣᠯᠠ ᠲᠠᠢ ᠪᠣᠯᠪᠠ        ᠴ᠊᠂ ᠪᠣᠯᠠᠭ ᠪᠣᠯ ᠰᠢᠯᠦᠭ ᠨᠠᠶᠢᠷᠠᠭᠤᠯᠣᠯ ᠵᠣᠬᠢᠶᠠᠨ ᠪᠢᠴᠢᠬᠦ ᠳᠤ ᠠᠪᠠᠶᠠᠰᠯᠢᠭ ᠠᠯᠳᠠᠷᠳᠣ ᠵᠣᠬᠢᠶᠠᠯᠴᠢ ᠶᠤᠮ᠃ ᠦᠨᠳᠦᠰᠦᠳᠡᠨ ᠤ ᠬᠡᠪᠯᠡᠯ ᠤᠨ ᠬᠤᠷᠢᠶᠠᠨ ᠠᠴᠠ ᠲᠡᠬᠦᠨ ᠤ ︽ᠲᠠᠷᠬᠠᠨ ᠬᠠᠨ ᠤ ᠴᠣᠣᠷᠢᠶ᠎ᠠ︾ ︽ᠪᠠᠶᠠᠷᠳᠣ ᠰᠡᠳᠬᠢᠯ ᠤᠨ ᠲᠣᠯᠬᠢᠶᠠᠨ︾ ᠵᠡᠷᠬᠡ ᠰᠢᠯᠦᠭᠳᠣ ᠷᠣᠮᠠᠨ ᠢ ᠨᠢ ᠬᠡᠪᠯᠡᠬᠦᠯᠦᠨ ᠲᠠᠷᠬᠠᠭᠠᠵᠣ ᠣᠩᠰᠢᠭᠴᠢᠳ ᠎ ᠤᠨ ᠪᠢᠰᠢᠷᠡᠯ ᠬᠦᠷᠢᠶᠡᠯᠡᠯ ᠢ ᠣᠯᠪᠠ᠃ ᠪᠣᠰᠣᠳ ᠨᠣᠮ ᠰᠡᠳᠬᠦᠯ ᠳᠤ ᠲᠡᠬᠦᠨ ᠤ ᠰᠢᠯᠭᠠᠷᠠᠭᠰᠠᠨ ᠰᠢᠯᠢᠳᠡᠭ ᠪᠦᠳᠦᠬᠡᠯ ᠎ ᠤᠳ ᠨᠡᠶᠢᠳᠡᠯᠡᠭᠳᠡᠵᠣ᠂ ᠬᠡᠰᠢᠭᠳᠡᠨ ᠬᠡᠯᠡ ᠬᠡᠯᠡᠯᠬᠡ ᠵᠤᠬᠢᠶᠠᠯ ᠳᠤ ᠨᠢ ᠲᠣᠪᠣᠶᠢᠵᠣ ᠪᠠᠶᠢᠯ᠎ᠠ᠃        1987 ᠣᠨ ᠳᠤ ᠠᠵᠢᠯ ᠠᠴᠠ ᠪᠠᠨ ᠲᠠᠷᠬᠠᠯᠠᠭᠳᠠᠨ ᠠᠮᠠᠷᠠᠯᠳᠠ ᠪᠠᠨ ᠠᠪᠴᠤ᠂ ᠬᠡᠷ ᠲᠡᠭᠡᠨ ᠵᠦᠬᠡᠷ ᠰᠠᠭᠤᠭ᠎ᠠ ᠦᠬᠡᠢ ᠵᠣᠬᠢᠶᠠᠯ ᠪᠦᠳᠦᠬᠡᠯ ᠣᠷᠣᠯᠳᠣᠵᠣ ᠦᠳᠡᠯᠦᠬᠡ ᠨᠠᠰᠦ ᠪᠠᠨ ᠵᠣᠯ ᠵᠢᠷᠭᠠᠯ ᠲᠠᠢ ᠣᠳᠬ᠎ᠠ ᠠᠭᠤᠯᠭ᠎ᠠ ᠲᠠᠢ ᠥᠩᠭᠡᠷᠡᠬᠦᠯᠵᠠᠢ᠃        1990 ᠣᠨ ᠳᠤ ᠡᠪᠡᠳᠴᠢᠨ ᠢᠶᠠᠷ ᠨᠠᠰᠦ ᠪᠠᠷᠠᠪᠠ᠃ 
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号