ᠪᠦᠷᠢᠳᠦᠨ ᠤᠪᠤᠭ᠎ᠠ ᠶᠢᠨ ᠲᠠᠬᠢᠯᠭ᠎ᠠ ᠶᠢᠨ ᠨᠠᠶᠢᠷ ᠨᠢᠵᠡᠬᠡᠷ ᠰᠠᠶᠢᠬᠠᠨ ᠶᠠᠪᠤᠭᠳᠠᠯ᠎ᠠ
ᠨᠡᠶᠢᠲᠡᠯᠡᠭᠰᠡᠨ ᠴᠠᠭ᠄
2014/6/18
        ᠪᠢᠯᠢᠭ ᠤᠨ 5 ᠰᠠᠷ᠎ᠠ ᠶᠢᠨ 20᠎ ᠤ ᠡᠳᠦᠷ᠂ ᠬᠡᠰᠢᠭᠳᠡᠨ ᠬᠤᠰᠢᠭᠤᠨ ᠤ ᠲᠠᠷᠬᠠᠬᠠᠭᠤᠯᠠ ᠰᠣᠮᠣ ᠶᠢᠨ ᠪᠠᠷᠠᠭᠤᠨ ᠬᠤᠶᠢᠳᠣ ᠬᠡᠰᠡᠭ ᠲᠤ ᠪᠠᠶᠢᠷᠢᠯᠠᠵᠤ ᠪᠠᠶᠢᠭ᠎ᠠ ᠪᠦᠷᠳᠦᠨ ᠣᠪᠣᠭ᠎ᠠ᠎ ᠶᠢᠨ ᠲᠠᠬᠢᠯᠭ᠎ᠠ ᠶᠢᠨ ᠨᠠᠶᠢᠷ ᠎ ᠨᠢ ᠵᠣᠷᠰᠢᠯ ᠶᠣᠰᠣᠭᠠᠷ ᠨᠢᠵᠡᠬᠡᠷ ᠰᠠᠶᠢᠬᠠᠨ ᠶᠠᠪᠣᠭᠳᠠᠯ᠎ᠠ᠃ ᠡᠨᠡ ᠵᠢᠯ ᠤᠨ ᠨᠠᠶᠢᠷ ᠲᠤ ᠪᠦᠬᠡ ᠪᠠᠷᠢᠯᠳᠤᠬᠤ᠂ ᠮᠣᠷᠢ ᠤᠷᠤᠯᠳᠤᠬᠤ᠂ ᠮᠤᠩᠭᠤᠯ ᠰᠢᠳᠠᠷ᠎ᠠ ᠶᠢᠨ ᠣᠷᠣᠯᠳᠣᠭᠠᠨ ᠢ ᠶᠠᠪᠤᠭᠳᠠᠭᠤᠯᠵᠤ᠂ ᠦᠢ ᠤᠯᠠᠨ ᠮᠠᠯᠴᠢᠳ ᠢᠶᠠᠨ ᠪᠠᠶᠠᠰᠬᠠᠭᠰᠠᠨ᠂ ᠨᠠᠷᠠ ᠬᠤᠷ᠎ᠠ ᠲᠡᠩᠴᠡᠭᠰᠡᠨ ᠰᠠᠶᠢᠬᠠᠨ ᠨᠠᠶᠢᠷ ᠪᠤᠯᠤᠭᠰᠠᠨ ᠪᠠᠶᠢᠨ᠎ᠠ᠃       ᠪᠦᠬᠡ ᠳᠤ ᠭᠤᠴᠢᠨ ᠬᠤᠶᠠᠷ ᠬᠤᠣᠰ ᠪᠦᠬᠡ ᠪᠠᠷᠢᠯᠳᠤᠵᠤ᠂ ᠲᠡᠬᠡᠳᠣ 8᠎ ᠳᠤ ᠲᠣᠳᠣᠷᠠᠭᠰᠠᠨ ᠪᠦᠬᠡ ᠶᠢ ᠵᠢᠭᠰᠠᠭᠠᠪᠠᠯ᠄       ᠲᠡᠷᠢᠬᠦᠨ᠂ ᠢᠪᠡᠬᠡᠯᠳᠣ ︵ᠲᠠᠷᠠᠬᠠᠠᠭᠤᠯᠠ ᠰᠤᠮᠤᠨ ᠤ ᠨᠠᠷᠠᠰᠦ ᠭᠠᠴᠠᠭ᠎ᠠ︶        ᠲᠡᠳ᠋ ᠳᠤ᠂ ᠵᠠᠯᠭᠠᠪᠠᠶᠠᠷ ︵ᠪᠠᠷᠠᠭᠤᠨ ᠪᠠᠭᠠᠷᠢᠨ︶        ᠭᠤᠷᠪᠠ ᠳᠤ᠂ ᠰᠠᠨᠰᠠᠷ ︵ᠲᠠᠷᠠᠬᠠᠭᠤᠯᠠ ᠰᠤᠮᠤᠨ ᠤ ᠨᠠᠷᠠᠰᠤ ᠭᠠᠴᠠᠭ᠎ᠠ︶        ᠲᠦᠷᠪᠡ ᠳᠤ᠂ ᠴᠡᠯᠬᠡᠷ ︵ᠲᠠᠷᠠᠬᠠᠠᠭᠤᠯᠠ ᠰᠤᠮᠤᠨ ᠤ ᠨᠠᠷᠠᠰᠣ ᠭᠠᠴᠠᠭ᠎ᠠ︶        ᠲᠠᠪᠤ ᠳᠤ᠂ ᠮᠦᠩᠬᠡᠪᠣᠯᠠᠭ ︵ᠲᠠᠷᠠᠬᠠᠠᠭᠤᠯᠠ ᠰᠤᠮᠤᠨ ᠤ ᠨᠠᠷᠠᠰᠣ ᠭᠠᠴᠠᠭ᠎ᠠ︶        ᠵᠢᠷᠭᠤᠭ᠎ᠠ ᠳᠤ᠂ ᠬᠠᠳᠠ ︵ᠲᠠᠷᠠᠬᠠᠭᠤᠯᠠ ᠰᠤᠮᠤᠨ ᠤ ᠨᠠᠷᠠᠰᠣ ᠭᠠᠴᠠᠭ᠎ᠠ︶        ᠲᠣᠯᠤᠭ᠎ᠠ ᠳᠤ᠂ ᠦᠬᠡᠳᠡᠯᠬᠦ ︵ᠪᠠᠷᠠᠭᠤᠨ ᠪᠠᠭᠠᠷᠢᠨ︶        ᠨᠠᠢᠮᠠ ᠳᠤ᠂ ᠨᠠᠷᠠᠨᠵᠠᠶᠠᠭ᠎ᠠ ︵ᠲᠠᠷᠠᠬᠠᠠᠭᠤᠯᠠ ᠰᠤᠮᠤᠨ ᠤ ᠲᠠᠭᠠᠨᠨᠠᠭᠤᠷ ᠭᠠᠴᠠᠭ᠎ᠠ︶        ᠠᠯᠣᠰ ᠤᠨ ᠮᠣᠷᠢᠨ ᠣᠷᠣᠯᠳᠣᠭᠠᠨ ᠳᠤ ᠄       ᠲᠠᠪᠰᠢᠯᠳᠣ ᠶᠢᠨ ᠪᠣᠷᠣ ᠮᠣᠷᠢ ︵ᠰᠢᠯᠤᠭᠤᠨ ᠬᠦᠬᠡ︶ ᠲᠡᠷᠢᠬᠦᠯᠡᠵᠤ᠂ ᠬᠦᠭᠵᠢᠯᠳᠤ ᠶᠢᠨ ᠰᠠᠷᠠ ᠲᠠᠢ ᠬᠦᠷᠡᠩ ᠮᠣᠷᠢ ︵ᠲᠠᠷᠬᠠᠬᠠᠭᠤᠯᠠ ᠰᠤᠮᠤᠨ ᠤ ᠨᠠᠷᠠᠰᠤ ᠭᠠᠴᠠᠭ᠎ᠠ︶ ᠲᠡᠳ᠋ᠯᠡᠵᠠᠢ᠃ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号