| ᠲᠦᠷᠦᠭᠦᠭᠡᠨ᠂ ᠱᠧᠨᠵᠧᠨ ᠳᠤ ᠨᠢᠭᠡᠨ 35 ᠨᠠᠰᠤᠳᠠᠢ ᠡᠮᠡᠭᠳᠡᠢ ᠠᠯᠪᠠᠳᠠᠨ ᠭᠠᠵᠠᠷ ᠲᠤᠤᠷᠠᠬᠢ | ᠲᠡᠮᠦᠷ ᠵᠠᠮ ᠤᠨ ᠠᠮᠠᠰᠠᠷ ᠲᠤ ᠭᠡᠨᠡᠳᠳᠡ ᠪᠠᠷ ᠮᠠᠨᠠᠷᠠᠨ ᠤᠨᠠᠭᠰᠠᠨ ᠤ ᠲᠠᠷᠠᠭ᠎ᠠ᠂ 50 ᠮᠢᠨᠦ᠋ᠲ ᠤᠨ ᠲᠤᠳᠤᠷ᠎ᠠ | ᠬᠠᠵᠠᠭᠤ ᠪᠠᠷ ᠨᠢ ᠦᠩᠭᠡᠷᠡᠭᠰᠡᠳ ᠪᠤᠯᠤᠨ ᠲᠡᠮᠦᠷ ᠵᠠᠮ ᠤᠨ ᠠᠵᠢᠯᠳᠠᠳ ᠶᠠᠮᠠᠷ ᠴᠤ ᠪᠦᠳᠦᠮᠵᠢᠳᠡᠢ ᠪᠠᠴᠢᠮ | ᠠᠪᠤᠷᠠᠯᠳᠠ ᠶᠢᠨ ᠠᠷᠭ᠎ᠠ ᠭᠡᠵᠦ ᠠᠪᠤᠭᠰᠠᠨ ᠦᠭᠡᠢ ᠠᠴᠠ ᠬᠠᠷᠠᠰᠠᠯᠳᠠᠢ ᠪᠠᠷ ᠬᠠᠶᠢᠷᠠᠨ ᠨᠢᠭᠡᠨ ᠵᠠᠯᠠᠭᠤ ᠠᠮᠢ ᠨᠠᠰᠤ | ᠡᠴᠦᠰᠯᠡᠪᠡ᠃ ᠬᠡᠷᠪᠡ ᠲᠠᠨ ᠳᠤ ᠴᠤ ᠰᠠᠨᠠᠮᠰᠠᠷ ᠦᠭᠡᠢ ᠪᠠᠷ ᠡᠶᠢᠮᠦᠷᠬᠦ ᠪᠠᠶᠢᠳᠠᠯ ᠲᠤᠬᠢᠶᠠᠯᠳᠤᠬᠤ ᠳᠤ ᠬᠦᠷᠪᠡᠯ᠂ | ᠲᠤᠬᠠᠢ ᠶᠢᠨ ᠲᠠᠯᠠᠪᠤᠷ ᠲᠤ ᠬᠡᠷᠬᠢᠨ ᠵᠤᠬᠢᠰᠳᠠᠢ ᠠᠪᠤᠷᠠᠯᠳᠠ ᠬᠢᠬᠦ ᠪᠤᠢ︖ | ᠵᠠᠮ ᠳᠤ ᠶᠠᠪᠤᠵᠤ ᠪᠠᠶᠢᠭᠰᠠᠨ ᠬᠦᠮᠦᠨ ᠭᠡᠨᠡᠳᠳᠡ ᠰᠠᠪᠠᠵᠤ ᠤᠨᠠᠬᠤ ᠨᠢ ᠤᠯᠠᠨ ᠲᠠᠯ᠎ᠠ ᠶᠢᠨ | ᠰᠢᠯᠳᠠᠭᠠᠨ ᠪᠤᠢ᠄ ᠵᠠᠷᠢᠮ ᠨᠢ ᠶᠠᠭᠤᠮ᠎ᠠ ᠳᠤ ᠲᠤᠷᠴᠤ ᠤᠨᠠᠭᠰᠠᠨ ᠪᠤᠶᠤ ᠮᠦᠷᠭᠦᠵᠦ ᠤᠨᠠᠭᠰᠠᠨ ᠪᠤᠯ ᠭᠠᠳᠠᠷ ᠰᠢᠷᠬ᠎ᠠ | ᠤᠯᠤᠭᠰᠠᠨ ᠪᠠᠶᠢᠵᠤ ᠮᠡᠳᠡᠨ᠎ᠡ︔ ᠪᠠᠰᠠ ᠵᠠᠷᠢᠮ ᠨᠢ ᠰᠤᠴᠢᠮᠠᠭ ᠡᠭᠦᠰᠬᠦ ᠵᠢᠷᠦᠭᠡ᠂ ᠲᠠᠷᠢᠬᠢᠨ ᠴᠢᠰᠤᠨ ᠰᠤᠳᠠᠯ ᠤᠨ | ᠡᠪᠡᠳᠴᠢᠨ ᠢᠶᠠᠷ ᠮᠠᠨᠠᠷᠠᠨ ᠤᠨᠠᠭᠰᠠᠨ ᠪᠤᠯ ᠠᠮᠢ ᠨᠠᠰᠤᠨ ᠤ ᠠᠶᠤᠯ ᠲᠠᠢ︔ ᠡᠬᠦᠨ ᠠᠴᠠ ᠭᠠᠳᠠᠨ᠎ᠠ ᠪᠠᠰᠠ ᠡᠯ᠎ᠡ | ᠵᠦᠢᠯ ᠤᠨ ᠡᠪᠡᠳᠴᠢᠨ ᠡᠮᠭᠡᠭ ᠠᠴᠠ ᠪᠤᠯᠤᠭᠠᠳ ᠮᠠᠨᠠᠷᠠᠨ ᠤᠨᠠᠬᠤ ᠶᠠᠪᠤᠳᠠᠯ ᠴᠤ ᠭᠠᠷᠳᠠᠭ᠃ ᠡᠶᠢᠨᠬᠦ ᠠᠳᠠᠯᠢ ᠪᠤᠰᠤ | ᠪᠠᠶᠢᠳᠠᠯ ᠳᠤ ᠠᠳᠠᠯᠢ ᠪᠤᠰᠤ ᠶᠢᠨ ᠠᠪᠤᠷᠠᠯᠳᠠ ᠶᠢᠨ ᠠᠷᠭ᠎ᠠ ᠬᠡᠮᠵᠢᠶ᠎ᠡ ᠶᠢ ᠭᠡᠷᠡᠭᠯᠡᠨ᠎ᠡ᠃ ᠡᠶᠢᠮᠦ ᠠᠴᠠ ᠶᠡᠷᠦᠳᠡᠭᠡᠨ | ᠲᠤᠤᠷᠠᠬᠢ ᠮᠡᠳᠦ ᠶᠢᠨ ᠦᠨᠳᠦᠰᠦᠨ ᠠᠷᠭ᠎ᠠ ᠨᠤᠭᠤᠳ ᠢ ᠡᠵᠡᠮᠰᠢᠪᠡᠯ ᠵᠤᠬᠢᠨ᠎ᠠ᠃ | 1. ᠶᠠᠮᠠᠷ ᠨᠢᠭᠡᠨ ᠬᠦᠮᠦᠨ ᠭᠠᠵᠠᠷ ᠲᠤ ᠰᠠᠪᠠᠵᠤ ᠤᠨᠠᠭᠠᠳ ᠪᠠᠶᠢᠬᠤ ᠶᠢ ᠤᠯᠵᠤ ᠦᠵᠡᠪᠡᠯ᠂ | ᠰᠠᠨᠳᠤᠷᠴᠤ ᠡᠷᠭᠦᠨ ᠪᠤᠰᠬᠠᠬᠤ ᠶᠢ ᠶᠠᠭᠠᠷᠠᠵᠤ ᠪᠤᠯᠬᠤ ᠦᠭᠡᠢ᠂ ᠬᠠᠷᠢᠨ ᠤᠷᠢᠳᠠᠪᠠᠷ ᠮᠡᠳᠡᠭᠡ ᠰᠡᠭᠡᠭᠡ ᠪᠠᠶᠢᠬᠤ ᠡᠰᠡᠬᠦ | ᠶᠢ ᠪᠠᠶᠢᠴᠠᠭᠠᠨ᠂ ᠬᠤᠶᠠᠷ ᠮᠦᠷᠦ ᠶᠢ ᠨᠢ ᠬᠦᠩᠭᠡᠭᠡᠨ ᠲᠦᠯᠬᠢᠨ᠂ ᠶᠡᠭᠡ ᠲᠠᠭᠤᠨ ᠢᠶᠠᠷ᠄ ︽ᠡᠪᠦᠭᠡ ︵ᠡᠮᠡᠭᠡ︶ ᠡ᠂ | ᠲᠠ ᠶᠠᠭᠠᠬᠢᠭᠰᠠᠨ ᠪᠤᠢ︖︾ ᠭᠡᠵᠦ ᠠᠰᠠᠭᠤᠨ ᠶᠠᠮᠠᠷ ᠲᠤᠰᠬᠠᠯ ᠲᠠᠢ ᠶᠢ ᠨᠢ ᠨᠠᠷᠢᠨ ᠠᠵᠢᠭᠯᠠᠨ᠎ᠠ᠃ | 2. ᠭᠡᠷᠪᠡ ᠮᠠᠨᠠᠷᠠᠨ ᠤᠨᠠᠭᠠᠳ ᠮᠡᠳᠡᠭᠡ ᠰᠡᠭᠡᠭᠡ ᠦᠭᠡᠢ ᠪᠤᠯ ᠴᠡᠭᠡᠵᠢᠨ ᠬᠡᠰᠡᠭ ᠤᠨ | ᠬᠦᠳᠡᠯᠦᠯ ᠵᠡᠷᠭᠡ ᠪᠠᠷ ᠨᠢ ᠠᠮᠢᠰᠬᠤᠯ ᠪᠠᠶᠢᠬᠤ ᠡᠰᠡᠬᠦ ᠶᠢ ᠪᠠᠶᠢᠴᠠᠭᠠᠨ᠎ᠠ᠂ ᠠᠮᠢᠰᠬᠤᠯ ᠪᠠᠶᠢᠬᠤ ᠦᠭᠡᠢ ᠪᠤᠯᠤᠭᠰᠠᠨ | ᠪᠤᠯ ᠶᠡᠷᠦᠳᠡᠭᠡᠨ ᠵᠢᠷᠦᠭᠡᠨ ᠯᠤᠭᠰᠢᠯᠳᠡ ᠨᠢ ᠴᠤ ᠵᠤᠭᠰᠤᠴᠢᠬᠠᠳᠠᠭ ᠠᠴᠠ ᠡᠪᠡᠳᠴᠢᠳᠡᠨ ᠢ ᠲᠦᠷᠭᠡᠨ ᠲᠡᠭᠰᠢᠬᠡᠨ | ᠲᠡᠭᠡᠭᠰᠢ ᠬᠠᠷᠠᠭᠤᠯᠤᠨ ᠭᠡᠪᠳᠡᠬᠦᠯᠵᠦ᠂ ᠠᠯᠠᠭ᠎ᠠ ᠪᠠᠷ ᠢᠶᠠᠨ ᠴᠡᠭᠡᠵᠢᠨ ᠲᠤᠮᠳᠠ ᠭᠡᠰᠡᠭ ︵ᠬᠤᠶᠠᠷ ᠬᠦᠬᠦ ᠶᠢᠨ ᠲᠤᠮᠳᠠ | ᠴᠡᠭ︶ ᠢ ᠲᠦᠷᠭᠡᠨ ᠰᠢᠭ ᠵᠠᠯᠭᠠᠪᠡᠷ ᠭᠡᠳᠦ ᠤᠳᠠᠭ᠎ᠠ ᠲᠠᠷᠤᠨ᠎ᠠ᠃ ᠲᠠᠷᠤᠬᠤ ᠬᠦᠴᠦᠯᠡᠴᠡ ᠨᠢ ᠲᠡᠭᠡᠭᠰᠢ ᠲᠤᠷᠤᠭᠰᠢ | 5 ᠰᠡᠨᠲ᠋ᠢᠮᠧᠲᠷ᠂ ᠲᠠᠪᠳᠠᠮᠵᠢ ᠨᠢ 100 — 120 ᠤᠳᠠᠭ᠎ᠠ / ᠮᠢᠨᠦ᠋ᠲ ᠪᠤᠯ ᠪᠤᠯᠴᠢᠬᠠᠨ᠎ᠠ᠃ ᠭᠡᠷᠪᠡ ᠲᠠ ᠡᠨᠡ | ᠲᠤᠬᠠᠢ ᠲᠤᠰᠬᠠᠢ ᠪᠤᠯᠪᠠᠰᠤᠷᠠᠯ ᠬᠦᠷᠳᠡᠭᠰᠡᠨ ᠦᠬᠡᠢ ᠪᠤᠯ ᠬᠦᠮᠦᠨ ᠤ ᠬᠦᠴᠦ ᠪᠠᠷ ᠠᠮᠢᠰᠬᠤᠯ ᠦᠭᠴᠦ ᠪᠤᠯᠬᠤ | ᠦᠭᠡᠢ᠂ 120 ᠨᠤᠮᠧᠷ ᠢ ᠤᠳᠠᠰᠤᠳᠠᠨ ᠲᠤᠰᠠᠯᠠᠮᠵᠢ ᠬᠦᠰᠡᠨ᠎ᠡ᠃ | 3. ᠬᠡᠷᠪᠡ ᠰᠠᠪᠠᠵᠤ ᠤᠨᠠᠭᠠᠳ ᠮᠡᠳᠡᠭᠡ ᠰᠡᠭᠡᠭᠡ ᠦᠭᠡᠢ ᠪᠤᠯᠪᠠᠴᠤ ᠠᠮᠢᠰᠬᠤᠯ ᠲᠠᠢ ᠪᠤᠯ | ᠡᠪᠡᠳᠴᠢᠳᠡᠨ ᠢ ᠠᠶᠠᠷᠬᠠᠨ ᠬᠠᠵᠠᠭᠤᠯᠤᠨ ︵ᠬᠠᠮᠤᠭ ᠰᠠᠶᠢᠨ ᠨᠢ ᠪᠠᠷᠠᠭᠤᠨ ᠲᠠᠯ᠎ᠠ ᠪᠠᠷ ᠨᠢ ᠭᠡᠪᠳᠡᠭᠦᠯᠦᠨᠡ︶ | ᠭᠡᠪᠳᠡᠭᠦᠯᠦᠨᠡ᠂ ᠡᠨᠡ ᠨᠢ ᠭᠡᠯᠡ ᠪᠤᠶᠤ ᠪᠦᠭᠡᠯᠵᠢᠰᠦ ᠨᠢ ᠠᠮᠢᠰᠬᠤᠯ ᠢ ᠪᠦᠭᠯᠡᠷᠡᠬᠦᠯᠵᠦ᠂ ᠠᠮᠢᠰᠬᠤᠯ ᠪᠦᠳᠡᠬᠦ ᠠᠴᠠ | ᠪᠤᠯᠭᠤᠮᠵᠢᠯᠠᠵᠤ ᠪᠤᠢ᠃ ᠬᠡᠷᠪᠡ ᠤᠷᠳᠤ ᠬᠤᠭᠤᠴᠠᠭ᠎ᠠ ᠰᠡᠷᠬᠦᠵᠦ ᠲᠡᠶᠢᠯᠬᠦ ᠦᠭᠡᠢ ᠪᠤᠯ ᠮᠠᠨᠠᠷᠠᠭᠰᠠᠨ ᠭᠡᠳᠡᠭ ᠢ | ᠬᠠᠷᠠᠭᠤᠯᠵᠤ ᠪᠤᠢ᠃ ᠪᠠᠭᠠᠬᠠᠨ ᠤᠳᠠᠰᠬᠢᠭᠡᠳ ᠰᠡᠷᠭᠦᠴᠢᠭᠡᠪᠡᠯ᠂ ᠪᠠᠷᠤᠭ ᠲᠡᠷᠢᠬᠢᠨ ᠳᠤ ᠨᠢ ᠴᠢᠰᠦ ᠲᠤᠳᠠᠭᠳᠠᠭᠰᠠᠨ | ᠠᠴᠠ ᠪᠤᠯᠵᠤ ᠲᠦᠷ ᠴᠠᠭ ᠤᠬᠠᠭᠠᠨ ᠠᠯᠳᠠᠭᠰᠠᠨ ᠪᠠᠶᠢᠵᠤ ᠮᠡᠳᠡᠨ᠎ᠡ᠂ ᠡᠪᠡᠳᠴᠢᠳᠡᠨ ᠰᠡᠷᠭᠦᠭᠰᠡᠨ ᠤ ᠲᠠᠷᠠᠭ᠎ᠠ᠂ | ᠠᠮᠢᠰᠬᠤᠯ ᠪᠤᠯᠤᠨ ᠰᠤᠳᠠᠯ ᠤᠨ ᠯᠤᠭᠰᠢᠯᠳᠠ ᠨᠢ ᠪᠦᠷ ᠭᠡᠪ ᠤᠨ ᠪᠠᠶᠢᠳᠠᠯ ᠲᠠᠢ ᠪᠤᠯ ᠠᠭᠠᠵᠢᠮ ᠢᠶᠠᠷ ᠡᠷᠬᠦᠨ | ᠪᠤᠰᠬᠠᠨ᠎ᠠ᠂ ᠲᠡᠮᠡᠢ ᠶᠡᠭᠡ ᠠᠰᠠᠭᠤᠳᠠᠯ ᠦᠭᠡᠢ᠃ | 4. ᠬᠡᠷᠪᠡ ᠡᠪᠡᠳᠴᠢᠳᠡᠨ ᠮᠡᠳᠡᠭᠡ ᠰᠡᠭᠡᠭᠡ ᠦᠭᠡᠢ ᠮᠦᠷᠳᠡᠭᠡᠨ ᠠᠮᠠᠨ ᠠᠴᠠ ᠨᠢ ᠬᠦᠭᠡᠰᠦ | ᠰᠠᠬᠠᠷᠠᠨ᠂ ᠪᠦᠬᠦ ᠪᠡᠶ᠎ᠡ ᠨᠢ ᠰᠢᠷᠦᠭᠦᠨ ᠲᠠᠳᠠᠪᠠᠯᠵᠠᠬᠤ ᠪᠠᠶᠢᠳᠠᠯ ᠲᠠᠢ ᠪᠤᠯ ᠤᠨᠠᠳᠠᠭ ᠡᠪᠡᠳᠴᠢᠨ ᠨᠢ ᠲᠠᠬᠢᠭᠰᠠᠨ | ᠪᠠᠶᠢᠨ᠎ᠠ᠂ ᠡᠨᠡᠬᠦ ᠪᠠᠥᠳᠠᠯ ᠳᠤ ᠲᠠ ᠶᠠᠮᠠᠷ ᠴᠤ ᠠᠷᠭ᠎ᠠ ᠬᠡᠮᠵᠢᠶ᠎ᠡ ᠠᠪᠤᠭᠰᠠᠨ ᠤ ᠭᠡᠷᠡᠭ ᠦᠭᠡᠢ᠂ ᠤᠠᠯᠩᠬᠢ ᠳᠠᠭᠠᠨ | ᠡᠪᠡᠳᠴᠢᠳᠡᠨ ᠠᠶᠠᠨᠳᠠᠭᠠᠨ ᠰᠡᠬᠦᠴᠢᠭᠡᠳᠡᠭ᠃ | 5. ᠡᠪᠡᠳᠴᠢᠳᠡᠨ ᠰᠠᠪᠠᠵᠤ ᠤᠨᠠᠭᠠᠳ ᠤᠬᠠᠭᠠᠨ ᠮᠡᠳᠡᠭᠡ ᠲᠠᠢ ᠪᠤᠯᠪᠠᠴᠤ ᠲᠠ ᠴᠦᠯᠳᠦ | ᠮᠦᠯᠳᠦ ᠪᠠᠷ ᠰᠠᠨᠳᠤᠷᠤᠨ ᠡᠷᠭᠦᠨ ᠪᠤᠰᠬᠠᠵᠤ ᠪᠤᠯᠬᠤ ᠦᠬᠡᠢ᠂ ᠤᠷᠢᠳᠠᠪᠠᠷ ᠡᠪᠡᠳᠴᠢᠳᠡᠨ ᠠᠴᠠ ᠬᠠᠮᠢᠭ᠎ᠠ ᠨᠢ ᠡᠪᠬᠦᠢ | ᠪᠠᠶᠢᠬᠤ ᠪᠤᠶᠤ ᠰᠢᠷᠬᠠᠳᠤᠭᠰᠠᠨ ᠢ ᠠᠰᠠᠭᠤᠨ᠎ᠠ᠃ ᠬᠡᠷᠪᠡ ᠨᠢᠷᠤᠭᠤ ᠨᠢ ᠰᠢᠷᠬᠠᠳᠤᠭᠰᠠᠨ ᠪᠤᠯ ᠬᠦᠯ ᠢ ᠨᠢ | ᠬᠦᠳᠡᠯᠭᠡᠯᠭᠡᠵᠦ ᠦᠵᠡᠨ᠎ᠡ᠂ ᠬᠦᠯ ᠨᠢ ᠮᠡᠳᠡᠭᠡ ᠦᠭᠡᠢ ᠪᠦᠭᠡᠳ ᠬᠦᠳᠡᠯᠭᠡᠵᠦ ᠲᠡᠶᠢᠯᠬᠦ ᠦᠭᠡᠢ ᠪᠤᠯ ᠨᠤᠭᠤᠰᠤ ᠨᠢ | ᠰᠢᠷᠬᠠᠳᠤᠭᠰᠠᠨ ᠪᠤᠯᠤᠮᠵᠢ ᠲᠠᠢ᠃ ᠡᠨᠡ ᠦᠶ᠎ᠡ ᠳᠤ ᠡᠪᠡᠳᠴᠢᠳᠡᠨ ᠢ ᠲᠤᠷ᠎ᠠ ᠪᠠᠷ ᠬᠦᠳᠡᠯᠭᠡᠵᠦ ᠪᠤᠯᠬᠤ ᠦᠭᠡᠢ᠂ | ᠰᠢᠷᠬᠠᠳᠤᠯ ᠢ ᠲᠠᠬᠢᠨᠳᠠ ᠬᠦᠨᠳᠦᠷᠠᠬᠦᠯᠬᠦ ᠶᠢ ᠬᠢᠴᠢᠶᠡᠬᠦ ᠭᠡᠷᠡᠭᠳᠡᠢ᠂ ᠡᠶᠢᠮᠦ ᠠᠴᠠ ᠲᠤᠰᠬᠠᠢ ᠮᠡᠷᠭᠡᠵᠢᠯ ᠤᠨ ᠠᠪᠤᠷᠠᠯᠳᠠ | ᠶᠢᠨ ᠬᠦᠮᠦᠰ ᠤᠨ ᠢᠷᠡᠬᠦ ᠶᠢ ᠬᠦᠯᠢᠶᠡᠨ᠎ᠡ᠃ | 6. ᠡᠪᠡᠳᠴᠢᠳᠡᠨ ᠰᠠᠪᠠᠵᠤ ᠤᠨᠠᠭᠠᠳ ᠤᠬᠠᠭᠠᠨ ᠮᠡᠳᠡᠭᠡ ᠲᠠᠢ ᠪᠠᠶᠢᠳᠠᠯ ᠳᠤ ᠪᠠᠰᠠ ᠶᠠᠮᠠᠷ | ᠡᠪᠡᠳᠴᠢᠨ ᠲᠠᠢ ᠡᠰᠡᠬᠦ ᠶᠢ ᠠᠰᠠᠭᠤᠨ᠎ᠠ᠃ ᠬᠡᠷᠪᠡ ᠡᠪᠡᠳᠴᠢᠳᠡᠨ ᠰᠢᠬᠢᠷ ᠰᠢᠵᠢᠩ ᠡᠪᠡᠳᠴᠢᠨ ᠲᠠᠢ ᠶᠤᠮ ᠤᠤ᠂ | ᠬᠤᠭᠤᠯᠠ ᠢᠳᠡᠭᠰᠡᠨ ᠦᠬᠡᠢ ᠭᠡᠵᠦ ᠶᠠᠷᠢᠵᠤ ᠪᠠᠶᠢᠪᠠᠯ ᠴᠢᠰᠦᠨ ᠰᠢᠬᠢᠷ ᠭᠡᠳᠦ ᠲᠤᠤᠷᠠᠳᠠᠭᠰᠠᠨ ᠪᠤᠯᠤᠮᠵᠢ ᠶᠡᠭᠡ | ᠪᠠᠶᠢᠬᠤ ᠠᠴᠠ ᠰᠢᠬᠢᠷᠯᠢᠭ ᠤᠮᠳᠠᠭᠠᠨ ᠤᠤᠭᠤᠯᠭᠠᠵᠤ ᠪᠤᠯᠤᠨ᠎ᠠ᠃ | 7. ᠵᠠᠷᠢᠮ ᠬᠦᠮᠦᠰ ᠰᠠᠪᠠᠵᠤ ᠤᠨᠠᠬᠤ ᠳᠠᠭᠠᠨ ᠪᠤᠰᠤᠳ ᠭᠠᠳᠠᠷ ᠰᠢᠷᠬᠠᠳᠤᠯ ᠢ ᠴᠤ | ᠡᠬᠦᠰᠭᠡᠵᠦ ᠮᠡᠳᠡᠬᠦ ᠠᠴᠠ ᠴᠢᠰᠦ ᠭᠠᠷᠤᠭᠰᠠᠨ ᠪᠤᠯ ᠤᠷᠢᠳᠠᠪᠠᠷ ᠴᠢᠰᠦ ᠭᠠᠷᠬᠤ ᠶᠢ ᠨᠢ ᠵᠤᠭᠰᠤᠭᠠᠨ᠂ ᠲᠠᠷᠠᠭ᠎ᠠ ᠨᠢ | ᠰᠢᠷᠬ᠎ᠠ ᠶᠢ ᠨᠢ ᠪᠤᠭᠤᠨ᠎ᠠ᠃ | |