ᠪᠠᠶᠠᠨᠵᠢᠷᠦᠬᠡ ᠰᠦᠯᠳᠡ ᠣᠪᠣᠭᠠᠨ ᠤ ᠲᠠᠬᠢᠯᠭ᠎ᠠ ᠶᠢᠨ ᠨᠠᠶᠢᠷ
ᠨᠡᠶᠢᠲᠡᠯᠡᠭᠰᠡᠨ ᠴᠠᠭ᠄
2014/6/11
        6 ᠰᠠᠷ᠎ᠠ ᠶᠢᠨ 10᠎ ᠤ ᠡᠳᠦᠷ᠂ ᠬᠡᠰᠢᠭᠳᠡᠨ ᠬᠤᠰᠢᠭᠤᠨ ᠤ ᠰᠦᠯᠳᠠ ᠤᠪᠤᠭ᠎ᠠ — ᠪᠠᠶᠠᠨᠵᠢᠷᠦᠬᠡ ᠤᠪᠤᠭᠠᠨ ᠲᠠᠭᠢᠯᠭ᠎ᠠ ᠶᠢᠨ ᠨᠠᠶᠢᠷ ᠦᠪᠡᠳᠡᠭᠰᠢ ᠶᠡᠭᠡ ᠪᠠᠷ ᠶᠠᠪᠤᠭᠳᠠᠵᠠᠢ᠃ ᠰᠦᠯᠳᠠ ᠤᠪᠤᠭᠠᠨ ᠤ ᠲᠡᠬᠢᠯᠭ᠎ᠠ ᠶᠢᠨ ᠨᠠᠶᠢᠷ ᠢ ᠬᠡᠰᠢᠭᠳᠡᠨ ᠬᠤᠰᠢᠭᠤᠨ ᠤ ᠦᠨᠳᠦᠰᠦᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶ᠎ᠠ ᠠᠴᠠ ᠬᠠᠷᠢᠭᠤᠴᠠᠨ ᠡᠷᠬᠢᠯᠡᠵᠤ᠂ ᠨᠠᠶᠢᠷ ᠨᠢ ᠡᠷ᠎ᠡ ᠶᠢᠨ ᠭᠤᠷᠪᠡᠨ ᠨᠠᠭᠠᠲᠤᠮ᠂ ᠮᠤᠩᠭᠤᠯ ᠰᠢᠳᠠᠷ᠎ᠠ ᠶᠢᠨ ᠮᠦᠷᠦᠶᠢᠴᠡᠬᠡᠨ ᠵᠡᠷᠬᠡ ᠤᠯᠠᠨ ᠰᠠᠶᠢᠬᠠᠨ ᠠᠭᠤᠯᠭ᠎ᠠ ᠪᠠᠷ ᠶᠠᠪᠤᠭᠳᠠᠵᠤ᠂ ᠦᠢ ᠤᠯᠠᠨ ᠮᠠᠯᠴᠢᠨ ᠲᠦᠮᠡᠨ ᠢᠶᠠᠨ ᠪᠠᠶᠠᠰᠬᠠᠭᠰᠠᠨ ᠦᠩ ᠲᠠᠢ ᠵᠦᠩ ᠲᠠᠢ ᠰᠠᠶᠢᠬᠠᠨ ᠨᠠᠶᠢᠷ ᠪᠤᠯᠤᠭᠰᠠᠨ ᠪᠠᠶᠢᠨ᠎ᠠ᠃       ᠤᠪᠤᠭᠠᠨ ᠲᠠᠬᠢᠯᠭ᠎ᠠ ᠶᠢᠨ ᠨᠠᠶᠢᠷ ᠲᠤ 128 ᠪᠦᠬᠡ ᠲᠠᠯᠪᠢᠵᠤ᠂ ᠦᠵᠦᠮᠦᠴᠢᠨ᠂ ᠰᠢᠯᠤᠭᠤᠨ ᠬᠦᠬᠡ᠂ ᠮᠤᠩᠭᠤᠯ ᠣᠯᠣᠰ ᠵᠡᠷᠬᠡ ᠭᠠᠵᠠᠷ ᠤᠷᠤᠨ ᠠᠴᠠ ᠬᠦᠮᠦᠰ ᠬᠦᠷᠦᠯᠴᠡᠨ ᠢᠷᠡᠵᠤ ᠤᠷᠤᠯᠴᠠᠵᠤ᠂ ᠪᠦᠬᠡ ᠶᠢᠨ ᠤᠷᠤᠯᠳᠤᠭᠠᠨ ᠳᠤ ᠲᠠᠷᠬᠠᠬᠠᠭᠤᠯᠠ ᠨᠤᠳᠤᠭ ᠲᠠᠢ ᠵᠠᠯᠠᠭᠤ ᠪᠦᠬᠡᠴᠢᠨ ᠢᠪᠡᠬᠡᠯᠳᠤ ᠲᠡᠷᠢᠬᠦᠯᠡᠵᠤ᠂ ᠪᠠᠶᠠᠨᠴᠠᠭᠠᠨ ᠰᠤᠮᠤᠨ ᠤ ᠤᠶᠤᠨᠳᠠᠯᠠᠢ ᠲᠡᠳ᠋ᠯᠡᠵᠤ᠂ ᠪᠠᠶᠠᠨᠴᠠᠭᠠᠨ ᠰᠤᠮᠤᠨ ᠤ ᠡᠩᠬᠡᠵᠢᠷᠭᠠᠯ ᠭᠤᠳᠠᠭᠠᠷᠯᠠᠵᠤ᠂ ᠲᠠᠷᠬᠠᠠᠠᠭᠤᠯᠠ ᠰᠤᠮᠤᠨ ᠤ ᠬᠢᠯᠪᠠᠭ᠎ᠠ ᠲᠦᠷᠪᠡᠳᠤᠬᠡᠷ ᠲᠤ᠂ ᠪᠠᠶᠠᠨᠴᠠᠭᠠᠨ ᠤ ᠰᠤᠮᠤᠨ ᠤ ᠬᠢᠩᠭᠠᠨ ᠲᠠᠪᠤᠳᠤᠭᠠᠷ ᠲᠤ᠂ ᠪᠠᠶᠠᠨᠴᠠᠭᠠᠨ ᠰᠤᠮᠤᠨ ᠤ ᠨᠠ᠊᠂ ᠪᠤᠯᠠᠭ ᠵᠢᠷᠭᠤᠳᠤᠭᠠᠷ ᠲᠤ᠂ ᠪᠠᠷᠠᠭᠤᠨ ᠦᠵᠦᠮᠦᠴᠢᠨ ᠬᠤᠰᠢᠭᠤᠨ ᠤ ᠦᠯᠵᠡᠢ ᠲᠤᠯᠤᠳᠤᠭᠠᠷ ᠲᠤ᠂ ᠲᠠᠷᠬᠠᠬᠠᠭᠤᠯᠠ ᠰᠤᠮᠤᠨ ᠤ ᠨᠠᠷᠠᠨᠵᠠᠶᠠᠭ᠎ᠠ ᠨᠠᠢᠮᠠᠳᠤᠭᠠᠷ ᠲᠤ ᠲᠤᠳᠤᠷᠠᠵᠠᠢ᠃ ᠬᠤᠰᠢᠭᠤ ᠵᠠᠰᠠᠭ ᠠᠴᠠ ᠪᠦᠷᠢᠨᠪᠣᠯᠣᠷ᠂ ᠢᠪᠡᠬᠡᠯᠳᠣ᠂ ᠰᠠᠨᠰᠠᠷ᠂ ᠬᠢᠯᠪᠠᠭ᠎ᠠ᠂ ᠮᠦᠩᠬᠡᠪᠣᠯᠠᠭ᠂ ᠦᠨᠡᠨᠪᠦ᠋ᠬᠡ ᠵᠢᠷᠭᠤᠭᠠᠨ ᠵᠠᠯᠠᠭᠤ ᠪᠦᠬᠡᠴᠢᠨ ᠳᠤ ᠵᠠᠩᠬᠢᠶ᠎ᠠ ᠵᠡᠬᠦᠯᠬᠡᠭᠰᠡᠨ ᠪᠠᠶᠢᠨ᠎ᠠ᠃       ᠪᠠᠶᠠᠨᠵᠢᠷᠦᠭᠡ ᠰᠦᠯᠳᠡ ᠤᠪᠤᠭᠠᠨ ᠲᠠᠬᠢᠯᠭ᠎ᠠ ᠪᠤᠯ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠠ ᠶᠢᠨ ᠠᠷᠪᠠᠨ ᠭᠤᠷᠪᠠᠨ ᠤ ᠦᠷ ᠤᠨ ᠴᠠᠭᠠᠨ ᠭᠡᠭᠡ ᠰᠠᠴᠤᠷᠠᠮᠠᠭᠴᠠ ᠲᠠᠬᠢᠯᠭ᠎ᠠ ᠪᠠᠨ ᠡᠬᠢᠯᠡᠳᠡᠭ ᠤᠨᠴᠠᠭᠠᠢ ᠲᠠᠬᠢᠯᠭ᠎ᠠ ᠲᠠᠢ ᠶᠤᠮ᠃ ᠲᠠᠬᠢᠯᠭ᠎ᠠ ᠶᠢᠨ ᠬᠦᠨᠳᠤᠳᠤ ᠳ᠋ᠠ ᠯᠠᠮᠠ ︵ᠬᠤᠪᠢᠯᠭᠠᠨ ᠭᠡᠭᠡᠨ︶ ᠤᠷᠢᠳᠠᠪᠠᠷ ᠵᠤᠯᠠ ᠠᠰᠠᠭᠠᠵᠤ᠂ ᠲᠠᠬᠢᠯᠭ᠎ᠠ ᠶᠢᠨ ᠰᠠᠩ ᠰᠤᠳᠤᠷ ᠢᠶᠠᠨ ᠠᠶᠢᠯᠠᠳᠤᠵᠤ᠂ ᠲᠡᠭᠷᠢ ᠶᠢᠨ ᠦᠷᠦᠰᠢᠶᠡᠯ ᠪᠠ ᠠᠭᠤᠯᠠ ᠤᠰᠤᠨ ᠤ ᠨᠠᠪᠳᠠᠭ ᠰᠠᠬᠢᠭᠤᠯᠰᠤᠨ ᠢᠶᠠᠨ ᠤᠷᠢᠨ ᠵᠠᠯᠠᠵᠤ᠂ ᠬᠦᠮᠦᠨ ᠠᠮᠢᠳᠠᠨ ᠤ ᠠᠮᠤᠷ ᠠᠮᠤᠭᠤᠯᠠᠩ᠂ ᠮᠠᠯ ᠰᠦᠷᠦᠭ ᠤᠨ ᠦᠨᠢᠷ ᠦᠰᠦᠯᠳᠡ᠂ ᠬᠤᠷ᠎ᠠ ᠪᠤᠷᠤᠭᠠᠨ ᠡᠯᠪᠡᠭ᠂ ᠪᠡᠯᠴᠢᠭᠡᠷ ᠡᠪᠡᠰᠤ ᠲᠦᠭᠦᠷᠡᠩ ᠤᠷᠭᠤᠵᠤ᠂ ᠡᠪᠡᠳᠴᠢᠨ ᠬᠢᠵᠢᠭ ᠦᠭᠡᠢ ᠡᠩᠬᠡ ᠠᠮᠤᠭᠤᠯᠠᠩ ᠪᠤᠯᠬᠤ ᠶᠢ ᠵᠦᠩᠨᠡᠨ ᠪᠡᠯᠭᠡᠯᠡᠬᠦ ᠠᠭᠤᠯᠭ᠎ᠠ ᠲᠠᠢ ᠲᠦᠪᠡᠳ ᠨᠤᠮ ᠤᠩᠰᠢᠵᠤ ︽ᠲᠠᠯᠠᠯᠭ᠎ᠠ ︾ ᠠᠪᠳᠠᠭ ᠪᠠᠶᠢᠨ᠎ᠠ᠃ ᠲᠠᠷᠠᠭ᠎ᠠ ᠨᠢ ᠢᠳᠡᠭᠡᠨ ᠤᠮᠳᠠᠭᠠᠨ ᠤ ᠲᠡᠭᠡᠵᠢ ᠪᠠᠨ ᠰᠠᠴᠤᠯᠢ ᠡᠷᠭᠦᠵᠤ᠂ ᠬᠤᠪᠢ ᠬᠤᠪᠢ ᠶᠢᠨ ᠰᠦᠰᠦᠭ ᠪᠢᠰᠢᠷᠡᠯ ᠢᠶᠠᠨ ᠨᠠᠮᠨᠴᠢᠯᠠᠨ ᠮᠦᠷᠬᠦᠨ᠎ᠡ᠃ ᠲᠠᠬᠢᠯᠭ᠎ᠠ ᠶᠢᠨ ᠶᠤᠰᠤ ᠤᠴᠢᠷ ᠢᠶᠠᠨ ᠬᠦᠢᠴᠡᠳᠬᠡᠪᠡᠯ ᠨᠠᠶᠢᠷ ᠤᠨ ᠲᠠᠯᠠᠪᠠᠢ ᠳᠠᠭᠠᠨ ᠪᠤᠴᠠᠨ ᠢᠷᠡᠵᠤ᠂ ᠮᠤᠩᠭᠤᠯᠴᠤᠳ ᠤᠨ ᠬᠦᠷ ᠬᠦᠭᠵᠢᠶᠡᠨ ᠲᠠᠢ ᠨᠠᠶᠢᠷ ᠨᠠᠭᠠᠳᠤᠮ ᠶᠠᠪᠤᠭᠳᠠᠵᠤ ᠡᠬᠢᠯᠡᠳᠡᠭ᠃ ᠡᠷ᠎ᠡ ᠶᠢᠨ ᠭᠤᠷᠪᠠᠨ ᠨᠠᠭᠠᠳᠤᠮ ᠳᠤ ᠪᠦᠬᠡ ᠪᠠᠷᠢᠯᠳᠤᠬᠤ᠂ ᠮᠤᠷᠢ ᠤᠷᠤᠯᠳᠤᠬᠤ ᠪᠠᠷ ᠭᠤᠤᠯ ᠠᠭᠤᠯᠭ᠎ᠠ ᠪᠤᠯᠭᠠᠵᠤ᠂ ᠨᠤᠮᠤ ᠰᠤᠮᠤ ᠬᠠᠷᠪᠤᠬᠤ ᠮᠡᠳᠤ ᠶᠢᠨ ᠦᠨᠳᠤᠰᠤᠳᠠᠨ ᠤ ᠦᠪᠡᠷᠮᠢᠴᠠ ᠤᠨᠴᠠᠯᠢᠭ ᠲᠠᠢ ᠤᠷᠤᠯᠳᠤᠭᠠᠨ ᠶᠠᠪᠤᠭᠤᠯᠵᠤ᠂ ᠲᠡᠷᠢᠬᠦᠨ ᠲᠡᠳ᠋ ᠢ ᠰᠢᠯᠭᠠᠷᠠᠭᠤᠯᠤᠨ ᠱᠠᠩᠨᠠᠨ ᠬᠦᠬᠢᠬᠦᠯᠵᠤ᠂ ᠴᠤᠯᠠ ᠢᠷᠦᠬᠡᠯ ᠲᠠᠭᠤᠳᠠᠵᠤ᠂ ᠬᠠᠮᠳᠤ ᠎ ᠪᠠᠷ ᠢᠶᠠᠨ ᠨᠠᠶᠢᠷ ᠪᠠᠶᠠᠷ ᠡᠬᠦᠰᠬᠡᠨ ᠤᠪᠤᠭ᠎ᠠ ᠰᠦᠯᠳᠠ ᠶᠢᠨ ᠢᠶᠠᠨ ᠨᠠᠪᠳᠠᠭ ᠰᠠᠪᠳᠠᠭ ᠢ ᠪᠠᠶᠠᠰᠬᠠᠳᠠᠭ ᠵᠠᠩᠰᠢᠯ ᠤᠳᠤ ᠪᠤᠯᠳᠠᠯ᠎ᠠ ᠤᠯᠠᠮᠵᠢᠯᠠᠭᠳᠠᠭᠰᠠᠭᠠᠷ ᠪᠠᠶᠢᠨ᠎ᠠ᠃ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号