| ᠪᠢᠳᠠ ︽ᠪᠦᠷᠢ ᠪᠦᠬᠡ ᠠᠮᠢ ᠪᠠᠨ ᠠᠯᠳᠠᠭᠰᠠᠨ︾ ᠬᠡᠬᠦ ᠦᠯᠢᠬᠡᠷ ᠲᠤ ᠲᠡᠮᠦᠵᠢᠨ ᠬᠠᠨ | ᠪᠤᠯᠪᠠ ᠬᠡᠵᠤ ᠬᠡᠯᠡᠭᠰᠡᠨ ᠪᠢᠯᠡ᠃ ᠲᠡᠳᠡ ᠴᠤᠬᠤᠮ ᠶᠠᠭᠠᠬᠢᠵᠤ ᠬᠠᠨ ᠪᠤᠯᠤᠭᠰᠠᠨ ᠪᠤᠢ︖ | ᠲᠡᠮᠦᠵᠢᠨ᠂ ᠲᠤᠭᠤᠷᠢᠯ ᠬᠠᠨ᠂ ᠵᠠᠮᠤᠬ᠎ᠠ ᠠᠨᠳᠠ ᠭᠤᠷᠪᠠᠭᠤᠯᠠ ᠬᠦᠴᠦ ᠬᠠᠮᠳᠤᠷᠠᠵᠤ ᠮᠡᠷᠬᠢᠳ | ᠢ ᠰᠦᠨᠦᠬᠡᠬᠡᠳ ᠤᠷᠬᠤᠨ ᠰᠡᠯᠡᠩᠬᠡ ᠬᠤᠶᠠᠷ ᠤᠨ ᠤᠢ ᠲᠠᠯ᠎ᠠ ᠠᠴᠠ ᠪᠤᠴᠠᠪᠠ᠃ ᠲᠡᠮᠦᠵᠢᠨ ᠵᠠᠮᠤᠬ᠎ᠠ ᠠᠨᠳᠠ ᠬᠤᠶᠠᠷ | ᠲᠠᠯᠠᠬᠤᠨ ᠠᠷᠠᠯ ᠠᠴᠠ ᠬᠦᠳᠡᠯᠵᠤ ᠬᠤᠷᠬᠤᠨᠠᠭ ᠵᠦᠪᠤᠷ ᠢ ᠴᠢᠭᠯᠡᠨ ᠶᠠᠪᠤᠪᠠ᠂ ᠲᠤᠭᠤᠷᠢᠯ ᠬᠠᠨ ᠮᠦᠨ ᠲᠤᠤᠯᠠ | ᠭᠤᠤᠯ ᠤᠨ ᠬᠠᠷ᠎ᠠ ᠰᠢᠭᠤᠢ ᠳᠠᠭᠠᠨ ᠪᠤᠴᠠᠪᠠ᠃ | ᠲᠡᠮᠦᠵᠢᠨ ᠵᠠᠮᠤᠬ᠎ᠠ ᠠᠨᠳᠠ ᠬᠤᠶᠠᠷ ᠬᠤᠷᠬᠤᠨᠠᠭ ᠵᠦᠪᠤᠷ ᠲᠤ ᠬᠦᠷᠦᠬᠡᠳ ᠬᠠᠮᠳᠤ ᠨᠢᠬᠡᠨ | ᠭᠠᠵᠠᠷ ᠲᠤ ᠨᠡᠶᠢᠯᠡᠨ ᠪᠠᠭᠤᠪᠠ᠃ ᠲᠡᠳᠡ ᠬᠤᠶᠠᠷ ᠪᠤᠯ ᠤᠷᠢᠳᠤ ᠬᠤᠶᠠᠷ ᠤᠳᠠᠭ᠎ᠠ ᠠᠨᠳᠠ ᠪᠤᠯᠤᠯᠴᠠᠭᠰᠠᠨ ᠰᠠᠶᠢᠨ | ᠨᠦᠬᠦᠷ ᠶᠤᠮ᠃ ᠡᠨᠡ ᠤᠳᠠᠭ᠎ᠠ ᠬᠠᠮᠳᠤ ᠨᠢᠬᠡᠨ ᠭᠠᠵᠠᠷ ᠲᠤ ᠨᠡᠶᠢᠯᠡᠨ ᠪᠠᠭᠤᠵᠤ᠂ ᠤᠷᠢᠳᠤ ᠶᠢᠨ ᠠᠨᠳᠠ | ᠪᠤᠯᠤᠯᠴᠠᠭᠰᠠᠨ ᠢᠶᠠᠨ ᠲᠤᠷᠠᠳᠤᠨ ᠶᠠᠷᠢᠵᠤ᠂ ᠬᠤᠶᠢᠰᠢᠳᠠ ᠤᠯᠠᠮ ᠠᠮᠠᠷᠠᠭᠯᠠᠨ ᠶᠠᠪᠤᠶ᠎ᠠ ᠬᠡᠵᠤ᠂ ᠲᠡᠮᠦᠵᠢᠨ ᠤᠳᠤᠶᠢᠳ | ᠮᠡᠷᠬᠢᠳ ᠤᠨ ᠲᠤᠭᠳᠤᠭ᠎ᠠ ᠠᠴᠠ ᠤᠯᠵᠠᠯᠠᠵᠤ ᠠᠪᠤᠭᠰᠠᠨ ᠠᠯᠳᠠᠨ ᠪᠦᠰᠠ ᠪᠠ ᠡᠰᠬᠡᠯ ① ᠬᠠᠯᠢᠭᠤᠨ ᠢ ᠵᠠᠮᠤᠬ᠎ᠠ | ᠳᠤ ᠪᠡᠯᠡᠭᠯᠡᠪᠡ᠃ ᠬᠠᠷᠢᠭᠤ ᠳᠤᠨᠢ ᠵᠠᠮᠤᠬ᠎ᠠ ᠤᠸᠠᠰ ᠮᠡᠷᠬᠢᠳ ᠤᠨ ᠲᠠᠶᠢᠷ ᠤᠰᠤᠨ ᠠᠴᠠ ᠤᠯᠵᠠᠯᠠᠵᠤ ᠠᠪᠤᠭᠰᠠᠨ | ᠠᠯᠳᠠᠨ ᠪᠦᠰᠠ ᠪᠠ ᠦᠨᠡᠬᠡᠨ ᠴᠠᠭᠠᠨ ② ᠮᠤᠷᠢ ᠶᠢ ᠲᠡᠮᠦᠵᠢᠨ ᠳᠤ ᠬᠦᠷᠬᠡᠪᠡ᠃ | ᠲᠡᠮᠦᠵᠢᠨ ᠵᠠᠮᠤᠬ᠎ᠠ ᠬᠤᠶᠠᠷ ᠢᠩᠬᠢᠵᠤ ᠨᠢᠬᠡ ᠵᠢᠯ ᠬᠠᠭᠠᠰ ᠬᠠᠮᠳᠤ ᠰᠠᠭᠤᠵᠤ ᠪᠡᠯᠴᠢᠬᠡᠷ ᠶᠡᠭᠡ | ᠪᠠᠷᠠᠭᠳᠠᠭᠰᠠᠨ ᠲᠤᠯᠠ ᠨᠡᠬᠦᠬᠦ ᠪᠤᠯᠪᠠ᠃ ᠲᠡᠭᠡᠭᠡᠳ ᠵᠤᠨ ᠤ ᠲᠡᠷᠢᠬᠦᠨ ᠰᠠᠷ᠎ᠠ ᠶᠢᠨ ᠠᠷᠪᠠᠨ ᠵᠢᠷᠭᠤᠭᠠᠨ ᠤ ᠤᠯᠠᠭᠠᠨ | ᠲᠡᠷᠬᠡᠯ ᠡᠳᠤᠷ ᠨᠡᠬᠦᠪᠡ᠃ ᠲᠡᠮᠦᠵᠢᠨ ᠵᠠᠮᠤᠬ᠎ᠠ ᠬᠤᠶᠠᠷ ᠲᠡᠷᠬᠡᠨ ᠤ ᠡᠮᠤᠨ᠎ᠡ ᠵᠡᠷᠬᠡᠴᠡᠨ . ᠶᠠᠪᠤᠪᠠ ᠬᠠᠭᠠᠰ ᠨᠡᠬᠦᠳᠠᠯ | ᠤᠨ ᠭᠠᠵᠠᠷ ᠶᠠᠪᠤᠳᠠᠯ᠎ᠠ᠂ ᠵᠠᠮᠤᠬ᠎ᠠ᠄ | ︽ᠲᠡᠮᠦᠵᠢᠨ ᠠᠨᠳᠠ ᠡ︕ | ᠠᠭᠤᠯᠠᠨ ᠳᠤ ᠰᠢᠬᠠᠨ ᠪᠠᠭᠤᠶ᠎ᠠ | ᠠᠳᠤᠭᠤᠴᠢᠨ ᠳᠤ ᠬᠡᠷ ᠪᠤᠯᠳᠤᠭᠠᠢ | ᠭᠤᠤᠯ ᠳᠤ ᠰᠢᠬᠠᠨ ᠪᠠᠭᠤᠶ᠎ᠠ | ᠬᠤᠨᠢᠴᠢᠨ ᠬᠤᠷᠠᠭᠠᠴᠢᠨ ᠳᠤ | ᠬᠤᠭᠤᠯᠠ ᠪᠤᠯᠳᠤᠭᠠᠢ︕︾ ᠬᠡᠵᠤ ᠬᠡᠯᠡᠪᠡ᠃ ᠲᠡᠮᠦᠵᠢᠨ ᠵᠠᠮᠤᠬ᠎ᠠ ᠶᠢᠨ ᠡᠨᠡ ᠦᠬᠡ ᠶᠢ | ᠤᠬᠠᠨ ᠶᠠᠳᠠᠵᠤ ᠬᠠᠷᠢᠭᠤ ᠶᠠᠭᠤ ᠴᠦ ᠲᠤᠤᠭᠠᠷᠤᠭᠰᠠᠨ ᠦᠭᠡᠢ ᠬᠤᠴᠤᠷᠤᠭᠠᠳ᠂ ᠦᠬᠡᠯᠤᠨ ᠡᠬᠡ ᠶᠢᠨ ᠲᠡᠷᠬᠡ | ᠬᠦᠷᠴᠤ ᠢᠷᠡᠭᠰᠡᠨ ᠳᠤ᠂ ᠵᠠᠮᠤᠬ᠎ᠠ ᠶᠢᠨ ᠬᠡᠯᠡᠭᠰᠡᠨ ᠦᠭᠡ ᠶᠢ ᠡᠬᠡ ᠳᠡᠭᠡᠨ ᠬᠡᠯᠡᠵᠤ ︽ᠪᠢ ᠡᠨᠡ ᠦᠬᠡ ᠶᠢ ᠤᠬᠠᠨ | ᠶᠠᠳᠠᠵᠤ ᠬᠠᠷᠢᠭᠤ ᠶᠠᠭᠤ ᠴᠦ ᠲᠤᠤᠭᠠᠷᠤᠭᠰᠠᠨ ᠦᠭᠡᠢ᠂ ᠡᠬᠡ ᠠᠴᠠ ᠠᠰᠠᠭᠤᠷ᠎ᠠ ᠢᠷᠡᠪᠡ︾ ᠬᠡᠰᠡᠨ ᠳᠤ ᠦᠬᠡᠯᠤᠨ | ᠡᠬᠡ ᠶᠢ ᠦᠬᠡ ᠲᠤᠤᠭᠠᠷᠴᠤ ᠠᠮᠵᠢᠬᠤ ᠠᠴᠠ ᠤᠷᠢᠳ ᠪᠦᠷᠳᠡ ᠦᠵᠢᠨ᠄ | ︽ᠵᠠᠮᠤᠬ᠎ᠠ ᠠᠨᠳᠠ ᠠᠮᠠᠷᠬᠠᠨ ᠤᠶᠢᠳᠳᠠᠭ ᠵᠠᠩ ᠲᠠᠢ ᠬᠡᠳᠡᠭ ᠪᠢᠯᠡ᠃ ᠤᠳᠤ ᠪᠢᠳᠠᠨ ᠠᠴᠠ | ᠤᠶᠢᠳᠬᠤ ᠴᠠᠭ ᠨᠢ ᠪᠤᠯᠤᠭᠰᠠᠨ ᠪᠢᠵᠠ᠃ ᠲᠤᠭᠠᠷ ᠤᠨ ᠵᠠᠮᠤᠬ᠎ᠠ ᠠᠨᠳᠠ ᠶᠢᠨ ᠬᠡᠯᠡᠭᠰᠡᠨ ᠨᠢ ᠪᠢᠳᠠᠨ ᠢ ᠵᠢᠭᠰᠢᠭᠰᠡᠨ | ᠦᠬᠡ ᠪᠤᠶᠤ᠃ ᠪᠢᠳᠠ ᠪᠢᠳᠠᠬᠡᠢ ᠪᠠᠭᠤᠶ᠎ᠠ᠂ ᠪᠠᠭᠤᠪᠠᠯ ᠲᠡᠬᠦᠨ ᠤ ᠠᠷᠭᠠᠨ ᠳᠤ ᠤᠨᠠᠨ᠎ᠠ᠂ ᠬᠠᠷᠢᠨ ᠰᠢᠭᠤᠳ ᠶᠠᠪᠤᠵᠤ | ᠵᠠᠮᠤᠬ᠎ᠠ ᠠᠨᠳᠠ ᠠᠴᠠ ᠰᠠᠶᠢᠬᠠᠨ ᠢᠶᠠᠷ ᠬᠠᠭᠠᠴᠠᠶᠠ︾ ᠬᠡᠪᠡ᠃ ᠦᠬᠡᠯᠦᠨ ᠡᠬᠡ ᠦᠬᠡ ᠲᠤᠤᠭᠠᠷᠤᠭᠰᠠᠨ ᠦᠭᠡᠢ | ᠲᠤᠯᠠ ᠲᠡᠮᠦᠵᠢᠨ᠂ ᠪᠦᠷᠳᠡ ᠦᠵᠢᠨ ᠤ ᠦᠬᠡ ᠶᠢ ᠲᠠᠭᠠᠵᠤ ᠲᠡᠨᠳᠡ ᠦᠯᠤ ᠪᠠᠭᠤᠨ ᠰᠦᠨᠢ ᠲᠤᠵᠢ ᠶᠠᠪᠤᠪᠠ᠃ | ᠦᠷ ᠴᠠᠶᠢᠵᠤ ᠪᠠᠶᠢᠬᠤ ᠳᠤ ᠦᠵᠡᠪᠡᠯ᠂ ᠠᠷᠪᠠ ᠭᠠᠷᠤᠢ ᠠᠶᠢᠮᠠᠭ ᠤᠨ ᠬᠦᠮᠦᠰ ᠲᠡᠮᠦᠵᠢᠨ ᠢ ᠲᠠᠭᠠᠯᠳᠤᠨ ᠢᠷᠡᠪᠡ᠃ | ᠲᠡᠳᠡᠨ ᠤ ᠲᠤᠳᠤᠷ᠎ᠠ ᠪᠤᠭᠤᠷᠴᠢ ᠶᠢᠨ ᠲᠡᠬᠦᠦ ᠦᠬᠡᠯᠡᠨ ᠴᠠᠷᠪᠢ᠂ ᠵᠠᠯᠮ᠎ᠠ ᠶᠢᠨ ᠲᠡᠬᠦᠦ ᠴᠠᠤᠷᠬᠠᠨ᠂ ᠰᠦᠪᠡᠬᠡᠳᠠᠢ | ᠪᠠᠭᠠᠳᠤᠷ ᠨᠠᠷ ᠪᠠ ᠨᠤᠶᠠᠬᠠᠨ ᠠᠶᠢᠮᠠᠭ ᠤᠨ ᠵᠤᠩᠰᠤ᠂ ᠪᠠᠭᠠᠷᠢᠨ ᠠᠶᠢᠮᠠᠭ ᠤᠨ ᠬᠤᠷᠴᠢ᠂ ᠤᠰᠤᠨ ᠡᠪᠤᠬᠡᠨ᠂ | ᠬᠦᠬᠡᠴᠤᠰ ᠨᠠᠷ ᠪᠠᠶᠢᠪᠠ᠃ | ᠲᠡᠮᠦᠵᠢᠨ ᠢᠩᠬᠢᠵᠤ ᠵᠠᠮᠤᠬ᠎ᠠ ᠠᠴᠠ ᠰᠠᠯᠵᠤ ᠬᠦᠳᠡᠯᠦᠬᠡᠳ ᠬᠢᠮᠤᠷᠭ᠋ ᠭᠤᠷᠤᠬᠠᠨ ᠤ ᠠᠶᠢᠯ | ᠬᠠᠷᠠᠭᠠᠨ᠎ᠠ ᠬᠡᠬᠦ ᠭᠠᠵᠠᠷ ᠬᠦᠷᠴᠤ ᠪᠠᠭᠤᠪᠠ᠃ ᠡᠨᠡ ᠦᠶ᠎ᠡ ᠳᠤ ᠬᠤᠨᠠᠨ ᠲᠡᠷᠢᠬᠦᠳᠡᠨ ᠨᠢᠬᠡᠨ ᠬᠦᠷᠢᠶ᠎ᠡ ③ ᠪᠤᠯᠵᠤ | ᠢᠷᠡᠪᠡ᠂ ᠲᠡᠮᠦᠵᠢᠨ ᠤ ᠪᠠᠭ᠎ᠠ ᠠᠪᠠᠭ᠎ᠠ ᠲᠠᠷᠢᠳᠠᠢ ᠤᠳᠴᠢᠬᠢᠨ ᠨᠢᠬᠡᠨ ᠬᠦᠷᠢᠶ᠎ᠡ ᠪᠤᠯᠵᠤ ᠢᠷᠡᠪᠡ᠃ ᠵᠦᠷᠬᠢᠨ ᠤ | ᠰᠤᠤᠷᠬᠠᠳᠤ ᠵᠦᠷᠬᠢ ᠶᠢᠨ ᠬᠦᠦ ᠰᠡᠴᠡ ᠪᠠᠬᠢ᠂ ᠲᠠᠶᠢᠴᠤ ᠬᠤᠶᠠᠷ ᠵᠠᠮᠤᠬ᠎ᠠ ᠠᠴᠠ ᠰᠠᠯᠵᠤ ᠨᠢᠬᠡᠨ ᠬᠦᠷᠢᠶ᠎ᠡ ᠪᠤᠯᠵᠤ | ᠢᠷᠡᠪᠡ᠃ ᠲᠡᠮᠦᠵᠢᠨ ᠤ ᠬᠤᠶᠠᠳᠤᠭᠠᠷ ᠠᠪᠠᠭ᠎ᠠ ᠨᠡᠬᠦᠨ ᠲᠠᠶᠢᠵᠢ ᠶᠢᠨ ᠬᠦᠦ ᠬᠤᠴᠠᠷ ᠪᠠᠬᠢ ᠨᠢᠬᠡᠨ ᠬᠦᠷᠢᠶ᠎ᠡ ᠪᠤᠯᠵᠤ | ᠢᠷᠡᠪᠡ᠂ ᠬᠤᠳᠠᠯᠠ ᠬᠠᠭᠠᠨ ᠤ ᠬᠦᠦ ᠠᠯᠳᠠᠨ ᠤᠳᠴᠢᠬᠢᠨ ᠵᠠᠮᠤᠬ᠎ᠠ ᠠᠴᠠ ᠰᠠᠯᠵᠤ ᠨᠢᠬᠡᠨ ᠬᠦᠷᠢᠶ᠎ᠡ ᠪᠤᠯᠵᠤ ᠢᠷᠡᠪᠡ | ᠃ ᠬᠦᠮᠦᠨ ᠠᠮᠢᠳᠠᠨ ᠤᠯᠠᠨ ᠲᠤᠯᠠ ᠲᠡᠨᠳᠡ ᠠᠴᠠ ᠪᠠᠰᠠ ᠬᠦᠳᠡᠯᠵᠤ ᠰᠡᠩᠬᠦᠷ ᠭᠤᠷᠤᠬᠠᠨ ᠤ ᠬᠠᠷ᠎ᠠ ᠵᠢᠷᠦᠬᠡᠨ ᠳᠠᠬᠢ | ᠬᠦᠬᠡ ᠨᠠᠭᠤᠷ ᠲᠤ ᠤᠴᠢᠵᠤ ᠪᠠᠭᠤᠪᠠ᠃ | ᠡᠶᠢᠮᠤ ᠤᠯᠠᠨ ᠬᠦᠮᠦᠨ ᠠᠮᠢᠳᠠᠨ ᠶᠡᠭᠡ ᠪᠠᠭ᠎ᠠ᠂ ᠡᠬᠢ ᠠᠳᠠᠭ ᠦᠭᠡᠢ ᠶᠠᠭᠠᠬᠢᠨ ᠠᠮᠢᠳᠤᠷᠠᠬᠤ | ᠪᠢᠯᠡ︖ ᠬᠡᠵᠤ ᠪᠠᠭᠠᠷᠢᠨ ᠤ ᠬᠤᠷᠴᠢ ᠶᠢᠨ ᠬᠡᠯᠡᠭᠰᠡᠨ ᠨᠢ᠄ | ︽ᠪᠢᠳᠠ ᠤᠤᠯ ᠨᠢ ᠪᠤᠳᠠᠨᠴᠠᠷ ᠪᠤᠭᠳᠠ ᠶᠢᠨ ᠪᠠᠷᠢᠵᠤ ᠠᠪᠤᠭᠰᠠᠨ ᠡᠮ᠎ᠡ ᠠᠴᠠ ᠲᠦᠷᠦᠭᠰᠡᠨ | ᠲᠤᠯᠠ ᠵᠠᠮᠤᠬ᠎ᠠ ᠲᠠᠢ ᠬᠡᠪᠡᠯᠢ ᠨᠢᠬᠡᠳᠠᠢ᠂ ᠬᠡᠯᠬᠢᠶ᠎ᠡ ᠪᠠᠬᠢᠳᠠᠢ ᠬᠦᠮᠦᠰ ᠪᠢᠯᠡ᠂ ᠵᠦᠢ ᠨᠢ ᠵᠠᠮᠤᠬ᠎ᠠ ᠠᠴᠠ ᠬᠠᠭᠠᠴᠠᠵᠤ | ᠦᠯᠤ ᠪᠤᠯᠤᠨ᠎ᠠ᠃ ᠬᠡᠳᠡᠯ᠎ᠡ ᠵᠠᠶᠢᠷᠠᠩ ᠲᠡᠭᠷᠢ ④ ᠢᠷᠡᠵᠤ ᠨᠢᠳᠤᠨ ᠳᠤ ᠦᠵᠡᠬᠦᠯᠦᠭᠰᠡᠨ ᠨᠢ᠄ ᠬᠤᠸᠠᠭᠴᠢᠨ ᠦᠨᠢᠶ᠎ᠡ | ᠢᠷᠡᠵᠤ ᠵᠠᠮᠤᠬ᠎ᠠ ᠶᠢ ᠲᠤᠭᠤᠷᠢᠨ ᠶᠠᠪᠤᠵᠤ᠂ ᠵᠠᠮᠤᠬ᠎ᠠ ᠪᠠ ᠲᠡᠬᠦᠨ ᠤ ᠬᠡᠷ ᠲᠡᠷᠬᠡ ⑤ ᠶᠢ ᠮᠦᠷᠬᠦᠭᠰᠡᠬᠡᠷ | ᠦᠷᠦᠬᠡᠰᠤᠨ ᠡᠪᠡᠷ ᠢᠶᠠᠨ ᠬᠤᠭᠤᠯᠵᠤ ᠰᠤᠯᠵᠢᠷ ᠡᠪᠡᠷ ᠲᠠᠢ ᠪᠤᠯᠤᠭᠠᠳ ︿ᠡᠪᠡᠷ ᠢ ᠮᠢᠨᠢ ᠦᠭ﹀ ᠬᠡᠵᠤ ᠵᠠᠮᠤᠬ᠎ᠠ | ᠶᠢᠨ ᠵᠦᠭ ᠮᠦᠬᠡᠷᠡᠨ ᠰᠢᠷᠤᠢ ᠰᠠᠴᠤᠨ ᠪᠠᠶᠢᠨ᠎ᠠ᠃ ᠪᠠᠰᠠ ᠮᠤᠬᠤᠷ ᠬᠤᠸᠠ ᠦᠬᠡᠷ ᠢ ᠶᠡᠭᠡ ᠬᠡᠷ ᠤᠨ ᠲᠡᠷᠬᠡᠨ ᠳᠤ | ᠬᠦᠯᠯᠡᠭᠰᠡᠨ ᠳᠤ ᠲᠡᠷᠡ ᠦᠬᠡᠷ ᠶᠡᠭᠡ ᠲᠡᠷᠬᠡᠬᠦᠷ ⑥ ᠢᠶᠠᠷ ᠲᠡᠮᠦᠵᠢᠨ ᠤ ᠬᠤᠶᠢᠨ᠎ᠠ ᠠᠴᠠ ᠵᠢᠳᠬᠦᠨ ᠶᠠᠪᠤᠵᠤ᠄ | ︿ᠲᠡᠭᠷᠢ ᠭᠠᠵᠠᠷ ᠡᠶᠡᠯᠳᠤᠵᠤ | ᠲᠡᠮᠦᠵᠢᠨ ᠢ ᠤᠯᠤᠰ ᠤᠨ ᠡᠵᠡᠨ ᠪᠤᠯᠳᠤᠭᠠᠢ ᠬᠡᠵᠤ | ᠲᠡᠭᠡᠭᠡᠵᠤ ᠬᠦᠷᠬᠡᠵᠤ ᠶᠠᠪᠤᠨ᠎ᠠ﹀ ᠬᠡᠵᠤ | ᠮᠦᠬᠡᠷᠡᠨ ᠬᠡᠯᠡᠵᠤ ᠶᠠᠪᠤᠨ᠎ᠠ᠃ ᠵᠠᠶᠢᠷᠠᠩ ᠲᠡᠭᠷᠢ ᠨᠢᠳᠤᠨ ᠳᠤ ᠢᠩᠬᠢᠵᠤ ᠵᠢᠭᠠᠵᠤ | ᠦᠵᠡᠬᠦᠯᠦᠭᠰᠡᠨ ᠲᠤᠯᠠ ᠲᠡᠮᠦᠵᠢᠨ ᠢ ᠬᠠᠨ ᠪᠤᠯᠭᠠᠶ᠎ᠠ︾ ᠬᠡᠪᠡ᠃ ᠠᠯᠳᠠᠨ ᠤᠳᠴᠢᠬᠢᠨ᠂ ᠬᠤᠴᠠᠷ ᠪᠠᠬᠢ᠂ ᠰᠡᠴᠡ | ᠪᠠᠬᠢ ᠨᠠᠷ ᠵᠦᠪᠯᠡᠯᠳᠤᠵᠤ ᠲᠡᠮᠦᠵᠢᠨ ᠢ ᠬᠠᠨ ᠪᠤᠯᠭᠠᠬᠤ ᠪᠠᠷ ᠲᠤᠭᠳᠠᠵᠤ᠂ ᠲᠡᠮᠦᠵᠢᠨ ᠳᠤ ᠬᠡᠯᠡᠭᠰᠡᠨ ᠨᠢ᠄ | ︽ᠲᠡᠮᠦᠵᠢᠨ ᠴᠢᠮ᠎ᠡ ᠶᠢ ᠪᠢᠳᠠ ᠪᠦᠬᠦᠳᠠ ᠶᠢ ᠵᠠᠬᠢᠷᠬᠤ ᠬᠠᠨ ᠪᠤᠯᠭᠠᠶ᠎ᠠ᠂ ᠴᠢᠮ᠎ᠠ ᠶᠢ ᠬᠠᠨ | ᠪᠤᠯᠭᠠᠭᠠᠳ ᠪᠢᠳᠠ | ᠠᠯᠠᠯᠳᠤᠬᠤ ᠲᠠᠶᠢᠨ ᠳᠤ | ᠠᠯᠬᠢᠨᠴᠢ ⑦ ᠪᠤᠯᠵᠤ | ᠠᠪᠠᠯᠠᠬᠤ ᠴᠠᠭ ᠲᠤ | ᠤᠳᠤᠴᠢ ᠪᠤᠯᠵᠤ | ᠤᠯᠤᠭᠰᠠᠨ ᠪᠦᠬᠦᠳᠠ ᠶᠢ | ᠤᠨᠴᠠ ᠴᠢᠮ᠎ᠠ ᠳᠤ ᠦᠭᠬᠦᠶ᠎ᠡ | ᠬᠤᠷᠢᠶᠠᠭᠰᠠᠨ ᠪᠦᠬᠦᠳᠠ ᠶᠢ | ᠬᠠᠨ ᠴᠢᠮ᠎ᠠ ᠳᠤ ᠦᠭᠬᠦᠶ᠎ᠡ᠃ | ᠡᠵᠡᠨ ᠴᠢᠨᠤ ᠵᠠᠷᠯᠢᠭ ᠢ | ᠡᠰᠡ ᠲᠠᠭᠠᠪᠠᠯ | ᠡᠨᠡ ᠪᠡᠶ᠎ᠡ ᠶᠢ ᠮᠢᠨᠢ | ᠡᠵᠡᠬᠦᠢ ᠬᠦᠬᠡᠬᠡᠵᠤ ᠤᠷᠬᠢ | ᠬᠠᠨ ᠴᠢᠨᠤ ᠵᠠᠷᠯᠢᠭ ᠢ | ᠬᠠᠶᠢᠬᠤᠷᠬᠤ ᠦᠭᠡᠢ ᠶᠠᠪᠤᠪᠠᠯ | ᠬᠠᠷ᠎ᠠ ᠲᠤᠯᠤᠭᠠᠢ ᠶᠢ ᠮᠢᠨᠢ | ᠬᠠᠶᠠᠵᠤ ᠤᠳᠤᠭᠳᠤᠨ︕︾ ᠬᠡᠪᠡ᠃ | ᠡᠨᠡ ᠦᠬᠡ ᠶᠢ ᠪᠦᠬᠦᠳᠡᠬᠡᠷ ᠵᠦᠪᠰᠢᠶᠡᠷᠡᠵᠤ ᠲᠡᠮᠦᠵᠢᠨ ᠢ ᠬᠠᠨ ᠪᠤᠯᠭᠠᠪᠠ᠃ | ᠲᠡᠮᠦᠵᠢᠨ᠂ ᠬᠠᠨ ᠪᠤᠯᠤᠭᠠᠳ ᠡᠳᠤᠢ ᠲᠡᠳᠤᠢ ᠬᠦᠮᠦᠰ ᠢ ᠵᠤᠬᠢᠬᠤ ᠠᠵᠢᠯ ᠲᠤᠰᠢᠶᠠᠯ ᠳᠤ | ᠲᠤᠮᠢᠯᠠᠪᠠ᠃ ᠲᠡᠭᠡᠵᠤ ᠪᠠᠷᠠᠭᠰᠠᠨ ᠤ ᠲᠠᠷᠠᠭ᠎ᠠ ᠬᠡᠷᠡᠶᠢᠳ ᠤᠨ ᠲᠤᠭᠤᠷᠢᠯ ᠬᠠᠨ ᠡᠴᠢᠬᠡ ᠳᠤ ᠡᠯᠴᠢ ᠵᠠᠷᠤᠵᠤ ᠡᠨᠡ | ᠤᠴᠢᠷ ᠢ ᠮᠡᠳᠡᠬᠦᠯᠦᠭᠰᠡᠨ ᠳᠤ᠂ ᠲᠤᠭᠤᠷᠢᠯ ᠬᠠᠨ ᠡᠴᠢᠬᠡ ᠶᠢᠨ ᠢᠷᠦᠬᠡᠵᠤ ᠬᠡᠯᠡᠭᠰᠡᠨ ᠨᠢ᠄ | ︽ᠲᠡᠮᠦᠵᠢᠨ ᠬᠦᠦ ᠶᠢ ᠮᠢᠨᠢ ᠬᠠᠨ ᠪᠤᠯᠭᠠᠭᠰᠠᠨ ᠨᠢ ᠮᠠᠰᠢ ᠵᠦᠪ᠂ ᠲᠠ ᠨᠠᠷ ᠡᠨᠡ | ᠰᠢᠢᠳᠪᠤᠷᠢ ᠪᠠᠨ ᠮᠠᠷᠳᠠᠬᠤ ᠦᠭᠡᠢ | ᠡᠶ᠎ᠡ ᠠᠭᠠᠰᠢ ᠪᠠᠨ ᠲᠠᠰᠤᠯᠬᠤ ᠦᠭᠡᠢ | ᠡᠬᠢ ᠵᠠᠶᠠᠭ᠎ᠠ ᠪᠠᠨ ᠠᠯᠳᠠᠬᠤ ᠦᠭᠡᠢ | ᠡᠬᠦᠷᠢᠳᠠ ᠪᠠᠳᠤ ᠵᠢᠷᠤᠮ ᠲᠠᠢ ᠶᠠᠪᠤ︕︾ ᠬᠡᠵᠠᠢ᠃ | | | ᠲᠠᠶᠢᠯᠪᠤᠷᠢ | ① ᠡᠰᠬᠡᠯ — ᠡᠷᠡᠮᠡᠭ᠃ | ② ᠦᠨᠡᠬᠡᠨ ᠴᠠᠭᠠᠨ — ᠢᠰᠢᠬᠡ ᠮᠡᠳᠤ ᠴᠠᠭᠠᠨ ᠦᠰᠦᠳᠠᠢ᠃ | ③ ᠬᠦᠷᠢᠶ᠎ᠡ — ᠬᠠᠮᠳᠤ ᠬᠦᠷᠢᠶᠡᠯᠡᠨ ᠪᠠᠭᠤᠵᠤ ᠨᠤᠳᠤᠭᠯᠠᠬᠤ ︵ᠡᠷᠳᠡᠨ ᠤ ᠨᠡᠬᠦᠳᠠᠯ | ᠠᠮᠢᠳᠤᠷᠠᠯ ᠤᠨ ᠨᠢᠬᠡᠴᠠ︶ ᠶᠢ ᠬᠡᠯᠡᠵᠤ ᠪᠤᠢ᠃ | ④ ᠵᠠᠶᠢᠷᠠᠩ ᠲᠡᠭᠷᠢ — ᠪᠦᠬᠡ ᠮᠦᠷᠬᠦᠯ ᠤᠨ ᠲᠡᠭᠡᠳᠤ ᠤᠩᠭᠤᠳ ᠰᠢᠳᠦᠬᠡᠨ ᠤ ᠨᠡᠷ᠎ᠡ᠃ | ⑤ ᠬᠡᠷ ᠲᠡᠷᠬᠡ — ᠤᠯᠠᠨ ᠲᠡᠷᠬᠡ ᠶᠢ ᠬᠠᠮᠳᠤ ᠬᠡᠯᠬᠢᠨ ᠬᠤᠯᠪᠤᠵᠤ ᠲᠡᠭᠡᠷ᠎ᠡ ᠨᠢ ᠬᠡᠷ | ᠪᠠᠶᠢᠷᠢᠯᠠᠭᠤᠯᠤᠭᠰᠠᠨ ᠨᠡᠬᠦᠳᠠᠯ ᠤᠨ ᠬᠡᠷᠡᠭᠰᠡᠯ᠃ | ⑥ ︵ᠶᠡᠭᠡ︶ ᠲᠡᠷᠬᠡᠬᠦᠷ — ︵ᠶᠡᠭᠡ︶ ᠲᠡᠷᠬᠡᠨ ᠤ ᠵᠠᠮ᠃ | ⑦ ᠠᠯᠬᠢᠨᠴᠢ — ᠬᠤᠰᠢᠭᠤᠴᠢ᠃ | | | ᠡᠮᠤᠨᠡᠬᠢ ᠦᠯᠢᠬᠡᠷ᠄ ᠪᠦᠷᠢ ᠪᠦᠬᠡ ᠠᠮᠢ ᠪᠠᠨ ᠠᠯᠳᠠᠭᠰᠠᠨ | | | ︵ᠲᠤᠰ ᠪᠦᠯᠦᠭ ᠦᠯᠢᠬᠡᠷ ᠲᠡᠬᠦᠰᠪᠡ︶ | | |