ᠬᠡᠰᠢᠭᠳᠡᠨ ᠤ ᠠᠭᠤᠯᠠ ᠬᠠᠶᠢᠷᠬᠠᠨ
ᠨᠡᠶᠢᠲᠡᠯᠡᠭᠰᠡᠨ ᠴᠠᠭ᠄
2014/5/9
      ᠬᠡᠰᠢᠭᠳᠡᠨ ᠳᠤ ᠲᠠᠯᠠᠢ ᠶᠢᠨ ᠲᠦᠪᠰᠢᠨ ᠠᠴᠠ ᠲᠡᠭᠡᠭᠰᠢ 1880.2 m᠎ ᠠᠴᠠ 2067 m᠎ ᠤᠨ ᠬᠤᠭᠤᠷᠤᠨᠳᠤᠬᠢ ᠦᠨᠳᠤᠷ ᠠᠭᠤᠯᠠ ᠬᠠᠶᠢᠷᠬᠠᠨ ᠲᠠᠪᠢᠨ ᠭᠤᠷᠪᠠ ︵ᠪᠦᠷᠢᠨ ᠪᠤᠰᠤ ᠪᠦᠷᠢᠳᠬᠡᠯ︶ ᠪᠠᠶᠢᠨ᠎ᠠ᠃ ᠡᠳᠡᠬᠡᠷ ᠠᠭᠤᠯᠠ ᠬᠠᠶᠢᠷᠬᠠᠨ ᠨᠢ ᠶᠡᠭᠡ ᠬᠢᠩᠭᠠᠨ ᠲᠠᠪᠠᠭᠠᠨ ᠤ ᠰᠠᠯᠪᠤᠷᠢ ᠨᠢᠷᠤᠭᠤ ᠬᠤᠩᠭᠤ ᠠᠭᠤᠯᠠ ᠶᠢᠨ ᠪᠠᠷᠠᠭᠤᠨᠰᠢ ᠦᠷᠬᠦᠯᠵᠢᠯᠡᠭᠰᠡᠨ ᠨᠢᠷᠤᠭᠤ ᠪᠠ ᠵᠡᠬᠦᠨᠰᠢ ᠦᠷᠬᠦᠯᠵᠢᠯᠡᠭᠰᠡᠨ ᠭᠠᠵᠠᠯ ᠠᠭᠤᠯᠠ ᠨᠢᠷᠤᠭᠤ ᠶᠢᠨ ᠦᠯᠡᠳᠡᠪᠤᠷᠢ ᠨᠢᠷᠤᠭᠤ ᠳᠤ ᠬᠤᠪᠢᠶᠠᠭᠳᠠᠨ᠎ᠠ᠃       ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠨᠢ ᠬᠡᠰᠢᠭᠳᠡᠨ ᠤ ᠡᠮᠤᠨ᠎ᠠ ᠪᠡᠶ᠎ᠡ ᠪᠠᠷ ᠪᠠᠷᠠᠭᠤᠨ ᠠᠴᠠ ᠵᠡᠬᠦᠨᠰᠢ ᠬᠦᠨᠳᠡᠯᠡᠨ ᠤᠭᠳᠤᠯᠵᠤ᠂ ᠬᠡᠰᠢᠭᠳᠡᠨ ᠤ ᠬᠡᠪᠴᠢᠶᠡᠨ ᠳᠤ 1801.2 m᠎ ᠠᠴᠠ 2067 m᠎ ᠤᠨ ᠬᠤᠭᠤᠷᠤᠨᠳᠤᠬᠢ ᠠᠭᠤᠯᠠ ᠬᠠᠶᠢᠷᠬᠠᠨ 33᠂ ᠶᠡᠭᠡ ᠬᠢᠩᠭᠠᠨ ᠲᠠᠪᠠᠭᠠᠨ ᠤ ᠰᠠᠯᠪᠤᠷᠢ ᠨᠢᠷᠤᠭᠤ᠂ ᠬᠤᠩᠭᠤ ᠠᠭᠤᠯᠠ ᠎ ᠶᠢᠨ ᠨᠢᠷᠤᠭᠤ ᠳᠤ 1803 m᠎ ᠠᠴᠠ 2029 m᠎ ᠤᠨ ᠬᠤᠭᠤᠷᠤᠨᠳᠤᠬᠢ ᠠᠭᠤᠯᠠ ᠬᠠᠶᠢᠷᠬᠠᠨ 20 ᠪᠠᠶᠢᠨ᠎ᠠ᠃       ⒈ ᠬᠤᠶᠠᠷ ᠮᠢᠩᠭᠠᠨ ᠮᠧᠲᠷ ᠠᠴᠠ ᠲᠡᠭᠡᠭᠰᠢ ᠠᠭᠤᠯᠠ ᠬᠠᠶᠢᠷᠬᠠᠨ       2006 m᠎ ᠠᠴᠠ 2067 m᠎ ᠤᠨ ᠬᠤᠭᠤᠷᠤᠨᠳᠤᠬᠢ ᠦᠨᠳᠤᠷ ᠠᠭᠤᠯᠠ ᠬᠠᠶᠢᠷᠬᠠᠨ 10 ᠪᠠᠶᠢᠨ᠎ᠠ᠃ ᠡᠬᠦᠨ ᠤ 9᠎ ᠨᠢ ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠶᠢᠨ ᠦᠨᠳᠤᠷ ᠤᠷᠬᠢᠯ ᠪᠠᠶᠢᠵᠤ᠂ ᠨᠢᠬᠡ ᠨᠢ ᠶᠡᠭᠡ ᠬᠢᠩᠭᠠᠨ ᠲᠠᠪᠠᠭᠠᠨ ᠤ ᠰᠠᠯᠪᠤᠷᠢ ᠨᠢᠷᠤᠭᠤ ᠬᠤᠩᠭᠤ ᠠᠭᠤᠯᠠ ᠶᠢᠨ ᠦᠨᠳᠤᠷ ᠤᠷᠬᠢᠯ ᠪᠤᠯᠤᠨ᠎ᠠ᠃       ᠨᠠᠨ ᠳ᠋ᠢᠶᠠᠨ ᠰᠢᠶᠠᠩ ᠤᠨ ᠬᠠᠷᠢᠶᠠᠨ ᠳᠤ ᠪᠠᠶᠢᠬᠤ ᠭᠠᠵᠠᠯ ᠨᠢᠷᠤᠭᠤ ᠶᠢᠨ ᠨᠢᠴᠦᠬᠦᠨ ᠲᠦᠷᠪᠡᠨ ᠠᠭᠤᠯᠠ ᠎ ᠶᠢᠨ ᠨᠢᠬᠡᠳᠤᠬᠡᠷ ᠤᠷᠬᠢᠯ ᠮᠤᠬᠤᠷ ᠦᠨᠳᠤᠷ ︵ᠬᠢᠳᠠᠳ ᠢᠶᠠᠷ ᠳ᠋ᠠ ᠭᠤᠸᠠᠩ ᠳ᠋ᠢᠩ ᠱᠠᠨ ᠬᠡᠳᠡᠭ︶ ᠲᠠᠯᠠᠢ ᠶᠢᠨ ᠲᠦᠪᠰᠢᠨ ᠠᠴᠠ ᠲᠡᠭᠡᠭᠰᠢ 2067 m ᠡᠷᠬᠦᠭᠳᠡᠵᠤ᠂ ᠬᠡᠰᠢᠭᠳᠡᠨ ᠬᠤᠰᠢᠭᠤ᠂ ᠰᠦᠩ ᠱᠠᠨ ᠲᠤᠭᠤᠷᠢᠭ ᠪᠤᠯᠤᠨ ᠾᠧᠪᠸᠢ ᠮᠤᠵᠢ ᠶᠢᠨ ᠮᠠᠨᠵᠤ ᠮᠤᠩᠭᠤᠯ ᠦᠨᠳᠤᠰᠤᠳᠠᠨ ᠤ ᠦᠪᠡᠷᠳᠡᠬᠡᠨ ᠵᠠᠰᠠᠬᠤ ᠰᠢᠶᠠᠨ ᠤ ᠬᠢᠯᠢ ᠶᠢᠨ ᠵᠠᠭᠠᠭ ᠤᠨ ᠴᠢᠭ ᠪᠤᠯᠤᠨ᠎ᠠ᠃ ᠮᠦᠨ ᠴᠦ ᠬᠡᠰᠢᠭᠳᠡᠨ ᠬᠤᠰᠢᠭᠤᠨ ᠤ ᠬᠠᠮᠤᠭ ᠤᠨ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠬᠠᠮᠤᠭ ᠤᠨ ᠦᠨᠳᠤᠷ ᠤᠷᠬᠢᠯ ᠪᠤᠯᠤᠨ᠎ᠠ᠃       ᠬᠤᠩ ᠱᠠᠨ ᠴᠢ ᠰᠢᠶᠠᠩ ᠤᠨ ᠬᠠᠷᠢᠶᠠᠨ ᠤ ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠶᠢᠨ ᠤᠰᠤᠳᠤ ᠲᠦᠷᠪᠡᠨ ᠠᠭᠤᠯᠠ ᠶᠢᠨ ᠨᠢᠭᠡᠳᠤᠬᠡᠷ ᠤᠷᠬᠢᠯ ︵ᠬᠢᠳᠠᠳ ᠢᠶᠠᠷ ᠰᠢᠶᠤᠤ ᠰᠢ ᠲᠢᠶᠠᠨ︶ ᠲᠠᠯᠠᠢ ᠶᠢᠨ ᠲᠦᠪᠰᠢᠨ ᠠᠴᠠ ᠲᠡᠭᠡᠭᠰᠢ 2039.4 m ᠡᠷᠬᠦᠭᠳᠡᠵᠤ᠂ ᠬᠤᠩ ᠱᠠᠨ ᠽᠢ ᠰᠢᠶᠠᠩ᠂ ᠭᠤᠸᠠᠩ ᠰᠢᠩ ᠶᠤᠸᠠᠨ ᠰᠢᠶᠠᠩ ᠪᠤᠯᠤᠨ ᡁᠢ ᠷᠦᠢ ᠰᠢᠶᠠᠩ ᠤᠨ ᠵᠠᠭᠠᠭ ᠤᠨ ᠴᠢᠭ ᠪᠤᠯᠤᠨ᠎ᠠ᠃ ᠡᠨᠡ ᠨᠢ ᠬᠡᠰᠢᠭᠳᠡᠨ ᠬᠤᠰᠢᠭᠤᠨ ᠤ ᠬᠤᠶᠠᠳᠤᠭᠠᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠬᠤᠶᠠᠳᠤᠭᠠᠷ ᠦᠨᠳᠤᠷ ᠤᠷᠬᠢᠯ ᠪᠤᠯᠤᠨ᠎ᠠ᠃       ᠬᠤᠩ ᠱᠠᠨ ᠽᠢ ᠰᠢᠶᠠᠩ ᠤᠨ ᠳ᠋ᠠ ᠵᠢᠦᠢ ᠽᠢ ᠤᠢ ᠰᠢᠭᠤᠢ ᠶᠢᠨ ᠲᠠᠯᠠᠪᠠᠢ ᠶᠢᠨ ᠵᠡᠬᠦᠨ ᠬᠤᠶᠢᠨ᠎ᠠ ᠪᠠᠶᠢᠬᠤ ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠶᠢᠨ ᠤᠰᠤᠳᠤ ᠲᠦᠷᠪᠡᠨ ᠠᠭᠤᠯᠠ ᠶᠢᠨ ᠬᠤᠶᠠᠳᠤᠭᠠᠷ ᠤᠷᠬᠢᠯ ᠲᠠᠯᠠᠢ ᠎ ᠶᠢᠨ ᠲᠦᠪᠰᠢᠨ ᠠᠴᠠ ᠲᠡᠭᠡᠭᠰᠢ 2038 m ᠡᠷᠬᠦᠭᠳᠡᠵᠤ᠂ ᠬᠡᠰᠢᠭᠳᠡᠨ ᠬᠤᠰᠢᠭᠤᠨ ᠤ ᠭᠤᠷᠪᠠᠳᠤᠭᠠᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠭᠤᠷᠪᠠᠳᠤᠭᠠᠷ ᠦᠨᠳᠤᠷ ᠤᠷᠬᠢᠯ ᠪᠤᠯᠤᠨ᠎ᠠ᠃       ᠨᠠᠨ ᠳ᠋ᠢᠶᠠᠨ ᠰᠢᠶᠠᠩ ᠤᠨ ᠬᠡᠪᠴᠢᠶᠡᠨ ᠳᠠᠬᠢ ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠶᠢᠨ ᠨᠢᠴᠦᠬᠦᠨ ᠲᠦᠷᠪᠡᠨ ᠠᠭᠤᠯᠠ ᠶᠢᠨ ᠬᠤᠶᠠᠳᠤᠭᠠᠷ ᠠᠭᠤᠯᠠ ᠲᠠᠯᠠᠢ ᠶᠢᠨ ᠲᠦᠪᠰᠢᠨ ᠠᠴᠠ ᠲᠡᠭᠡᠭᠰᠢ 2037 m ᠡᠷᠬᠦᠭᠳᠡᠵᠤ᠂ ᠬᠡᠰᠢᠭᠳᠡᠨ ᠬᠤᠰᠢᠭᠤ ᠪᠤᠯᠤᠨ ᠰᠦᠩ ᠱᠠᠨ ᠲᠤᠭᠤᠷᠢᠭ ᠤᠨ ᠬᠢᠯᠢ ᠶᠢᠨ ᠵᠠᠭᠠᠭ ᠤᠨ ᠴᠢᠭ ᠪᠤᠯᠤᠨ᠎ᠠ᠃ ᠡᠨᠡ ᠨᠢ ᠬᠡᠰᠢᠭᠳᠡᠨ ᠤ ᠲᠦᠷᠪᠡᠳᠦᠬᠡᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠲᠦᠷᠪᠡᠳᠦᠬᠡᠷ ᠦᠨᠳᠤᠷ ᠤᠷᠬᠢᠯ ᠪᠤᠯᠤᠨ᠎ᠠ᠃       ᠨᠠᠨ ᠳ᠋ᠢᠶᠠᠨ ᠰᠢᠶᠠᠩ ᠤᠨ ᠴᠢᠩ ᠮᠠ ᠴᠠᠩ ᠬᠡᠬᠦ ᠭᠠᠵᠠᠷ ᠤᠨ ᠵᠡᠬᠦᠨ ᠬᠤᠶᠢᠨ᠎ᠠ ᠪᠠᠶᠢᠬᠤ ᠭᠠᠵᠠᠯ ᠨᠢᠷᠤᠭᠤ ᠎ ᠶᠢᠨ ᠦᠯᠡᠳᠡᠪᠤᠷᠢ ᠨᠢᠷᠤᠭᠤ ᠶᠢᠨ ᠨᠢᠴᠦᠬᠦᠨ ᠲᠦᠷᠪᠡᠨ ᠠᠭᠤᠯᠠ ᠶᠢᠨ ᠭᠤᠷᠪᠠᠳᠤᠭᠠᠷ ᠠᠭᠤᠯᠠ ᠲᠠᠯᠠᠢ ᠶᠢᠨ ᠲᠦᠪᠰᠢᠨ ᠠᠴᠠ ᠲᠡᠭᠡᠭᠰᠢ 2031 m ᠡᠷᠬᠦᠭᠳᠡᠵᠤ᠂ ᠬᠡᠰᠢᠭᠳᠡᠨ ᠬᠤᠰᠢᠭᠤᠨ ᠤ ᠲᠠᠪᠤᠳᠤᠭᠠᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠲᠠᠪᠤᠳᠤᠭᠠᠷ ᠦᠨᠳᠤᠷ ᠤᠷᠬᠢᠯ ᠪᠤᠯᠤᠨ᠎ᠠ᠃       ᠮᠤᠰᠬᠢᠭᠤ ᠰᠢᠶᠠᠩ ᠤᠨ ᠬᠠᠷᠢᠶᠠᠨ ᠤ ᠶᠡᠭᠡ ᠬᠢᠩᠭᠠᠨ ᠲᠠᠪᠠᠭ᠎ᠠ ᠶᠢᠨ ᠰᠠᠯᠪᠤᠷᠢ ᠬᠤᠩᠭᠤ ᠠᠭᠤᠯᠠ ᠨᠢᠷᠤᠭᠤ ᠎ ᠶᠢᠨ ᠴᠤᠬᠤᠢ ᠬᠠᠶᠢᠷᠬᠠᠨ ᠠᠭᠤᠯᠠ ᠲᠠᠯᠠᠢ ᠶᠢᠨ ᠲᠦᠪᠰᠢᠨ ᠠᠴᠠ ᠲᠡᠭᠡᠭᠰᠢ 2029 m ᠡᠷᠬᠦᠭᠳᠡᠵᠤ᠂ ᠬᠡᠰᠢᠭᠳᠡᠨ ᠬᠤᠰᠢᠭᠤᠨ ᠤ ᠵᠢᠷᠭᠤᠳᠤᠭᠠᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠵᠢᠷᠭᠤᠳᠤᠭᠠᠷ ᠦᠨᠳᠤᠷ ᠤᠷᠬᠢᠯ ᠪᠤᠯᠤᠨ᠎ᠠ᠃       ᠨᠠᠨ ᠳ᠋ᠢᠶᠠᠨ ᠰᠢᠶᠠᠩ ᠤᠨ ᠬᠠᠷᠢᠶᠠᠨ ᠤ ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠶᠢᠨ ᠨᠢᠴᠦᠬᠦᠨ ᠲᠦᠷᠪᠡᠨ ᠠᠭᠤᠯᠠ ᠶᠢᠨ ᠲᠦᠷᠪᠡᠳᠦᠬᠡᠷ ᠠᠭᠤᠯᠠ ᠲᠠᠯᠠᠢ ᠶᠢᠨ ᠲᠦᠪᠰᠢᠨ ᠠᠴᠠ ᠲᠠᠭᠡᠭᠰᠢ 2025 m ᠡᠷᠬᠦᠭᠳᠡᠵᠤ᠂ ᠬᠡᠰᠢᠭᠳᠡᠨ ᠬᠤᠰᠢᠭᠤ ᠪᠤᠯᠤᠨ ᠾᠧᠪᠸᠢ ᠮᠤᠵᠢ ᠶᠢᠨ ᠮᠠᠨᠵᠤ ᠮᠤᠩᠭᠤᠯ ᠦᠨᠳᠤᠰᠤᠳᠠᠨ ᠤ ᠦᠪᠡᠷᠳᠡᠬᠡᠨ ᠵᠠᠰᠠᠬᠤ ᠰᠢᠶᠠᠨ ᠤ ᠬᠢᠯᠢ ᠶᠢᠨ ᠵᠠᠭᠠᠭ ᠤᠨ ᠴᠢᠭ ᠪᠤᠯᠤᠨ᠎ᠠ᠃ ᠮᠦᠨ ᠴᠦ ᠬᠡᠰᠢᠭᠳᠡᠨ ᠬᠤᠰᠢᠭᠤᠨ ᠤ ᠲᠤᠯᠤᠳᠤᠭᠠᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠲᠤᠯᠤᠳᠤᠭᠠᠷ ᠦᠨᠳᠤᠷ ᠤᠷᠬᠢᠯ ᠪᠤᠯᠤᠨ᠎ᠠ᠃       ᠬᠤᠩ ᠱᠠᠨ ᠽᠢ ᠰᠢᠶᠠᠩ ᠤᠨ ᠬᠠᠷᠢᠶᠠᠨ ᠤ ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠶᠢᠨ ᠲᠡᠮᠡᠬᠡᠳᠤ ᠎ ᠶᠢᠨ ᠠᠭᠤᠯᠠ ᠲᠠᠯᠠᠢ ᠶᠢᠨ ᠲᠦᠪᠰᠢᠨ ᠠᠴᠠ ᠲᠡᠭᠡᠭᠰᠢ 2017 m ᠡᠷᠬᠦᠭᠳᠡᠵᠤ᠂ ᠬᠡᠰᠢᠭᠳᠡᠨ ᠬᠤᠰᠢᠭᠤᠨ ᠤ ᠨᠠᠢᠮᠠᠳᠤᠭᠠᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠶᠢᠰᠦᠳᠦᠬᠡᠷ ᠦᠨᠳᠤᠷ ᠤᠷᠬᠢᠯ ᠪᠤᠯᠤᠨ᠎ᠠ᠃       ᠬᠤᠩ ᠱᠠᠨ ᠽᠢ ᠰᠢᠶᠠᠩ ᠤᠨ ᠵᠠᠭᠠᠭ ᠲᠡᠭᠡᠷ᠎ᠡ ᠪᠠᠶᠢᠬᠤ ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠶᠢᠨ ᠤᠰᠤᠳᠤ ᠲᠦᠷᠪᠡᠨ ᠠᠭᠤᠯᠠ ᠶᠢᠨ ᠭᠤᠷᠪᠠᠳᠤᠭᠠᠷ ᠠᠭᠤᠯᠠ ᠲᠠᠯᠠᠢ ᠶᠢᠨ ᠲᠦᠪᠰᠢᠨ ᠠᠴᠠ ᠲᠡᠭᠡᠭᠰᠢ 2008 m ᠡᠷᠬᠦᠭᠳᠡᠵᠤ᠂ ᠬᠤᠩ ᠱᠠᠨ ᠽᠢ ᠰᠢᠶᠠᠩ᠂ ᠭᠤᠸᠠᠩ ᠰᠢᠩ ᠶᠤᠸᠠᠨ ᠰᠢᠶᠠᠩ ᠪᠤᠯᠤᠨ ᡁᠢ ᠷᠦᠢ ᠰᠢᠶᠠᠩ ᠤᠨ ᠵᠠᠭᠠᠭ ᠎ ᠤᠨ ᠴᠢᠭ ᠪᠤᠯᠤᠨ᠎ᠠ᠃ ᠮᠦᠨ ᠴᠦ ᠬᠡᠰᠢᠭᠳᠡᠨ ᠬᠤᠰᠢᠭᠤᠨ ᠤ ᠶᠢᠰᠦᠳᠦᠬᠡᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠶᠢᠨ ᠠᠷᠪᠠᠳᠤᠭᠠᠷ ᠦᠨᠳᠤᠷ ᠤᠷᠬᠢᠯ ᠪᠤᠯᠤᠨ᠎ᠠ᠃       ᠬᠤᠩ ᠱᠠᠨ ᠽᠢ ᠰᠢᠶᠠᠩ ᠤᠨ ᠬᠠᠷᠢᠶᠠᠨ ᠤ ᠭᠠᠵᠠᠯ ᠨᠢᠷᠤᠭᠤ ᠶᠢᠨ ᠦᠯᠡᠳᠡᠪᠤᠷᠢ ᠨᠢᠷᠤᠭᠤ ᠤᠰᠤᠳᠤ ᠲᠦᠷᠪᠡᠨ ᠠᠭᠤᠯᠠ ᠶᠢᠨ ᠲᠦᠷᠪᠡᠳᠦᠬᠡᠷ ᠠᠭᠤᠯᠠ ᠲᠠᠯᠠᠢ ᠢᠶᠠᠷ ᠲᠦᠪᠰᠢᠨ ᠠᠴᠠ ᠲᠡᠭᠡᠭᠰᠢ 2006 m ᠦᠨᠳᠤᠷ ᠡᠷᠬᠦᠭᠳᠡᠵᠤ᠂ ᠬᠡᠰᠢᠭᠳᠡᠨ ᠬᠤᠰᠢᠭᠤᠨ ᠤ ᠠᠷᠪᠠᠳᠤᠭᠠᠷ ᠦᠨᠳᠤᠷ ᠠᠭᠤᠯᠠ ᠪᠤᠯᠬᠤ ᠪᠦᠬᠡᠳ ᠤᠯᠠᠭᠠᠨᠬᠠᠳᠠ ᠬᠤᠳᠠ ᠎ ᠶᠢᠨ ᠠᠷᠪᠠᠨ ᠨᠢᠭᠡᠳᠦᠬᠡᠷ ᠦᠨᠳᠤᠷ ᠤᠷᠬᠢᠯ ᠪᠤᠯᠤᠨ᠎ᠠ᠃       ⒉ ᠮᠢᠩᠭ᠎ᠠ ᠶᠢᠰᠦᠨ ᠵᠠᠭᠤ ᠠᠴᠠ ᠬᠤᠶᠠᠷ ᠮᠢᠩᠭᠠᠨ ᠮᠧᠲᠷ ᠦᠨᠳᠤᠷ ᠠᠭᠤᠯᠠ ᠬᠠᠶᠢᠷᠬᠠᠨ       1902 m᠎ ᠠᠴᠠ 1999.2 m᠎ ᠤᠨ ᠬᠤᠭᠤᠷᠤᠨᠳᠤᠬᠢ ᠦᠨᠳᠤᠷ ᠠᠭᠤᠯᠠ ᠬᠠᠶᠢᠷᠬᠠᠨ 22 ᠪᠠᠶᠢᠨ᠎ᠠ᠃       ᠪᠠᠶᠠᠨᠴᠠᠭᠠᠨ ᠰᠤᠮᠤ ᠪᠤᠯᠤᠨ ᠮᠤᠰᠬᠢᠭᠤ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠦᠷᠬᠦᠯᠵᠢᠯᠡᠯ ᠤᠨ ᠲᠠᠪᠠᠭ᠎ᠠ ᠶᠢᠨ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1999.2 m ᠡᠷᠬᠦᠭᠳᠡᠵᠤ ᠪᠠᠶᠢᠳᠠᠭ᠃       ᠭᠤᠸᠠᠩ ᠰᠢᠩ ᠶᠤᠸᠠᠨ ᠰᠢᠶᠠᠩ ᠤᠨ ᠤᠨᠢᠳᠤ ᠶᠢᠨ ᠡᠬᠢ ᠶᠢᠨ ᠤᠨᠢᠳᠤ ᠶᠢᠨ ᠠᠭᠤᠯᠠ ᠲᠠᠯᠠᠢ ᠶᠢᠨ ᠲᠦᠪᠰᠢᠨ ᠠᠴᠠ ᠲᠡᠭᠡᠭᠰᠢ 1986 m ᠡᠷᠬᠦᠭᠳᠡᠵᠤ ᠪᠠᠶᠢᠳᠠᠭ᠃       ᠮᠤᠰᠬᠢᠭᠤ᠂ ᠰᠢᠨ ᠮᠢᠶᠤᠤ ᠰᠢᠶᠠᠩ ︵ᠰᠢᠨ᠎ᠡ ᠰᠦᠮ᠎ᠡ︶ ᠪᠤᠯᠤᠨ ᠭᠠᠯᠳᠠᠰᠤᠳᠠᠢ ᠷᠠᠰᠢᠶᠠᠨ ᠪᠠᠯᠭᠠᠰᠤ ᠶᠢᠨ ᠵᠠᠭᠠᠭ ᠤᠨ ᠴᠢᠭ᠂ ᠭᠠᠯᠳᠠᠰᠤᠳᠠᠢ ᠶᠢᠨ ᠬᠠᠶᠢᠷᠬᠠᠨ ︵ᠬᠡᠰᠢᠭᠳᠡᠨ ᠤ ᠲᠠᠪᠤᠨ ᠶᠡᠭᠡ ᠬᠠᠶᠢᠷᠬᠠᠨ ᠤ ᠨᠢᠭᠡ︶ ᠲᠠᠯᠠᠢ ᠎ ᠶᠢᠨ ᠲᠦᠪᠰᠢᠨ ᠠᠴᠠ ᠲᠡᠭᠡᠭᠰᠢ 1967 m ᠡᠷᠬᠦᠭᠳᠡᠵᠤ ᠪᠠᠶᠢᠳᠠᠭ᠃       ᡁᠢ ᠷᠦᠢ ᠰᠢᠶᠠᠩ ᠪᠤᠯᠤᠨ ᠬᠤᠩ ᠱᠠᠨ ᠽᠢ ᠰᠢᠶᠠᠩ ᠤᠨ ᠵᠠᠭᠠᠭ ᠤᠨ ᠴᠢᠭ᠂ ᠭᠠᠵᠠᠯ ᠨᠢᠷᠤᠭᠤ ᠶᠢᠨ ᠨᠡᠷ᠎ᠡ ᠦᠭᠡᠢ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1963.4 m ᠡᠷᠬᠦᠭᠳᠡᠵᠤ ᠪᠠᠶᠢᠳᠠᠭ᠃       ᠨᠠᠨ ᠳ᠋ᠢᠶᠠᠨ ᠰᠢᠶᠠᠩ ᠤᠨ ᠴᠢᠩ ᠮᠠ ᠴᠠᠩ ᠤᠨ ᠵᠡᠬᠦᠨ ᠬᠤᠶᠢᠨ᠎ᠠ ᠪᠠᠶᠢᠬᠤ ᠦᠶᠡᠷ ᠤᠨ ᠦᠨᠳᠤᠷ ᠲᠠᠯᠠᠢ ᠎ ᠶᠢᠨ ᠲᠦᠪᠰᠢᠨ ᠠᠴᠠ ᠲᠡᠭᠡᠭᠰᠢ 1961 m ᠡᠷᠬᠦᠭᠳᠡᠵᠤ ᠪᠠᠶᠢᠳᠠᠭ᠃ ᠯᠢᠦ ᠯᠢᠨ ᠰᠢᠶᠠᠩ ᠪᠤᠯᠤᠨ ᠲᠢᠶᠠᠨ ᠱᠧᠩ ᠬᠤᠤ ᠰᠢᠶᠠᠩ ᠤᠨ ᠵᠠᠭᠠᠭ ᠤᠨ ᠴᠢᠭ᠂ ᠲᠤᠭᠤᠭ᠎ᠠ ᠶᠢᠨ ᠬᠠᠶᠢᠷᠬᠠᠨ ︵ᠬᠡᠰᠢᠭᠳᠡᠨ ᠤ ᠲᠠᠪᠤᠨ ᠶᠡᠭᠡ ᠬᠠᠶᠢᠷᠬᠠᠨ ᠤ ᠨᠢᠭᠡ᠂ ᠶᠡᠷᠦᠩᠬᠡᠶᠢᠯᠡᠨ ᠶᠤᠪᠤᠷ ᠠᠭᠤᠯᠠ ᠬᠡᠵᠤ ᠲᠠᠭᠤᠳᠠᠳᠠᠭ︶ ᠲᠠᠯᠠᠢ ᠶᠢᠨ ᠲᠦᠪᠰᠢᠨ ᠠᠴᠠ ᠲᠡᠭᠡᠭᠰᠢ 1960.1 m ᠡᠷᠬᠦᠭᠳᠡᠵᠤ ᠪᠠᠶᠢᠳᠠᠭ᠃       ᠰᠢᠨ ᠮᠢᠶᠤᠤ ᠰᠢᠶᠠᠩ ᠪᠤᠯᠤᠨ ᠮᠤᠰᠬᠢᠭᠤ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠎ ᠶᠢᠨ ᠠᠷᠤ ᠴᠠᠭᠠᠨ ᠠᠭᠤᠯᠠ ᠲᠠᠯᠠᠢ ᠶᠢᠨ ᠲᠦᠪᠰᠢᠨ ᠠᠴᠠ ᠲᠡᠭᠡᠭᠰᠢ 1959 m ᠡᠷᠬᠦᠭᠳᠡᠵᠤ ᠪᠠᠶᠢᠳᠠᠭ᠃       ᠰᠢᠨ ᠮᠢᠶᠤᠤ ᠰᠢᠶᠠᠩ᠂ ᠮᠤᠰᠬᠢᠭᠤ ᠰᠢᠶᠠᠩ ᠪᠤᠯᠤᠨ ᠲᠠᠯᠠᠶᠢᠨᠠᠭᠤᠷ ᠪᠠᠯᠭᠠᠰᠤ ᠶᠢᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠲᠠᠶᠢᠵᠢ ᠶᠢᠨ ᠲᠠᠪᠠᠭ᠎ᠠ ᠲᠠᠯᠠᠢ ᠶᠢᠨ ᠲᠦᠪᠰᠢᠨ ᠠᠴᠠ ᠲᠡᠭᠡᠭᠰᠢ 1958.8 m ᠡᠷᠬᠦᠭᠳᠡᠵᠤ ᠪᠠᠶᠢᠳᠠᠭ᠃       ᠮᠤᠰᠬᠢᠭᠤ ᠰᠢᠶᠠᠩ ᠤᠨ ᠤᠪᠤᠭᠠᠳᠤ ᠶᠢᠨ ᠭᠤᠤ ᠶᠢᠨ ᠮᠤᠩᠭᠤᠯ ᠠᠶᠢᠯ ᠤᠨ ᠡᠬᠢᠨ ᠳᠠᠬᠢ ᠦᠷᠬᠦᠯᠵᠢᠯᠡᠯ ᠤᠨ ᠲᠠᠪᠠᠭ᠎ᠠ ᠶᠢᠨ ᠤᠪᠤᠭᠠᠳᠤ ᠶᠢᠨ ᠦᠨᠳᠤᠷ ᠲᠠᠯᠠᠢ ᠶᠢᠨ ᠲᠦᠪᠰᠢᠨ ᠠᠴᠠ ᠲᠡᠭᠡᠭᠰᠢ 1957.4 m ᠡᠷᠬᠦᠭᠳᠡᠵᠤ ᠪᠠᠶᠢᠳᠠᠭ᠃       ᠬᠤᠩ ᠱᠠᠨ ᠽᠢ ᠰᠢᠶᠠᠩ ᠤᠨ ᠳ᠋ᠠ ᠵᠢᠦᠢ ᠽᠢ ᠤᠢ ᠰᠢᠭᠤᠢ ᠶᠢᠨ ᠲᠠᠯᠠᠪᠠᠢ ᠶᠢᠨ ᠪᠠᠷᠠᠭᠤᠨ ᠬᠤᠶᠢᠨᠠᠬᠢ ᠨᠡᠷ᠎ᠡ ᠦᠭᠡᠢ ᠨᠢᠬᠡᠨ ᠦᠨᠳᠦᠷᠯᠢᠭ ︵ᠭᠠᠵᠠᠯ ᠨᠢᠷᠤᠭᠤ ᠶᠢᠨ ᠨᠢᠬᠡᠨ ᠦᠨᠳᠦᠷᠯᠢᠭ︶ ᠲᠠᠯᠠᠢ ᠶᠢᠨ ᠲᠦᠪᠰᠢᠨ ᠠᠴᠠ ᠲᠡᠭᠡᠭᠰᠢ 1947 m ᠡᠷᠬᠦᠭᠳᠡᠵᠤ ᠪᠠᠶᠢᠳᠠᠭ᠃       ᠭᠠᠯᠳᠠᠰᠤᠳᠠᠢ ᠷᠠᠰᠢᠶᠠᠨ ᠪᠠᠯᠭᠠᠰᠤ ᠪᠤᠯᠤᠨ ᠮᠤᠰᠬᠢᠭᠤ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠨᠡᠷ᠎ᠡ ᠦᠭᠡᠢ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1943 m ᠡᠷᠬᠦᠭᠳᠡᠵᠤ ᠪᠠᠶᠢᠳᠠᠭ᠃       ᠪᠠᠶᠠᠨᠴᠠᠭᠠᠨ ᠰᠤᠮᠤ ᠪᠤᠯᠤᠨ ᠮᠤᠰᠬᠢᠭᠤ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠴᠠᠮᠬᠠᠭ ᠤᠨ ᠦᠨᠳᠤᠷ ᠲᠠᠯᠠᠢ ᠶᠢᠨ ᠲᠦᠪᠰᠢᠨ ᠠᠴᠠ ᠲᠡᠭᠡᠭᠰᠢ 1942 m ᠡᠷᠬᠦᠭᠳᠡᠵᠤ ᠪᠠᠶᠢᠳᠠᠭ᠃       ᠮᠤᠰᠬᠢᠭᠤ ᠰᠢᠶᠠᠩ ᠤᠨ ᠬᠠᠷᠢᠶᠠᠨ ᠤ ᠬᠤᠩᠭᠤ ᠠᠭᠤᠯᠠ ᠨᠢᠷᠤᠭᠤ ᠶᠢᠨ ᠬᠤᠩᠭᠤ ᠠᠭᠤᠯᠠ ︵ᠬᠢᠳᠠᠳ ᠢᠶᠠᠷ ᠶᠤᠸᠠᠨ ᠳ᠋ᠠᠨ ᠽᠢ ᠱᠠᠨ ᠬᠡᠳᠡᠭ︶ ᠲᠠᠯᠠᠢ ᠶᠢᠨ ᠲᠦᠪᠰᠢᠨ ᠠᠴᠠ ᠲᠠᠭᠡᠭᠰᠢ 1940 m ᠡᠷᠬᠦᠭᠳᠡᠵᠤ ᠪᠠᠶᠢᠳᠠᠭ᠃       ᡁᠢ ᠷᠦᠢ ᠰᠢᠶᠠᠩ ᠪᠤᠯᠤᠨ ᠬᠤᠩ ᠱᠠᠨ ᠽᠢ ᠰᠢᠶᠠᠩ ᠤᠨ ᠵᠠᠭᠠᠭ ᠤᠨ ᠴᠢᠭ᠂ ᠭᠠᠵᠠᠯ ᠨᠢᠷᠤᠭᠤ ᠶᠢᠨ ᠨᠡᠷ᠎ᠡ ᠦᠭᠡᠢ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1939 m ᠡᠷᠬᠦᠭᠳᠡᠵᠤ ᠪᠠᠶᠢᠳᠠᠭ᠃       ᠪᠠᠶᠠᠨᠴᠠᠭᠠᠨ ᠰᠤᠮᠤ ᠪᠤᠯᠤᠨ ᠮᠤᠰᠬᠢᠭᠤ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠬᠠᠶᠢᠯᠠᠰᠤᠳᠠᠢ ᠶᠢᠨ ᠲᠠᠪᠠᠭ᠎ᠠ ᠲᠠᠯᠠᠢ ᠶᠢᠨ ᠲᠦᠪᠰᠢᠨ ᠠᠴᠠ ᠲᠡᠭᠡᠭᠰᠢ 1929 m ᠡᠷᠬᠦᠭᠳᠡᠵᠤ ᠪᠠᠶᠢᠳᠠᠭ᠃       ᠤᠯᠠᠭᠠᠨ ᠪᠤᠳᠤᠩ ᠰᠢᠶᠠᠩ ᠪᠤᠯᠤᠨ ᡁᠢ ᠷᠦᠢ ᠰᠢᠶᠠᠩ ᠤᠨ ᠵᠠᠭᠠᠭ ᠤᠨ ᠴᠢᠭ᠂ ᠭᠠᠵᠠᠯ ᠨᠢᠷᠤᠭᠤ ᠶᠢᠨ ᠨᠡᠷ᠎ᠡ ᠦᠭᠡᠢ ᠨᠢᠬᠡᠨ ᠦᠨᠳᠦᠷᠯᠢᠭ‌‍ᠲ᠋ᠠᠯᠠᠢ ᠶᠢᠨ ᠲᠦᠪᠰᠢᠨ ᠠᠴᠠ ᠲᠡᠭᠡᠭᠰᠢ1921 m ᠡᠷᠬᠦᠭᠳᠡᠵᠤ ᠪᠠᠶᠢᠳᠠᠭ᠃       ᠨᠠᠨ ᠳ᠋ᠢᠶᠠᠨ ᠰᠢᠶᠠᠩ ᠤᠨ ᠬᠠᠷᠢᠶᠠᠨ ᠤ ᠲᠦᠰᠢ ᠠᠭᠤᠯᠠ ︵ᠬᠢᠳᠠᠳ ᠢᠶᠠᠷ ᠵᠧᠨ ᠽᠢ ᠱᠠᠨ︶ ᠲᠠᠯᠠᠢ ᠶᠢᠨ ᠲᠦᠪᠰᠢᠨ ᠠᠴᠠ ᠲᠡᠭᠡᠭᠰᠢ 1912 m ᠡᠷᠬᠦᠭᠳᠡᠵᠤ ᠪᠠᠶᠢᠳᠠᠭ᠃       ᠰᠢᠨ ᠮᠢᠶᠤᠤ ᠰᠢᠶᠠᠩ᠂ ᠰᠠᠨ ᠢ ᠰᠢᠶᠠᠩ ᠪᠤᠯᠤᠨ ᠲᠠᠯᠠᠶᠢᠨᠠᠭᠤᠷ ᠪᠠᠯᠭᠠᠰᠤ ᠶᠢᠨ ᠵᠠᠭᠠᠭ ᠤᠨ ᠴᠢᠭ᠂ ᠬᠤᠩᠭᠤ ᠠᠭᠤᠯᠠ ᠶᠢᠨ ᠦᠩᠬᠦᠷᠢᠬᠦ ᠶᠢᠨ ᠲᠠᠪᠠᠭ᠎ᠠ ᠲᠠᠯᠠᠢ ᠶᠢᠨ ᠲᠦᠪᠰᠢᠨ ᠠᠴᠠ ᠲᠡᠭᠡᠭᠰᠢ 1908 m ᠡᠷᠬᠦᠭᠳᠡᠵᠤ ᠪᠠᠶᠢᠳᠠᠭ᠃       ᠪᠠᠶᠠᠨᠴᠠᠭᠠᠨ ᠰᠤᠮᠤ ᠪᠤᠯᠤᠨ ᠮᠤᠰᠬᠢᠭᠤ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠮᠤᠷᠢᠨ ᠲᠡᠭᠡᠭᠡ ᠶᠢᠨ ᠲᠠᠪᠠᠭ᠎ᠠ ᠲᠠᠯᠠᠢ ᠶᠢᠨ ᠲᠦᠪᠰᠢᠨ ᠠᠴᠠ ᠲᠡᠭᠡᠭᠰᠢ 1903 m ᠡᠷᠬᠦᠭᠳᠡᠵᠤ ᠪᠠᠶᠢᠳᠠᠭ᠃       ᠯᠢᠤ ᠯᠢᠨ ᠰᠢᠶᠠᠩ ᠪᠤᠯᠤᠨ ᠲᠢᠶᠠᠨ ᠱᠧᠩ ᠬᠤᠤ ᠰᠢᠶᠠᠩ ᠤᠨ ᠵᠠᠭᠠᠭ ᠤᠨ ᠴᠢᠭ᠂ ᠰᠡᠴᠢᠭ ᠦᠨᠳᠤᠷ ︵ᠬᠢᠳᠠᠳ ᠢᠶᠠᠷ ᠵᠢᠢ ᠭᠤᠸᠠᠨ ᠱᠠᠨ︶ ᠲᠠᠯᠠᠢ ᠶᠢᠨ ᠲᠦᠪᠰᠢᠨ ᠠᠴᠠ ᠲᠡᠭᠡᠭᠰᠢ 1902 m ᠡᠷᠬᠦᠭᠳᠡᠵᠤ ᠪᠠᠶᠢᠳᠠᠭ᠃      ⒊ ᠮᠢᠩᠭ᠎ᠠ ᠨᠠᠢᠮᠠᠨ ᠵᠠᠭᠤ ᠠᠴᠠ ᠮᠢᠩᠭ᠎ᠠ ᠶᠢᠰᠤᠨ ᠵᠠᠭᠤᠨ ᠮᠧᠲᠷ ᠦᠨᠳᠤᠷ ᠠᠭᠤᠯᠠ ᠬᠠᠶᠢᠷᠬᠠᠨ       1801.2 m᠎ ᠠᠴᠠ 1899 m᠎ ᠤᠨ ᠬᠤᠭᠤᠷᠤᠨᠳᠤᠬᠢ ᠦᠨᠳᠤᠷ ᠠᠭᠤᠯᠠ ᠬᠠᠶᠢᠷᠬᠠᠨ 21 ᠪᠠᠶᠢᠨ᠎ᠠ᠃       ᡁᠢ ᠷᠦᠢ ᠰᠢᠶᠠᠩ ᠤᠨ ᠯᠤᠤ ᠸᠧ ᠫᠦ᠋ ᠶᠢᠨ ᠲᠠᠪᠠᠭ᠎ᠠ ᠲᠠᠯᠠᠢ ᠶᠢᠨ ᠲᠦᠪᠰᠢᠨ ᠠᠴᠠ ᠲᠡᠭᠡᠭᠰᠢ 1899 m ᠡᠷᠬᠦᠭᠳᠡᠵᠤ ᠪᠠᠶᠢᠳᠠᠭ᠃       ᠬᠡᠰᠢᠭᠳᠡᠨ ᠬᠤᠰᠢᠭᠤᠨ ᠤ ᠨᠠᠨ ᠳ᠋ᠢᠶᠠᠨ ᠰᠢᠶᠠᠩ ᠤᠨ ᠰᠠᠶᠢᠬᠠᠨ ᠬᠠᠶᠢᠷᠬᠠᠨ ᠤ ᠵᠤ ᠶᠢᠨ ᠨᠢᠬᠡᠨ ᠦᠨᠳᠦᠷᠯᠢᠭ ︵ᠶᠡᠷᠦᠩᠬᠡᠶᠢᠯᠡᠨ ᠰᠠᠶᠢᠬᠠᠨ ᠬᠠᠶᠢᠷᠬᠠᠨ ᠤ ᠵᠤ ᠬᠡᠳᠡᠭ︶ ᠲᠠᠯᠠᠢ ᠶᠢᠨ ᠲᠦᠪᠰᠢᠨ ᠠᠴᠠ ᠲᠡᠭᠡᠭᠰᠢ 1884 m ᠡᠷᠬᠦᠭᠳᠡᠵᠤ ᠪᠠᠶᠢᠳᠠᠭ᠃       ᡁᠢ ᠷᠦᠢ ᠰᠢᠶᠠᠩ ᠪᠤᠯᠤᠨ ᠬᠤᠩ ᠱᠠᠨ ᠽᠢ ᠰᠢᠶᠠᠩ ᠤᠨ ᠵᠠᠭᠠᠭ ᠤᠨ ᠴᠢᠭ᠂ ᠭᠠᠵᠠᠯ ᠨᠢᠷᠤᠭᠤ ᠶᠢᠨ ᠨᠡᠷ᠎ᠡ ᠦᠭᠡᠢ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1883 m ᠡᠷᠬᠦᠭᠳᠡᠵᠤ ᠪᠠᠶᠢᠳᠠᠭ᠃       ᠤᠤᠯ ᠤᠨ ᠪᠠᠶᠠᠩᠭᠤᠤᠯ ᠰᠤᠮᠤᠨ ᠤ ᠵᠡᠬᠦᠨ ᠬᠠᠶᠢᠷᠬᠠᠨ ︵ᠬᠡᠰᠢᠭᠳᠡᠨ ᠤ ᠲᠠᠪᠤᠨ ᠬᠠᠶᠢᠷᠬᠠᠨ ᠤ ᠨᠢᠬᠡ᠂ ᠬᠢᠳᠠᠳ ᠢᠶᠠᠷ ᠪᠸᠢ ᠳ᠋ᠠ ᠱᠠᠨ︶ ᠲᠠᠯᠠᠢ ᠶᠢᠨ ᠲᠦᠪᠰᠢᠨ ᠠᠴᠠ ᠲᠡᠭᠡᠭᠰᠢ 1879.2 m ᠡᠷᠬᠦᠭᠳᠡᠵᠤ ᠪᠠᠶᠢᠳᠠᠭ᠃       ᠾᠧ ᠨᠠᠨ ᠳ᠋ᠢᠶᠠᠨ ᠰᠢᠶᠠᠩ ᠪᠤᠯᠤᠨ ᠰᠢᠨ ᠵᠢᠩ ᠰᠢᠶᠠᠩ ᠤᠨ ᠵᠠᠭᠠᠭ ᠤᠨ ᠴᠢᠭ᠂ ᠭᠤᠭᠤᠳ ᠤᠨ ᠦᠨᠳᠤᠷ ︵ᠬᠢᠳᠠᠳ ᠢᠶᠠᠷ ᠵᠢᠤ ᠼᠠᠢ ᠱᠠᠨ︶ ᠲᠠᠯᠠᠢ ᠶᠢᠨ ᠲᠦᠪᠰᠢᠨ ᠠᠴᠠ ᠲᠡᠭᠡᠭᠰᠢ 1876.6 m ᠡᠷᠬᠦᠭᠳᠡᠵᠤ ᠪᠠᠶᠢᠳᠠᠭ᠃       ᡁᠢ ᠷᠦᠢ ᠰᠢᠶᠠᠩ ᠤᠨ ᠬᠠᠷᠢᠶᠠᠨ ᠤ ᠰᠠᠶᠢᠬᠠᠨ ᠬᠠᠶᠢᠷᠬᠠᠨ ᠤ ᠵᠤ ᠶᠢᠨ ᠪᠦᠳᠦᠬᠦᠬᠡᠨ ︵ᠬᠢᠳᠠᠳ ᠢᠶᠠᠷ ᠳ᠋ᠠ ᠳ᠋ᠢᠩ ᠽᠢ ᠱᠠᠨ︶ ᠲᠠᠯᠠᠢ ᠶᠢᠨ ᠲᠦᠪᠰᠢᠨ ᠠᠴᠠ ᠲᠡᠭᠡᠭᠰᠢ 1874.9 m ᠡᠷᠬᠦᠭᠳᠡᠵᠤ ᠪᠠᠶᠢᠳᠠᠭ᠃ ᠬᠡᠰᠢᠭᠳᠡᠨ ᠬᠤᠰᠢᠭᠤ ᠪᠤᠯᠤᠨ ᠾᠧᠪᠸᠢ ᠮᠤᠵᠢ ᠶᠢᠨ ᠮᠠᠨᠵᠤ ᠮᠤᠩᠭᠤᠯ ᠦᠨᠳᠤᠰᠤᠳᠠᠨ ᠤ ᠦᠪᠡᠷᠳᠡᠬᠡᠨ ᠵᠠᠰᠠᠬᠤ ᠰᠢᠶᠠᠨ ᠤ ᠵᠠᠭᠠᠭ ᠤᠨ ᠲᠡᠮᠳᠡᠭ ᠪᠤᠯᠤᠨ᠎ᠠ᠃       ᠪᠠᠶᠠᠨᠴᠠᠭᠠᠨ ᠰᠤᠮᠤ ᠪᠤᠯᠤᠨ ᠲᠢᠶᠠᠨ ᠾᠧ ᠶᠤᠸᠠᠨ ᠰᠢᠶᠠᠩ ᠤᠨ ᠬᠢᠯᠢ ᠶᠢᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠦᠷᠬᠦᠯᠵᠢᠯᠡᠯ ᠤᠨ ᠲᠠᠪᠠᠭ᠎ᠠ ᠶᠢᠨ ᠨᠢᠬᠡᠨ ᠦᠨᠳᠦᠷᠯᠢᠭ ︵ᠶᠡᠷᠦᠩᠬᠡᠶᠢᠯᠡᠨ ᠦᠷᠬᠦᠯᠵᠢᠯᠡᠯ ᠤᠨ ᠲᠠᠪᠠᠭ᠎ᠠ ᠬᠡᠳᠡᠭ︶ ᠲᠠᠯᠠᠢ ᠶᠢᠨ ᠲᠦᠪᠰᠢᠨ ᠠᠴᠠ ᠲᠡᠭᠡᠭᠰᠢ 1873 m ᠡᠷᠬᠦᠭᠳᠡᠵᠤ ᠪᠠᠶᠢᠳᠠᠭ᠃       ᡁᠢ ᠷᠦᠢ ᠰᠢᠶᠠᠩ ᠤᠨ ᠬᠡᠪᠴᠢᠶᠠᠨ ᠳᠤ ᠪᠠᠶᠢᠬᠤ ᠰᠠᠶᠢᠬᠠᠨ ᠬᠠᠶᠢᠷᠬᠠᠨ ᠤ ᠵᠤ ᠶᠢᠨ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1870 m ᠡᠷᠬᠦᠭᠳᠡᠵᠤ ᠪᠠᠶᠢᠳᠠᠭ᠃       ᠤᠤᠯ ᠤᠨ ᠪᠠᠶᠠᠩᠭᠤᠤᠯ ᠰᠤᠮᠤ ᠪᠤᠯᠤᠨ ᠲᠢᠶᠠᠨ ᠾᠧ ᠶᠤᠸᠠᠨ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠪᠠᠷᠠᠭᠤᠨ ᠬᠠᠶᠢᠷᠬᠠᠨ ︵ᠬᠢᠳᠠᠳ ᠢᠶᠠᠷ ᠰᠢ ᠪᠸᠢ ᠱᠠᠨ︶ ᠲᠠᠯᠠᠢ ᠶᠢᠨ ᠲᠦᠪᠰᠢᠨ ᠠᠴᠠ ᠲᠡᠭᠡᠭᠰᠢ 1869 m ᠡᠷᠬᠦᠭᠳᠡᠵᠤ ᠪᠠᠶᠢᠳᠠᠭ᠃       ᠲᠠᠯᠠᠶᠢᠨᠠᠭᠤᠷ ᠪᠠᠯᠭᠠᠰᠤ ᠪᠤᠯᠤᠨ ᠰᠠᠨ ᠢ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠎ ᠶᠢᠨ ᠬᠦᠬᠡᠷᠬᠦ ᠶᠢᠨ ᠲᠠᠪᠠᠭ᠎ᠠ᠂ ᠲᠠᠯᠠᠢ ᠶᠢᠨ ᠲᠦᠪᠰᠢᠨ ᠠᠴᠠ ᠲᠡᠭᠡᠭᠰᠢ 1861 m ᠡᠷᠬᠦᠭᠳᠡᠵᠤ ᠪᠠᠶᠢᠳᠠᠭ᠃       ᠮᠤᠰᠬᠢᠭᠤ ᠰᠢᠶᠠᠩ ᠪᠤᠯᠤᠨ ᠢᠤᠢ ᠵᠸᠤ ᠳ᠋ᠢ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠎ ᠶᠢᠨ ᠨᠡᠷ᠎ᠡ ᠦᠭᠡᠢ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1858 m ᠡᠷᠬᠦᠭᠳᠡᠵᠤ ᠪᠠᠶᠢᠳᠠᠭ᠃       ᠮᠤᠰᠬᠢᠭᠤ ᠰᠢᠶᠠᠩ ᠤᠨ ᠬᠠᠷᠢᠶᠠᠨ ᠤ ᠬᠤᠩᠭᠤ ᠠᠭᠤᠯᠠ ᠨᠢᠷᠤᠭᠤ ᠶᠢᠨ ᠵᠢᠵᠢᠬᠡᠷ ᠤᠨ ᠦᠨᠳᠤᠷ ︵ᠬᠢᠳᠠᠳ ᠎ ᠢᠶᠠᠷ ᠮᠤ᠋ ᠶᠧ ᠱᠠᠨ︶ ᠲᠠᠯᠠᠢ ᠶᠢᠨ ᠲᠦᠪᠰᠢᠨ ᠠᠴᠠ ᠲᠡᠭᠡᠭᠰᠢ 1853 m ᠡᠷᠬᠦᠭᠳᠡᠵᠤ ᠪᠠᠶᠢᠳᠠᠭ᠃       ᠨᠠᠨ ᠳ᠋ᠢᠶᠠᠨ ᠰᠢᠶᠠᠩ ᠤᠨ ᠬᠠᠷᠢᠶᠠᠨ ᠤ ᠰᠠᠶᠢᠬᠠᠨ ᠬᠠᠶᠢᠷᠬᠠᠨ ᠤ ᠵᠤ ᠶᠢᠨ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1841 m ᠡᠷᠬᠦᠭᠳᠡᠵᠤ ᠪᠠᠶᠢᠳᠠᠭ᠃       ᠨᠠᠨ ᠳ᠋ᠢᠶᠠᠨ ᠰᠢᠶᠠᠩ ᠤᠨ ᠬᠠᠷᠢᠶᠠᠨ ᠤ ᠰᠠᠶᠢᠬᠠᠨ ᠬᠠᠶᠢᠷᠬᠠᠨ ᠤ ᠵᠤ ᠶᠢᠨ ᠨᠠᠷᠠᠰᠤᠳᠤ ᠶᠢᠨ ᠦᠨᠳᠤᠷ ︵ᠬᠢᠳᠠᠳ ᠢᠶᠠᠷ ᠬᠤᠩ ᠰᠦᠩ ᠸᠠ ᠬᠡᠬᠦ ᠭᠠᠵᠠᠷ ᠤᠨ ᠠᠷᠤ︶ ᠲᠠᠯᠠᠢ ᠶᠢᠨ ᠲᠦᠪᠰᠢᠨ ᠠᠴᠠ ᠲᠡᠭᠡᠭᠰᠢ 1837.9 m ᠡᠷᠬᠦᠭᠳᠡᠵᠤ ᠪᠠᠶᠢᠳᠠᠭ᠃       ᠤᠯᠠᠭᠠᠨ ᠪᠤᠳᠤᠩ ᠰᠢᠶᠠᠩ ᠤᠨ ᠬᠠᠷᠢᠶᠠᠨ ᠤ ᠭᠠᠵᠠᠯ ᠨᠢᠷᠤᠭᠤ ᠶᠢᠨ ᠬᠤᠩᠭᠤᠷ ᠦᠨᠳᠤᠷ ︵ᠬᠢᠳᠠᠳ ᠢᠶᠠᠷ ᠬᠦ᠋ ᠱᠠᠨ︶ ᠲᠠᠯᠠᠢ ᠶᠢᠨ ᠲᠦᠪᠰᠢᠨ ᠠᠴᠠ ᠲᠡᠭᠡᠭᠰᠢ 1837 m ᠡᠷᠬᠦᠭᠳᠡᠵᠤ ᠪᠠᠶᠢᠳᠠᠭ᠃       ᡁᠢ ᠷᠦᠢ ᠰᠢᠶᠠᠩ ᠤᠨ ᠬᠠᠷᠢᠶᠠᠨ ᠤ ᠰᠠᠶᠢᠬᠠᠨ ᠬᠠᠶᠢᠷᠬᠠᠨ ᠤ ᠵᠤ ᠶᠢᠨ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1833 m ᠡᠷᠬᠦᠭᠳᠡᠵᠤ ᠪᠠᠶᠢᠳᠠᠭ᠃       ᠪᠠᠶᠠᠨᠴᠠᠭᠠᠨ ᠰᠤᠮᠤ ᠪᠤᠯᠤᠨ ᠲᠢᠶᠠᠨ ᠾᠧ ᠶᠤᠸᠠᠨ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠶᠢᠨ ᠦᠷᠬᠦᠯᠵᠢᠯᠡᠯ ᠤᠨ ᠲᠠᠪᠠᠭ᠎ᠠ ᠶᠢᠨ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1831 m ᠡᠷᠬᠦᠭᠳᠡᠵᠤ ᠪᠠᠶᠢᠳᠠᠭ᠃       ᠨᠠᠨ ᠳ᠋ᠢᠶᠠᠨ ᠰᠢᠶᠠᠩ ᠤᠨ ᠬᠠᠷᠢᠶᠠᠨ ᠤ ᠰᠠᠶᠢᠬᠠᠨ ᠬᠠᠶᠢᠷᠬᠠᠨ ᠤ ᠵᠤ ᠶᠢᠨ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1811 m ᠡᠷᠬᠦᠭᠳᠡᠵᠤ ᠪᠠᠶᠢᠳᠠᠭ᠃       ᠮᠤᠰᠬᠢᠭᠤ ᠰᠢᠶᠠᠩ ᠪᠤᠯᠤᠨ ᠢᠤᠢ ᠵᠸᠤ ᠳ᠋ᠢ ᠰᠢᠶᠠᠩ ᠤᠨ ᠵᠠᠭᠠᠭ ᠤᠨ ᠴᠢᠭ᠂ ᠬᠤᠩᠭᠤ ᠠᠭᠤᠯᠠ ᠨᠢᠷᠤᠭᠤ ᠎ ᠶᠢᠨ ᠨᠡᠷ᠎ᠡ ᠦᠭᠡᠢ ᠨᠢᠬᠡᠨ ᠦᠨᠳᠦᠷᠯᠢᠭ ᠲᠠᠯᠠᠢ ᠶᠢᠨ ᠲᠦᠪᠰᠢᠨ ᠠᠴᠠ ᠲᠡᠭᠡᠭᠰᠢ 1803 m ᠡᠷᠬᠦᠭᠳᠡᠵᠤ ᠪᠠᠶᠢᠳᠠᠭ᠃       ᠤᠯᠠᠭᠠᠨ ᠪᠤᠳᠤᠩ᠂ ᠬᠠᠭᠤᠷᠠᠢ ᠬᠦᠷᠢᠶ᠎ᠡ ᠰᠢᠶᠠᠩ ᠪᠤᠯᠤᠨ ᠬᠤᠩ ᠱᠠᠨ ᠽᠢ ᠰᠢᠶᠠᠩ ᠤᠨ ᠵᠠᠭᠠᠭ ᠤᠨ ᠴᠢᠭ ᠂ ᠳ᠋ᠠ ᠵᠢᠩ ᠱᠠᠨ ᠠᠭᠤᠯᠠ ᠲᠠᠯᠠᠢ ᠶᠢᠨ ᠲᠦᠪᠰᠢᠨ ᠠᠴᠠ ᠲᠡᠭᠡᠭᠰᠢ 1801.2 m ᠡᠷᠬᠦᠭᠳᠡᠵᠤ ᠪᠠᠶᠢᠳᠠᠭ᠃       ᠲᠡᠭᠡᠷᠡᠬᠢ ᠠᠭᠤᠯᠠ ᠨᠢᠷᠤᠭᠤ ᠦᠨᠳᠤᠷ ᠤᠷᠬᠢᠯ ᠨᠢ ᠬᠡᠰᠢᠭᠳᠡᠨ ᠬᠤᠰᠢᠭᠤᠨ ᠤ ᠰᠦᠷᠯᠢᠭ ᠰᠠᠶᠢᠬᠠᠨ ᠦᠩᠬᠡ ᠦᠵᠡᠮᠵᠢ ᠪᠤᠯᠤᠭᠰᠠᠨ ᠪᠦᠬᠡᠳ ᠠᠷᠠᠳ ᠤᠯᠠᠨ ᠤ ᠤᠮᠤᠭ ᠪᠠᠭ᠋ᠠᠳᠤᠯ ᠪᠤᠯᠵᠠᠢ᠃ ᠠᠭᠤᠯᠠ ᠬᠠᠶᠢᠷᠬᠠᠨ ᠤ ᠡᠩᠬᠡᠷ ᠰᠤᠭᠤ᠂ ᠬᠦᠨᠳᠠᠢ ᠵᠢᠯᠠᠭ᠎ᠠ ᠪᠠᠷ ᠡᠯ᠎ᠡ ᠲᠦᠷᠦᠯ ᠤᠨ ᠤᠢ ᠮᠤᠳᠤ ᠰᠠᠬᠤᠯᠢᠭ ᠤᠷᠭᠤᠵᠤ ᠪᠠᠶᠢᠳᠠᠭ᠂ ᠡᠨᠡ ᠨᠢ ᠬᠡᠰᠢᠭᠳᠡᠨ ᠬᠤᠰᠢᠭᠤᠨ ᠤ ᠤᠢ ᠰᠢᠭᠤᠢ ᠶᠢᠨ ᠠᠵᠤ ᠦᠢᠯᠡᠰ ᠢ ᠴᠢᠨᠠᠭᠰᠢᠳᠠ ᠬᠦᠭᠵᠢᠬᠦᠯᠬᠦ ᠶᠢᠨ ᠴᠢᠬᠤᠯᠠ ᠨᠦᠬᠦᠴᠡᠯ ᠪᠤᠯᠬᠤ ᠶᠤᠮ᠃       ᠲᠤᠳᠤᠷᠬᠠᠶᠢᠯᠠᠬᠤ ᠨᠢ᠄ ᠭᠠᠵᠠᠯ ᠨᠢᠷᠤᠭᠤ ᠪᠤᠯᠤᠨ ᠬᠤᠩᠭᠤ ᠠᠭᠤᠯᠠ ᠨᠢᠷᠤᠭᠤ ᠶᠢᠨ ᠵᠠᠷᠢᠮ ᠭᠠᠵᠠᠷ ᠢ ᠶᠡᠷᠦᠩᠬᠡᠶᠢᠯᠡᠨ ᠲᠠᠭᠤᠳᠠᠳᠠᠭ᠂ ᠵᠢᠱᠢᠶᠠᠯᠠᠪᠠᠯ ᠰᠠᠶᠢᠬᠠᠨ ᠬᠠᠶᠢᠷᠬᠠᠨ ᠤ ᠵᠤ ᠨᠢ ᠪᠠᠷᠠᠭᠤᠨ ᠠᠴᠠ ᠵᠡᠬᠦᠨᠰᠢ ᠵᠠᠭᠤ ᠰᠢᠬᠠᠮ ᠭᠠᠵᠠᠷ ᠦᠷᠬᠦᠯᠵᠢᠯᠠᠵᠤ ᠮᠠᠰᠢ ᠤᠯᠠᠨ ᠦᠨᠳᠦᠷᠯᠢᠭ ᠪᠠᠶᠢᠬᠤ ᠪᠤᠯᠪᠠᠴᠤ ᠵᠠᠷᠢᠮ ᠨᠢ ᠨᠡᠷ᠎ᠡ ᠦᠭᠡᠢ᠃ ᠬᠤᠩᠭᠤ ᠠᠭᠤᠯᠠ ᠨᠢᠷᠤᠭᠤ ᠶᠢᠨ ᠦᠷᠬᠦᠯᠵᠢᠯᠡᠯ ᠤᠨ ᠲᠠᠪᠠᠭ᠎ᠠ ᠨᠢ ᠨᠡᠯᠢᠶᠡᠳ ᠤᠯᠠᠨ ᠦᠨᠳᠦᠷᠯᠢᠭ ᠨᠢ ᠪᠤᠳᠠᠳᠤ ᠲᠠᠭᠤᠳᠠᠯᠭ᠎ᠠ ᠦᠭᠡᠢ᠂ ᠮᠦᠨ ᠴᠦ ᠬᠤᠩᠭᠤ ᠠᠭᠤᠯᠠ ᠬᠡᠵᠤ ᠲᠠᠭᠤᠳᠠᠳᠠᠭ ᠶᠤᠮ᠃ ᠡᠶᠢᠮᠤ ᠠᠴᠠ ᠨᠡᠷ᠎ᠡ ᠦᠭᠡᠢ ᠦᠨᠳᠤᠷ ᠠᠭᠤᠯᠠ ᠎ ᠶᠢ ᠠᠳᠠ ᠪᠦᠷ ᠨᠢᠬᠡᠨ ᠦᠨᠳᠦᠷᠯᠢᠭ ᠬᠡᠵᠤ ᠲᠡᠮᠳᠡᠭᠯᠡᠵᠠᠢ᠃
 
ᠢᠷᠡᠯᠲᠡ᠄ ︽ᠬᠡᠰᠢᠭᠳᠡᠨ ᠤ ᠡᠷᠳᠡᠨ ᠡᠳᠦᠬᠡ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号