ᠴᠢᠩᠬᠢᠰ ᠬᠠᠭᠠᠨ ᠲᠦᠪᠡᠳ ᠢ ᠲᠠᠭᠠᠭᠤᠯᠤᠭᠰᠠᠨ ᠲᠤᠮᠤᠭ
ᠨᠡᠶᠢᠲᠡᠯᠡᠭᠰᠡᠨ ᠴᠠᠭ᠄
2014/5/8
 
       ᠡᠷᠳᠡ ᠤᠷᠢᠳᠤ ᠴᠠᠭ ᠲᠤ ᠡᠵᠡᠨ ᠴᠢᠩᠬᠢᠰ ᠲᠦᠪᠡᠳ ᠢ ᠤᠷᠤᠭᠤᠯᠵᠤ ᠠᠪᠬᠤ ᠳᠠᠭᠠᠨ ᠪᠠᠶᠢᠯᠳᠤᠭᠠᠨ ᠬᠢᠭᠰᠡᠨ ᠦᠭᠡᠢ ᠮᠡᠯᠵᠢᠶ᠎ᠡ ᠤᠯᠤᠭᠠᠳ ᠲᠦᠪᠡᠳ ᠤᠷᠤᠨ ᠢ ᠲᠠᠭᠠᠭᠤᠯᠤᠭᠰᠡᠨ ᠶᠤᠮ ᠬᠡᠨ᠎ᠡ᠃       ᠬᠠᠭᠠᠨ ᠡᠵᠡᠨ ᠴᠢᠩᠬᠢᠰ ᠪᠠᠶᠢᠯᠳᠤᠨ ᠶᠠᠪᠤᠭᠰᠠᠭᠠᠷ ᠲᠦᠪᠡᠳ ᠤᠨ ᠭᠠᠵᠠᠷ ᠲᠤ ᠴᠤᠬᠢᠨ ᠤᠷᠤᠬᠤ ᠳᠤ ᠲᠦᠪᠡᠳ ᠤᠨ ᠬᠠᠭᠠᠨ ᠤᠭᠳᠤᠨ ᠢᠷᠡᠵᠤ᠄ ︽ᠮᠤᠩᠭᠤᠯ ᠲᠦᠷᠦ ᠶᠢᠨ ᠡᠵᠡᠨ ᠬᠠᠭᠠᠨ ᠢ ᠬᠠᠷᠪᠤᠵᠤ ᠨᠠᠮᠨᠠᠬᠤᠢ ᠳᠤᠷ ᠭᠠᠷᠮᠠᠭᠠᠢ ᠬᠡᠵᠤ ᠰᠤᠨᠤᠰᠤᠭᠠᠳ ᠡᠷᠬᠡ ᠦᠭᠡᠢ ᠭᠠᠶᠢᠬᠠᠨ ᠪᠢᠰᠢᠷᠡᠪᠡᠢ᠃ ᠬᠡᠷᠪᠡ ᠲᠠ ᠮᠠᠨ ᠤ ᠰᠦᠮ᠎ᠡ ᠎ ᠶᠢᠨ ᠡᠬᠦᠳᠡᠨ᠎ᠡ ᠰᠢᠳᠢ ᠤᠷᠤᠰᠢᠭᠤᠯᠤᠨ ᠪᠦᠳᠦᠬᠡᠭᠰᠡᠨ ᠴᠢᠯᠠᠭᠤᠨ ᠠᠷᠰᠯᠡᠨ ᠢ ᠵᠠᠭᠤᠨ ᠨᠤᠮᠤᠨ ᠤ ᠭᠠᠵᠠᠷ ᠠᠴᠠ ᠬᠠᠭ᠎ᠠ ᠬᠠᠷᠪᠤᠪᠠᠰᠤ ᠪᠢᠳᠠ ᠲᠠᠨ ᠳᠤᠷ ᠠᠭᠤᠯᠠ ᠤᠰᠤ ᠲᠠᠢ ᠪᠠᠨ ᠲᠤᠯᠤᠭᠠᠢ ᠮᠡᠬᠦᠶᠢᠨ ᠪᠠᠭᠤᠵᠤ ᠦᠭᠬᠦᠮᠤᠢ᠂ ᠡᠰᠡ ᠪᠦᠬᠡᠰᠤ ᠲᠠᠨᠤᠰ ᠮᠠᠨ ᠢ ᠲᠠᠭᠠᠰᠤᠭᠠᠢ︾ ᠬᠡᠵᠤ ᠮᠦᠷᠦᠢ ᠬᠡᠯᠡᠯᠴᠡᠬᠦ ᠶᠢ ᠴᠢᠩᠬᠢᠰ ᠬᠠᠭᠠᠨ ᠵᠦᠪᠰᠢᠶᠡᠷᠡᠵᠤ ᠮᠤᠷᠢᠨ ᠤ ᠬᠠᠷ᠎ᠠ ᠬᠤᠷᠳᠤ ᠪᠠᠷ ᠲᠤᠪᠳᠤᠯᠭᠠᠨ ᠬᠠᠪᠤᠷᠭ᠎ᠠ ᠨᠤᠮᠤ ᠰᠤᠮᠤ ᠪᠠᠨ ᠨᠠᠷᠠᠨ ᠰᠠᠷᠠᠨ ᠮᠡᠳᠤ ᠲᠦᠬᠦᠷᠢᠭᠯᠡᠳᠡᠯ᠎ᠡ ᠲᠡᠯᠡᠵᠤ ᠭᠠᠭᠴᠠᠬᠠᠨ ᠬᠠᠷᠪᠤᠬᠤ ᠳᠤ ᠷᠢᠳᠢ ᠰᠢᠳᠢ ᠪᠠᠷ ᠪᠦᠳᠦᠬᠡᠭᠰᠡᠨ ᠲᠡᠭᠡᠳᠤ ᠦᠶ᠎ᠡ ᠶᠢᠨ ᠴᠢᠯᠠᠭᠤᠨ ᠠᠷᠰᠯᠠᠨ ᠢ ᠪᠤᠳᠠᠷᠠᠳᠠᠯ᠎ᠠ ᠬᠠᠷᠪᠤᠵᠤ ᠰᠦᠢᠷᠡᠬᠦᠯᠦᠭᠰᠡᠨ ᠢᠶᠠᠷ ᠬᠠᠷᠠᠵᠤ ᠪᠠᠶᠢᠭᠰᠠᠨ ᠤᠯᠠᠨ ᠬᠦᠮᠦᠰ ᠦᠢᠮᠡᠯᠳᠤᠨ ᠱᠠᠭᠰᠢᠯᠴᠠᠵᠤ ᠪᠠᠶᠢᠬᠤ ᠳᠤ ᠲᠦᠪᠡᠳ ᠤᠨ ᠬᠠᠭᠠᠨ ︽ᠲᠡᠭᠷᠢ ᠶᠢᠨ ᠴᠠᠭ ᠪᠤᠯᠪᠠᠢ︾ ᠬᠡᠵᠤ ᠲᠡᠬᠦᠨ ᠤ ᠡᠮᠤᠨ᠎ᠡ ᠪᠡᠶ᠎ᠡ ᠪᠦᠬᠦᠶᠢᠨ᠄ ︽ᠵᠢᠩᠬᠢᠨᠢ ᠵᠢᠯᠠᠸ᠎ᠠ︾ ᠬᠡᠵᠤ ᠬᠤᠶᠠᠷ ᠭᠠᠷ ᠢ ᠬᠠᠮᠳᠤᠳᠬᠠᠨ ᠵᠠᠯᠪᠠᠷᠢᠵᠤ ᠪᠠᠭᠤᠨ ᠦᠭᠴᠤ ᠲᠠᠭᠠᠭᠰᠠᠨ ᠬᠡᠨ᠎ᠡ᠃       ︽ᠵᠢᠩᠬᠢᠨᠢ ᠵᠢᠯᠠᠸ᠎ᠠ︾ ᠬᠡᠳᠡᠭ ᠨᠢ ᠲᠦᠪᠡᠳ ᠦᠬᠡ ᠠᠵᠢ᠃ ᠴᠤᠬᠤᠮ ᠶᠠᠮᠠᠷ ᠤᠳᠬ᠎ᠠ ᠲᠠᠢ ᠦᠬᠡ ᠶᠢ ᠮᠡᠳᠡᠬᠦ ᠦᠭᠡᠢ᠂ ᠲᠡᠬᠦᠨ ᠠᠴᠠ ᠬᠤᠶᠢᠨ᠎ᠡ ᠲᠦᠪᠡᠳᠴᠤᠳ ᠴᠢᠩᠬᠢᠰ ᠬᠠᠭᠠᠨ ᠢ ︽ᠵᠢᠩᠬᠢᠨᠢ ᠵᠢᠯᠠᠸ᠎ᠠ ᠪᠤᠷᠬᠠᠨ︾ ᠬᠡᠵᠤ ᠲᠠᠬᠢᠳᠠᠭ ᠪᠦᠬᠡᠳ ᠲᠦᠪᠡᠳ ᠤᠨ ᠠᠭᠤᠯᠠᠰ ᠨᠢ ᠲᠦᠪᠡᠳ ᠬᠠᠭᠠᠨ ᠤ ᠪᠠᠨ ᠠᠮᠠᠯᠳᠠᠭᠰᠠᠨ ᠢᠶᠠᠷ ᠪᠦᠷ ᠮᠤᠩᠭᠤᠯ ᠤᠷᠤᠨ ᠦᠬᠡᠳᠡ ᠮᠡᠬᠦᠶᠢᠭᠰᠡᠨ ᠬᠡᠯᠪᠡᠷᠢᠳᠠᠢ ᠠᠭᠤᠯᠠᠰ ᠪᠠᠶᠢᠳᠠᠭ ᠬᠡᠯᠴᠡᠳᠡᠭ ᠶᠤᠮ᠃ 
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号