ᠰᠦᠯᠵᠢᠶᠡᠨ ᠤ ᠨᠠᠶᠢᠵᠠ
ᠨᠡᠶᠢᠲᠡᠯᠡᠭᠰᠡᠨ ᠴᠠᠭ᠄
2014/5/7
      ᠤᠷᠴᠢᠮ ᠤᠨ ᠡᠳᠤᠷ ᠲᠤᠳᠤᠷ᠎ᠠ ᠪᠤᠬᠢᠨᠢᠳᠤᠵᠤ ᠰᠡᠳᠬᠢᠯ ᠤᠶᠢᠮᠤᠷᠠᠭᠠᠳ ᠶᠠᠭᠤ ᠴᠦ ᠬᠢᠶ᠎ᠠ ᠬᠡᠵᠤ ᠰᠠᠨᠠᠬᠤ ᠦᠭᠡᠢ ᠮᠦᠷᠳᠡᠬᠡᠨ ᠦᠬᠡ ᠲᠤᠤᠭᠠᠷᠬᠤ ᠴᠦ ᠲᠤᠷ᠎ᠠ ᠦᠭᠡᠢ᠂ ᠠᠮᠢᠳᠤᠷᠠᠯ ᠨᠢᠬᠡ ᠴᠦ ᠤᠳᠬ᠎ᠠ ᠠᠭᠤᠯᠭ᠎ᠠ ᠦᠭᠡᠢ ᠰᠠᠨᠠᠭᠳᠠᠬᠤ ᠪᠤᠯᠵᠠᠢ᠃       ᠬᠡᠳᠤᠨ ᠡᠳᠤᠷ ᠤᠨ ᠡᠮᠤᠨᠡᠬᠢ ᠬᠤᠭᠤᠴᠠᠭᠠᠨ ᠲᠤᠮᠳᠠᠬᠢ ᠰᠢᠯᠭᠠᠯᠳᠠ ᠶᠢᠨ ᠬᠢᠷᠢ ᠪᠦᠳᠦᠮᠵᠢ ᠪᠠᠨ ᠬᠠᠷᠠᠭᠠᠳ ᠨᠡᠩ ᠴᠦ ᠲᠤᠯᠤᠬᠠᠢ ᠡᠪᠡᠳᠴᠤ᠂ ᠰᠤᠷᠤᠯᠭ᠎ᠠ ᠵᠤᠭᠰᠤᠬᠤ ᠪᠤᠳᠤᠯ ᠤᠷᠤᠭᠰᠠᠨ᠃ ᠬᠡᠳᠡᠯ᠎ᠡ ᠡᠨᠡᠬᠦ ᠪᠤᠳᠤᠯ ᠢᠶᠠᠨ ᠬᠡᠨ  ᠳᠤ ᠴᠦ ᠪᠤᠯᠳᠠᠶᠢᠯᠭᠠᠬᠤ ᠵᠤᠷᠢᠭ ᠪᠠᠶᠢᠭᠰᠠᠨ ᠦᠭᠡᠢ᠃ ᠲᠡᠭᠡᠭᠡᠳ ᠬᠡᠳᠤᠨ ᠡᠳᠤᠷ ᠦᠬᠡ ᠲᠠᠭᠤ ᠦᠭᠡᠢ ᠰᠦᠨᠡᠰᠤ  ᠪᠠᠨ ᠬᠡᠬᠡᠭᠰᠡᠨ ᠶᠤᠮ ᠰᠢᠭ ᠦᠩᠬᠡᠷᠡᠬᠡᠯ᠎ᠡ᠃ ᠬᠢᠴᠢᠶᠡᠯ ᠲᠡᠭᠡᠷ᠎ᠡ ᠪᠠᠭᠰᠢ ᠶᠢᠨ ᠶᠠᠷᠢᠬᠤ ᠠᠩᠬᠠᠷᠤᠯ ᠳᠤ ᠮᠢᠨᠢ ᠶᠡᠷᠤ  ᠠᠴᠠ ᠤᠷᠤᠬᠤ ᠪᠠᠨ ᠪᠠᠶᠢᠭᠰᠠᠨ ᠮᠦᠷᠳᠡᠬᠡᠨ ᠬᠢᠴᠢᠶᠡᠯ ᠲᠠᠷᠠᠭᠠᠯᠠᠨ ᠤᠨᠳᠠᠬᠤ ᠪᠤᠯᠵᠠᠢ᠃ ᠪᠠᠭᠰᠢ ᠳᠤ ᠬᠡᠳᠤ ᠤᠳᠠᠭ᠎ᠠ ᠬᠡᠯᠡᠭᠳᠡᠭᠰᠡᠨ ᠪᠤᠯᠪᠠᠴᠤ ᠲᠤᠰᠠ ᠪᠤᠯᠤᠭᠰᠠᠨ ᠦᠭᠡᠢ᠂ ᠬᠤᠵᠢᠮ ᠨᠢ ᠪᠠᠭᠰᠢ ᠴᠦ ︽ᠠᠪᠤᠷᠠᠯ ᠦᠭᠡᠢ︾ ᠬᠡᠵᠤ ᠪᠤᠳᠤᠭᠰᠠᠨ ᠪᠤᠯᠤᠯᠳᠠᠢ᠂ ᠤᠶᠢᠰᠢᠶᠠᠬᠤ ᠪᠠᠨ ᠪᠤᠯᠢᠵᠠᠢ᠃ ᠨᠦᠬᠦᠳ ᠮᠢᠨᠢ ᠨᠠᠮᠠᠢᠢ ︽ᠰᠤᠨᠢᠨ ᠪᠤᠯᠴᠢᠬᠠᠵᠠᠢ︾ ᠬᠡᠵᠤ ᠨᠢᠬᠡ ᠨᠢᠬᠡ ᠪᠠᠷ ᠢᠶᠠᠨ ᠵᠠᠶᠢᠳᠠᠵᠤ ᠤᠷᠬᠢᠯ᠎ᠠ᠃ ᠬᠠᠮᠤᠭ ᠲᠤᠳᠤᠨᠤ ᠨᠠᠶᠢᠵᠠ ᠮᠢᠨᠢ ︽ᠶᠠᠭᠠᠬᠢᠭᠰᠠᠨ ᠶᠤᠮ︖︾ ᠬᠡᠵᠤ ᠤᠬᠤᠴᠢᠯᠠᠨ ᠪᠠᠶᠢᠬᠤᠯᠠᠷ ᠨᠢ ᠡᠭ᠍ᠳᠡᠬᠦᠦ ᠬᠦᠷᠴᠤ ︽ᠴᠢᠮ᠎ᠠ ᠳᠤ ᠬᠠᠮᠢᠶ᠎ᠠ ᠦᠭᠡᠢ︾ ᠬᠡᠵᠤ ᠴᠠᠭᠠᠳᠤᠬᠢ ᠪᠠᠨ ᠭᠤᠮᠤᠳᠠᠭᠠᠭᠠᠳ ᠬᠡᠳᠤᠨ ᠡᠳᠤᠷ ᠦᠬᠡ ᠲᠤᠤᠭᠠᠷᠤᠭᠰᠠᠨ ᠦᠭᠡᠢ᠃ ᠰᠡᠬᠦᠯ ᠳᠤ ᠪᠠᠨ ᠪᠦᠷ ᠴᠦ ᠬᠤᠯᠠᠳᠠᠵᠤ᠂ ᠨᠠᠮᠠᠢᠢ ᠤᠶᠢᠰᠢᠶᠠᠬᠤ ᠪᠠᠨ ᠪᠤᠯᠢᠵᠠᠢ᠃ ᠪᠢ ᠪᠤᠷᠤᠭᠤ ᠬᠦᠯᠢᠶᠡᠬᠦ ᠶᠢ ᠪᠤᠳᠤᠭᠰᠠᠨ ᠴᠦ ᠦᠭᠡᠢ ᠭᠠᠭᠴᠠᠭᠠᠷ ᠢᠶᠠᠨ ᠯᠡ ᠡᠳᠤᠷ ᠬᠤᠨᠤᠭ ᠢ ᠦᠩᠬᠡᠷᠡᠬᠡᠬᠦ ᠪᠤᠯᠤᠭᠰᠠᠨ᠃ ᠬᠡᠷ ᠲᠤ ᠪᠠᠨ ᠬᠠᠷᠢᠬᠤ ᠳᠤ ᠠᠪᠤ ᠡᠵᠢ ᠶᠢᠨ ᠮᠢᠨᠢ ︽ᠲᠡᠭᠡᠳᠤ ᠭᠤᠷᠪᠠ ᠪᠤᠯᠴᠢᠬᠠᠯ᠎ᠠ᠂ ᠴᠠᠭ ᠢ ᠠᠮᠵᠢᠨ ᠴᠢᠷᠮᠠᠶᠢᠨ ᠲᠠᠪᠳᠠ᠂ ᠪᠢᠳᠡᠬᠡᠢ ᠡᠳᠤᠷ ᠬᠤᠨᠤᠭ ᠢ ᠲᠠᠯᠠᠭᠠᠷ ᠦᠩᠬᠡᠷᠡᠬᠦᠯᠦᠬᠡᠳ ᠪᠠᠢ︾ ᠬᠡᠬᠦ ᠮᠡᠳᠤ ᠶᠢᠨ ᠶᠠᠷᠢᠶ᠎ᠠ ᠴᠢᠬᠢᠨ ᠤ ᠮᠢᠨᠢ ᠤᠯᠢᠭ ᠪᠤᠯᠵᠤ᠂ ᠬᠡᠷ ᠲᠤ ᠪᠠᠨ ᠴᠦ ᠬᠠᠷᠢᠬᠤ ᠲᠤᠷ᠎ᠠ ᠦᠭᠡᠢ ᠪᠤᠯᠵᠠᠢ᠃ ᠲᠡᠭᠡᠭᠡᠳ ᠯᠡ ᠤᠷᠤᠢ ᠰᠤᠷᠭᠠᠭᠤᠯᠢ ᠲᠠᠷᠬᠠᠭᠰᠠᠭᠠᠷ ᠯᠡ ᠬᠡᠷ ᠲᠤ ᠪᠠᠨ ᠬᠠᠷᠢᠬᠤ ᠵᠠᠮ ᠳᠤ ᠪᠠᠶᠢᠭ᠎ᠠ ︽ᠤᠳᠤᠳ ᠤᠨ ᠬᠢᠯᠪᠠᠭ᠎ᠠ︾ ᠰᠦᠯᠵᠢᠶᠡᠨ ᠤ ᠪᠠᠭᠠᠷ ᠲᠤ ᠴᠠᠭ ᠨᠦᠭᠴᠢᠬᠡᠬᠦ ᠪᠤᠯᠤᠭᠰᠠᠨ ᠪᠠᠶᠢᠯ᠎ᠠ᠃ ᠲᠡᠨᠳᠠ ᠪᠢ ᠲᠤᠭᠯᠠᠭᠠᠮ ᠨᠠᠭᠠᠳᠴᠤ ᠪᠤᠯᠬᠤ ᠮᠦᠷᠳᠡᠬᠡᠨ ᠮᠠᠰᠢ ᠤᠯᠠᠨ ᠲᠠᠨᠢᠯ ᠪᠤᠰᠤ ᠬᠦᠮᠦᠰ ᠲᠠᠢ ᠲᠤᠷ᠎ᠠ ᠲᠠᠪᠠ ᠪᠠᠷ ᠢᠶᠠᠨ ᠵᠤᠭᠤᠭᠳᠠᠵᠤ ᠪᠤᠯᠤᠨ᠎ᠠ᠃ ᠬᠡᠨ ᠴᠦ ᠨᠠᠮᠠᠢᠢ ᠬᠤᠷᠢᠭᠯᠠᠵᠤ ᠴᠢᠳᠠᠬᠤ ᠦᠭᠡᠢ᠃ ᠡᠬᠢᠯᠡᠬᠡᠳ ᠠᠪᠤ ᠡᠵᠢ ᠮᠢᠨᠢ ᠲᠠᠮᠠᠢ ᠯᠡ ᠠᠩᠬᠠᠷᠤᠯ  ᠳᠤ ᠪᠠᠨ ᠠᠪᠤᠭᠰᠠᠨ ᠦᠭᠡᠢ᠂ ᠰᠡᠬᠦᠯᠳᠡᠵᠤ ᠢᠷᠡᠬᠡᠳ ᠮᠢᠨᠤ ᠲᠠᠩᠴᠤ ᠶᠡᠭᠡ ᠬᠤᠪᠢᠷᠠᠯᠳᠠ ᠶᠢ ᠦᠵᠡᠵᠤ ᠭᠠᠷᠤᠭᠰᠠᠨ ᠪᠤᠯᠤᠯᠳᠠᠢ᠂ ᠨᠠᠮᠠᠢᠢ ︽ᠶᠠᠭᠠᠬᠢᠴᠢᠬᠠᠪᠠ︖︾ ᠬᠡᠵᠤ ᠠᠭᠤᠷᠯᠠᠵᠤ ᠴᠦ ᠦᠵᠡᠯ᠎ᠡ᠂ ᠠᠷᠭᠠᠳᠠᠵᠤ ᠴᠦ ᠦᠵᠡᠯ᠎ᠡ᠃ ᠪᠢ ᠶᠠᠭᠤ ᠴᠦ ᠶᠠᠷᠢᠭ᠎ᠠ ᠦᠭᠡᠢ᠃ ᠰᠡᠬᠦᠯ ᠳᠤ ᠪᠠᠨ ᠠᠷᠭ᠎ᠠ ᠮᠤᠬᠤᠷᠳᠠᠭᠰᠠᠨ ᠪᠤᠯᠤᠯᠳᠠᠢ᠂ ᠰᠤᠷᠭᠠᠭᠤᠯᠢ ᠳᠤ ᠬᠦᠷᠴᠤ ᠪᠠᠭᠰᠢ ᠶᠢ ᠡᠷᠢᠬᠦ ᠬᠡᠯ᠎ᠡ᠂ ᠪᠢ ᠬᠤᠷᠢᠭᠯᠠᠭᠰᠠᠨ ᠦᠭᠡᠢ᠃ ᠲᠡᠭᠡᠭᠡᠳ ᠪᠠᠭᠰᠢ ᠶᠢᠨ ᠨᠠᠳᠠ ᠳᠤ ᠦᠭᠬᠦᠭᠰᠡᠨ ᠠᠷᠭ᠎ᠠ ᠦᠭᠡᠢ ᠮᠠᠭᠤ ᠦᠨᠡᠯᠡᠯᠳᠠ ᠶᠢ ᠰᠤᠨᠤᠰᠤᠭᠠᠳ ᠤᠷᠮ᠎ᠠ ᠦᠭᠡᠶᠢᠬᠡᠨ ᠬᠡᠷ ᠲᠤ ᠪᠠᠨ ᠪᠤᠴᠠᠯ᠎ᠠ᠃ ᠪᠢ ᠶᠡᠬᠡᠳᠠ ᠦᠷᠦ ᠡᠪᠡᠳᠦᠭᠰᠡᠨ ᠪᠤᠯᠪᠠᠴᠤ ᠤᠬᠠᠭ᠎ᠠ ᠤᠷᠤᠵᠤ ᠰᠤᠷᠤᠯᠭ᠎ᠠ ᠳᠤ ᠪᠠᠨ ᠴᠢᠷᠮᠠᠶᠢᠬᠤ ᠪᠤᠳᠤᠯ ᠤᠷᠤᠭᠰᠠᠨ ᠦᠭᠡᠢ᠃ ᠤᠴᠢᠷ ᠨᠢ ᠰᠦᠯᠵᠢᠶ᠎ᠡ ᠯᠡ ᠨᠠᠳᠠ ᠳᠤ ᠬᠠᠮᠤᠭ ᠤᠨ ᠶᠡᠭᠡ ᠪᠠᠶᠠᠷ ᠪᠠᠭ᠋ᠠᠳᠤᠯ ᠢ ᠤᠯᠭᠤᠵᠤ ᠲᠠᠶᠢᠯᠤᠨ᠎ᠠ᠃       ᠨᠢᠬᠡᠨ ᠡᠳᠤᠷ QQ ᠲᠡᠭᠡᠷ᠎ᠡ ᠨᠠᠮᠠᠢᠢ ᠨᠢᠬᠡᠨ ᠲᠠᠨᠢᠯ ᠪᠤᠰᠤ ᠬᠦᠮᠦᠨ ᠰᠦᠯᠵᠢᠶᠡᠨ ᠨᠠᠶᠢᠵᠠ ᠪᠠᠷ ᠤᠷᠢᠵᠤ ᠤᠷᠤᠭᠤᠯᠤᠯ᠎ᠠ᠃ ᠲᠡᠬᠦᠨ ᠤ ᠰᠦᠯᠵᠢᠶᠡᠨ ᠨᠡᠷ᠎ᠡ ᠨᠢ ︽ᠪᠢ ᠪᠤᠯ ᠰᠡᠳᠬᠢᠯ ᠢ ᠮᠡᠳᠡᠭᠴᠢ︾ ᠬᠡᠰᠡᠨ ᠪᠠᠶᠢᠯ᠎ᠠ᠃ ᠲᠠᠷᠠ ᠠᠩᠬ᠎ᠠ ᠨᠠᠳᠠ ᠳᠤ ᠵᠠᠬᠢᠶ᠎ᠠ ᠢᠷᠡᠬᠦᠯᠬᠦ ᠪᠠᠷ ᠨᠢ ᠪᠢ ᠲᠡᠳᠤᠢ ᠤᠶᠢᠰᠢᠶᠠᠭᠰᠠᠨ ᠦᠭᠡᠢ᠃ ᠬᠡᠳᠡᠯ᠎ᠡ ᠲᠡᠷᠠ ᠡᠳᠤᠷ ᠪᠤᠯᠭᠠᠨ ᠨᠠᠮᠠᠢᠢ ᠰᠦᠯᠵᠢᠶᠡᠨ ᠳᠤ ᠭᠠᠷᠬᠤ ᠪᠦᠷᠢ ᠨᠢᠬᠡᠨ ᠢᠨᠢᠶᠡᠮᠰᠦᠭᠯᠡᠯ ᠤᠨ ᠵᠢᠷᠤᠭ ᠢᠷᠡᠬᠦᠯᠬᠦ ᠮᠦᠷᠳᠡᠬᠡᠨ ᠨᠠᠮᠠᠢᠢ ᠡᠨᠡ ᠡᠳᠤᠷ ᠢ ᠬᠢᠷᠢ ᠵᠡᠷᠬᠡ ᠦᠩᠬᠡᠷᠡᠬᠦᠯᠦᠭᠰᠡᠨ ᠢ ᠠᠰᠠᠭᠤᠬᠤ ᠪᠤᠯᠵᠠᠢ᠃ ᠰᠡᠬᠦᠯ ᠳᠤ ᠪᠠᠨ ᠪᠢ ᠴᠦ ᠰᠡᠳᠬᠢᠯ ᠬᠦᠳᠡᠯᠵᠤ᠂ ᠲᠡᠬᠦᠨ ᠳᠤ ᠠᠯᠢᠪᠠ ᠪᠤᠬᠢᠨᠢᠳᠤᠯ ᠭᠤᠮᠤᠳᠠᠯ ᠢᠶᠠᠨ ᠨᠢᠭᠤᠯ ᠦᠭᠡᠢ ᠶᠠᠷᠢᠬᠤ ᠪᠤᠯᠤᠭᠰᠠᠨ᠃ ᠲᠠᠷᠠ ᠨᠠᠮᠠᠢᠢ ᠴᠠᠭ ᠢᠮᠠᠭᠳᠠ ᠲᠠᠶᠢᠳᠬᠤᠷᠠᠭᠤᠯᠬᠤ ᠮᠦᠷᠳᠡᠬᠡᠨ ᠤᠯᠠᠨ ᠠᠷᠪᠢᠨ ᠶᠤᠰᠤ ᠤᠴᠢᠷ ᠢ ᠬᠡᠯᠡᠵᠤ ᠦᠭᠳᠡᠭ ᠪᠠᠶᠢᠯ᠎ᠠ᠃ ᠤᠳᠠᠭᠠᠨ ᠳᠤ ᠪᠠᠨ ᠲᠡᠷᠡ ᠨᠡᠬᠡᠷᠡᠨ ᠮᠢᠨᠤ ︽ᠰᠡᠳᠬᠢᠯ ᠤᠨ ᠮᠡᠳᠡᠭᠴᠢ︾ ᠪᠤᠯᠵᠠᠢ᠃ ᠲᠡᠬᠦᠨ ᠤ ᠵᠤᠷᠢᠭᠵᠢᠭᠤᠯᠤᠯ ᠢᠳᠬᠠᠯ ᠢᠶᠠᠷ ᠪᠢ ᠤᠯᠠᠨ ᠡᠳᠤᠷ ᠤᠨ ᠤᠶᠢᠳᠬᠠᠷ ᠪᠤᠬᠢᠨᠢᠳᠤᠯ ᠠᠴᠠ ᠪᠠᠨ ᠠᠯᠬᠤᠮ ᠠᠯᠬᠤᠮ ᠢᠶᠠᠷ ᠵᠠᠶᠢᠳᠠᠵᠤ᠂ ᠰᠤᠷᠤᠯᠭ᠎ᠠ ᠬᠢᠴᠢᠶᠡᠯ ᠳᠤ ᠪᠠᠨ ᠴᠢᠷᠮᠠᠶᠢᠵᠤ᠂ ᠤᠷᠮ᠎ᠠ ᠵᠤᠷᠢᠭ ᠲᠠᠢ ᠠᠮᠢᠳᠤᠷᠠᠬᠤ ᠪᠤᠳᠤᠯ ᠤᠷᠤᠭᠰᠠᠨ᠃ ᠲᠡᠭᠡᠭᠡᠳ ᠲᠡᠬᠦᠨ ᠲᠠᠢ ᠲᠠᠯᠠᠷᠬᠠᠬᠤ ᠶᠢ ᠪᠤᠳᠤᠨ ᠲᠡᠬᠦᠨ ᠲᠠᠢ ᠠᠭᠤᠯᠵᠠᠬᠤ ᠶᠢ ᠲᠤᠷᠠᠳᠤᠯ᠎ᠠ᠃ ᠲᠡᠷᠡ ᠮᠠᠰᠢ ᠰᠢᠯᠤᠭᠤᠬᠠᠨ ᠵᠦᠪᠰᠢᠶᠡᠷᠡᠭᠰᠡᠨ ᠮᠦᠷᠳᠡᠬᠡᠨ ᠨᠠᠮᠠᠢᠢ ᠰᠤᠷᠭᠠᠭᠤᠯᠢ ᠶᠢᠨ ᠡᠬᠦᠳᠡᠨ ᠳᠤ ᠬᠠᠷ᠎ᠠ ᠮᠠᠯᠠᠭᠠᠢ ᠡᠮᠤᠰᠤᠬᠡᠳ ᠬᠦᠯᠢᠶᠡᠵᠤ ᠪᠠᠶᠢᠬ᠎ᠠ ᠬᠡᠯ᠎ᠡ᠃ ᠪᠤᠯᠵᠤᠵᠤ ᠲᠤᠭᠳᠠᠭᠰᠠᠨ ᠲᠡᠷᠡ ᠡᠳᠤᠷ ᠬᠠᠮᠤᠭ ᠰᠡᠬᠦᠯ ᠤᠨ ᠬᠢᠴᠢᠶᠡᠯ ᠪᠠᠭᠤᠮᠠᠭᠴᠠ ᠪᠢ ᠶᠠᠭᠠᠷᠠᠤ ᠰᠠᠨᠳᠤᠷᠤᠤ ᠰᠤᠷᠭᠠᠭᠤᠯᠢ ᠶᠢᠨ ᠡᠬᠦᠳᠠᠨ ᠳᠤ ᠬᠦᠷᠬᠦ ᠳᠤ ᠮᠢᠨᠤ ᠰᠠᠨᠠᠭ᠎ᠠ ᠵᠡᠬᠦᠳᠤᠨ ᠳᠤ ᠪᠠᠶᠢᠭ᠎ᠠ ᠦᠭᠡᠢ ᠨᠢᠬᠡᠨ ᠦᠵᠡᠭᠳᠡᠯ ᠨᠢᠳᠤᠨ ᠡᠮᠤᠨ᠎ᠡ ᠮᠢᠨᠢ ᠲᠤᠳᠤᠷᠠᠵᠤ ᠪᠢᠯᠡ᠃       ᠠᠪᠤ ᠮᠢᠨᠢ ᠬᠠᠷ᠎ᠠ ᠮᠠᠯᠠᠭᠠᠢ ᠡᠮᠤᠰᠤᠬᠡᠳ ᠮᠢᠨᠤ ᠵᠦᠭ ᠶᠡᠷᠤ ᠪᠤᠰᠤ ᠶᠢᠨ ᠢᠨᠢᠶᠡᠮᠰᠦᠭᠯᠡᠯ ᠬᠠᠶᠢᠷᠠᠯᠠᠵᠤ ᠪᠠᠶᠢᠯ᠎ᠠ       ᠲᠡᠷᠡ ᠬᠦ ᠭᠱᠠᠨ ᠳᠤ᠂ ᠬᠡᠮᠰᠢᠯ ᠲᠤᠭᠳᠤᠯᠤᠯ ᠤᠨ ᠬᠠᠯᠠᠭᠤᠨ ᠨᠢᠯᠪᠤᠰᠤ ᠦᠪᠡᠷ ᠤᠨ ᠡᠷᠬᠡ ᠦᠭᠡᠢ ᠬᠠᠴᠠᠷ ᠢ  ᠲᠠᠭᠠᠨ ᠪᠦᠮᠪᠦᠷᠢᠯ᠎ᠡ᠃                   ᠳ᠋ᠠᠪᠠᠨ ᠤ ᠨᠢᠬᠡᠳᠤᠬᠡᠷ ᠲᠤᠮᠳᠠᠳᠤ ᠰᠤᠷᠭᠠᠭᠤᠯᠢ ᠶᠢᠨ                    ᠲᠡᠭᠡᠳᠤ ᠭᠤᠷᠪᠠ ᠶᠢᠨ ᠭᠤᠷᠪᠠᠳᠤᠭᠠᠷ ᠠᠩᠬᠢ
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号