| | ᠮᠤᠩᠭᠤᠯ ᠨᠤᠳᠤᠭ ᠲᠤ ᠤᠪᠤᠭ᠎ᠠ ᠬᠠᠶᠢᠷᠬᠠᠳ ᠤᠯᠠᠨ ᠪᠠᠶᠢᠳᠠᠭ ᠴᠦ ᠬᠡᠤᠬᠡᠳ ᠤᠨ ᠤᠪᠤᠭ᠎ᠠ | ᠬᠡᠵᠤ ᠲᠡᠳᠦᠢ ᠯᠡ ᠤᠯᠠᠨ ᠪᠠᠶᠢᠳᠠᠭ ᠦᠭᠡᠢ᠃ ᠬᠡᠰᠢᠭᠳᠡᠨ ᠬᠤᠰᠢᠭᠤᠨ ᠤ ᠲᠠᠷᠬᠠᠬᠠᠭᠤᠯᠠ ᠰᠤᠮᠤᠨ ᠤ ᠪᠠᠶᠠᠨᠰᠢᠯᠢ | ᠭᠠᠴᠠᠭᠠᠨ ᠳᠤ ︵ᠤᠤᠯ ᠤᠨ ᠪᠠᠶᠠᠨᠪᠤᠯᠠᠭ ᠭᠠᠴᠠᠭ᠎ᠠ︶ ᠬᠡᠤᠬᠡᠳ ᠤᠨ ᠤᠪᠤᠭ᠎ᠠ ᠬᠡᠳᠡᠭ ᠰᠤᠨᠢᠷᠬᠠᠯᠳᠠᠢ ᠨᠢᠬᠡᠨ | ᠤᠪᠤᠭ᠎ᠠ ᠪᠤᠢ᠃ ᠡᠨᠡᠬᠦ ᠤᠪᠤᠭ᠎ᠠ ᠭᠠᠩᠭᠠᠨ ᠨᠠᠭᠤᠷ ᠤᠨ ᠪᠠᠷᠠᠭᠤᠨ ᠬᠦᠪᠡᠬᠡᠨ ᠳᠤ᠂ ᠱᠠᠷ ᠤᠨ ᠭᠤᠤᠯ ᠤᠨ ᠡᠮᠤᠨ᠎ᠡ | ᠲᠡᠨᠵᠢᠨ ᠳᠤ ᠪᠤᠢ᠃ ᠵᠠᠩ ᠦᠢᠯᠡ ᠰᠤᠳᠤᠯᠤᠭᠰᠠᠨ ᠡᠷᠳᠡᠮᠳᠡᠳ ᠤᠨ ᠶᠠᠷᠢᠬᠤ ᠪᠠᠷ ᠬᠡᠤᠬᠡᠳ ᠤᠨ ᠤᠪᠤᠭ᠎ᠠ ᠮᠤᠩᠭᠤᠯ | ᠤᠷᠤᠨ ᠳᠤ ᠴᠦᠬᠡᠨ ᠪᠠᠶᠢᠳᠠᠭ ᠬᠡᠨ᠎ᠡ᠃ ᠲᠠᠶᠢᠮᠤ ᠠᠴᠠ ᠬᠡᠰᠢᠭᠳᠡᠨ ᠤ ᠬᠡᠤᠬᠡᠳ ᠤᠨ ᠤᠪᠤᠭ᠎ᠠ ᠨᠢ ᠨᠢᠬᠡ ᠵᠦᠢᠯ ᠤᠨ | ᠤᠨᠴᠠᠭᠠᠢ ᠤᠪᠤᠭ᠎ᠠ ᠳᠤ ᠲᠤᠭᠠᠯᠠᠭᠳᠠᠨ᠎ᠠ᠃ ᠡᠨᠡᠬᠦ ᠤᠪᠤᠭ᠎ᠠ ᠶᠢᠨ ᠤᠷᠤᠰᠢᠬᠤᠢ ᠨᠢ ᠬᠡᠰᠢᠭᠳᠡᠨ ᠨᠤᠳᠤᠭ ᠤᠨ ᠵᠠᠩ | ᠦᠢᠯᠡ ᠨᠢ ᠦᠷᠦᠬᠡᠯ ᠮᠤᠩᠭᠤᠯ ᠨᠤᠳᠤᠭ ᠠᠴᠠ ᠦᠰᠤᠳ ᠠᠰᠳᠠᠭᠠᠨ ᠪᠠᠶᠢᠳᠠᠭ ᠢ ᠨᠡᠩ ᠶᠡᠭᠡ ᠦᠨᠳᠤᠰᠤ ᠪᠠᠷᠢᠮᠳᠠ | ᠲᠠᠢ ᠪᠠᠷ ᠢᠯᠡᠷᠡᠬᠦᠯᠵᠤ ᠪᠠᠶᠢᠨ᠎ᠠ᠃ ᠡᠨᠡ ᠪᠤᠯ ᠬᠦᠨ ᠵᠤᠵᠠᠭᠠᠨ ᠤᠯᠠ ᠰᠠᠭᠤᠷᠢ ᠲᠠᠢ ᠮᠤᠩᠭᠤᠯ ᠤᠨ ᠡᠵᠡᠨᠳᠤ | ᠬᠦᠷᠦᠨ ᠤ ᠦᠶ᠎ᠡ ᠶᠢᠨ ᠤᠷᠳᠤᠨ ᠤ ᠰᠤᠶᠤᠯ᠂ ᠠᠯᠳᠠᠨ ᠤᠷᠤᠭᠳᠠᠨ ᠪᠤᠯᠬᠤ ᠬᠤᠩᠬᠢᠷᠠᠳ ᠶᠠᠰᠤᠳᠠᠨ ᠤ ᠡᠰᠢ | ᠰᠤᠶᠤᠯ ᠤᠨ ᠤᠯᠠᠮᠵᠢᠯᠠᠯ ᠪᠤᠯᠬᠤ ᠠᠵᠢ᠃ | ᠬᠡᠤᠬᠡᠳ ᠤᠨ ᠤᠪᠤᠭ᠎ᠠ ᠨᠢ ᠬᠡᠤᠬᠡᠳ ᠤᠨ ᠢᠶᠠᠨ ᠰᠠᠶᠢᠨ ᠰᠠᠶᠢᠬᠠᠨ᠂ ᠡᠷᠡᠬᠦᠯ ᠡᠩᠬᠡ᠂ | ᠢᠷᠡᠬᠡᠳᠤᠢ ᠶᠢᠨ ᠬᠢᠨᠢ ᠦᠬᠡᠳᠠ ᠦᠩᠬᠡ ᠶᠢ ᠨᠢ ᠪᠡᠯᠬᠡᠳᠡᠵᠤ ᠲᠠᠬᠢᠳᠠᠭ ᠤᠪᠤᠭ᠎ᠠ ᠶᠤᠮ᠃ | ᠬᠡᠤᠬᠡᠳ ᠤᠨ ᠤᠪᠤᠭ᠎ᠠ ᠪᠤᠰᠬᠠᠭᠳᠠᠭᠰᠠᠨ ᠲᠤᠬᠠᠢ ᠬᠡᠰᠢᠭᠳᠡᠨ ᠤ ᠨᠠᠰᠤᠳᠠᠶᠢᠴᠤᠤᠯ ᠢᠩᠬᠢᠵᠤ | ᠶᠠᠷᠢᠳᠠᠭ᠃ ᠡᠷᠳᠡ ᠲᠡᠭᠡᠳᠤ ᠦᠶ᠎ᠡ ᠳᠤ ᠱᠠᠷ ᠤᠨ ᠭᠤᠤᠯ ᠤᠨ ᠯᠤᠤᠰ ᠲᠤᠭᠰᠢᠨ ᠪᠠᠶᠢᠵᠤ᠂ ᠬᠦᠪᠡᠬᠡᠨ ᠳᠠᠬᠢ ᠠᠶᠢᠯ | ᠤᠨ ᠬᠡᠤᠬᠡᠳ ᠤᠳ ᠢ ᠤᠷᠤᠰᠬᠠᠨ ᠠᠪᠠᠴᠢᠳᠠᠭ ᠪᠠᠶᠢᠭᠰᠠᠨ ᠠᠴᠠ ᠬᠡᠤᠬᠡᠳ ᠤᠨ ᠤᠪᠤᠭ᠎ᠠ ᠪᠤᠰᠬᠠᠨ ᠲᠠᠬᠢᠵᠠᠭᠠᠭᠰᠠᠨ | ᠬᠡᠨ᠎ᠡ᠃ ᠪᠡᠰᠡ ᠨᠢᠬᠡ ᠬᠡᠯᠡᠯᠬᠡ ᠨᠢ ᠱᠠᠷ ᠤᠨ ᠭᠤᠤᠯ ᠤᠨ ᠬᠦᠪᠡᠬᠡᠨ ᠳᠤ ᠬᠡᠤᠬᠡᠳ ᠤᠳ ᠴᠢᠯᠠᠭᠤ ᠤᠪᠤᠭᠠᠯᠠᠨ | ᠨᠠᠭᠠᠳᠴᠤ ᠪᠠᠶᠢᠬᠤ ᠳᠤ ᠴᠢᠯᠠᠭᠤ ᠶᠢ ᠨᠢ ᠴᠠᠭᠠᠨ ᠡᠷᠢᠶᠡᠨ ᠮᠤᠭᠠᠢ ᠢᠷᠡᠵᠤ ᠤᠷᠢᠶᠠᠨ ᠬᠡᠪᠳᠡᠵᠠᠢ᠃ ᠢᠨᠵᠠᠮᠰᠤ ᠬᠡᠳᠡᠭ | ᠪᠯᠠᠮ᠎ᠠ ᠡᠨᠡᠬᠦ ᠮᠤᠭᠠᠢ ᠤᠷᠢᠶᠠᠭᠰᠠᠨ ᠴᠢᠯᠠᠭᠤᠨ ᠤ ᠲᠡᠷᠬᠡᠳᠡ ᠢᠷᠡᠵᠤ ᠰᠦ ᠡᠷᠬᠦᠬᠦ ᠳᠤ ᠮᠤᠭᠠᠢ ᠱᠠᠷ ᠤᠨ ᠭᠤᠤᠯ | ᠵᠦᠭ ᠢᠶᠠᠨ ᠪᠤᠴᠠᠵᠠᠢ᠃ ᠲᠡᠬᠦᠨ ᠠᠴᠠ ᠬᠤᠶᠢᠰᠢ ᠬᠡᠤᠬᠡᠳ ᠤᠨ ᠤᠪᠤᠭ᠎ᠠ ᠪᠤᠰᠬᠠᠨ ᠲᠠᠬᠢᠭᠰᠠᠨ ᠬᠡᠨ᠎ᠡ᠃ ᠨᠦᠬᠦᠬᠡ | ᠨᠢᠬᠡ ᠬᠡᠯᠡᠯᠬᠡ ᠨᠢ ᠬᠡᠤᠬᠡᠳ ᠲᠤᠭᠳᠠᠬᠤ ᠦᠭᠡᠢ ᠠᠶᠢᠯ ᠨᠢ ᠰᠦᠮ᠎ᠠ ᠰᠤᠪᠤᠷᠭ᠎ᠠ ᠳᠤ ᠤᠴᠢᠭᠠᠳ ᠦᠵᠡᠯᠬᠡ | ᠠᠪᠤᠭᠠᠳ ᠲᠠᠷᠤᠯᠭ᠎ᠠ ᠲᠤᠮ ᠬᠢᠯᠬᠡᠨ ᠬᠡᠤᠬᠡᠳ ᠤᠨ ᠤᠪᠤᠭ᠎ᠠ ᠪᠤᠰᠬᠠᠨ ᠲᠠᠬᠢᠵᠠᠢ᠃ ᠡᠳᠡᠬᠡᠷ ᠬᠡᠯᠡᠯᠬᠡ ᠶᠢ ᠨᠢᠭᠳᠠᠯᠠᠨ | ᠰᠢᠬᠦᠵᠤ ᠦᠵᠡᠪᠡᠯ ᠬᠡᠰᠢᠭᠳᠡᠨ ᠤ ᠱᠠᠷ ᠤᠨ ᠭᠤᠤᠯ ᠤᠨ ᠬᠦᠪᠡᠬᠡᠨ ᠳᠠᠬᠢ ᠮᠠᠯᠴᠢᠳ ᠨᠢ ᠭᠤᠤᠯ ᠳᠤ ᠬᠡᠤᠬᠡᠳ ᠢᠶᠠᠨ | ᠠᠯᠳᠠᠭᠰᠠᠨ ᠶᠤᠮ ᠤᠤ᠂ ᠡᠰᠡᠬᠦᠯ᠎ᠡ ᠬᠡᠤᠬᠡᠳ ᠲᠤᠭᠳᠠᠬᠤ ᠦᠭᠡᠢ ᠠᠶᠢᠯ ᠤᠳ ᠤᠪᠤᠭ᠎ᠠ ᠪᠤᠰᠬᠠᠨ ᠲᠠᠬᠢᠭᠰᠠᠨ ᠪᠠ | ᠡᠴᠢᠬᠡ ᠡᠬᠡ ᠪᠤᠯᠤᠭᠰᠠᠳ ᠦᠵᠡᠬᠦ ᠨᠢᠳᠤᠨ ᠤ ᠴᠡᠴᠡᠬᠡᠢ᠂ ᠦᠨᠦᠰᠬᠦ ᠬᠠᠮᠠᠷ ᠤᠨ ᠵᠠᠭᠠᠷ ᠪᠤᠯᠤᠭᠰᠠᠨ ᠠᠯᠠᠭ ᠦᠷ᠎ᠡ | ᠪᠠᠨ ᠡᠪᠡᠳᠴᠢᠨ ᠲᠠᠬᠤᠯ ᠦᠭᠡᠢ᠂ ᠡᠩᠬᠡ ᠮᠡᠨᠳᠤ ᠶᠠᠪᠤᠬᠤ ᠶᠢ ᠨᠢ ᠪᠡᠯᠬᠡᠰᠢᠶᠠᠨ ᠵᠦᠩᠨᠡᠵᠤ ᠪᠤᠰᠬᠠᠭᠰᠠᠨ ᠪᠠᠶᠢᠵᠤ | ᠮᠡᠳᠡᠨ᠎ᠡ᠃ | ᠬᠡᠤᠬᠡᠳ ᠤᠨ ᠤᠪᠤᠭ᠎ᠠ ᠬᠡᠵᠢᠶ᠎ᠡ ᠪᠤᠰᠬᠠᠭᠳᠠᠭᠰᠠᠨ ᠢ ᠲᠤᠳᠤᠯᠬᠤ ᠳᠤ ᠪᠡᠷᠬᠡ ᠪᠤᠯᠵᠠᠢ᠃ | ᠨᠤᠳᠤᠭ ᠤᠨ ᠪᠤᠭᠤᠷᠤᠯᠴᠤᠳ ᠤᠨ ᠶᠠᠷᠢᠬᠤ ᠪᠠᠷ 1947 ᠤᠨ ᠤ ᠪᠠᠷᠤᠭ ᠢᠶᠠᠷ ᠲᠠᠬᠢᠯᠭ᠎ᠠ ᠵᠤᠭᠰᠤᠭᠰᠠᠨ ᠶᠤᠮ | ᠬᠡᠨ᠎ᠡ᠃ 1982 ᠤᠨ ᠳᠤ ᠰᠡᠷᠬᠦᠬᠡᠨ ᠲᠠᠬᠢᠵᠤ ᠡᠳᠦᠬᠡ ᠪᠤᠯᠵᠤ ᠪᠠᠶᠢᠨ᠎ᠠ᠃ ᠬᠡᠤᠬᠡᠳ ᠤᠨ ᠤᠪᠤᠭ᠎ᠠ ᠨᠢ ᠬᠡᠤᠬᠡᠳ | ᠲᠠᠢ ᠬᠦᠮᠦᠨ ᠪᠦᠬᠦᠨ ᠪᠦᠷ ᠲᠠᠬᠢᠵᠠᠭᠠᠳᠠᠭ᠃ ᠠᠩᠬᠠᠨ ᠳᠠᠭᠠᠨ ᠶᠡᠷᠤ ᠶᠢᠨ ᠦᠶ᠎ᠡ ᠳᠤ ᠬᠡᠤᠬᠡᠳ ᠠᠶᠠᠬᠦᠶᠢᠳᠠᠨ | ᠬᠠᠯᠠᠭᠤ ᠤᠷᠤᠵᠤ᠂ ᠲᠠᠭᠰᠢᠭᠤᠷ ᠬᠦᠷᠪᠡᠯ ᠬᠡᠤᠬᠡᠳ ᠤᠨ ᠤᠪᠤᠭ᠎ᠠ ᠵᠦᠭ ᠵᠤᠭᠤᠰ ᠡᠷᠬᠦᠨ᠂ ᠬᠡᠤᠬᠡᠳ ᠡᠪ ᠦᠭᠡᠢ | ᠤᠬᠢᠯᠠᠵᠤ ᠤᠨᠵᠢᠪᠠᠯ ᠬᠡᠤᠬᠡᠳ ᠤᠨ ᠤᠪᠤᠭ᠎ᠠ ᠵᠦᠭ ᠰᠦ ᠡᠷᠬᠦᠨ᠎ᠡ᠂ ᠢᠩᠬᠢᠪᠠᠯ ᠵᠦᠬᠡᠷ ᠪᠤᠯᠴᠢᠬᠠᠳᠠᠭ ᠬᠡᠳᠡᠭ᠃ | ᠬᠡᠤᠬᠡᠳ ᠢᠶᠠᠨ ᠠᠯᠳᠠᠪᠠᠯ ᠨᠠᠭᠠᠳᠴᠤ ᠪᠠᠶᠢᠭᠰᠠᠨ ᠨᠠᠭᠠᠳᠤᠮ᠂ ᠡᠮᠤᠰᠴᠤ ᠵᠡᠬᠦᠵᠤ ᠡᠳ᠋ᠯᠠᠵᠤ ᠬᠡᠷᠡᠭᠯᠡᠵᠤ ᠪᠠᠶᠢᠭᠰᠠᠨ | ᠶᠠᠭᠤᠮ᠎ᠠ ᠶᠢ ᠨᠢ ᠬᠡᠤᠬᠡᠳ ᠤᠨ ᠤᠪᠤᠭᠠᠨ ᠳᠤ ᠠᠪᠠᠴᠢᠵᠤ ᠡᠷᠬᠦᠨ᠎ᠡ᠃ ᠨᠡᠩ ᠢᠯᠠᠩᠭᠤᠶ᠎ᠠ ᠵᠢᠯ ᠪᠦᠷᠢ ᠶᠢᠨ ᠪᠢᠯᠢᠭ | ᠤᠨ ᠤᠯᠠᠷᠢᠯ ᠤᠨ 5 ᠰᠠᠷ᠎ᠠ ᠶᠢᠨ 25 ᠤ ᠡᠳᠤᠷ ᠬᠡᠤᠬᠡᠳ ᠤᠨ ᠤᠪᠤᠭᠠᠨ ᠲᠠᠬᠢᠯᠭ᠎ᠠ ᠶᠢᠨ ᠦᠶ᠎ᠡ ᠳᠤ ᠬᠡᠤᠬᠡᠳ | ᠢᠶᠠᠨ ᠠᠪᠠᠴᠢᠨ ᠤᠪᠤᠭᠠᠨ ᠳᠤ ᠵᠠᠪᠠᠯ ᠮᠦᠷᠬᠦᠬᠦᠯᠳᠡᠭ᠃ ᠲᠠᠶᠢᠮᠤ ᠠᠴᠠ ᠲᠤᠬᠠᠢ ᠶᠢᠨ ᠵᠢᠯ ᠬᠡᠤᠬᠡᠳ ᠤᠨ ᠤᠪᠤᠭᠠᠨ | ᠲᠡᠭᠡᠷ᠎ᠡ ᠬᠡᠤᠬᠡᠳ ᠤᠨ ᠡᠳ᠋ᠯᠡᠳᠡᠭ ᠶᠠᠭᠤᠮ᠎ᠠ ᠤᠯᠠᠨ ᠪᠠᠶᠢᠭᠰᠠᠨ ᠪᠠᠶᠢᠵᠠᠢ᠃ | ᠬᠡᠤᠬᠡᠳ ᠤᠨ ᠤᠪᠤᠭᠠᠨ ᠲᠤᠤᠷ᠎ᠠ ᠨᠢ ᠤᠭᠤᠷ ᠮᠠᠨᠴᠤ ᠶᠢᠨ ᠬᠢᠷᠢ ᠬᠦᠬᠦᠨ ᠴᠢᠯᠠᠭᠤ ᠲᠠᠢ᠂ | ᠲᠡᠷᠡ ᠨᠢ ᠤᠭᠤᠷ ᠮᠠᠨᠴᠤ ᠶᠢᠨ ᠬᠢᠷᠢ ᠪᠦᠳᠦᠬᠦᠨ ᠤᠷᠳᠤ ᠲᠦᠷᠪᠡᠯᠵᠢᠨ ᠴᠢᠯᠠᠭᠤᠨ ᠤ ᠨᠢᠭᠡ ᠦᠵᠦᠬᠦᠷ ᠲᠤ ᠡᠵᠢ | ᠬᠦᠮᠦᠨ ᠤ ᠬᠦᠬᠦ ᠶᠢ ᠰᠡᠶᠢᠯᠤᠨ ᠵᠠᠰᠠᠭᠠᠳ ᠱᠦᠩᠰᠢᠭ ᠪᠤᠯᠭᠠᠨ ᠲᠠᠷᠤᠵᠠᠢ᠃ ᠬᠡᠰᠢᠭᠳᠡᠨᠴᠤᠳ ᠤᠨ ᠲᠤᠮ ᠳᠤ᠂ | ᠬᠡᠤᠬᠡᠳ ᠠᠶᠤᠵᠤ ᠰᠤᠴᠢᠬᠤ ᠠᠴᠠ ᠪᠤᠯᠵᠤ ᠬᠡᠪ ᠤᠨ ᠪᠠᠶᠢᠳᠠᠯ ᠢᠶᠠᠨ ᠠᠯᠳᠠᠪᠠᠯ ᠰᠦᠨᠡᠰᠤ ᠪᠠᠨ ᠬᠡᠬᠡᠴᠢᠬᠡᠯᠡ ᠬᠡᠳ | ᠡᠬᠡ ᠬᠦᠮᠦᠨ ᠬᠡᠤᠬᠡᠳ ᠢᠶᠠᠨ ᠲᠡᠷᠬᠡᠳᠡ ᠪᠠᠨ ᠵᠤᠭᠰᠤᠭᠠᠨ ᠦᠷᠯᠦᠬᠡ᠂ ᠦᠳᠠ᠂ ᠤᠷᠤᠢ ᠬᠡᠵᠤ ᠡᠳᠤᠷ ᠤᠨ ᠭᠤᠷᠪᠠᠨ | ᠴᠠᠭ ᠢᠶᠠᠷ ᠰᠦᠨᠡᠰᠤ ᠶᠢ ᠨᠢ ᠲᠠᠭᠤᠳᠠᠨ᠎ᠠ᠃ ᠢᠩᠬᠢᠬᠦ ᠳᠡᠭᠡᠨ ᠡᠬᠡ ᠬᠦᠮᠦᠨ ᠪᠠᠷᠠᠭᠤᠨ ᠬᠦᠬᠦ ᠪᠠᠨ ᠪᠠᠷᠢᠵᠤ | ᠬᠤᠷᠤᠶᠢᠯᠠᠬᠤ ᠶᠢᠨ ᠲᠠᠭᠠᠤ ᠠᠮᠠᠨ ᠳᠠᠭᠠᠨ ︽︵ᠬᠡᠤᠬᠡᠳ ᠤᠨ ᠢᠶᠠᠨ ᠨᠡᠷ᠎ᠡ ᠪᠠᠷ︶ ᠮᠢᠨᠤ ᠬᠦᠦ ᠡᠮᠧ ᠳᠡᠭᠡᠨ ᠢᠷ᠎ᠡ | ᠡ︕ ᠡᠮᠧ ᠳᠡᠭᠡᠨ ᠢᠷ᠎ᠡ︕︾ ᠬᠡᠵᠤ ᠬᠤᠷᠤᠶᠢᠯᠠᠨ ᠭᠤᠷᠪᠠᠨ ᠡᠳᠤᠷ ᠳᠠᠭᠤᠳᠠᠪᠠᠯ ᠮᠢᠩᠭᠠᠨ ᠭᠠᠵᠠᠷ ᠤᠨ ᠬᠤᠯᠠ | ᠪᠠᠶᠢᠭᠰᠠᠨ ᠴᠦ ᠬᠡᠤᠬᠡᠳ ᠤᠨ ᠰᠦᠨᠡᠰᠤ ᠡᠷᠬᠢᠵᠤ ᠢᠷᠡᠨ᠎ᠡ ᠬᠡᠳᠡᠭ᠃ ᠬᠡᠤᠬᠡᠳ ᠰᠦᠨᠡᠰᠤ ᠪᠠᠨ ᠬᠡᠬᠡᠪᠡᠯ ᠢᠩᠬᠢᠳᠡᠭ | ᠢᠶᠠᠷ ᠪᠠᠷᠠᠬᠤ ᠦᠭᠡᠢ ᠶᠡᠭᠡ ᠬᠦᠮᠦᠨ ᠴᠦ ᠰᠦᠨᠡᠰᠤ ᠪᠠᠨ ᠬᠡᠬᠡᠪᠡᠯ ᠡᠵᠢ ᠪᠤᠯᠤᠭᠰᠠᠳ ᠨᠢ ᠮᠦᠨ ᠲᠠᠭᠡᠷᠡᠬᠢ ᠲᠠᠢ | ᠠᠳᠠᠯᠢᠬᠠᠨ ᠰᠦᠨᠡᠰᠤ ᠶᠢ ᠨᠢ ᠲᠠᠯᠠᠯᠤᠨ ᠲᠠᠭᠤᠳᠠᠳᠠᠭ᠃ ᠡᠬᠦᠨ ᠠᠴᠠ ᠦᠵᠡᠪᠠᠯ᠂ ᠡᠵᠢ ᠶᠢᠨ ᠬᠢᠨᠢ ᠠᠩᠬᠢᠷ | ᠤᠭᠤᠷᠠᠭ ᠢᠪᠢᠯᠳᠡᠭ ︽ᠬᠦᠬᠦ︾ ᠨᠢ ᠬᠡᠤᠬᠡᠳ ᠤᠨ ᠤᠪᠤᠭᠠᠨ ᠲᠤᠤᠷ᠎ᠠ ᠪᠠᠶᠢᠳᠠᠭ ᠤᠴᠢᠷ ᠠᠴᠠ ᠬᠡᠤᠬᠡᠳ ᠤᠨ | ᠰᠦᠨᠡᠰᠤ ᠨᠢ ᠶᠠᠷᠢᠶᠠᠨ ᠦᠭᠡᠢ ᠬᠡᠤᠬᠡᠳ ᠤᠨ ᠤᠪᠤᠭ᠎ᠠ ︽ᠡᠵᠢ︾ ᠳᠡᠭᠡᠨ ᠬᠤᠷᠭᠤᠳᠠᠨ ᠡᠷᠬᠢᠴᠡᠬᠦ ᠨᠢ ᠲᠠᠮᠵᠢᠭ | ᠦᠭᠡᠢ᠃ ︽ᠤᠪᠤᠭ᠎ᠠ ᠡᠵᠢ︾ ᠨᠢ ᠦᠪᠡᠷ ᠤᠨ ᠠᠯᠠᠭ ᠦᠷᠡᠰ ᠢᠶᠠᠨ ᠡᠪᠡᠳᠴᠢᠨ ᠲᠠᠬᠤᠯ ᠦᠭᠡᠢ ᠰᠠᠶᠢᠨ ᠰᠠᠶᠢᠬᠠᠨ | ᠤ ᠵᠦᠭ ᠲᠠᠮᠠᠤᠯᠤᠨ ᠬᠦᠳᠦᠯᠵᠤ ᠦᠷᠦᠰᠢᠶᠡᠨ ᠢᠪᠡᠬᠡᠬᠦ ᠨᠢ ᠴᠦ ᠲᠠᠮᠵᠢᠭ ᠦᠭᠡᠢ᠃ | ᠬᠡᠤᠬᠡᠳ ᠤᠨ ᠤᠪᠤᠭ᠎ᠠ ᠨᠢ ᠮᠤᠩᠭᠤᠯᠴᠤᠳ ᠤᠨ ᠤᠪᠤᠭᠠᠨ ᠲᠠᠬᠢᠯᠭ᠎ᠠ ᠶᠢᠨ ᠰᠤᠶᠤᠯ ᠤᠨ | ᠤᠯᠠᠷᠢᠯ ᠬᠤᠪᠢᠷᠠᠯ ᠬᠡᠵᠤ ᠦᠵᠡᠵᠤ ᠪᠤᠯᠤᠮᠠᠷ᠃ ᠮᠤᠩᠭᠤᠯ ᠬᠦᠮᠦᠨ ᠪᠦᠬᠡ ᠮᠦᠷᠬᠦᠯ ᠤᠨ ᠶᠤᠰᠤ ᠪᠠᠷ ᠮᠦᠩᠬᠡ | ᠲᠡᠭᠷᠢ ᠪᠠᠨ ᠲᠡᠭᠡᠳᠤᠯᠠᠨ ᠰᠢᠳᠤᠵᠤ᠂ ︽ᠲᠡᠭᠷᠢ ᠠᠪᠤ ᠦᠷᠦᠰᠢᠶᠠ︕︾ ᠬᠡᠵᠤ ᠠᠯᠢᠪᠠ ᠪᠦᠬᠦᠨ ᠢᠶᠠᠨ ᠬᠠᠮᠤᠭ ᠤᠨ | ᠦᠨᠳᠤᠷ ᠠᠭᠤᠯᠠ ᠶᠢᠨ ᠤᠷᠤᠢ ᠳᠤ᠂ ᠲᠡᠭᠷᠢ ᠲᠠᠢ ᠬᠠᠮᠤᠭ ᠠᠴᠠ ᠤᠶᠢᠷᠠᠬᠠᠨ ᠭᠠᠵᠠᠷ ᠤᠴᠢᠨ ᠲᠠᠭᠠᠳᠬᠠᠨ | ᠮᠦᠷᠬᠦᠳᠡᠭ᠃ ᠬᠡᠬᠦ ᠳᠤ ᠬᠡᠤᠬᠡᠳ ᠤᠨ ᠤᠪᠤᠭ᠎ᠠ ᠨᠢ ᠡᠵᠢ ᠬᠦᠮᠦᠨ ᠢ ︽ᠮᠦᠩᠬᠡ ᠲᠡᠭᠷᠢ︾ ᠲᠠᠢ ᠵᠡᠷᠬᠡᠴᠡᠬᠦᠯᠦᠨ | ᠰᠢᠳᠤᠵᠤ᠂ ︽ᠡᠵᠢ ᠮᠢᠨᠢ ᠬᠡᠤᠬᠡᠳ ᠢᠶᠠᠨ ᠦᠷᠦᠰᠢᠶᠡ︕︾ ᠬᠡᠳᠡᠭ ᠰᠠᠨᠠᠭ᠎ᠠ ᠲᠠᠢ ᠪᠤᠯᠭᠠᠨ ᠰᠢᠳᠦᠬᠡᠨᠴᠢᠯᠡᠵᠠᠢ᠃ | ᠲᠠᠶᠢᠮᠤ ᠠᠴᠠ ᠬᠡᠰᠢᠭᠳᠡᠨ ᠤ ᠬᠡᠤᠬᠡᠳ ᠤᠨ ᠤᠪᠤᠭ᠎ᠠ ᠨᠢ ᠮᠤᠩᠭᠤᠯᠴᠤᠳ ᠤᠨ ᠤᠵᠤᠭᠤᠷ ᠡᠷᠳᠡᠨ ᠤ ᠵᠠᠩ ᠠᠭᠠᠯᠢ᠂ | ᠠᠮᠢᠳᠤᠷᠠᠯ ᠠᠬᠤᠢ᠂ ᠰᠤᠶᠤᠯ ᠰᠡᠳᠬᠢᠬᠦᠢ ᠶᠢ ᠰᠤᠳᠤᠯᠬᠤ ᠳᠤ ᠦᠨ᠎ᠡ ᠴᠡᠨ᠎ᠡ ᠲᠠᠢ ᠰᠤᠳᠤᠯᠤᠭᠳᠠᠬᠤᠨ ᠪᠤᠯᠬᠤ ᠨᠢ | ᠲᠠᠮᠵᠢᠭ ᠦᠭᠡᠢ᠃ | | ︵ᠲᠤᠰ ᠵᠤᠬᠢᠶᠠᠯ ᠢ ᠲᠠᠷᠬᠠᠬᠠᠭᠤᠯᠠ ᠰᠤᠮᠤᠨ ᠤ ᠪᠠᠶᠠᠨᠰᠢᠯᠢ ᠭᠠᠴᠠᠭᠠᠨ ᠤ ᠬᠦᠨᠳᠤᠳᠤ ᠪᠠᠭᠰᠢ | ᠲᠤᠭᠳᠠᠬᠤ ᠵᠢᠴᠢ ᠲᠡᠬᠦᠨ ᠤ ᠬᠡᠷᠬᠡᠢ ᠠᠴᠠ ᠠᠰᠠᠭᠤᠨ ᠲᠡᠮᠳᠡᠭᠯᠡᠵᠤ ᠡᠮᠬᠢᠳᠬᠡᠵᠤ ᠨᠠᠶᠢᠷᠠᠭᠤᠯᠪᠠ᠃ ᠠᠳᠠ ᠨᠤᠳᠤᠭ | ᠤᠨ ᠢᠶᠠᠨ ᠦᠪ ᠰᠤᠶᠤᠯ ᠢ ᠲᠠᠭᠡᠳᠦᠯᠡᠵᠤ ᠶᠠᠪᠤᠳᠠᠭ ᠲᠡᠳᠡᠨ ᠳᠡᠭᠡᠨ ᠬᠦᠨ ᠲᠠᠯᠠᠷᠬᠠᠯ ᠢᠶᠠᠨ ᠲᠡᠪᠰᠢᠬᠦᠯᠦᠶ᠎ᠡ︕︶ | | |