ᠬᠡᠰᠢᠭᠳᠡᠨ ᠬᠤᠰᠢᠭᠤᠨ ᠤ ᠲᠦᠪ ᠪᠠᠯᠭᠠᠰᠤ — ᠪᠢᠷᠠᠭᠤ ᠬᠤᠳᠠ
ᠨᠡᠶᠢᠲᠡᠯᠡᠭᠰᠡᠨ ᠴᠠᠭ᠄
2014/5/6
      ᠬᠡᠰᠢᠭᠳᠡᠨ ᠬᠤᠰᠢᠭᠤᠨ ᠤ ᠲᠦᠪ ᠪᠠᠯᠭᠠᠰᠤ ᠪᠢᠷᠠᠭᠤ ᠬᠤᠳᠠ ᠪᠤᠯ ᠪᠦᠬᠦ ᠬᠤᠰᠢᠭᠤᠨ ᠤ ᠤᠯᠤᠰ ᠲᠦᠷᠦ᠂ ᠠᠵᠤ ᠠᠬᠤᠢ᠂ ᠰᠤᠶᠤᠯ ᠰᠤᠷᠭᠠᠨ ᠬᠦᠮᠦᠵᠢᠯ᠂ ᠵᠠᠮ ᠬᠠᠷᠢᠯᠴᠠᠭᠠᠨ ᠤ ᠲᠦᠪ ᠪᠤᠯᠬᠤ ᠶᠤᠮ᠃ ᠪᠢᠷᠠᠭᠤ ᠬᠤᠳᠠ ᠶᠢᠨ ᠨᠡᠷ᠎ᠡ ᠶᠢᠨ ᠢᠷᠡᠯᠳᠠ ᠶᠢᠨ ᠲᠤᠬᠠᠢ ᠲᠦᠪ ᠤᠨ ᠦᠨᠳᠤᠰᠤᠳᠠᠨ ᠤ ᠶᠡᠭᠡ ᠰᠤᠷᠭᠠᠭᠤᠯᠢ ᠶᠢᠨ ᠫᠷᠦᠹᠧᠰᠰᠤᠷ ᠰ᠊᠂ ᠰᠠᠮᠫᠢᠯᠨᠤᠷᠪᠤ ᠤᠴᠢᠷᠳᠠᠶᠢᠬᠠᠨ ᠨᠢᠬᠡᠨ ᠤᠯᠠᠮᠵᠢᠯᠠᠯ ᠢ ᠪᠢᠴᠢᠵᠤ ᠦᠯᠡᠳᠡᠭᠡᠭᠰᠡᠨ ᠶᠤᠮ᠃       ᠬᠡᠰᠢᠭᠳᠡᠨ ᠬᠤᠰᠢᠭᠤ ᠵᠠᠰᠠᠭ ᠤᠨ ᠤᠷᠳᠤᠨ ᠤ ᠰᠠᠭᠤᠭ᠎ᠠ ᠬᠤᠳᠠ ᠶᠢ ᠮᠤᠩᠭᠤᠯᠴᠤᠳ ︽ᠪᠢᠷᠠᠭᠤ︾ ᠬᠡᠵᠤ ᠨᠡᠷᠡᠯᠡᠨ᠂ ᠬᠢᠳᠠᠳ ᠢᠶᠠᠷ ᠵᠢᠩ ᠫᠧᠩ ︵经棚︶ ᠬᠡᠳᠡᠭ᠃ ᠬᠢᠳᠠᠳ ᠨᠡᠷ᠎ᠡ ᠨᠢ ᠪᠠᠷᠤᠭ ᠨᠤᠮ ᠰᠤᠳᠤᠷ ᠤᠨ ᠰᠠᠷᠠᠪᠴᠢ ᠬᠡᠰᠡᠨ ᠯᠡ ᠤᠳᠬ᠎ᠠ ᠲᠠᠢ ᠰᠢᠭ᠋ ᠶᠤᠮ᠃ ᠮᠤᠩᠭᠤᠯ ᠬᠢᠳᠠᠳ ᠨᠡᠷ᠎ᠡ ᠶᠢᠨ ᠤᠳᠬ᠎ᠠ ᠨᠢ ᠲᠠᠰᠤ ᠦᠬᠡᠷ᠎ᠡ ᠪᠤᠯᠬᠤ ᠨᠢ ᠲᠠᠮᠵᠢᠭ ᠦᠭᠡᠢ᠃       ᠪᠤᠭᠤᠷᠤᠯᠴᠤᠳ ᠤᠨ ᠬᠡᠯᠡᠬᠦ ᠪᠠᠷ᠂ ᠡᠨᠡ ᠨᠡᠷ᠎ᠡ ᠪᠤᠯ ᠴᠦᠮ ᠬᠤᠳᠠ ᠶᠢᠨ ᠡᠬᠦᠰᠤᠯ ᠲᠠᠢ ᠬᠤᠯᠪᠤᠭ᠎ᠠ ᠲᠠᠢ ᠬᠡᠨ᠎ᠡ᠃ ᠴᠦᠮ ᠬᠠᠮᠤᠭ ᠠᠩᠬ᠎ᠠ ᠠᠳᠠ ᠪᠠᠶᠢᠭᠤᠯᠤᠭᠰᠠᠨ ᠪᠤᠷᠬᠠᠨ ᠱᠠᠰᠢᠨ ᠤ ᠰᠦᠮ᠎ᠡ ᠶᠢᠨ ᠨᠡᠷ᠎ᠡ ᠠᠴᠠ ᠢᠷᠡᠭᠰᠡᠨ ᠬᠡᠳᠡᠭ᠃ ᠦᠬᠡᠷ ᠮᠠᠯ ᠤᠨ ᠨᠠᠰᠤᠨ ᠤ ᠢᠯᠭᠠᠯ ᠤᠨ ᠨᠡᠷ᠎ᠡ ᠪᠠᠷ ᠬᠤᠳᠠ ︵ᠰᠦᠮ᠎ᠡ︶᠎ ᠶᠢ ᠨᠡᠷᠡᠯᠡᠬᠦ ᠬᠡᠭᠴᠢ ᠶᠡᠭᠡ ᠭᠠᠶᠢᠬᠠᠯᠳᠠᠢ ᠤᠴᠢᠷ ᠶᠤᠮ᠃       ᠡᠨᠡ ᠭᠠᠵᠠᠷ ᠠᠩᠬᠠᠨ ᠳᠠᠭᠠᠨ ᠱᠠᠭᠠᠵᠠᠭᠠᠢ ᠤᠯᠠᠨ ᠴᠤᠭᠯᠠᠷᠠᠳᠠᠭ ᠲᠤᠯᠠ ᠬᠦᠮᠦᠰ ︽ᠱᠠᠭᠠᠵᠠᠭᠠᠶᠢᠳᠤ︾ ᠬᠡᠵᠤ ᠲᠠᠭᠤᠳᠠᠳᠠᠭ ᠬᠡᠨ᠎ᠡ᠃ ᠬᠤᠵᠢᠮ ᠨᠢ ᠱᠠᠭᠠᠵᠠᠭᠠᠶᠢᠳᠤ ᠭᠤᠤᠯ ᠤᠨ ᠬᠦᠪᠡᠬᠡᠨ ᠳᠤ ᠪᠤᠷᠬᠠᠨ ᠤ ᠰᠦᠮ᠎ᠡ ᠪᠠᠶᠢᠭᠤᠯᠵᠤ᠂ ᠠᠯᠳᠠᠨ ᠭᠠᠨᠵᠤᠤᠷ ᠬᠤᠷᠠᠭᠤᠯᠵᠠᠢ᠃ ᠢᠩᠬᠢᠬᠡᠳ ᠡᠨᠡ ᠭᠠᠵᠠᠷ ᠤᠨ ᠨᠡᠷ᠎ᠡ ᠨᠢ ︽ᠠᠯᠳᠠᠨ ᠭᠠᠨᠵᠤᠤᠷ ᠰᠦᠮ᠎ᠡ︾ ᠪᠤᠯᠵᠤ ᠬᠤᠯᠠ ᠤᠶᠢᠷ᠎ᠠ ᠳᠠᠭᠠᠨ ᠠᠯᠳᠠᠷᠰᠢᠵᠠᠢ᠃ ᠪᠠᠰᠠ ᠵᠠᠷᠢᠮ ᠬᠦᠮᠦᠨ ᠤ ᠬᠡᠯᠡᠬᠦ ᠪᠠᠷ᠂ ᠤᠯᠤᠰ ᠤᠨ ᠰᠠᠩ ᠤᠨ ᠠᠯᠳᠠᠨ ᠦᠰᠦᠭ ᠢᠶᠠᠷ ᠪᠢᠴᠢᠭᠰᠡᠨ ᠨᠤᠮ ᠢ ᠲᠤᠰ ᠰᠦᠮ᠎ᠡ ᠳᠤ ᠬᠠᠳᠠᠭᠠᠯᠠᠵᠤ ᠪᠠᠶᠢᠪᠠ ᠬᠡᠨ᠎ᠡ᠃ ᠪᠠᠰᠠ ᠰᠤᠨᠤᠰᠬᠤ ᠳᠤ᠂ ᠬᠠᠭᠠᠨ ᠤᠷᠳᠤᠨ ᠤ ᠠᠯᠳᠠᠨ ᠦᠰᠦᠭᠳᠤ ᠭᠠᠨᠵᠤᠤᠷ ᠨᠤᠮ ᠢ ᠱᠠᠭᠠᠵᠠᠭᠠᠶᠢᠳᠤ ᠭᠤᠤᠯ ᠤᠨ ᠬᠦᠪᠡᠬᠡᠨ᠎ᠡ ᠬᠠᠳᠠᠭᠠᠯᠠᠨ ᠨᠢᠭᠤᠵᠤ ᠪᠠᠶᠢᠵᠠᠢ᠃ ᠬᠤᠵᠢᠮ ᠨᠢ ᠴᠠᠭ ᠲᠦᠷᠦ ᠲᠦᠪᠰᠢᠷᠡᠭᠰᠡᠨ ᠳᠤ᠂ ᠠᠳᠠ ᠰᠦᠮ᠎ᠡ ᠪᠠᠶᠢᠭᠤᠯᠵᠤ᠂ ︽ᠠᠯᠳᠠᠨ ᠭᠠᠨᠵᠤᠤᠷ ᠰᠦᠮ᠎ᠡ︾ ᠬᠡᠵᠤ ᠨᠡᠷᠡᠶᠢᠳᠪᠡ᠃ ᠠᠯᠳᠠᠨ ᠭᠠᠨᠵᠤᠤᠷ ᠨᠤᠮ ᠢ ᠦᠶ᠎ᠡ ᠶᠢᠨ ᠦᠶ᠎ᠡ ᠪᠠᠷ ᠢᠶᠠᠨ ᠰᠠᠬᠢᠨ ᠬᠠᠮᠠᠭᠠᠯᠠᠵᠤ ᠢᠷᠡᠭᠰᠡᠨ ᠬᠦᠮᠦᠰ ᠨᠢ ︽ᠠᠯᠳᠠᠨ ᠭᠠᠨᠵᠤᠤᠷ︾ ᠠᠶᠢᠮᠠᠭ ︵ᠤᠪᠤᠭᠳᠠᠨ︶ ᠪᠤᠯᠵᠠᠢ᠃       ᠡᠨᠡ ᠰᠦᠮ᠎ᠡ ᠶᠢ ᠬᠦᠮᠦᠰ ᠶᠡᠷᠦ ᠳᠡᠭᠡᠨ ︽ᠠᠯᠳᠠᠨ ᠰᠦᠮ᠎ᠡ︾ ᠬᠡᠵᠤ ᠲᠦᠬᠦᠮᠴᠢᠯᠡᠨ ᠨᠡᠷᠡᠯᠡᠵᠤ᠂ ᠭᠠᠨᠵᠤᠤᠷ ᠨᠤᠮ ᠢ ᠰᠠᠬᠢᠭᠰᠠᠨ ᠬᠦᠮᠦᠰ ᠢ ︽ᠭᠠᠨᠵᠤᠤᠷ︾ ᠠᠶᠢᠮᠠᠭ ᠬᠡᠵᠤ ᠲᠠᠭᠤᠳᠠᠳᠠᠭ᠃       ᠰᠦᠮ᠎ᠡ ᠶᠢᠨ ᠬᠤᠷᠠᠯ ᠶᠤᠰᠤᠯᠠᠯ ᠪᠤᠯᠬᠤ ᠳᠤ᠂ ᠤᠯᠠᠨ ᠮᠦᠷᠬᠦᠯᠴᠢᠨ ᠰᠦᠰᠦᠭᠳᠡᠨ ᠴᠤᠭᠯᠠᠷᠠᠳᠠᠭ ᠪᠦᠬᠡᠳ ᠲᠤᠳᠤᠷ᠎ᠠ ᠭᠠᠵᠠᠷ ᠠᠴᠠ ᠴᠦ ᠤᠯᠠᠨ ᠠᠷᠪᠢᠨ ᠮᠠᠶᠢᠮᠠᠶᠢᠴᠢᠨ ᠢᠷᠡᠳᠡᠭ᠃ ᠢᠩᠬᠢᠬᠡᠳ ᠬᠢᠳᠠᠳ ᠮᠠᠶᠢᠮᠠᠶᠢᠴᠢᠨ ᠬᠤᠭᠤᠷᠤᠨᠳᠤ ᠪᠠᠨ ᠡᠨᠡ ᠰᠦᠮ᠎ᠡ ᠶᠢ ︽ᠵᠢᠩ ᠫᠧᠩ︾ ᠬᠡᠵᠤ ᠲᠠᠭᠤᠳᠠᠵᠤ ᠪᠠᠶᠢᠭᠰᠠᠭᠠᠷ ᠨᠡᠷᠡᠰᠢᠭᠰᠡᠨ ᠬᠡᠨ᠎ᠡ᠃       ᠪᠢᠷᠠᠭᠤ ᠬᠡᠳᠡᠭ ᠨᠡᠷ᠎ᠡ ᠪᠤᠯ ᠨᠡᠯᠢᠶᠡᠳ ᠰᠡᠬᠦᠯ ᠤᠨ ᠤᠴᠢᠷ ᠪᠠᠶᠢᠵᠠᠢ᠃ ᠡᠨᠡ ᠨᠡᠷ᠎ᠡ ᠶᠢᠨ ᠡᠬᠦᠰᠤᠯ ᠰᠢᠯᠢ ᠎ ᠶᠢᠨ ᠭᠤᠤᠯ ᠲᠠᠢ ᠬᠤᠯᠪᠤᠭᠳᠠᠨ᠎ᠠ᠃       ᠤᠳᠤ ᠶᠢᠨ ᠰᠢᠯᠢ ᠶᠢᠨ ᠭᠤᠤᠯ ᠠᠶᠢᠮᠠᠭ ᠤᠨ ᠲᠦᠪ ᠰᠢᠯᠢᠩᠬᠤᠳᠠ ᠶᠢᠨ ᠳᠡᠷᠬᠡᠳᠡᠬᠦᠷ ᠤᠷᠤᠰᠴᠤ ᠪᠠᠶᠢᠭ᠎ᠠ ︽ᠰᠢᠯᠢ ᠶᠢᠨ ᠭᠤᠤᠯ︾᠎ ᠤᠨ ᠡᠬᠢ ᠪᠤᠯ ᠬᠡᠰᠢᠭᠳᠡᠨ ᠤ ᠤᠯᠠᠨᠨᠠᠭᠤᠷ ᠶᠤᠮ᠃ ᠨᠢᠬᠡ ᠤᠳᠠᠭ᠎ᠠ ᠬᠡᠰᠢᠭᠳᠡᠨ ᠤ ᠵᠠᠰᠠᠭ ᠨᠤᠶᠠᠨ ᠲᠤᠳᠤᠷ᠎ᠠ ᠭᠠᠵᠠᠷ ᠠᠴᠠ ᠢᠷᠡᠭᠰᠡᠨ ᠶᠡᠭᠡ ᠰᠢᠨᠵᠢᠬᠡᠴᠢ ᠲᠠᠢ ᠠᠭᠤᠯᠵᠠᠨ ᠶᠠᠷᠢᠯᠴᠠᠵᠤ᠂ ᠰᠢᠯᠢ ᠶᠢᠨ ᠭᠤᠤᠯ ᠎ ᠤᠨ ᠬᠢᠨ ᠶᠠᠭᠠᠬᠢᠭᠠᠳ ᠮᠠᠨ ᠤ ᠬᠡᠰᠢᠭᠳᠡᠨ ᠠᠴᠠ ᠢᠯᠡᠬᠦᠦ ᠪᠠᠶᠠᠨ ᠪᠠᠶᠢᠳᠠᠭ ᠪᠤᠢ︖ ᠬᠡᠵᠤ ᠠᠰᠠᠭᠤᠵᠠᠢ᠃       — ᠡᠨᠡ ᠪᠤᠯ ᠠᠭᠤᠯᠠ ᠤᠰᠤ ᠲᠠᠢ ᠬᠤᠯᠪᠤᠭ᠎ᠠ ᠲᠠᠢ ᠶᠤᠮ᠃ ᠲᠠᠨ ᠤ ᠪᠤᠶᠠᠨ ᠬᠡᠰᠢᠭ ᠴᠢᠨᠢ ᠰᠢᠯᠢ ᠶᠢᠨ ᠭᠤᠤᠯ ᠢ ᠲᠠᠭᠠᠭᠠᠳ ᠤᠷᠤᠰᠴᠤ ᠪᠠᠶᠢᠭ᠎ᠠ ᠶᠤᠮ ᠴᠢᠨᠢ ᠳ᠋ᠠ᠃ ᠰᠢᠯᠢ ᠶᠢᠨ ᠭᠤᠤᠯ ᠪᠠᠶᠠᠵᠢᠬᠤ ᠦᠭᠡᠢ ᠶᠠᠭᠠᠬᠢᠬᠤ ᠪᠤᠢ ᠬᠡᠵᠤ ᠬᠡᠯᠡᠵᠠᠢ᠃       — ᠶᠠᠭᠠᠬᠢᠪᠠᠯ ᠪᠢᠳᠠ ᠪᠠᠰᠠ ᠪᠠᠶᠠᠵᠢᠬᠤ ᠪᠤᠢ︖ ᠬᠡᠵᠤ ᠲᠠᠬᠢᠨ ᠠᠰᠠᠭᠤᠭᠰᠠᠨ ᠳᠤ᠂       — ᠰᠢᠯᠢ ᠶᠢᠨ ᠭᠤᠤᠯ ᠤᠨ ᠤᠰᠤ ᠶᠢ ᠭᠠᠳᠠᠭᠰᠢ ᠪᠤᠤ ᠤᠷᠤᠰᠬ᠎ᠠ᠃ ᠬᠤᠰᠢᠭᠤᠨ ᠳᠠᠭᠠᠨ ᠲᠤᠭᠳᠠᠭ᠎ᠠ ᠬᠡᠵᠤ ᠬᠠᠷᠢᠭᠤᠯᠤᠭᠰᠠᠨ ᠬᠡᠨ᠎ᠡ᠃       ᠲᠠᠷᠠ ᠵᠢᠯ ᠤᠨ ᠬᠠᠪᠤᠷ ᠵᠠᠰᠠᠭ ᠨᠤᠶᠠᠨ ᠦᠪᠡᠷ ᠢᠶᠠᠨ ᠬᠦᠳᠡᠯᠵᠤ᠂ ᠭᠠᠵᠠᠷ ᠤᠨ ᠪᠠᠶᠢᠴᠠ ᠶᠢ ᠨᠢᠭᠳᠠᠯᠠᠨ ᠦᠵᠡᠬᠡᠳ ︽ᠡᠨᠡ ᠬᠢᠯᠪᠠᠷ ᠪᠦᠳᠦᠨ᠎ᠡ︾ ᠬᠡᠵᠤ ᠲᠠᠷᠠ ᠲᠤᠤᠷ᠎ᠠ ᠪᠠᠨ ᠡᠬᠢᠯᠡᠨ ᠬᠢᠵᠠᠢ᠃       ᠬᠠᠳᠠᠨᠪᠤᠯᠠᠭ ᠤᠨ ᠪᠠᠷᠠᠭᠤᠨ ᠬᠤᠶᠢᠨ᠎ᠠ᠂ ᠦᠷᠬᠡᠨ ᠤᠯᠤᠮ ᠤᠨ ᠲᠤᠤᠷ᠎ᠠ ᠵᠠᠬ᠎ᠠ ᠪᠠᠷ ᠭᠤᠤᠯ ᠢ ᠬᠠᠰᠢᠬᠤ ᠎ ᠪᠠᠷ ᠪᠤᠯᠵᠤ᠂ ᠵᠢᠷᠠᠨ ᠲᠤᠮᠤ ᠢᠰᠡᠬᠡᠢ ᠤᠭᠤᠳᠠ ᠪᠠᠵᠠᠭᠠᠵᠤ ᠡᠯᠡᠰᠤ ᠰᠠᠪᠠᠯᠠᠭᠠᠳ ᠭᠤᠤᠯ ᠤᠨ ᠤᠰᠤ ᠶᠢ ᠶᠠᠭ ᠲᠠᠭ ᠬᠠᠰᠢᠨ ᠠᠪᠴᠠᠢ᠃ ᠢᠩᠬᠢᠬᠡᠳ ᠨᠠᠷᠢᠨ ᠡᠯᠡᠰᠤᠨ ᠲᠤᠮᠳᠠᠭᠤᠷ ᠪᠠᠭ᠋ᠠᠨ ᠰᠤᠪᠠᠭ ᠲᠠᠳᠠᠵᠤ ᠠᠰ ᠪᠠᠷᠠᠭᠤᠨᠰᠢ ᠤᠷᠤᠰᠬᠠᠨ ᠰᠢᠭᠤᠳ ᠠᠷᠤ ᠮᠡᠯᠡᠬᠡᠶᠢᠳᠤ ᠨᠠᠭᠤᠷ ᠲᠤ ᠤᠷᠤᠭᠤᠯᠪᠠ᠃ ᠲᠠᠬᠢᠨ ᠬᠡᠷᠡᠮ ᠤᠨ ᠲᠠᠯ᠎ᠠ ᠶᠢᠨ ᠵᠡᠬᠦᠨ ᠪᠡᠶ᠎ᠡ ᠎ ᠪᠠᠷ ᠨᠠᠷᠢᠨ ᠰᠤᠪᠠᠭ ᠲᠠᠳᠠᠨ ᠡᠮᠤᠨ᠎ᠠ ᠮᠡᠯᠡᠬᠡᠶᠢᠳᠤ ᠨᠠᠭᠤᠷ ᠲᠤ ᠤᠷᠤᠭᠤᠯᠤᠨ ᠲᠠᠨᠳᠠ ᠠᠴᠠ ᠤᠷᠤᠭᠰᠢ ᠤᠷᠤᠰᠬᠠᠨ᠂ ᠬᠦᠩᠬᠡᠷ ᠤᠨ ᠭᠤᠤᠯ ᠳᠤ ᠨᠡᠶᠢᠯᠡᠬᠦᠯᠵᠡᠢ᠃ ᠬᠤᠶᠢᠨ᠎ᠠ ᠡᠮᠤᠨ᠎ᠡ ᠬᠤᠶᠠᠷ ᠲᠤᠯᠤᠭᠠᠨ ᠬᠤᠨᠤᠭ ᠲᠤ ᠪᠦᠬᠦ ᠠᠵᠢᠯ ᠶᠡᠭᠡ ᠰᠢᠯᠤᠭᠤᠬᠠᠨ ᠰᠢᠭᠤᠳ ᠲᠠᠭᠤᠰᠴᠠᠢ ︵ᠤᠳᠤ ᠪᠤᠯᠳᠠᠯ᠎ᠠ ᠡᠨᠡ ᠰᠤᠪᠠᠭ ︿ᠭᠤᠤᠯ﹀᠎ ᠤᠨ ᠤᠷᠤᠮ ᠰᠠᠭᠤᠷᠢ ᠨᠢ ᠪᠦᠷᠢᠨ ᠮᠡᠳᠡᠭᠳᠡᠵᠤ ᠪᠠᠶᠢᠨ᠎ᠠ ᠬᠡᠯᠴᠡᠳᠡᠭ︶᠃       ᠰᠢᠯᠢ ᠶᠢᠨ ᠭᠤᠤᠯ᠂ ᠵᠤᠤ ᠤᠳᠠ ᠬᠤᠶᠠᠷ ᠴᠢᠭᠤᠯᠭᠠᠨ ᠤ ᠨᠤᠶᠠᠳ ᠬᠡᠰᠢᠭᠳᠡᠨ ᠬᠤᠰᠢᠭᠤᠨ ᠳᠤ ᠪᠠᠴᠢᠮ ᠠᠴᠢᠨ ᠴᠢᠭᠤᠯᠭ᠎ᠠ ᠪᠤᠯᠪᠠ᠃ ᠤᠩᠭᠤᠨ ᠰᠢᠯᠢ ᠶᠢᠨ ᠵᠡᠬᠦᠨ ᠳᠠᠬᠢ ᠬᠦᠨ ᠨᠠᠭᠤᠷ ᠤᠨ ᠵᠡᠬᠦᠨ ᠡᠮᠤᠨᠡᠬᠢ ᠰᠢᠷᠡᠬᠡᠨ ᠤ ᠪᠢᠴᠢᠬᠠᠨ ᠲᠤᠪᠤᠷᠴᠠᠭ ᠤᠨ ᠲᠤᠯᠤᠭᠠᠢ ᠲᠡᠭᠡᠷ᠎ᠡ ᠬᠤᠶᠠᠷ ᠴᠢᠭᠤᠯᠭᠠᠨ ᠳ᠋ᠠ ᠬᠢᠬᠡᠳ ᠬᠡᠰᠢᠭᠳᠡᠨ ᠤ ᠵᠠᠰᠠᠭ ᠨᠤᠶᠠᠨ᠂ ᠠᠪᠠᠭ᠎ᠠ ᠳ᠋ᠠ ᠸᠠᠩ ᠨᠠᠷ ᠴᠢᠭᠤᠯᠭ᠎ᠠ ᠪᠤᠯᠵᠤ᠂ ᠨᠢᠭᠡ ᠡᠳᠤᠷ ᠨᠢᠭᠡ ᠰᠦᠨᠢ ᠶᠠᠷᠢᠯᠴᠠᠵᠤ ᠰᠠᠶ᠋ᠢ ᠡᠴᠤᠰ ᠤᠨ ᠰᠢᠢᠳᠪᠤᠷᠢ ᠶᠢ ᠠᠷᠠᠢ ᠴᠢᠷᠠᠢ ᠲᠤᠭᠳᠠᠵᠠᠢ᠃       ︽ᠰᠢᠯᠢ ᠶᠢᠨ ᠭᠤᠤᠯ ᠤᠨ ᠬᠠᠰᠢᠯᠭ᠎ᠠ ᠶᠢ ᠲᠠᠯᠪᠢᠵᠤ ᠤᠤᠯ ᠶᠤᠰᠤᠭᠠᠷ ᠨᠢ ᠤᠷᠤᠰᠬᠠᠨ᠎ᠠ᠂ ᠰᠢᠯᠢ ᠶᠢᠨ ᠭᠤᠤᠯ ᠤᠨ ᠴᠢᠭᠤᠯᠭᠠᠨ ᠠᠴᠠ ᠵᠢᠯ ᠪᠦᠷᠢ ᠶᠢᠨ ᠬᠠᠪᠤᠷ ᠨᠤᠭᠤᠭᠠᠨ ᠤ ᠪᠢᠷᠠᠭᠤ ᠵᠢᠷᠠ ᠶᠢ ᠰᠤᠩᠭᠤᠨ ᠬᠡᠰᠢᠭᠳᠡᠨ ᠬᠤᠰᠢᠭᠤᠨ ᠳᠤ ᠪᠠᠷᠢᠴᠠ ᠡᠷᠬᠦᠨ᠎ᠡ᠃︾ ᠢᠩᠬᠢᠬᠡᠳ ᠰᠢᠯᠢ ᠶᠢᠨ ᠭᠤᠤᠯ ᠲᠠᠬᠢᠨ ᠤᠮᠠᠷᠠᠰᠢ ᠤᠷᠤᠰᠤᠯ᠎ᠠ᠃       ᠠᠴᠢᠨ ᠴᠢᠭᠤᠯᠭ᠎ᠠ ᠬᠢᠭᠰᠡᠨ ᠲᠤᠪᠤᠷᠴᠠᠭ ᠤᠨ ᠲᠤᠯᠤᠭᠠᠢ ᠲᠡᠭᠡᠷ᠎ᠡ ᠪᠢᠴᠢᠬᠠᠨ ᠤᠪᠤᠭ᠎ᠠ ᠪᠤᠰᠬᠠᠨ ︽ᠠᠴᠢᠨ︾ ᠬᠡᠵᠤ ᠨᠡᠷᠡᠯᠡᠪᠡ᠃ ᠡᠨᠡ ᠠᠴᠢᠨ ᠲᠤᠯᠤᠭᠠᠢ ᠤᠳᠤ ᠲᠠᠷᠢᠶᠠᠬᠤᠸᠠ ᠭᠠᠴᠠᠭ᠎ᠠ ᠳᠤ ᠪᠤᠢ᠃       ᠵᠢᠯ ᠪᠦᠷᠢ ᠶᠢᠨ ᠬᠠᠪᠤᠷ ᠰᠢᠯᠢ ᠶᠢᠨ ᠭᠤᠤᠯ ᠤᠨ ᠴᠢᠭᠤᠯᠭᠠᠨ ᠵᠢᠷᠠᠨ ᠨᠤᠭᠤᠭᠠᠨ ᠤ ᠪᠢᠷᠠᠭᠤ ᠰᠤᠩᠭᠤᠨ ᠬᠦᠬᠡᠬᠡᠵᠤ᠂ ᠠᠯᠳᠠᠨ ᠭᠠᠨᠵᠤᠤᠷ ᠰᠦᠮ᠎ᠡ ᠶᠢᠨ ᠲᠡᠭᠡᠷᠡᠬᠢ ᠬᠡᠰᠢᠭᠳᠡᠨ ᠤ ᠵᠠᠰᠠᠭ ᠤᠨ ᠤᠷᠳᠤᠨ ᠳᠤ ᠬᠦᠷᠬᠡᠵᠤ ᠦᠭᠳᠡᠭ ᠪᠤᠯᠵᠠᠢ᠃ ᠬᠡᠰᠢᠭᠳᠡᠨ ᠤ ᠵᠠᠰᠠᠭ ᠨᠤᠶᠠᠨ᠂ ᠡᠨᠡᠬᠦ ᠪᠠᠷᠢᠴᠠ ᠶᠢᠨ ᠵᠢᠷᠠᠨ ᠪᠢᠷᠠᠭᠤ ᠶᠢᠨ ᠮᠦᠩᠬᠦ ᠶᠢ ᠲᠤᠰᠬᠠᠢ ᠠᠯᠪᠠᠨ ᠵᠠᠷᠤᠳᠠᠯ — ᠬᠡᠷ ᠪᠠᠶᠢᠰᠢᠩ ᠪᠠᠷᠢᠬᠤ ᠳᠤ ᠯᠡ ᠬᠡᠷᠡᠭᠯᠡᠨ᠎ᠡ ᠬᠡᠵᠤ ᠲᠤᠩᠬᠠᠭᠯᠠᠵᠠᠢ᠃       ᠪᠢᠷᠠᠭᠤ ᠬᠤᠳᠠᠯᠳᠤᠭᠰᠠᠨ ᠮᠦᠩᠬᠦ ᠪᠠᠷ ᠪᠠᠶᠢᠭᠤᠯᠤᠭᠰᠠᠨ ᠪᠠᠷᠢᠯᠭ᠎ᠠ ᠶᠢ ᠵᠠᠰᠠᠭ ᠨᠤᠶᠡᠨ ᠠᠴᠠ ᠡᠬᠢᠯᠡᠨ ᠪᠦᠬᠦᠳᠡᠬᠡᠷ ᠢᠶᠠᠨ ︽ᠪᠢᠷᠠᠭᠤ ᠶᠢᠨ ᠤᠷᠳᠤᠨ︾᠂ ︽ᠪᠢᠷᠠᠭᠤ ᠶᠢᠨ ᠪᠠᠶᠢᠰᠢᠩ︾᠂ ︽ᠪᠢᠷᠠᠭᠤ ᠶᠢᠨ ᠰᠤᠷᠭᠠᠭᠤᠯᠢ︾ ᠁ ᠬᠡᠵᠤ ᠲᠠᠭᠤᠳᠠᠳᠠᠭ᠃ ᠰᠡᠬᠦᠯᠡᠷ ᠠᠯᠳᠠᠨ ᠭᠠᠨᠵᠤᠤᠷ ᠰᠦᠮ᠎ᠡ ᠴᠦ ᠬᠡᠳᠤ ᠬᠡᠳᠤᠨ ︽ᠪᠢᠷᠠᠭᠤ ᠶᠢᠨ ᠲᠤᠭᠠᠩ ︾᠎ ᠲᠠᠢ ᠪᠤᠯᠵᠠᠢ᠃ ᠤᠨ ᠵᠢᠯ ᠦᠩᠬᠡᠷᠡᠬᠦ ᠲᠤᠳᠤᠮ ︽ᠪᠢᠷᠠᠭᠤ︾ ᠪᠠᠷᠢᠯᠭ᠎ᠠ ᠨᠡᠮᠡᠭᠳᠡᠨ ᠨᠡᠮᠡᠭᠳᠡᠭᠰᠡᠬᠡᠷ ᠪᠠᠶᠢᠵᠤ᠂ ᠪᠦᠬᠦ ᠬᠤᠳᠠᠨ ᠤ ᠬᠡᠷ ᠪᠠᠶᠢᠰᠢᠩ᠂ ᠪᠠᠷᠢᠯᠭ᠎ᠠ ᠪᠦᠬᠦᠨ ᠪᠠᠷᠤᠭ ᠯᠡ ︽ᠪᠢᠷᠠᠭᠤ︾ ᠨᠡᠷ᠎ᠡ ᠲᠠᠢ ᠪᠤᠯᠴᠢᠬᠠᠵᠠᠢ᠃ ᠢᠩᠬᠢᠬᠡᠳ ᠬᠦᠮᠦᠰ ᠡᠨᠡ ᠬᠤᠳᠠ ᠶᠢ ᠨᠢᠬᠡᠮᠰᠤᠨ ︽ᠪᠢᠷᠠᠭᠤ ᠬᠤᠳᠠ︾ ᠬᠡᠵᠤ ᠨᠡᠷᠡᠯᠡᠬᠦ ᠪᠤᠯᠪᠠ᠃       ᠠᠯᠳᠠᠨ ᠭᠠᠨᠵᠤᠤᠷ ᠰᠦᠮ᠎ᠡ ᠶᠢᠨ ᠶᠡᠬᠡᠩᠬᠢ ᠲᠤᠭᠠᠩ ᠴᠦ ︽ᠪᠢᠷᠠᠭᠤ︾᠎ ᠶᠢᠨ ᠮᠦᠩᠬᠦ ᠪᠠᠷ ᠪᠠᠷᠢᠭᠰᠠᠨ ᠪᠤᠯᠬᠤᠷ ᠡᠨᠡ ᠰᠦᠮ᠎ᠡ ᠴᠦ ᠶᠠᠪᠤᠨ ᠪᠠᠶᠢᠭᠰᠠᠭᠠᠷ ᠬᠤᠳᠠ ᠪᠠᠨ ᠲᠠᠭᠠᠨ ︽ᠪᠢᠷᠠᠭᠤ ᠰᠦᠮ᠎ᠡ︾ ᠬᠡᠵᠤ ᠨᠡᠷᠡᠰᠢᠪᠡ᠃ ᠴᠠᠭ ᠤᠨ ᠤᠷᠤᠰᠬᠠᠯ ᠳᠤ ︽ᠱᠠᠭᠠᠵᠠᠭᠠᠶᠢᠳᠤ ᠭᠤᠤᠯ︾ ᠨᠡᠷ᠎ᠡ ᠴᠦ ᠠᠯᠠᠭᠤᠷ ᠠᠭᠠᠵᠢᠮ ᠢᠶᠠᠷ ︽ᠪᠢᠷᠠᠭᠤ ᠭᠤᠤᠯ︾ ᠬᠡᠵᠤ ᠨᠡᠷ᠎ᠡ ᠪᠠᠨ ᠰᠤᠯᠢᠭᠰᠠᠨ ᠪᠠᠶᠢᠨ᠎ᠠ᠃       ᠤᠯᠠᠨᠨᠠᠭᠤᠷ ᠤᠨ ᠤᠰᠤ ᠪᠠᠷ ᠢᠶᠠᠨ ᠪᠢᠷᠠᠭᠤ ᠰᠤᠯᠢᠵᠤ᠂ ᠪᠢᠷᠠᠭᠤ ᠪᠠᠷ ᠢᠶᠠᠨ ᠮᠦᠩᠬᠦ ᠰᠤᠯᠢᠵᠤ᠂ ᠮᠦᠩᠬᠦ ᠎ ᠪᠠᠷ ᠢᠶᠠᠨ ᠬᠤᠳᠠ ᠪᠠᠶᠢᠭᠤᠯᠤᠭᠰᠠᠨ ᠬᠡᠵᠤ ᠨᠤᠳᠤᠭ ᠤᠨ ᠪᠤᠭᠤᠷᠤᠯᠴᠤᠳ ᠮᠢᠨᠢ ᠤᠳᠤ ᠪᠤᠯᠳᠠᠯ᠎ᠠ ᠬᠠᠭᠤᠴᠢᠯᠠᠳᠠᠭ ᠰᠠᠨ᠃ ᠤᠯᠠᠨᠨᠠᠭᠤᠷ ᠤᠨ ᠤᠰᠤ᠂ ᠰᠢᠯᠢ ᠶᠢᠨ ᠭᠤᠤᠯ ᠢ ᠤᠮᠳᠠᠯᠠᠭᠰᠠᠨ ᠢᠶᠠᠷ ᠪᠠᠷᠠᠬᠤ ᠦᠭᠡᠢ ︽ᠪᠢᠷᠠᠭᠤ ᠬᠤᠳᠠ︾ ᠎ ᠶᠢ ᠴᠦ ᠤᠮᠳᠠᠯᠠᠨ ᠪᠤᠰᠬᠠᠭᠰᠠᠨ ᠶᠤᠮ ᠰᠠᠨᠵᠠᠢ᠃       ᠪᠢᠷᠠᠭᠤ ᠬᠡᠳᠡᠭ ᠨᠡᠷ᠎ᠡ ᠶᠢᠨ ᠲᠤᠬᠠᠢ ᠪᠠᠰᠠ ᠨᠢᠬᠡᠨ ᠰᠤᠨᠢᠷᠬᠠᠯᠳᠠᠢ ᠦᠯᠢᠬᠡᠷ ᠢ ᠬᠡᠰᠢᠭᠳᠡᠨ ᠬᠤᠰᠢᠭᠤᠨ ᠤ ᠵᠠᠰᠠᠭ ᠤᠨ ᠤᠷᠳᠤᠨ ᠤ ᠤᠷᠴᠢᠭᠤᠯᠭ᠎ᠠ ᠶᠢᠨ ᠰᠠᠯᠠᠭᠠᠨ ᠤ ᠡᠷᠳᠡᠨᠢᠪᠠᠶᠠᠷ ᠭᠤᠸᠠᠢ ᠪᠢᠷᠠᠭᠤ ᠰᠦᠮ᠎ᠡ ᠶᠢᠨ ᠯᠠᠮᠠᠬᠠᠢ ᠠᠭᠰᠠᠨ ᠲᠠᠯᠠᠶᠢᠨᠠᠭᠤᠷ ᠪᠠᠯᠭᠠᠰᠤᠨ ᠤ ᠵᠡᠬᠦᠨ ᠭᠠᠩᠭᠠᠨ ᠭᠠᠴᠠᠭᠠᠨ ᠳᠤ ᠨᠤᠳᠤᠭᠳᠠᠢ ᠰᠡᠷᠡᠩᠳᠤᠷᠵᠢ ᠶᠢᠨ ᠶᠠᠷᠢᠵᠤ ᠦᠩᠬᠦᠭᠰᠡᠨ ᠢ 2007 ᠤᠨ ᠤ 9 ᠰᠠᠷ᠎ᠠ ᠶᠢᠨ 3᠎ ᠳᠤ ᠨᠠᠳᠠᠳᠤ ᠤᠴᠢᠷᠯᠠᠨ ᠶᠠᠷᠢᠭᠰᠠᠨ ᠶᠤᠮ᠃ ᠠᠳᠠ ᠲᠡᠷᠡ ᠶᠤᠰᠤᠭᠠᠷ ᠨᠢ ᠰᠡᠶᠢᠷᠡᠬᠦᠯᠦᠶ᠎ᠡ᠄       ᠴᠢᠩ ᠤᠯᠤᠰ ᠤᠨ ᠵᠠᠰᠠᠭ ᠤᠨ ᠭᠠᠵᠠᠷ ᠠᠴᠠ ᠮᠤᠩᠭᠤᠯ ᠤᠷᠤᠨ ᠳᠤ ᠰᠦᠮ᠎ᠡ ᠰᠤᠪᠤᠷᠭ᠎ᠠ ᠶᠡᠭᠡ ᠪᠠᠷ ᠪᠠᠶᠢᠭᠤᠯᠬᠤ ᠶᠢ ᠵᠤᠷᠢᠭᠵᠢᠭᠤᠯᠵᠤ ᠪᠠᠶᠢᠭᠰᠠᠨ ᠦᠶ᠎ᠡ ᠨᠢᠬᠡ ᠪᠠᠳᠢᠷᠴᠢᠨ ᠪᠯᠠᠮ᠎ᠠ ᠴᠢᠩ ᠤᠯᠤᠰ ᠤᠨ ᠬᠠᠭᠠᠨ ᠨᠢ ᠬᠡᠰᠢᠭᠳᠡᠨ ᠤ ᠭᠠᠯᠳᠠᠰᠤᠳᠠᠢ ᠷᠠᠰᠢᠶᠠᠨ ᠳᠤ ᠢᠷᠡᠵᠤ ᠠᠮᠠᠷᠠᠨ ᠰᠤᠪᠢᠯᠠᠨ ᠰᠠᠭᠤᠬᠤ ᠶᠢ ᠲᠤᠬᠢᠶᠠᠯᠳᠤᠭᠤᠯᠤᠨ ᠰᠦᠮ᠎ᠡ ᠪᠠᠶᠢᠭᠤᠯᠬᠤ ᠤᠴᠢᠷ ᠢᠶᠠᠨ ᠬᠡᠯᠡᠵᠤ᠂ ᠪᠠᠳᠢᠷ ᠡᠷᠢᠬᠦ ᠳᠤ ᠬᠠᠭᠠᠨ ᠡᠵᠡᠨ ᠢᠪᠡᠬᠡᠯ ᠬᠠᠶᠢᠷᠠᠯᠠᠨ ᠰᠢᠷ᠎ᠠ ᠲᠤᠷᠭᠠᠨ ᠲᠡᠭᠡᠷ᠎ᠡ ᠪᠢᠴᠢᠭ ᠪᠢᠴᠢᠵᠤ ᠦᠭᠬᠦᠬᠡᠳ ᠬᠡᠯᠡᠭᠰᠡᠨ ᠨᠢ᠄ ︽ᠴᠢ ᠮᠢᠨᠤ ᠪᠢᠴᠢᠭ ᠢ ᠠᠪᠤᠭᠠᠳ ᠬᠤᠶᠢᠳᠤᠨ ᠬᠠᠪᠤᠷ ᠪᠡᠬᠡᠵᠢᠩ ᠳᠤ ᠤᠴᠢᠪᠠᠯ ᠬᠦᠮᠦᠨ ᠴᠢᠮ᠎ᠠ ᠳᠤ ᠰᠦᠮ᠎ᠡ ᠪᠠᠶᠢᠭᠤᠯᠬᠤ ᠮᠦᠩᠬᠦ ᠦᠭᠬᠦᠨ᠎ᠡ︾ ᠬᠡᠵᠠᠢ᠃ ᠪᠠᠳᠢᠷᠴᠢᠨ ᠪᠯᠠᠮ᠎ᠠ ᠪᠡᠬᠡᠵᠢᠩ ᠳᠤ ᠤᠷᠤᠵᠤ ᠡᠵᠡᠨ ᠵᠤᠷᠭᠠᠨ ᠠᠴᠠ 300 ᠯᠠᠩ ᠮᠦᠩᠬᠦ ᠤᠯᠬᠤ ᠶᠢᠨ ᠲᠠᠭᠠᠤ ︽ᠤᠳᠠᠢ ᠳᠤ ᠤᠴᠢᠵᠤ ᠰᠦᠮ᠎ᠡ ᠪᠠᠶᠢᠭᠤᠯᠬᠤ ᠭᠠᠵᠠᠷ ᠶᠢᠨ ᠰᠢᠨᠵᠢᠬᠦᠯ︾ ᠬᠡᠰᠡᠨ ᠵᠠᠷᠯᠢᠭ ᠲᠤᠰᠴᠠᠢ᠃ ᠰᠠᠨᠠᠭᠰᠠᠨ ᠬᠦᠰᠡᠯ ᠤᠨ ᠬᠡᠬᠡ ᠲᠤᠳᠤᠷᠠᠬᠤ ᠠᠶᠠᠳᠠᠢ ᠪᠤᠯᠤᠭᠰᠠᠨ ᠢᠶᠠᠨ ᠪᠠᠳᠢᠷᠴᠢᠨ ᠪᠯᠠᠮ᠎ᠠ ᠤᠳᠠᠢ ᠳᠤ ᠤᠴᠢᠬᠤ ᠳᠤ ᠶᠡᠬᠡᠰ ᠪᠯᠠᠮ᠎ᠠ᠄ ︽ᠬᠤᠶᠢᠳᠤ ᠵᠢᠯ ᠤᠨ ᠪᠢᠯᠢᠭ ᠤᠨ ᠤᠯᠠᠷᠢᠯ ᠤᠨ 6 ᠰᠠᠷ᠎ᠠ ᠶᠢᠨ 6᠎ ᠳᠤ ᠴᠢ ᠰᠦᠮ᠎ᠡ ᠪᠠᠶᠢᠭᠤᠯᠬᠤ ᠭᠠᠵᠠᠷ ᠡᠷᠢᠵᠤ ᠶᠠᠪᠤᠬᠤ ᠳᠤ ᠨᠢᠬᠡ ᠲᠤᠪᠤ ᠶᠢᠨ ᠲᠡᠷᠬᠡᠳᠠ ᠴᠠᠭᠠᠨ ᠪᠢᠷᠠᠭᠤ ᠪᠠᠷᠠᠭᠤᠨ ᠬᠤᠶᠢᠰᠢ ᠰᠠᠯᠬᠢ ᠰᠦᠷᠦᠨ ᠡᠪᠡᠰᠤ ᠢᠳᠡᠵᠤ ᠪᠠᠶᠢᠬᠤ ᠲᠠᠢ ᠲᠠᠭᠠᠷᠠᠯᠳᠤᠬᠤ ᠶᠤᠮ᠃ ᠲᠡᠷᠡ ᠭᠠᠵᠠᠷ ᠪᠤᠯ ᠴᠢᠨᠤ ᠰᠦᠮ᠎ᠡ ᠪᠠᠶᠢᠭᠤᠯᠬᠤ ᠭᠠᠵᠠᠷ ᠮᠦᠨ︾ ᠬᠡᠵᠠᠢ᠃ ᠪᠠᠳᠢᠷᠴᠢᠨ ᠮᠠᠮᠠ ᠰᠦᠮ᠎ᠡ ᠪᠠᠶᠢᠭᠤᠯᠬᠤ ᠭᠠᠵᠠᠷ ᠡᠷᠢᠵᠤ ᠶᠠᠪᠤᠬᠤ ᠳᠤ ᠨᠡᠬᠡᠷᠡᠨ ᠨᠢᠬᠡᠨ ᠴᠠᠭᠠᠨ ᠪᠢᠷᠠᠭᠤ ᠰᠠᠯᠬᠢ ᠰᠦᠷᠦᠨ ᠡᠪᠡᠰᠤ ᠢᠳᠡᠵᠤ ᠪᠠᠶᠢᠭᠰᠠᠨ ᠲᠠᠢ ᠲᠠᠭᠠᠷᠠᠯᠳᠤᠨ ᠲᠠᠶᠠᠭ ᠶᠢᠨ ᠠᠳᠬᠤᠨ ᠲᠡᠮᠳᠡᠭ ᠲᠠᠯᠪᠢᠵᠤ ᠠᠮᠵᠢᠳᠠᠯ᠎ᠠ ᠴᠠᠭᠠᠨ ᠪᠢᠷᠠᠭᠤ ᠪᠠᠷ᠎ᠠ ᠦᠭᠡᠢ ᠪᠤᠯᠪᠠ ᠬᠡᠨ᠎ᠡ᠃ ᠲᠡᠭᠡᠭᠡᠳ ᠡᠨᠡ ᠭᠠᠵᠠᠷ ᠲᠤ ᠰᠦᠮ᠎ᠡ ᠪᠠᠶᠢᠭᠤᠯᠤᠨ ᠨᠡᠷ᠎ᠡ ᠶᠢ ᠨᠢ ᠪᠢᠷᠠᠭᠤ ᠰᠦᠮ᠎ᠡ ᠬᠡᠵᠠᠢ᠃       ᠰᠡᠷᠡᠩᠳᠤᠷᠵᠢ ᠮᠠᠮᠠ ᠶᠢᠨ ᠶᠠᠷᠢᠭᠰᠠᠨ ᠢᠶᠠᠷ ᠡᠨᠡ ᠰᠦᠮ᠎ᠡ ᠲᠦᠢᠮᠡᠷ ᠲᠤ ᠲᠠᠯᠠᠷᠠᠵᠠᠢ᠃ ᠲᠠᠷᠠ ᠦᠶ᠎ᠡ ᠶᠢᠨ ᠪᠠᠶᠢᠷᠢ ᠨᠢ ᠤᠳᠤ ᠬᠡᠰᠢᠭᠳᠡᠨ ᠬᠤᠰᠢᠭᠤᠨ ᠤ ᠲᠠᠪᠤᠰᠤᠨ ᠤ ᠶᠠᠪᠤᠳᠠᠯ ᠤᠨ ᠬᠠᠮᠢᠶᠠᠷᠤᠯᠳᠠ ᠶᠢᠨ ᠲᠤᠪᠴᠢᠶᠠᠨ ᠤ ᠪᠠᠷᠠᠭᠤᠨ ᠬᠤᠶᠢᠳᠤ ᠲᠡᠭᠡᠷ᠎ᠡ ᠪᠠᠶᠢᠭᠰᠠᠨ ᠶᠤᠮ ᠬᠡᠨ᠎ᠡ᠃ ᠬᠠᠷᠢᠨ ᠤᠳᠤ ᠶᠢᠨ ᠪᠠᠶᠠᠰᠬᠤᠯᠠᠩ ᠠᠮᠤᠭᠤᠯᠠᠩᠳᠤ ᠰᠦᠮ᠎ᠡ ᠎ ᠶᠢᠨ ᠤᠷᠤᠨ ᠪᠠᠶᠢᠷᠢ ᠪᠢᠰᠢ ᠬᠡᠨ᠎ᠡ᠃ ᠬᠡᠰᠢᠭᠳᠡᠨ ᠵᠠᠰᠠᠭ ᠨᠤᠶᠠᠨ ᠪᠢᠷᠠᠭᠤ ᠡᠨᠡ ᠭᠠᠵᠠᠷ ᠶᠡᠭᠡ ᠲᠠᠯ᠎ᠠ ᠲᠠᠢ ᠶᠢ ᠰᠤᠨᠤᠰᠤᠨ ᠭᠠᠶᠢᠯᠢ ᠭᠤᠪᠴᠢᠭᠤᠷ ᠠᠪᠬᠤ ᠳᠠᠭᠠᠨ ᠦᠷᠬᠦᠯᠵᠢ ᠪᠢᠷᠠᠭᠤ ᠠᠪᠳᠠᠭ ᠪᠠᠶᠢᠵᠠᠢ᠃ ᠪᠢᠷᠠᠭᠤ ᠰᠦᠮ᠎ᠡ ᠶᠢᠨ ᠨᠡᠷ᠎ᠡ ᠪᠠᠷ ᠡᠨᠡᠬᠦ ᠵᠢᠵᠢᠭ ᠪᠠᠯᠭᠠᠰᠤ ᠨᠢ ᠠᠭᠠᠵᠢᠮ ᠳᠠᠭᠠᠨ ᠪᠢᠷᠠᠭᠤ ᠬᠤᠳᠠ ᠬᠡᠵᠤ ᠲᠠᠭᠤᠳᠠᠭᠳᠠᠬᠤ ᠪᠤᠯᠵᠤ ᠬᠡᠨ᠎ᠡ᠃       ᠪᠢᠷᠠᠭᠤ ᠬᠤᠳᠠ ᠪᠤᠯ ᠬᠡᠰᠢᠭᠳᠡᠨ ᠬᠤᠰᠢᠭᠤᠨ ᠤ ᠲᠤᠮᠳᠠ ᠵᠡᠬᠦᠨ ᠬᠡᠰᠡᠭ ᠲᠤ ᠪᠠᠶᠢᠷᠢᠰᠢᠨ᠂ ᠡᠮᠤᠨ᠎ᠡ ᠠᠴᠠ ᠤᠮᠠᠷᠠᠰᠢ ᠪᠠᠨ ᠪᠠᠷᠤᠭ 8 ᠺᠢᠯᠤᠮᠧᠲᠷ ᠤᠷᠳᠤ᠂ ᠵᠡᠬᠦᠨᠰᠢ ᠪᠠᠷᠠᠭᠤᠨᠰᠢ ᠪᠠᠷᠤᠭ 6 ᠺᠢᠯᠤᠮᠧᠲᠷ ᠦᠷᠬᠡᠨ ᠪᠠᠶᠢᠵᠤ᠂ ᠨᠡᠶᠢᠳᠠ 36 ᠺᠦᠸᠠᠳ᠋ ᠺᠢᠯᠤᠮᠧᠲᠷ ᠤᠨ ᠲᠠᠯᠠᠪᠠᠢ ᠲᠠᠢ ᠪᠠᠶᠢᠳᠠᠭ᠃ ᠭᠤᠷᠪᠠᠨ ᠲᠠᠯ᠎ᠠ ᠪᠠᠷ ᠢᠶᠠᠨ ᠠᠭᠤᠯᠠᠨ ᠳᠤ ᠬᠦᠷᠢᠶᠡᠯᠡᠭᠳᠡᠨ᠂ ᠪᠢᠷᠠᠭᠤ ᠭᠤᠤᠯ ᠬᠤᠶᠢᠨ᠎ᠠ ᠠᠴᠠ ᠡᠮᠤᠨᠡᠰᠢ ᠤᠷᠤᠰᠴᠤ᠂ ᠬᠡᠷ ᠭᠤᠤᠯ ᠨᠢ ᠪᠠᠯᠭᠠᠰᠤᠨ ᠤ ᠡᠮᠤᠨᠡᠬᠦᠷ ᠤᠷᠤᠰᠤᠨ᠂ ᠮᠠᠨᠢ ᠦᠰᠦᠭᠳᠤ ᠠᠭᠤᠯᠠ ᠶᠢᠨ ᠬᠤᠷᠮᠤᠢ ᠳᠤ ᠪᠢᠷᠠᠭᠤ ᠭᠤᠤᠯ ᠳᠤ ᠤᠷᠤᠰᠬᠠᠯ ᠨᠡᠶᠢᠯᠡᠵᠤ᠂ ᠰᠢᠷᠡᠮᠦ᠋ᠷᠡᠨ ᠳᠤ ᠴᠢᠳᠬᠤᠳᠠᠭ᠃ ᠪᠢᠷᠠᠭᠤ ᠭᠤᠤᠯ ᠠᠴᠠ ᠪᠠᠷᠠᠭᠤᠨᠰᠢᠬᠢ ᠬᠡᠰᠡᠭ ᠢ ᠭᠤᠤᠯ ᠤᠨ ᠪᠠᠷᠠᠭᠤᠨ ᠬᠡᠵᠤ᠂ ᠵᠡᠬᠦᠨᠰᠢᠬᠢ ᠬᠡᠰᠡᠭ ᠢ ᠭᠤᠤᠯ ᠤᠨ ᠵᠡᠬᠦᠨ ᠬᠡᠳᠡᠭ᠃       ᠤᠳᠤᠬᠠᠨ ᠳᠤ 303᠂ 306 ᠤᠯᠤᠰ ᠤᠨ ᠵᠠᠰᠠᠮᠠᠯ ᠵᠠᠮ ᠡᠨᠡᠬᠦᠷ ᠦᠩᠬᠡᠷᠡᠵᠤ᠂ ᠬᠤᠶᠢᠰᠢ ᠪᠠᠨ ᠡᠷᠢᠶᠡᠨ᠂ ᠡᠮᠤᠨᠡᠰᠢ ᠪᠠᠨ ᠪᠡᠬᠡᠵᠢᠩ ᠳᠤ ᠬᠤᠯᠪᠤᠨ᠂ ᠦᠪᠦᠷ ᠮᠤᠩᠭᠤᠯ ᠤᠨ ᠵᠡᠬᠦᠨ ᠪᠠᠷᠠᠭᠤᠨ ᠬᠡᠰᠡᠭ ᠢ ᠬᠤᠯᠪᠤᠭᠰᠠᠨ ᠶᠡᠭᠡ ᠵᠠᠰᠠᠮᠠᠯ ᠵᠠᠮ ᠪᠠ ᠶᠢ ᠲᠦᠩ ᠲᠠᠮᠤᠷ ᠵᠠᠮ ᠨᠢ ᠪᠢᠷᠠᠭᠤ ᠬᠤᠳᠠ ᠶᠢ ᠵᠡᠬᠦᠨᠰᠢ ᠵᠡᠬᠦᠨ ᠬᠤᠶᠢᠳᠤ ᠶᠢᠨ ᠬᠠᠭᠤᠴᠢᠨ ᠠᠵᠤ ᠦᠢᠯᠡᠳᠪᠤᠷᠢ ᠶᠢᠨ ᠰᠠᠭᠤᠷᠢᠨ ᠭᠠᠵᠠᠷ ᠠᠴᠠ ᠪᠠᠷᠠᠭᠤᠨᠰᠢ ᠦᠪᠦᠷ ᠮᠤᠩᠭᠤᠯ ᠤᠨ ᠠᠵᠤ ᠠᠬᠤᠢ ᠶᠢᠨ ᠠᠯᠳᠠᠨ ᠭᠤᠷᠪᠠᠯᠵᠢᠨ ᠬᠤᠶᠢᠭ ᠲᠠᠢ ᠬᠤᠯᠪᠤᠵᠤ ᠲᠠᠯᠪᠢᠭᠰᠠᠨ ᠪᠠᠶᠢᠨ᠎ᠠ᠃       ᠪᠢᠷᠠᠭᠤ ᠬᠤᠳᠠ ᠳᠤ ᠪᠠᠶᠠᠰᠬᠤᠯᠠᠩ ᠠᠮᠤᠭᠤᠯᠠᠩᠳᠤ ᠰᠦᠮ᠎ᠡ᠂ ᠮᠠᠨᠢ ᠶᠢᠨ ᠵᠢᠷᠭᠤᠭᠠᠨ ᠦᠰᠦᠭᠳᠤ ᠠᠭᠤᠯᠠ᠂ ᠬᠤᠳᠤᠩ ᠤᠨ ᠰᠦᠮ᠎ᠡ ᠵᠢᠴᠢ ᠦᠨᠳᠤᠷ ᠬᠢᠷᠢ ᠲᠦᠪᠰᠢᠨ ᠢᠶᠠᠷ ᠰᠠᠶ᠋ᠢᠬᠠᠨ ᠪᠠᠶᠢᠭᠤᠯᠤᠭᠳᠠᠭᠰᠠᠨ ᠬᠡᠰᠢᠭᠳᠡᠨ ᠤ ᠲᠡᠯᠡᠬᠡᠢ ᠶᠢᠨ ᠭᠠᠵᠠᠷ ᠰᠢᠨᠵᠢᠯᠡᠬᠡᠨ ᠤ ᠴᠡᠴᠡᠷᠯᠢᠭ ᠤᠨ ᠮᠦᠽᠸᠢ ᠪᠤᠢ᠃
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号