| ᠲᠡᠮᠦᠵᠢᠨ ᠪᠦᠷᠳᠠ ᠦᠵᠢᠨ ᠢ ᠠᠪᠤᠭᠠᠳ ᠲᠠᠮᠠᠢ ᠤᠳᠠᠯ ᠦᠭᠡᠢ ᠪᠤᠷᠬᠠᠨ ᠬᠠᠯᠳᠤᠨ ᠤ | ᠦᠪᠤᠷ ᠤᠷᠤᠰᠢᠬᠤ ᠰᠡᠩᠬᠦᠷ ᠭᠤᠷᠤᠬᠠᠨ ᠤ ᠬᠠᠷ᠎ᠠ ᠵᠢᠷᠦᠬᠡᠨ ᠳᠠᠬᠢ ᠬᠦᠬᠡ ᠠᠭᠤᠷ ᠠᠴᠠ ᠬᠡᠷᠦᠯᠦᠨ ᠮᠦᠷᠡᠨ ᠤ | ᠡᠷᠬᠢ ᠳᠠᠬᠢ ᠪᠦᠷᠬᠢ ᠡᠷᠬᠢ ᠬᠡᠬᠦ ᠭᠠᠵᠠᠷ ᠨᠡᠬᠦᠵᠤ ᠪᠠᠭᠤᠪᠠ᠃ | ᠨᠢᠬᠡᠨ ᠡᠳᠤᠷ᠂ ᠲᠡᠮᠦᠵᠢᠨ᠂ ᠡᠴᠢᠬᠡ ᠶᠢᠨ ᠢᠶᠠᠨ ᠬᠠᠭᠤᠴᠢᠨ ᠠᠨᠳᠠ ᠬᠡᠷᠡᠶᠢᠳ ᠠᠶᠢᠮᠠᠭ ᠤᠨ | ᠲᠤᠭᠤᠷᠢᠯ ᠬᠠᠨ ᠢ ᠰᠠᠨᠠᠭᠠᠯᠵᠠᠨ᠂ ᠪᠦᠷᠳᠠ ᠶᠢ ᠪᠠᠭᠤᠯᠭᠠᠵᠤ ᠠᠪᠬᠤ ᠦᠶ᠎ᠡ ᠳᠤ ᠬᠠᠳᠠᠮ ᠡᠬᠡ ᠴᠤᠳᠠᠨ ᠡᠬᠡ ᠶᠢᠨ | ᠡᠮᠤᠰᠬᠡᠯ ᠬᠡᠵᠤ ᠠᠪᠴᠢᠷᠠᠭᠰᠠᠨ ᠬᠠᠷ᠎ᠠ ᠪᠤᠯᠠᠭᠠᠨ ᠲᠠᠬᠤ ᠶᠢ ᠠᠪᠴᠤ ᠲᠤᠭᠤᠷᠢᠯ ᠬᠠᠨ ᠢ ᠦᠵᠡᠬᠦ ᠪᠠᠷ ᠬᠠᠰᠠᠷ᠂ | ᠪᠡᠯᠬᠦᠳᠠᠢ ᠬᠤᠶᠠᠷ ᠲᠡᠬᠦᠦ ᠪᠠᠨ ᠲᠠᠭᠠᠭᠤᠯᠤᠨ ᠲᠤᠤᠯᠠ ᠭᠤᠤᠯ ᠤᠨ ᠬᠠᠷ᠎ᠠ ᠰᠢᠭᠤᠢ ᠶᠢ ᠵᠤᠷᠢᠨ ᠤᠳᠪᠠ᠃ | ᠲᠡᠮᠦᠵᠢᠨ ᠲᠡᠨᠳᠡ ᠬᠦᠷᠴᠤ ᠲᠤᠭᠤᠷᠢᠯ ᠬᠠᠨ ᠳᠤ ᠵᠤᠯᠭᠠᠨ᠄ | ︽ᠡᠴᠢᠬᠡ ᠶᠢᠨ ᠬᠠᠭᠤᠴᠢᠨ ᠠᠨᠳᠠ ᠲᠠᠨ ᠢ ᠡᠴᠢᠬᠡ ᠮᠢᠨᠢ ᠠᠳᠠᠯᠢ ᠪᠤᠶᠤ ᠬᠡᠵᠤ ᠪᠢ | ᠡᠮᠤᠰᠬᠡᠯ ᠬᠠᠷ᠎ᠠ ᠪᠤᠯᠠᠭᠠᠨ ᠲᠠᠬᠤ ᠶᠢ ᠲᠠᠨ ᠳᠤ ᠠᠪᠴᠢᠷᠠᠪᠠ︾ ᠬᠡᠵᠤ ᠪᠤᠯᠠᠭᠠᠨ ᠲᠠᠬᠤ ᠪᠠ ᠪᠤᠰᠤᠳ ᠪᠡᠯᠡᠭ ᠢᠶᠠᠨ | ᠪᠠᠷᠢᠵᠤ ᠮᠦᠷᠬᠦᠪᠡ᠃ ᠲᠤᠭᠤᠷᠢᠯ ᠬᠠᠨ ᠮᠠᠰᠢ ᠪᠠᠶᠠᠰᠴᠤ᠂ ᠲᠠᠮᠦᠵᠢᠨ ᠢ ᠡᠷᠬᠦᠨ ᠪᠤᠰᠬᠠᠵᠤ ᠬᠡᠯᠡᠭᠰᠡᠨ ᠨᠢ᠄ | ︽ᠬᠠᠷ᠎ᠠ ᠪᠤᠯᠠᠭᠠᠨ ᠲᠠᠬᠤ ᠶᠢᠨ ᠴᠢᠨᠢ ᠬᠠᠷᠢᠭᠤ ᠳᠤ | ᠬᠠᠭᠠᠴᠠᠭᠰᠠᠨ ᠤᠯᠤᠰ ᠢ ᠴᠢᠨᠢ | ᠬᠠᠮᠳᠤᠳᠬᠠᠵᠤ ᠦᠭᠬᠦᠶ᠎ᠡ᠃ | ᠪᠤᠯᠠᠭᠠᠨ ᠲᠠᠬᠤ ᠶᠢᠨ ᠴᠢᠨᠢ ᠬᠠᠷᠢᠭᠤ ᠳᠤ | ᠪᠤᠳᠠᠷᠠᠭᠰᠠᠨ ᠤᠯᠤᠰ ᠢ ᠴᠢᠨᠢ | ᠴᠤᠭᠯᠠᠭᠤᠯᠵᠤ ᠦᠭᠬᠦᠶ᠎ᠡ᠃ | ᠪᠦᠬᠡᠷ᠎ᠡ ᠨᠢ ᠪᠦᠭᠰᠡᠨ ᠳᠤ ᠪᠠᠶᠢᠭ | ᠴᠡᠷ ᠨᠢ ᠴᠡᠬᠡᠵᠢᠨ ᠳᠤ ᠪᠠᠶᠢᠭ① | ᠠᠬ᠎ᠠ ᠵᠠᠬ᠎ᠠ ᠲᠠᠢ ᠪᠤᠯᠤᠭ︾ ᠬᠡᠪᠡ᠃ | ᠲᠠᠮᠤᠵᠢᠨ ᠨᠠᠷ ᠲᠤᠭᠤᠷᠢᠯ ᠬᠠᠨ ᠤ ᠲᠡᠨᠳᠡ ᠨᠢᠬᠡ ᠬᠤᠨᠤᠭᠠᠳ᠂ ᠮᠠᠷᠭᠠᠰᠢ ᠨᠢ ᠪᠤᠴᠠᠵᠤ | ᠢᠷᠡᠬᠡᠳ ᠮᠦᠨ ᠪᠦᠷᠬᠢ ᠡᠷᠬᠢ ᠳᠡᠭᠡᠨ ᠨᠤᠳᠤᠭᠯᠠᠨ ᠰᠠᠭᠤᠪᠠ᠃ ᠲᠡᠷᠡ ᠵᠠᠭᠤᠷ᠎ᠠ ᠪᠤᠷᠬᠠᠨ ᠬᠠᠯᠳᠤᠨ ᠠᠴᠠ | ᠤᠷᠢᠶᠠᠩᠬᠠᠢ ᠤᠪᠤᠭ ᠤᠨ ᠵᠠᠷᠴᠢᠭᠤᠳᠠᠢ ᠡᠪᠤᠬᠡᠨ ᠬᠦᠬᠡᠷᠬᠡ ᠡᠬᠦᠷᠴᠤ᠂ ᠵᠠᠯᠮ᠎ᠠ ᠨᠡᠷᠡᠳᠤ ᠬᠦᠦ ᠪᠠᠨ ᠲᠠᠭᠠᠭᠤᠯᠤᠨ | ᠢᠷᠡᠪᠡ᠃ ᠵᠠᠷᠴᠢᠭᠤᠳᠠᠢ ᠡᠪᠤᠬᠡᠨ ᠦᠬᠡᠯᠦᠨ ᠡᠬᠡ ᠶᠢᠨ ᠠᠮᠤᠷ ᠮᠡᠨᠳᠤ ᠶᠢ ᠠᠰᠠᠭᠤᠭᠠᠳ᠂ ᠬᠦᠦ ᠪᠠᠨ ᠲᠡᠮᠦᠵᠢᠨ ᠳᠤ | ᠲᠤᠰᠢᠶᠠᠨ ᠦᠭᠴᠤ᠄ | ︽ᠠᠩᠬ᠎ᠠ ᠤᠨᠤᠨ ᠮᠦᠷᠡᠨ ᠤ ᠲᠡᠯᠢᠬᠦᠨ ᠪᠤᠯᠳᠠᠭ ᠬᠡᠬᠦ ᠭᠠᠵᠠᠷ ᠲᠡᠮᠦᠵᠢᠨ ᠴᠢᠮᠠᠢᠢ ᠲᠦᠷᠦᠬᠦ | ᠳᠤ ᠪᠤᠯᠠᠭᠠᠨ ᠦᠯᠦᠬᠡᠢ ᠦᠭᠬᠦᠭᠰᠡᠨ ᠪᠠ ᠡᠨᠡ ᠵᠠᠯᠮ᠎ᠠ ᠬᠦᠦ ᠶᠢ ᠬᠤᠵᠢᠮ ᠴᠢᠮ᠎ᠡ ᠳᠤ ᠦᠭᠬᠦᠶ᠎ᠡ ᠬᠡᠵᠤ ᠠᠮᠠᠯᠠᠭᠰᠠᠨ | ᠪᠢᠯᠡ᠃ ᠤᠳᠤ ᠴᠢ ᠡᠷ᠎ᠡ ᠶᠢᠨ ᠴᠡᠬᠡᠯ ᠳᠤ ᠬᠦᠷᠴᠤ ᠡᠷᠬᠡ ᠮᠡᠳᠡᠬᠦ ᠪᠤᠯᠪᠠ᠂ ᠪᠢ ᠬᠦᠦ ᠪᠠᠨ ᠴᠢᠮ᠎ᠠ ᠳᠤ | ᠠᠪᠴᠢᠷᠠᠵᠤ ᠦᠭᠬᠦᠪᠡ᠃ ᠴᠢ ᠲᠡᠬᠦᠨ ᠢᠶᠠᠷ | ᠡᠬᠦᠳᠠ ᠪᠠᠨ ᠡᠷᠬᠦᠬᠦᠯ | ᠡᠮᠡᠬᠡᠯ ᠢᠶᠠᠨ ᠲᠤᠬᠤᠭᠤᠯ︾ ᠬᠡᠪᠡ᠃ | ᠢᠩᠬᠢᠬᠡᠳ ᠲᠡᠮᠦᠵᠢᠨ ᠤᠷᠢᠳ ᠬᠠᠨᠢᠯᠠᠭᠰᠠᠨ ᠪᠤᠭᠤᠷᠴᠢ᠂ ᠤᠳᠤ ᠤᠯᠤᠭᠰᠠᠨ ᠵᠠᠯᠮᠡ ᠲᠠᠢ | ᠬᠦᠴᠤ ᠬᠠᠮᠳᠤᠳᠠᠨ ᠮᠦᠨ ᠭᠠᠵᠠᠷ ᠨᠤᠳᠤᠭᠯᠠᠨ ᠰᠠᠭᠤᠵᠤ ᠲᠦᠷ ᠵᠠᠭᠤᠷ᠎ᠠ ᠠᠮᠤᠷ ᠲᠠᠶᠢᠪᠤᠭᠤ ᠪᠠᠶᠢᠯ᠎ᠠ᠃ ᠬᠡᠳᠡᠯ᠎ᠡ | ᠲᠡᠷᠡ ᠦᠶ᠎ᠡ ᠶᠢᠨ ᠮᠤᠩᠭᠤᠯ ᠤᠨ ᠲᠠᠯ᠎ᠠ ᠨᠤᠳᠤᠭ ᠨᠢ | ᠤᠳᠤᠳᠠᠢ ᠲᠡᠭᠷᠢ ᠤᠷᠴᠢᠵᠤ | ᠤᠯᠠᠨ ᠤᠯᠤᠰ ᠪᠠᠶᠢᠯᠳᠤᠵᠤ | ᠤᠷᠤᠨ ᠳᠠᠭᠠᠨ ᠤᠨᠳᠠᠬᠤ ᠵᠠᠪ ᠦᠭᠡᠢ | ᠤᠯᠵᠠᠯᠠᠯᠳᠤᠨ ᠪᠤᠯᠢᠶᠠᠯᠳᠤᠵᠤ | ᠬᠦᠷᠦᠰᠤᠳᠤ ᠲᠡᠯᠡᠬᠡᠢ ᠬᠦᠷᠪᠡᠵᠤ | ᠬᠦᠪᠴᠢᠨ ᠤᠯᠤᠰ ᠬᠢᠮᠤᠷᠠᠯᠳᠤᠵᠤ | ᠬᠦᠨᠵᠢᠯᠡ ᠳᠡᠭᠡᠨ ᠤᠨᠳᠠᠬᠤ ᠵᠠᠪ ᠦᠭᠡᠢ | ᠬᠦᠨᠦᠬᠡᠯᠳᠤᠨ ᠲᠡᠮᠡᠴᠡᠵᠤ ᠪᠠᠶᠢᠭᠰᠠᠨ ᠴᠠᠭ ᠲᠤᠯᠠ ᠠᠮᠤᠷ ᠵᠢᠮᠤᠷ ᠰᠠᠭᠤᠬᠤ ᠴᠠᠭ ᠬᠡᠵᠤ | ᠬᠠᠮᠢᠭ᠎ᠠ ᠠᠴᠠ ᠤᠯᠳᠠᠬᠤ ᠪᠤᠢ᠃ | ᠨᠢᠬᠡᠨ ᠦᠷᠯᠦᠬᠡ᠂ ᠦᠬᠡᠯᠦᠨ ᠡᠬᠡ ᠶᠢᠨ ᠬᠡᠷ ᠤᠨ ᠵᠠᠷᠤᠴᠠ ᠬᠤᠸᠠᠭᠴᠢᠨ ᠡᠮᠡᠬᠡᠨ ᠡᠷᠳᠡ | ᠪᠤᠰᠤᠭᠠᠳ ᠭᠠᠳᠠᠨ᠎ᠠ ᠭᠠᠷᠳᠠᠯ᠎ᠠ ᠠᠯᠤᠰ ᠲᠡᠷᠳᠡᠭᠡ ᠭᠠᠵᠠᠷ ᠲᠡᠯᠪᠡᠷᠡᠬᠦ ᠮᠡᠳᠤ ᠴᠢᠮᠡᠭᠡ ᠭᠠᠷᠴᠤ ᠮᠤᠷᠢᠨ ᠤ ᠲᠦᠪᠡᠷᠬᠡᠨ | ᠰᠤᠨᠤᠰᠳᠠᠪᠠ᠃ ᠬᠤᠸᠠᠭᠴᠢᠨ ᠡᠮᠡᠬᠡᠨ ᠦᠬᠡᠯᠦᠨ ᠡᠬᠡ ᠶᠢᠨ ᠬᠡᠷ ᠲᠤ ᠬᠦᠶᠦᠨ ᠤᠷᠤᠵᠤ᠄ | ︽ᠡᠬᠡ ᠡ᠂ ᠡᠬᠡ ᠡ︕ ᠦᠳᠳᠡᠷ ᠪᠤᠰ᠂ ᠭᠠᠵᠠᠷ ᠲᠡᠯᠪᠡᠷᠡᠬᠦ ᠮᠡᠳᠤ ᠮᠤᠷᠢᠨ ᠤ | ᠲᠦᠪᠡᠷᠬᠡᠨ ᠰᠤᠨᠤᠰᠳᠠᠵᠤ ᠪᠠᠶᠢᠨ᠎ᠠ᠂ ᠤᠷᠰᠢᠭᠳᠤ ᠲᠠᠶᠢᠰᠤᠨ ᠢᠷᠡᠬᠦ ᠨᠢ ᠪᠤᠯᠤᠯᠳᠠᠢ︾ ᠬᠡᠵᠤ ᠦᠬᠡᠯᠦᠨ ᠡᠬᠡ ᠶᠢ | ᠰᠡᠷᠢᠬᠡᠪᠡ᠃ | ᠦᠬᠡᠯᠦᠨ ᠡᠬᠡ ︽ᠬᠡᠤᠬᠡᠳ ᠢ ᠰᠡᠷᠢᠬᠦᠯᠦᠭᠳᠤᠨ︾ ᠬᠡᠳ ᠦᠪᠡᠷ ᠢᠶᠠᠨ ᠲᠠᠷᠤᠢ ᠪᠤᠰᠪᠠ᠃ | ᠲᠡᠮᠦᠵᠢᠨ ᠪᠤᠰᠴᠤ ᠭᠠᠷᠤᠭᠠᠳ ᠲᠠᠶᠢᠰᠤᠨ ᠤ ᠪᠠᠷ᠎ᠠ ᠶᠢ ᠬᠠᠷᠠᠪᠠᠯ ᠲᠤᠩ ᠤᠯᠠᠨ ᠬᠦᠮᠦᠨ ᠢᠷᠡᠬᠦ ᠨᠢ ᠪᠤᠯᠤᠯᠳᠠᠢ᠂ | ᠦᠷ᠎ᠡ ᠴᠠᠶᠢᠬᠤ ᠶᠢᠨ ᠡᠮᠤᠨᠡᠬᠢ ᠪᠦᠷᠦᠭ ᠪᠠᠷᠤᠭ ᠤᠨ ᠲᠤᠮᠳᠠ ᠬᠦᠮᠦᠰ ᠤᠨ ᠬᠠᠰᠬᠢᠷᠦᠯᠳᠤᠬᠤ ᠲᠠᠭᠤ ᠬᠢᠬᠡᠳ ᠮᠤᠷᠢᠨ | ᠤ ᠲᠠᠪᠬᠢᠯᠳᠤᠬᠤ ᠲᠠᠭᠤ ᠲᠠᠢ ᠨᠡᠶᠢᠯᠡᠨ ᠠᠭᠤᠯᠠ ᠶᠡᠬᠦᠷᠡᠵᠤ ᠭᠠᠵᠠᠷ ᠴᠦᠮᠦᠷᠡᠵᠤ ᠪᠠᠶᠢᠬᠤ ᠮᠡᠳᠤ ᠲᠦᠷᠬᠢᠷᠡᠯᠳᠤᠵᠤ | ᠪᠠᠶᠢᠯ᠎ᠠ᠃ ᠲᠡᠮᠦᠵᠢᠨ ᠡᠨᠡ ᠴᠤᠴᠢᠮᠠᠭ ᠢᠷᠡᠭᠰᠡᠨ ᠲᠠᠶᠢᠰᠤᠨ ᠢ ᠡᠰᠡᠷᠬᠦᠴᠡᠨ ᠲᠠᠶᠢᠯᠬᠦ ᠦᠭᠡᠢ ᠶᠢ ᠮᠡᠳᠡᠵᠤ᠂ ᠲᠦᠷ | ᠵᠠᠶᠢᠯᠠᠬᠤ ᠪᠠᠷ ᠲᠤᠭᠳᠠᠵᠤ ᠲᠡᠮᠦᠵᠢᠨ᠂ ᠦᠬᠡᠯᠦᠨ ᠡᠬᠡ᠂ ᠬᠠᠰᠠᠷ᠂ ᠬᠠᠴᠢᠭᠤᠨ᠂ ᠲᠡᠮᠦᠬᠡ ᠤᠳᠴᠢᠬᠡᠨ᠂ ᠪᠡᠯᠬᠦᠳᠠᠢ | ᠂ ᠪᠤᠭᠤᠷᠴᠢ᠂ ᠵᠠᠯᠮ᠎ᠠ ᠨᠡᠷ ᠲᠤᠰᠪᠤᠷᠢ ᠨᠢᠬᠡ ᠮᠤᠷᠢ ᠤᠨᠤᠵᠤ᠂ ᠲᠡᠮᠦᠯᠦᠨ ᠢ ᠦᠬᠡᠯᠦᠨ ᠡᠬᠡ ᠲᠡᠬᠦᠷᠪᠡ᠃ ᠪᠠᠰᠠ | ᠨᠢᠬᠡ ᠮᠤᠷᠢ ᠪᠠᠶᠢᠭᠰᠠᠨ ᠳᠤ ᠪᠠᠭ᠎ᠠ ᠰᠠᠭ᠎ᠠ ᠶᠠᠭᠤᠮ᠎ᠠ ᠬᠡᠤᠮ᠎ᠠ ᠠᠴᠢᠵᠤ ᠬᠦᠳᠦᠯᠪᠡ᠃ ᠪᠦᠷᠳᠡ ᠦᠵᠢᠨ ᠪᠡᠶ᠎ᠡ | ᠰᠢᠯᠳᠠᠭᠠᠳᠠᠢ② ᠪᠠᠶᠢᠭᠰᠠᠨ ᠲᠤᠯᠠ ᠮᠤᠷᠢ ᠤᠨᠤᠬᠤ ᠠᠴᠠ ᠪᠡᠷᠬᠡᠰᠢᠶᠡᠵᠤ᠂ ᠲᠡᠷᠬᠡᠨ ᠳᠤ ᠰᠠᠭᠤᠬᠤ ᠠᠴᠠ ᠦᠬᠡᠷ᠎ᠡ | ᠠᠷᠭ᠎ᠠ ᠦᠭᠡᠢ ᠪᠤᠯᠪᠠ᠃ | ᠲᠡᠮᠦᠵᠢᠨ ᠨᠠᠷ ᠮᠤᠷᠳᠠᠵᠤ ᠪᠤᠷᠬᠠᠨ ᠬᠠᠯᠳᠤᠨ ᠤ ᠵᠦᠭ ᠤᠳᠪᠠ᠃ ᠬᠤᠸᠠᠭᠴᠢᠨ ᠡᠮᠡᠬᠡᠨ | ᠪᠦᠷᠳᠠ ᠦᠵᠢᠨ ᠢ ᠬᠠᠷᠭᠤᠳᠠᠢ ᠲᠡᠷᠬᠡᠨ ᠳᠤ ᠤᠷᠤᠭᠤᠯᠵᠤ ᠨᠢᠭᠤᠭᠠᠳ᠂ ᠲᠡᠭᠡᠬᠦᠷ ᠨᠢ ᠡᠳ᠋ ᠪᠠᠷᠠᠭ᠎ᠠ ᠪᠠᠨ | ᠤᠪᠤᠭᠠᠯᠠᠨ ᠲᠡᠭᠡᠭᠡᠵᠤ᠂ ᠪᠦᠬᠡᠷ᠎ᠡ ᠠᠯᠠᠭ ᠦᠬᠡᠷ ᠢᠶᠠᠨ ᠬᠦᠯᠯᠡᠵᠤ ᠲᠦᠩᠬᠡᠯᠢᠭ ᠭᠤᠷᠤᠬᠠᠨ ᠤᠷᠤᠭᠤ ᠬᠦᠳᠡᠯᠪᠡ᠃ | ᠲᠡᠳᠡᠨ ᠢ ᠠᠭᠤᠯᠠ ᠦᠭᠰᠤᠵᠤ ᠲᠦᠩᠬᠡᠯᠢᠭ ᠭᠤᠷᠤᠬᠠᠨᠠ ᠬᠦᠷᠬᠦ ᠳᠤ ᠰᠠᠶ᠋ᠢ ᠦᠷ ᠴᠠᠶᠢᠵᠤ ᠪᠠᠶᠢᠪᠠ᠃ ᠡᠨᠡ ᠦᠶ᠎ᠡ | ᠳᠤ ᠲᠡᠳᠡᠨ ᠤ ᠡᠰᠡᠷᠬᠦ ᠠᠴᠠ ᠬᠡᠨᠡᠳᠳᠠ ᠲᠠᠶᠢᠰᠤᠨ ᠤ ᠴᠡᠷᠢᠭ ᠤᠳ ᠭᠠᠷᠴᠤ ᠢᠷᠡᠬᠡᠳ᠄ | ︽ᠴᠢ ᠶᠠᠭᠤᠨ ᠬᠦᠮᠦᠨ ᠪᠤᠢ︖ ᠡᠶᠢᠮᠤ ᠡᠷᠳᠡ ᠬᠠᠮᠢᠭ᠎ᠠ ᠶᠠᠪᠤᠵᠤ ᠪᠠᠶᠢᠭ᠎ᠠ ᠶᠤᠮ︖︾ | ᠬᠡᠵᠤ ᠠᠰᠠᠭᠤᠪᠠ᠃ ᠬᠤᠸᠠᠭᠴᠢᠨ ᠡᠮᠡᠬᠡᠨ ᠲᠡᠪᠡᠳᠡᠵᠤ ᠰᠠᠨᠳᠤᠷᠤᠭᠰᠠᠨ ᠪᠤᠯᠪᠠᠴᠤ ᠲᠡᠷᠡ ᠲᠤᠤᠷ᠎ᠠ ᠪᠠᠨ ᠤᠬᠠᠭᠠᠨ | ᠤᠷᠤᠵᠤ᠄ | ︽ᠪᠢ ᠲᠡᠮᠦᠵᠢᠨ ᠤ ᠬᠡᠷ ᠤᠨ ᠵᠠᠷᠤᠴᠠ᠂ ᠶᠡᠭᠡ ᠬᠡᠷ ᠲᠤ ᠬᠤᠨᠢ ᠬᠢᠷᠭᠠᠬᠤ ᠪᠠᠷ ᠢᠷᠡᠭᠰᠡᠨ | ᠪᠢᠯᠡ᠃ ᠤᠳᠤ ᠦᠷᠯᠦᠬᠡ ᠶᠢᠨ ᠰᠡᠷᠢᠬᠦᠨ ᠳᠤ ᠵᠠᠪᠳᠤᠵᠤ ᠬᠡᠷ ᠲᠡᠭᠡᠨ ᠤᠩᠭᠠᠰᠤ ᠲᠡᠭᠡᠭᠡᠵᠤ ᠶᠠᠪᠤᠨ᠎ᠠ︾ ᠬᠡᠪᠡ᠃ | ᠲᠡᠷᠡ ᠴᠡᠷᠢᠭ ᠤᠳ᠄ | ︽ᠲᠡᠮᠦᠵᠢᠨ ᠬᠡᠷ ᠲᠡᠭᠡᠨ ᠪᠠᠶᠢᠨ᠎ᠠ ᠤᠤ︖ ᠬᠡᠷ ᠨᠢ ᠬᠠᠮᠢᠭ᠎ᠠ ᠪᠤᠢ︖︾ ᠬᠡᠪᠡ᠃ | ᠬᠤᠸᠠᠭᠴᠢᠨ ᠡᠮᠡᠬᠡᠨ ᠤᠳᠤ ᠪᠠᠭ᠋ᠠᠨ ᠲᠠᠶᠢᠪᠤᠰᠢᠷᠡᠨ᠄ | ︽ᠬᠡᠷ ᠨᠢ ᠡᠨᠡᠬᠡᠨ ᠤᠶᠢᠷ᠎ᠠ ᠪᠠᠶᠢᠨ᠎ᠠ᠃ ᠲᠡᠮᠦᠵᠢᠨ ᠤ ᠬᠡᠷ ᠲᠡᠭᠡᠨ ᠪᠠᠶᠢᠬᠤ ᠡᠰᠡᠬᠦ ᠶᠢ ᠪᠢ | ᠮᠡᠳᠡᠬᠦ ᠦᠭᠡᠢ᠂ ᠪᠢ ᠦᠷᠯᠦᠬᠡ ᠡᠷᠳᠡ ᠠᠷᠤ ᠬᠡᠷ ᠠᠴᠠ ᠭᠠᠷᠴᠤ ᠢᠷᠡᠪᠡ︾ ᠬᠡᠪᠡ᠃ | ᠲᠡᠷᠡ ᠴᠡᠷᠢᠭ ᠤᠳ ᠲᠠᠷᠤᠢ ᠲᠡᠮᠦᠵᠢᠨ ᠤ ᠬᠡᠷ ᠵᠦᠭ ᠲᠠᠪᠬᠢᠯᠳᠤᠨ ᠤᠳᠪᠠ᠃ ᠬᠤᠸᠠᠭᠴᠢᠨ | ᠡᠮᠡᠬᠡᠨ ᠪᠦᠬᠡᠷ᠎ᠡ ᠠᠯᠠᠭ ᠦᠬᠡᠷ ᠢᠶᠠᠨ ᠲᠠᠰ ᠨᠢᠰ ᠭᠤᠶᠠᠳᠠᠵᠤ ᠲᠦᠷᠬᠡᠨ ᠵᠠᠶᠢᠯᠠᠬᠤ ᠬᠡᠳᠡᠯ᠎ᠡ᠂ ᠭᠠᠢ ᠭᠠᠵᠠᠷ ᠲᠤᠤᠷ᠎ᠠ | ᠠᠴᠠ ᠬᠡᠭᠴᠢ ᠪᠠᠷ ᠲᠡᠷᠬᠡᠨ ᠤ ᠬᠢᠨᠢ ᠲᠡᠩᠬᠡᠯᠢᠭ ᠬᠤᠭᠤᠷᠠᠪᠠ᠃ ᠲᠡᠳᠡ ᠤᠳᠤ ᠶᠠᠪᠠᠭᠠᠨ ᠪᠤᠯᠵᠤ ᠤᠢ ᠳᠤ | ᠲᠤᠳᠠᠭᠠᠵᠤ ᠤᠷᠤᠬᠤ ᠠᠴᠠ ᠦᠬᠡᠷ᠎ᠡ ᠠᠷᠭ᠎ᠠ ᠦᠭᠡᠢ ᠪᠤᠯᠵᠤ᠂ ᠬᠤᠸᠠᠭᠴᠢᠨ ᠡᠮᠡᠬᠡᠨ ᠰᠠᠶ᠋ᠢ ᠲᠡᠷᠬᠡᠨ ᠲᠡᠭᠡᠷᠡᠬᠢ ᠡᠳ᠋ | ᠪᠠᠷᠠᠭ᠎ᠠ ᠶᠢ ᠪᠠᠭᠤᠯᠭᠠᠨ ᠪᠦᠷᠳᠡ ᠦᠵᠢᠨ ᠢ ᠭᠠᠷᠭᠠᠬᠤ ᠬᠡᠵᠤ ᠪᠠᠶᠢᠳᠠᠯ᠎ᠠ ᠬᠤᠶᠢᠨ᠎ᠡ ᠠᠴᠠ ᠤᠯᠠᠨ ᠴᠡᠷᠢᠭ | ᠲᠠᠪᠬᠢᠯᠳᠤᠨ ᠢᠷᠡᠪᠡ᠃ ᠬᠤᠸᠠᠭᠴᠢᠨ ᠡᠮᠡᠬᠡᠨ ᠶᠠᠭᠠᠬᠢᠬᠤ ᠪᠠᠨ ᠤᠯᠬᠤ ᠦᠭᠡᠢ ᠲᠡᠷᠬᠡ ᠪᠠᠨ ᠬᠠᠯᠬᠠᠯᠠᠨ ᠵᠤᠭᠰᠤᠳᠠᠯ᠎ᠠ | ᠂ ᠲᠡᠳᠡ ᠪᠡᠯᠬᠦᠳᠠᠢ ᠶᠢᠨ ᠡᠬᠡ ᠰᠤᠴᠢᠬᠡᠯ ᠡᠬᠡ ᠶᠢ ᠮᠤᠷᠢᠨ ᠲᠡᠭᠡᠷ᠎ᠡ ᠰᠤᠨᠳᠠᠯᠠᠨ ᠬᠦᠷᠴᠤ ᠢᠷᠡᠬᠡᠳ᠄ | ︽ᠡᠨᠡ ᠲᠡᠷᠬᠡᠨ ᠲᠤᠳᠤᠷ᠎ᠠ ᠶᠠᠭᠤ ᠪᠤᠢ︖︾ ᠬᠡᠰᠡᠨ ᠳᠤ ᠬᠤᠸᠠᠭᠴᠢᠨ ᠡᠮᠡᠬᠡᠨ᠄ | ︽ᠤᠩᠭᠠᠰᠤ ᠪᠤᠢ︾ ᠬᠡᠪᠡ᠃ ᠲᠡᠷᠡ ᠴᠡᠷᠢᠭ ᠤᠳ ᠤᠨ ᠠᠬᠠᠮᠠᠳ ᠮᠠᠶ᠋ᠢᠭ ᠲᠠᠢ ᠨᠢᠬᠡᠨ | ᠲᠤᠮᠤ ᠡᠷ᠎ᠡ᠄ | ︽ᠲᠡᠬᠦᠦ ᠨᠠᠷ ᠪᠠᠭᠤᠵᠤ ᠨᠡᠩᠵᠢ︕︾ ᠬᠡᠪᠡ᠃ ᠬᠡᠳᠤᠨ ᠴᠡᠷᠢᠭ ᠮᠤᠷᠢᠨ ᠠᠴᠠ ᠪᠠᠭᠤᠵᠤ | ᠬᠠᠷᠭᠤᠳᠠᠢ ᠲᠡᠷᠬᠡᠨ ᠤ ᠬᠠᠭᠠᠯᠭ᠎ᠠ ᠶᠢ ᠨᠡᠬᠡᠬᠡᠪᠡᠯ ᠬᠠᠷᠢᠨ ᠨᠢᠬᠡᠨ ᠬᠠᠳᠤᠨ ᠬᠦᠮᠦᠨ ᠰᠠᠭᠤᠵᠤ ᠪᠠᠶᠢᠵᠠᠢ᠃ ᠲᠡᠳᠡ | ᠪᠦᠷᠳᠡ ᠦᠵᠢᠨ ᠢ ᠶᠠᠭᠤᠨ ᠠᠨᠳᠠᠬᠤ ᠪᠢᠯᠡ᠂ ᠲᠡᠬᠦᠨ ᠢ ᠦᠬᠡ ᠲᠠᠭᠤᠨ ᠦᠭᠡᠢ ᠴᠢᠷᠦᠨ ᠭᠠᠷᠭᠠᠵᠤ᠂ ᠬᠤᠸᠠᠭᠴᠢᠨ | ᠡᠮᠡᠬᠡᠨ ᠤ ᠬᠠᠮᠳᠤ ᠮᠤᠷᠢᠨ ᠳᠠᠭᠠᠨ ᠰᠤᠨᠳᠠᠯᠠᠨ ᠠᠪᠴᠤ ᠤᠳᠪᠠ᠃ | ᠡᠨᠡ ᠦᠶ᠎ᠡ ᠳᠤ ᠨᠠᠷᠠᠨ ᠨᠢᠬᠡᠨᠳᠠ ᠲᠡᠭᠡᠷ᠎ᠡ ᠲᠡᠭᠳᠡᠭᠰᠡᠨ ᠲᠤᠯᠠ᠂ ᠲᠡᠳᠡ ᠲᠡᠮᠦᠵᠢᠨ ᠤ | ᠬᠤᠶᠢᠨ᠎ᠡ ᠠᠴᠠ ᠡᠪᠡᠰᠤᠨ ᠤ ᠨᠠᠯᠤᠷᠬᠠᠢ ᠪᠠᠷ ᠮᠦᠰᠬᠢᠨ ᠪᠤᠷᠬᠠᠨ ᠬᠠᠯᠳᠤᠨ ᠦᠭᠡᠳᠡ ᠭᠠᠷᠪᠠ᠃ ᠲᠡᠳᠡ ᠪᠤᠷᠬᠠᠨ | ᠬᠠᠯᠳᠤᠨ ᠢ ᠭᠤᠷᠪᠡ ᠲᠤᠭᠤᠷᠢᠨ ᠨᠡᠩᠵᠢᠭᠰᠡᠨ ᠪᠤᠯᠪᠠᠴᠤ ᠡᠨᠡ ᠦᠶ᠎ᠡ ᠳᠤ ᠶᠠᠭ ᠵᠤᠨ ᠤ ᠰᠡᠬᠦᠯ ᠪᠤᠯᠵᠤ᠂ ᠤᠰᠤ | ᠰᠢᠪᠡᠷ ᠪᠡᠷᠬᠡ ᠶᠢᠨ ᠲᠡᠭᠡᠷ᠎ᠡ ᠪᠢᠳᠡᠬᠦᠦ ᠤᠢ ᠶᠢᠨ ᠲᠤᠳᠤᠷ᠎ᠠ ᠴᠠᠳᠬᠤᠯᠠᠩ ᠮᠤᠭᠠᠢ ᠰᠢᠷᠭᠤᠬᠤ ᠵᠠᠪᠰᠠᠷ ᠦᠭᠡᠢ ᠲᠤᠯᠠ | ᠶᠠᠭᠤ ᠴᠦ ᠤᠯᠤᠭᠰᠠᠨ ᠦᠭᠡᠢ ᠪᠤᠴᠠᠪᠠ᠃ | ᠪᠡᠯᠬᠦᠳᠠᠢ᠃ ᠪᠤᠭᠤᠷᠴᠢ᠂ ᠵᠠᠯᠮ᠎ᠠ ᠭᠤᠷᠪᠠ ᠶᠢ ᠲᠡᠮᠦᠵᠢᠨ ᠲᠠᠭᠤᠳᠠᠨ ᠢᠷᠡᠬᠦᠯᠵᠤ᠄ | ︽ᠡᠳᠡ ᠴᠤᠬᠤᠮ ᠬᠡᠨ ᠪᠤᠯᠪᠠ︖ ᠤᠳᠤ ᠬᠡᠷ ᠲᠡᠭᠡᠨ ᠬᠠᠷᠢᠭᠰᠠᠨ ᠤᠤ︖ ᠡᠰᠡᠬᠦᠯ᠎ᠡ | ᠠᠭᠤᠯᠠᠨ ᠳᠤ ᠪᠦᠭᠬᠦᠵᠤ ᠪᠠᠶᠢᠨ᠎ᠠ ᠤᠤ︖ ᠭᠤᠷᠪᠠ ᠬᠤᠨᠤᠭ ᠲᠤᠳᠤᠷ᠎ᠠ ᠲᠤᠳᠤᠯᠠᠵᠤ ᠢᠷ᠎ᠡ︾ ᠬᠡᠵᠤ ᠢᠯᠡᠬᠡᠪᠡ᠃ | ᠲᠡᠳᠡᠨ ᠢ ᠶᠠᠪᠤᠭᠰᠠᠨ ᠤ ᠲᠠᠷᠠᠭ᠎ᠠ ᠲᠡᠮᠦᠵᠢᠨ ᠪᠤᠷᠬᠠᠨ ᠬᠠᠯᠳᠤᠨ ᠲᠡᠭᠡᠷ᠎ᠡ ᠠᠴᠠ ᠪᠠᠭᠤᠵᠤ ᠢᠷᠡᠨ᠄ | ︽ᠰᠤᠯᠤᠩᠭ᠎ᠠ ᠮᠡᠳᠤ ᠰᠤᠨᠤᠰᠬᠤ | ᠰᠤᠷᠭᠤᠭ ᠬᠤᠸᠠᠭᠴᠢᠨ ᠤ | ᠰᠤᠨᠤᠭ ᠤᠨ ᠬᠦᠴᠦ ᠪᠠᠷ | ᠦᠨᠡᠨ③ ᠮᠡᠳᠤ ᠦᠵᠡᠬᠦ | ᠦᠨᠡᠨᠴᠢ ᠬᠤᠸᠠᠭᠴᠢᠨ ᠤ | ᠦᠵᠡᠭᠰᠡᠨ ᠤ ᠠᠴᠢ ᠪᠠᠷ | ᠪᠦᠳᠦᠨ ᠪᠡᠶ᠎ᠡ ᠪᠠᠨ ᠪᠦᠭᠬᠦᠨ | ᠪᠦᠳᠡᠬᠢ ᠵᠠᠮ ᠢ ᠮᠦᠷᠳᠡᠨ | ᠪᠤᠭᠤ ᠶᠢᠨ ᠮᠦᠷ ᠢ ᠮᠦᠰᠬᠢᠨ | ᠪᠤᠷᠭᠠᠰᠤᠨ ᠬᠡᠷᠯᠡᠨ④ ᠨᠢᠭᠤᠭᠳᠠᠵᠤ | ᠪᠤᠷᠬᠠᠨ ᠬᠠᠯᠳᠤᠨ ᠳᠤ | ᠠᠮᠢ ᠪᠠᠨ ᠬᠤᠷᠭᠤᠳᠠᠯᠠ᠃ | ᠭᠠᠭᠴᠠ ᠪᠡᠶ᠎ᠡ ᠪᠠᠨ ᠪᠦᠯᠵᠢᠬᠦᠯᠵᠤ⑤ | ᠬᠠᠪᠴᠢᠯ ᠰᠦᠪᠡ ᠶᠢ ᠪᠠᠷᠢᠨ | ᠬᠠᠨᠳᠠᠭᠠᠢ ᠶᠢᠨ ᠮᠦᠷ ᠢ ᠲᠠᠭᠠᠵᠤ | ᠬᠠᠯᠢᠰᠤᠨ ᠬᠡᠷᠯᠡᠨ ᠨᠢᠭᠤᠭᠳᠠᠵᠤ | ᠬᠠᠯᠳᠤᠨ ᠠᠭᠤᠯᠠᠨ ᠳᠤ | ᠬᠠᠯᠠᠭᠤᠨ ᠠᠮᠢ ᠪᠠᠨ ᠰᠢᠷᠭᠤᠪᠠ᠃ | ᠪᠤᠷᠬᠠᠨ ᠬᠠᠯᠳᠤᠨ ᠠᠭᠤᠯᠠ ᠮᠢᠨᠢ | ᠪᠦᠬᠡᠰᠦᠨ ᠴᠢᠨᠡᠭᠡ ᠠᠮᠢ ᠶᠢ | ᠪᠦᠬᠡᠴᠠᠶᠢᠯᠠᠨ ᠠᠪᠤᠷᠠᠯ᠎ᠠ | ᠬᠠᠯᠳᠤᠨ ᠶᠡᠭᠡ ᠠᠭᠤᠯᠠ ᠮᠢᠨᠢ | ᠬᠢᠯᠭᠠᠰᠤᠨ ᠲᠡᠳᠤᠢ ᠠᠮᠢ ᠶᠢ | ᠬᠠᠭᠠᠴᠠᠶᠢᠯᠠᠨ ᠦᠯᠡᠳᠡᠬᠡᠯᠡ︕ | ᠦᠰᠢᠶᠡᠳᠤ ᠲᠠᠶᠢᠰᠤᠨ ᠠᠴᠠ | ᠦᠷᠦᠰᠢᠶᠡᠨ ᠠᠪᠤᠷᠠᠭᠰᠠᠨ | ᠦᠨᠳᠤᠷ ᠲᠡᠭᠡᠳᠤ | ᠪᠤᠷᠬᠠᠨ ᠬᠠᠯᠳᠤᠨ ᠴᠢᠮᠠᠢᠢ | ᠦᠷᠯᠦᠬᠡ ᠪᠦᠷᠢ ᠮᠢᠯᠢᠶᠡᠵᠤ | ᠡᠳᠤᠷ ᠪᠦᠷᠢ ᠲᠠᠬᠢᠨ | ᠦᠶ᠎ᠡ ᠶᠢᠨ ᠦᠶ᠎ᠡ ᠳᠤ ᠰᠢᠳᠤᠵᠤ | ᠦᠨᠢ ᠡᠬᠦᠷᠢᠳᠠ ᠲᠤᠷᠠᠰᠬᠠᠨᠠ︾ ᠬᠡᠵᠤ ᠠᠯᠳᠠᠨ ᠪᠦᠰᠡ ᠪᠠᠨ ᠬᠦᠵᠦᠬᠦᠨ ᠳᠡᠭᠡᠨ ᠡᠯᠬᠦᠨ᠂ | ᠮᠠᠯᠠᠭᠠᠢ ᠪᠠᠨ ᠭᠠᠷ ᠲᠠᠭᠠᠨ ᠰᠡᠬᠡᠯᠳᠤᠷᠬᠡᠯᠡᠵᠤ᠂ ᠬᠤᠶᠠᠷ ᠠᠯᠠᠭ᠎ᠠ ᠪᠠᠨ ᠬᠠᠪᠰᠤᠷᠤᠨ ᠨᠠᠷᠠᠨ ᠵᠦᠭ ᠬᠠᠨᠳᠤᠵᠤ ᠪᠤᠷᠬᠠᠨ | ᠬᠠᠯᠳᠤᠨ ᠳᠤ ᠶᠢᠰᠦᠨᠳᠠ ᠮᠦᠷᠬᠦᠵᠤ᠂ ᠦᠴᠢᠯ ᠢ ᠦᠴᠢᠨ ᠰᠠᠴᠤᠯᠢ ᠶᠢ ᠰᠠᠴᠤᠪᠠ⑥᠃ | ᠭᠤᠷᠪᠠ ᠬᠤᠨᠤᠭ ᠤᠨ ᠲᠠᠷᠠᠭ᠎ᠠ᠂ ᠪᠡᠯᠬᠦᠳᠠᠢ᠂ ᠪᠤᠭᠤᠷᠴᠢ᠂ ᠵᠠᠯᠮ᠎ᠠ ᠭᠤᠷᠪᠠᠭᠤᠯᠠ ᠪᠤᠴᠠᠵᠤ | ᠢᠷᠡᠭᠡᠳ᠂ ᠲᠡᠮᠦᠵᠢᠨ ᠳᠤ᠄ | ︽ᠪᠢᠳᠠᠨ ᠢ ᠲᠤᠪᠳᠤᠯᠤᠭᠰᠠᠨ ᠲᠠᠶᠢᠰᠤᠨ ᠪᠤᠯ ᠭᠠᠷᠴᠠᠭ᠎ᠠ ᠦᠭᠡᠢ ᠭᠤᠷᠪᠠᠨ ᠮᠡᠷᠬᠢᠳ ᠪᠠᠶᠢᠪᠠ | ᠃ ᠤᠳᠦᠶᠢᠳ ᠮᠡᠷᠬᠢᠳ ᠤᠨ ᠲᠤᠭᠳᠤᠭ᠎ᠠ᠂ ᠤᠸᠠᠰ ᠮᠡᠷᠬᠡᠳ ᠤᠨ ᠲᠠᠶᠢᠷ ᠤᠰᠤᠨ᠂ ᠬᠠᠭᠠᠨ ᠮᠡᠷᠬᠢᠳ ᠤᠨ | ᠬᠠᠭᠠᠳᠠᠢ ᠲᠠᠷᠮᠠᠯᠠ ᠭᠤᠷᠪᠠ ᠨᠡᠶᠢᠯᠡᠵᠤ᠂ ᠲᠡᠳᠡ᠄ ︿ᠶᠡᠭᠡ ᠴᠢᠯᠡᠳᠤ ᠠᠴᠠ ᠶᠢᠰᠦᠬᠡᠢ ᠪᠠᠭᠠᠳᠤᠷ ᠦᠬᠡᠯᠦᠨ ᠦᠵᠢᠨ ᠢ | ᠪᠤᠯᠢᠶᠡᠵᠤ ᠠᠪᠤᠭᠰᠠᠨ ᠤᠷᠢᠳᠤ ᠶᠢᠨ ᠦᠰᠢᠶ᠎ᠡ ᠶᠢ ᠨᠡᠬᠡᠬᠦ ᠪᠠᠷ ᠢᠷᠡᠭᠰᠡᠨ﹀ ᠬᠡᠵᠤ ᠪᠠᠷᠬᠢᠷᠡᠯᠳᠤᠵᠤ ᠪᠠᠶᠢᠭᠰᠠᠨ ᠪᠠ | ᠪᠠᠰᠠ᠄ ︿ᠦᠬᠡᠯᠦᠨ ᠦᠵᠢᠨ ᠢ ᠪᠤᠯᠢᠶᠠᠭᠳᠠᠭᠰᠠᠨ ᠤ ᠦᠰᠢᠶ᠎ᠡ ᠶᠢ ᠠᠪᠬᠤ ᠪᠠᠷ ᠢᠷᠡᠬᠡᠳ᠂ ᠶᠢᠰᠦᠬᠡᠢ ᠶᠢᠨ ᠨᠦᠬᠦᠬᠡ | ᠬᠡᠷᠬᠡᠢ ᠶᠢ ᠤᠯᠵᠠᠯᠠᠭᠰᠠᠨ ᠪᠠ ᠲᠡᠮᠦᠵᠢᠨ ᠤ ᠬᠠᠶᠢᠷᠠᠳᠤ ᠬᠡᠷᠬᠡᠢ ᠪᠦᠷᠳᠡ ᠶᠢ ᠤᠯᠵᠠᠯᠠᠨ ᠦᠰᠢᠶ᠎ᠡ ᠪᠠᠨ ᠠᠪᠤᠪᠠ﹀ | ᠬᠡᠳ ᠬᠡᠷ ᠲᠡᠭᠡᠨ ᠪᠤᠴᠠᠭᠰᠠᠨ ᠬᠡᠨ᠎ᠡ︾ ᠬᠡᠵᠤ ᠬᠡᠯᠡᠵᠤ ᠦᠭᠪᠡ᠃ ᠲᠡᠮᠦᠵᠢᠨ᠄ | ︽ᠰᠤᠴᠢᠬᠡᠯ ᠡᠬᠡ ᠬᠢᠬᠡᠳ ᠪᠦᠷᠳᠡ ᠶᠢ ᠶᠠᠭᠠᠬᠢᠪᠠ︖︾ ᠬᠡᠰᠡᠨ ᠳᠤ᠄ | ︽ᠰᠤᠴᠢᠬᠡᠯ ᠡᠬᠡ ᠶᠢ ᠬᠠᠭᠠᠳᠠᠢ ᠲᠠᠷᠮᠠᠯᠠ ᠠᠪᠤᠪᠠ᠂ ᠪᠦᠷᠳᠡ ᠦᠵᠢᠨ ᠢ ᠴᠢᠯᠡᠳᠤ ᠶᠢᠨ | ᠲᠡᠬᠦᠦ ᠴᠢᠯᠡᠬᠡᠷ ᠪᠦᠬᠡ ᠳᠤ ᠦᠭᠴᠤ ᠠᠰᠠᠷᠠᠭᠤᠯᠵᠤ ᠪᠠᠶᠢᠨ᠎ᠠ ᠬᠡᠨ᠎ᠡ︾ ᠬᠡᠪᠡ᠃ | ᠲᠡᠮᠦᠵᠢᠨ ᠤ ᠲᠤᠳᠤᠷ᠎ᠠ ᠨᠢᠬᠡ ᠯᠡ ᠠᠳᠬᠤ ᠪᠤᠯᠵᠤ ᠶᠠᠭᠤ ᠴᠦ ᠲᠤᠤᠭᠤᠷᠤᠯ ᠦᠭᠡᠢ ᠭᠠᠷᠴᠤ | ᠤᠳᠪᠠ᠃ | | | ᠲᠠᠶᠢᠯᠪᠤᠷᠢ | ① ︽ᠪᠦᠬᠡᠷ᠎ᠡ ᠨᠢ ᠪᠦᠭᠰᠡᠨ ᠳᠤ ᠪᠠᠶᠢᠭ᠂ ᠴᠡᠷ ᠨᠢ ᠴᠡᠬᠡᠵᠢᠨ ᠳᠤ ᠪᠠᠶᠢᠭ︾ — ᠡᠮᠬᠢ | ᠲᠦᠷᠢᠮ ᠲᠠᠢ ᠪᠠᠶᠢᠭ ᠬᠡᠰᠡᠨ ᠰᠠᠨᠠᠭ᠎ᠠ ᠪᠤᠶᠤ᠃ | ② ᠪᠡᠶ᠎ᠡ ᠰᠢᠯᠳᠠᠭᠠᠳᠠᠢ — ᠵᠢᠷᠮᠤᠰᠤᠨ᠃ | ③ ᠦᠨᠡᠨ — ᠦᠶᠠᠩ ︵ᠬᠤᠯᠤᠭᠠᠨ᠎ᠠ︶᠃ | ④ ᠬᠡᠷᠯᠡᠨ — ᠬᠡᠷ ᠪᠠᠷᠢᠵᠤ᠃ | ⑤ ᠪᠦᠯᠵᠢᠬᠦᠯᠵᠤ — ᠨᠢᠭᠤᠭᠳᠠᠭᠤᠯᠵᠤ᠃ | ⑥ ᠦᠴᠢᠯ ᠢ ᠦᠴᠢᠨ ᠰᠠᠴᠤᠯᠢ ᠶᠢ ᠰᠠᠴᠤᠪᠠ — ᠲᠠᠩᠭᠠᠷᠢᠭ ᠦᠭᠬᠦᠨ ᠲᠠᠬᠢᠬᠤ ᠶᠢ | ᠬᠡᠯᠡᠵᠤ ᠪᠠᠶᠢᠨ᠎ᠠ᠃ | | | | ᠡᠮᠤᠨᠡᠬᠢ ᠦᠯᠢᠬᠡᠷ᠄ ᠲᠡᠮᠦᠵᠢᠨ ᠬᠢᠬᠡᠳ ᠪᠤᠭᠤᠷᠴᠢ ᠶᠢᠨ ᠨᠦᠬᠦᠷᠯᠡᠭᠰᠡᠨ | ᠬᠤᠶᠢᠨᠡᠬᠢ ᠦᠯᠢᠬᠡᠷ᠄ ᠲᠡᠮᠦᠵᠢᠨ ᠪᠦᠷᠳᠡ ᠦᠵᠢᠨ ᠲᠠᠢ ᠪᠠᠨ ᠤᠴᠠᠷᠠᠭᠰᠠᠨ | |