| | ᠲᠡᠮᠦᠵᠢᠨ᠂ ᠰᠦᠯᠳᠠᠰᠤᠨ ᠤ ᠰᠤᠷᠬᠠᠨ ᠰᠢᠷ᠎ᠠ ᠡᠪᠤᠬᠡᠨ ᠪᠠ ᠲᠡᠬᠦᠨ ᠤ ᠨᠢᠬᠡ ᠬᠡᠷ ᠤᠨ | ᠬᠠᠷᠠᠭᠠᠯᠵᠠᠯ ᠤᠨ ᠠᠴᠢ ᠪᠠᠷ ᠲᠠᠶᠢᠴᠢᠭᠤᠳ ᠨᠠᠷ ᠤᠨ ᠭᠠᠷ ᠠᠴᠠ ᠮᠤᠯᠳᠤᠷᠠᠨ ᠭᠠᠷᠴᠤ᠂ ᠤᠷᠢᠳᠤ ᠶᠢᠨ ᠰᠢᠪᠡᠬᠡᠯᠡᠵᠤ | ᠬᠤᠷᠤᠭᠠᠯᠠᠭᠰᠠᠨ ᠭᠠᠵᠠᠷ ᠲᠤ ᠢᠷᠡᠭᠡᠳ ᠦᠵᠡᠪᠡᠯ ᠡᠬᠡ ᠪᠡ ᠲᠡᠬᠦᠦ ᠨᠠᠷ ᠨᠢ ᠬᠡᠳᠦᠶᠢᠨ ᠰᠢᠯᠵᠢᠭᠰᠡᠨ ᠪᠠᠶᠢᠪᠠ᠃ | ᠲᠡᠷᠡ ᠡᠪᠡᠰᠤᠨ ᠤ ᠨᠠᠯᠤᠷᠬᠠᠢ ᠶᠢ ᠮᠦᠰᠬᠢᠨ ᠶᠠᠪᠤᠵᠤ᠂ ᠤᠨᠤᠨ ᠮᠦᠷᠡᠨ ᠤ ᠲᠡᠭᠡᠳᠤ ᠤᠷᠤᠰᠬᠠᠯ ᠳᠠᠬᠢ ᠬᠢᠮᠤᠷᠭᠠ | ᠭᠤᠷᠤᠬᠠᠨᠠ ᠬᠦᠷᠪᠡ᠃ ᠲᠡᠨᠳᠡ ᠠᠴᠠ ᠭᠤᠤᠯ ᠢ ᠦᠭᠰᠤᠨ ᠶᠠᠪᠤᠵᠤ ᠪᠠᠳᠠᠷ ᠬᠤᠱᠤᠤ ᠶᠢᠨ ᠬᠤᠷᠴᠤᠬᠤᠢ ᠪᠤᠯᠳᠠᠭ | ᠬᠡᠬᠦ ᠭᠠᠵᠠᠷ ᠬᠦᠷᠪᠡᠯ᠂ ᠦᠬᠡᠯᠦᠨ ᠡᠬᠡ ᠪᠠ ᠲᠡᠬᠦᠦ ᠨᠠᠷ ᠨᠢ ᠲᠡᠬᠦᠨ ᠢ ᠬᠦᠯᠢᠶᠡᠨ ᠶᠠᠳᠠᠵᠤ ᠪᠠᠶᠢᠪᠠ᠃ | ᠦᠬᠡᠯᠦᠨ ᠡᠬᠡ᠂ ᠲᠡᠮᠦᠵᠢᠨ ᠤ ᠬᠡᠷᠬᠢᠨ ᠲᠤᠳᠠᠭᠠᠵᠤ ᠭᠠᠷᠴᠤ ᠢᠷᠡᠭᠰᠡᠨ ᠢ ᠨᠢᠬᠡᠨ ᠵᠡᠷᠬᠡ | ᠠᠰᠠᠭᠤᠵᠤ᠄ ︽ᠤᠳᠤ ᠠᠳᠠ ᠰᠠᠭᠤᠵᠤ ᠦᠯᠤ ᠪᠤᠯᠤᠨ᠎ᠡ᠂ ᠲᠠᠶᠢᠴᠢᠭᠤᠳ ᠨᠠᠷ ᠨᠡᠬᠡᠮᠵᠢᠯᠡᠨ ᠢᠷᠡᠬᠦ ᠪᠤᠯᠭᠤᠵᠠᠢ᠂ | ᠲᠦᠷᠬᠡᠨ ᠠᠳᠠ ᠠᠴᠠ ᠵᠠᠶᠢᠯᠠᠶ᠎ᠠ︾ ᠬᠡᠵᠤ ᠬᠡᠷ ᠬᠤᠷᠤᠭ᠎ᠠ ᠪᠠᠨ ᠪᠠᠭᠤᠯᠭᠠᠨ ᠬᠦᠳᠡᠯᠦᠬᠡᠳ ᠪᠤᠷᠬᠠᠨ ᠬᠠᠯᠳᠤᠨ | ᠠᠭᠤᠯᠠᠨ ᠤ ᠦᠪᠦᠷ ᠤᠷᠤᠰᠬᠤ ᠰᠡᠩᠬᠦᠷ ᠭᠤᠷᠤᠬᠠᠨ ᠤ ᠬᠠᠷ᠎ᠠ ᠵᠢᠷᠦᠬᠡᠨ ᠳᠠᠬᠢ ᠬᠦᠬᠡ ᠨᠠᠭᠤᠷ ᠬᠡᠬᠦ ᠭᠠᠵᠠᠷ ᠬᠦᠷᠴᠤ | ᠂ ᠨᠤᠳᠤᠭ ᠪᠡᠯᠴᠢᠬᠡᠷ ᠢ ᠰᠤᠩᠭᠤᠨ ᠪᠠᠭᠤᠵᠤ᠂ ᠲᠠᠷᠪᠠᠭ᠎ᠠ ᠵᠤᠷᠠᠮ᠎ᠠ ᠠᠩᠨᠠᠨ ᠠᠷᠭᠠᠴᠠᠭᠠᠨ ᠠᠮᠢᠳᠤᠷᠠᠪᠠ᠃ | ᠲᠠᠮᠦᠵᠢᠨ ᠤ ᠬᠢ ᠲᠠᠶᠢᠴᠢᠭᠤᠳ ᠨᠠᠷ ᠲᠤ ᠲᠠᠯᠠᠭᠤᠯᠤᠭᠠᠳ ᠨᠠᠢᠮᠠᠨ ᠰᠢᠷᠭ᠎ᠠ ᠠᠭᠳᠠ ᠬᠢᠬᠡᠳ | ᠤᠭᠤᠳᠤᠷ ᠬᠤᠩᠭᠤᠷ ᠮᠤᠷᠢᠨ ᠠᠴᠠ ᠦᠬᠡᠷ᠎ᠡ ᠶᠠᠭᠤ ᠴᠦ ᠦᠯᠡᠳᠡᠭᠰᠡᠨ ᠦᠭᠡᠢ᠃ ᠡᠨᠡ ᠨᠢ ᠲᠡᠳᠡᠨ ᠤ ᠪᠦᠬᠦ | ᠬᠦᠷᠦᠩᠬᠡ ᠮᠠᠯ ᠪᠤᠯᠬᠤ ᠲᠤᠯᠠ᠂ ᠲᠡᠮᠦᠵᠢᠨ ᠡᠳᠤᠷ ᠪᠦᠷᠢ ᠲᠡᠬᠦᠦ ᠨᠠᠷ ᠤᠨ ᠬᠠᠮᠳᠤ ᠤᠭᠤᠳᠤᠷ ᠬᠤᠩᠭᠤᠷ ᠢ | ᠡᠬᠡᠯᠵᠢᠯᠡᠨ ᠤᠨᠤᠵᠤ ᠨᠠᠢᠮᠠᠨ ᠰᠢᠷᠭ᠎ᠠ ᠠᠭᠳᠠ ᠪᠠᠨ ᠠᠳᠤᠭᠤᠯᠠᠳᠠᠭ ᠪᠦᠬᠡᠳ ᠰᠦᠨᠢ ᠪᠦᠷᠢ ᠮᠠᠨᠠᠵᠤ ᠬᠤᠨᠤᠳᠠᠭ | ᠪᠠᠶᠢᠯ᠎ᠠ᠃ | ᠨᠢᠬᠡᠨ ᠡᠳᠤᠷ ᠪᠡᠯᠬᠦᠳᠠᠢ ᠤᠭᠤᠳᠤᠷ ᠬᠤᠩᠭᠤᠷ ᠮᠤᠷᠢ ᠪᠠᠨ ᠤᠨᠤᠵᠤ ᠲᠠᠷᠪᠠᠭ᠎ᠠ ᠠᠩᠨᠠᠷᠠ | ᠶᠠᠪᠤᠪᠠ᠃ ᠲᠡᠮᠦᠵᠢᠨ ᠲᠡᠬᠦᠦ ᠨᠠᠷ ᠤᠨ ᠬᠠᠮᠳᠤ ᠬᠡᠷ ᠲᠤ ᠬᠤᠴᠤᠷᠴᠤ ᠡᠬᠡ ᠪᠠᠨ ᠬᠠᠪᠰᠤᠷᠤᠨ ᠢᠰᠡᠬᠡᠢ ᠬᠢᠵᠤ | ᠰᠠᠭᠤᠳᠠᠯ᠎ᠠ᠂ ᠬᠡᠨᠡᠳᠳᠠ ᠨᠢᠬᠡᠨ ᠪᠦᠯᠦᠭ ᠲᠡᠭᠡᠷᠡᠮ ᠢᠷᠡᠵᠤ ᠨᠠᠢᠮᠠᠨ ᠰᠢᠷᠭ᠎ᠠ ᠠᠭᠳᠠ ᠶᠢ ᠨᠢ ᠦᠵᠡᠳᠡᠯ᠎ᠡ ᠲᠡᠭᠡᠷᠡᠮᠳᠡᠨ | ᠤᠳᠪᠠ᠃ ᠲᠡᠳᠡ ᠶᠠᠪᠠᠭᠠᠨ ᠲᠤᠯᠠ ᠬᠠᠷᠠᠭᠰᠠᠭᠠᠷ ᠬᠤᠴᠤᠷᠬᠤ ᠠᠴᠠ ᠦᠬᠡᠷ᠎ᠡ ᠠᠷᠭ᠎ᠠ ᠦᠭᠡᠢ ᠪᠠᠶᠢᠯ᠎ᠠ᠃ ᠬᠠᠰᠠᠷ | ᠬᠡᠳᠦᠢ ᠮᠡᠷᠬᠡᠨ ᠬᠠᠷᠪᠤᠭᠠᠴᠢ ᠪᠤᠯᠪᠠᠴᠤ ᠲᠡᠬᠦᠨ ᠢ ᠨᠤᠮᠤ ᠰᠤᠮᠤ ᠪᠠᠨ ᠠᠪᠴᠤ ᠭᠠᠷᠳᠠᠯ᠎ᠠ ᠲᠡᠬᠡᠷᠡᠮ ᠬᠡᠳᠦᠶᠢᠨ | ᠲᠤᠭᠤᠰᠤ ᠮᠠᠨᠠᠷᠠᠭᠤᠯᠤᠨ ᠤᠳᠪᠠ᠃ ᠪᠦᠬᠦᠳᠡᠬᠡᠷ ᠪᠡᠯᠬᠦᠳᠠᠢ ᠶᠢ ᠲᠦᠷᠬᠡᠨ ᠪᠤᠴᠠᠵᠤ ᠢᠷᠡᠬᠦ ᠪᠤᠯᠪᠠ ᠤᠤ ᠬᠡᠵᠤ ᠠᠬᠢᠨ | ᠲᠠᠬᠢᠨ ᠬᠠᠷᠠᠭᠤᠯᠳᠠᠪᠠᠴᠤ ① ᠶᠠᠷᠤ ᠨᠢ ᠪᠠᠷ᠎ᠠ ᠰᠡᠬᠦᠳᠠᠷ ᠦᠭᠡᠢ ᠪᠠᠶᠢᠯ᠎ᠠ᠃ ᠬᠡᠵᠢᠶ᠎ᠡ ᠨᠠᠷᠠᠨ ᠰᠢᠩᠬᠡᠭᠰᠡᠨ ᠬᠤᠶᠢᠨ᠎ᠠ | ᠪᠡᠯᠬᠦᠳᠠᠢ ᠰᠠᠶ᠋ᠢ ᠤᠭᠤᠳᠤᠷ ᠬᠤᠩᠭᠤᠷ ᠮᠤᠷᠢᠨ ᠳᠠᠭᠠᠨ ᠲᠠᠭᠠᠭᠠᠵᠤ ᠶᠠᠳᠠᠳᠠᠯ᠎ᠠ ᠲᠠᠷᠪᠠᠭ᠎ᠠ ᠠᠴᠢᠵᠤ ᠪᠤᠴᠠᠵᠤ ᠢᠷᠡᠪᠡ | ᠃ ᠲᠡᠳᠡ ᠲᠤᠰᠤᠨ ᠤᠴᠢᠵᠤ᠄ | ︽ᠨᠠᠢᠮᠠᠨ ᠰᠢᠷᠭ᠎ᠠ ᠠᠭᠳᠠ ᠶᠢ ᠮᠢᠨᠢ ᠲᠡᠭᠡᠷᠡᠮ ᠠᠪᠴᠤ ᠤᠳᠪᠠ︾ ᠬᠡᠰᠡᠨ ᠳᠤ᠂ ᠪᠡᠯᠬᠦᠳᠠᠢ | ᠄ | ︽ᠪᠢ ᠨᠡᠬᠡᠵᠤ ᠪᠤᠯᠢᠶᠡᠵᠤ ᠠᠪᠴᠢᠷᠠᠶ᠎ᠠ︕︾ ᠬᠡᠪᠡ᠃ ᠬᠠᠰᠠᠷ᠄ | ︽ᠴᠢ ᠨᠢᠭᠡ ᠡᠳᠤᠷ ᠠᠩ ᠳᠤ ᠶᠠᠪᠤᠭᠠᠳ ᠶᠠᠳᠠᠭᠰᠠᠨ ᠪᠠᠶᠢᠯᠬᠦᠢ᠂ ᠪᠢ ᠨᠡᠬᠡᠶ᠎ᠡ︾ ᠬᠡᠪᠡ᠃ | ᠲᠡᠮᠦᠵᠢᠨ᠄ | ︽ᠲᠠ ᠨᠠᠷ ᠪᠦᠷ ᠪᠤᠯᠬᠤ ᠦᠭᠡᠢ᠂ ᠪᠢ ᠨᠡᠬᠡᠶ᠎ᠡ︾ ᠬᠡᠵᠤ ᠪᠡᠯᠬᠦᠳᠠᠢ ᠠᠴᠠ ᠤᠭᠤᠳᠤᠷ | ᠬᠤᠩᠭᠤᠷ ᠮᠤᠷᠢ ᠶᠢ ᠠᠪᠴᠤ ᠤᠨᠤᠭᠠᠳ ᠲᠡᠭᠡᠷᠡᠮ ᠤᠨ ᠬᠤᠶᠢᠨ᠎ᠡ ᠠᠴᠠ ᠨᠡᠬᠡᠨ ᠤᠳᠪᠠ᠃ | ᠦᠬᠡᠯᠦᠨ ᠡᠬᠡ᠄ | ︽ᠰᠢᠷᠭ᠎ᠠ ᠠᠭᠳᠠ ᠪᠠᠨ ᠤᠯᠪᠠᠯ ᠲᠦᠷᠬᠡᠨ ᠪᠤᠴᠠᠵᠤ ᠢᠷ᠎ᠡ᠂ ᠲᠡᠭᠡᠷᠡᠮ ᠤᠨ ᠨᠡᠬᠡᠮᠵᠢᠯᠡᠬᠦ | ᠠᠴᠠ ᠬᠢᠴᠢᠶᠡᠬᠡᠷᠡᠢ︾ ᠬᠡᠪᠡ᠃ ᠲᠡᠮᠦᠵᠢᠨ ︽ᠵᠠ ᠮᠡᠳᠡᠯ᠎ᠡ︾ ᠬᠡᠬᠦ ᠶᠢᠨ ᠬᠠᠮᠳᠤ ᠬᠡᠳᠦᠶᠢᠨ ᠬᠠᠷᠠᠩᠭᠤᠢ ᠶᠢᠨ | ᠲᠤᠮᠳᠠ ᠵᠠᠮᠬᠠᠷᠠᠨ ᠤᠳᠪᠠ᠃ | ᠤᠭᠤᠳᠤᠷ ᠬᠤᠩᠭᠤᠷ ᠮᠤᠷᠢ ᠡᠳᠤᠷ ᠲᠤᠵᠢ ᠲᠠᠷᠪᠠᠭ᠎ᠠ ᠠᠴᠢᠵᠤ ᠶᠠᠪᠤᠭᠠᠳ ᠶᠠᠳᠠᠷᠠᠭᠰᠠᠨ | ᠲᠤᠯᠠ ᠲᠦᠷᠬᠡᠨ ᠶᠠᠪᠤᠵᠤ ᠲᠠᠶᠢᠯᠬᠦ ᠦᠭᠡᠢ ᠪᠠᠶᠢᠯ᠎ᠠ᠃ ᠲᠡᠮᠦᠵᠢᠨ ᠤᠭᠤᠳᠤᠷ ᠬᠤᠩᠭᠤᠷ ᠮᠤᠷᠢ ᠪᠠᠨ ᠬᠠᠶᠠ ᠬᠠᠶᠠ | ᠡᠪᠡᠰᠤ ᠬᠠᠵᠠᠭᠤᠯᠤᠨ ᠭᠤᠷᠪᠠᠨ ᠬᠤᠨᠤᠭ ᠨᠡᠬᠡᠭᠰᠡᠨ ᠪᠤᠯᠪᠠᠴᠤ ᠲᠡᠭᠡᠷᠡᠮ ᠤᠨ ᠪᠠᠷ᠎ᠠ ᠶᠢ ᠴᠦ ᠤᠯᠵᠤ ᠦᠵᠡᠭᠡ ᠦᠭᠡᠢ | ᠪᠠᠴᠢᠮᠳᠠᠨ ᠶᠠᠪᠤᠳᠠᠯ᠎ᠠ᠂ ᠨᠢᠬᠡᠨ ᠦᠷᠯᠦᠬᠡ ᠤᠯᠠᠨ ᠠᠳᠤᠭᠤ ᠲᠠᠭᠠᠷᠠᠯᠳᠤᠪᠠ᠃ ᠲᠡᠮᠦᠵᠢᠨ᠂ ᠮᠢᠨᠤ ᠰᠢᠷᠭ᠎ᠠ ᠠᠭᠳᠠ | ᠪᠤᠢ ᠪᠤᠯᠪᠠ ᠤᠤ︖ ᠬᠡᠵᠤ ᠡᠰᠢ ᠲᠡᠰᠢ ᠠᠵᠢᠭᠯᠠᠨ ᠦᠵᠡᠪᠡᠯ ᠨᠢᠬᠡᠨ ᠦᠯᠤ ᠲᠠᠨᠢᠬᠤ ᠵᠠᠯᠠᠭᠤ ᠲᠡᠨᠳᠠ ᠬᠡᠬᠦᠦ | ᠰᠠᠭᠠᠵᠤ ᠪᠠᠶᠢᠯ᠎ᠠ᠃ ᠲᠡᠮᠦᠵᠢᠨ ᠲᠡᠷᠡ ᠵᠠᠯᠠᠭᠤ ᠶᠢᠨ ᠲᠡᠷᠬᠡᠳᠡ ᠬᠦᠷᠴᠤ᠄ | ︽ᠡᠬᠦᠪᠡᠷ ᠨᠠᠢᠮᠠᠨ ᠰᠢᠷᠭ᠎ᠠ ᠠᠭᠳᠠ ᠬᠦᠬᠡᠬᠡᠵᠤ ᠭᠠᠷᠤᠭᠰᠠᠨ ᠬᠦᠮᠦᠨ ᠬᠠᠷᠠᠭᠳᠠᠪᠠ ᠤᠤ︖︾ | ᠬᠡᠵᠤ ᠠᠰᠠᠭᠤᠪᠠ᠃ ᠲᠡᠷᠡ ᠵᠠᠯᠠᠭᠤ᠂ ᠬᠦᠮᠦᠨ ᠦᠬᠡ ᠠᠰᠠᠭᠤᠵᠤ ᠪᠠᠶᠢᠬᠤ ᠶᠢ ᠰᠤᠨᠤᠰᠤᠭᠠᠳ ᠲᠡᠮᠦᠵᠢᠨ ᠢ | ᠨᠠᠷᠢᠪᠴᠢᠯᠡᠨ ᠦᠵᠡᠪᠡᠯ ᠨᠢᠭᠤᠷ ᠲᠠᠭᠠᠨ ᠬᠡᠷᠡᠯ ᠲᠠᠢ᠂ ᠨᠢᠳᠤᠨ ᠳᠡᠭᠡᠨ ᠭᠠᠯ ᠲᠠᠢ ᠲᠡᠭᠵᠢᠨ ᠵᠠᠯᠠᠭᠤ ᠲᠤᠯᠠ ᠶᠡᠬᠡᠳᠠ | ᠪᠠᠭ᠋ᠠᠷᠬᠠᠨ᠄ | ︽ᠴᠢ ᠬᠡᠨ ᠬᠡᠳᠡᠭ ᠪᠤᠢ︖︾ ᠬᠡᠵᠤ ᠲᠡᠮᠦᠵᠢᠨ ᠢ ᠬᠡᠳᠡᠷᠬᠦ ᠠᠰᠠᠭᠤᠪᠠ᠃ ᠲᠡᠮᠦᠵᠢᠨ᠄ | ︽ᠮᠢᠨᠤ ᠨᠡᠷ᠎ᠡ ᠲᠡᠮᠦᠵᠢᠨ᠂ ᠨᠠᠢᠮᠠᠨ ᠰᠢᠷᠭ᠎ᠠ ᠠᠭᠳᠠ ᠶᠢ ᠮᠢᠨᠢ ᠭᠤᠷᠪᠠᠨ ᠬᠤᠨᠤᠭ ᠤᠨ | ᠡᠮᠤᠨ᠎ᠡ ᠲᠡᠭᠡᠷᠡᠮ ᠠᠪᠴᠤ ᠤᠳᠪᠠ᠃ ᠪᠢ ᠤᠳᠤ ᠨᠡᠬᠡᠵᠤ ᠶᠠᠪᠤᠨ᠎ᠡ︾ ᠬᠡᠪᠡ᠃ ᠲᠡᠷᠡ ᠵᠠᠯᠠᠭᠤ ᠠᠯᠠᠰᠬᠢᠨ | ᠪᠠᠶᠠᠷᠯᠠᠵᠤ᠄ | ︽ᠠ᠂ ᠴᠢ ᠲᠡᠮᠦᠵᠢᠨ ᠤᠤ︖ ᠪᠢ ᠴᠢᠨᠤ ᠨᠡᠷ᠎ᠡ ᠶᠢ ᠬᠡᠳᠦᠶᠢᠨ ᠰᠤᠨᠤᠰᠴᠤ᠂ ᠬᠡᠵᠢᠶ᠎ᠡ | ᠨᠢᠬᠡ ᠠᠭᠤᠯᠵᠠᠬᠤ ᠪᠤᠯᠪᠠ ᠬᠡᠵᠤ ᠪᠤᠳᠤᠵᠤ ᠪᠠᠶᠢᠭᠰᠠᠨ ᠶᠤᠮ᠂ ᠠᠱᠢᠬᠦᠢ ᠲᠤᠬᠢᠶᠠᠯᠳᠤᠪᠠ︾ ᠬᠡᠳ ᠪᠠᠰᠠ᠄ | ︽ᠨᠠᠢᠮᠠᠨ ᠰᠢᠷᠭ᠎ᠠ ᠠᠭᠳᠠ ᠶᠢ ᠴᠢᠨᠢ ᠡᠨᠡ ᠦᠷᠯᠦᠬᠡ ᠡᠬᠦᠪᠡᠷ ᠬᠦᠬᠡᠬᠡᠵᠤ ᠭᠠᠷᠪᠠ᠂ ᠪᠢ | ᠴᠢᠮ᠎ᠠ ᠳᠤ ᠵᠢᠭᠠᠵᠤ ᠦᠭᠬᠦᠶ᠎ᠡ︾ ᠬᠡᠵᠤ ᠲᠡᠮᠦᠵᠢᠨ ᠤ ᠤᠨᠤᠵᠤ ᠪᠠᠶᠢᠭᠰᠠᠨ ᠤᠭᠤᠳᠤᠷ ᠬᠤᠩᠭᠤᠷ ᠮᠤᠷᠢᠨ ᠤ | ᠶᠠᠳᠠᠷᠠᠵᠤ ᠮᠠᠭᠤᠳᠠᠭᠰᠠᠨ ᠢ ᠦᠵᠡᠵᠤ ᠲᠡᠬᠦᠨ ᠢ ᠲᠠᠯᠪᠢᠭᠤᠯᠤᠭᠠᠳ᠂ ᠦᠪᠡᠷ ᠤᠨ ᠰᠦᠷᠦᠭ ᠠᠴᠠ ᠨᠢᠬᠡᠨ ᠤᠷᠤᠭ | ᠰᠢᠩᠬᠤᠷ ᠮᠤᠷᠢ ᠶᠢ ᠪᠠᠷᠢᠵᠤ ᠲᠡᠮᠦᠵᠢᠨ ᠳᠤ ᠤᠨᠤᠭᠤᠯᠪᠠ᠃ ᠲᠡᠮᠦᠵᠢᠨ ᠲᠡᠷᠡ ᠵᠠᠯᠠᠭᠤ ᠶᠢᠨ ᠨᠡᠷ᠎ᠡ ᠶᠢ ᠠᠰᠠᠭᠤᠪᠠᠯ | ︽ᠮᠢᠨᠤ ᠨᠡᠷ᠎ᠡ ᠪᠤᠭᠤᠷᠴᠢ ᠬᠡᠳᠡᠭ᠂ ᠪᠢ ᠪᠤᠯ ᠨᠠᠬᠤ ᠪᠠᠶᠠᠨ ᠤ ᠭᠠᠭᠴᠠ ᠬᠦᠦ︾ ᠬᠡᠳ | ᠲᠡᠮᠦᠵᠢᠨ ᠳᠤ ᠬᠡᠬᠦᠦ ᠶᠢᠨ ᠰᠦ ᠠᠴᠠ ᠴᠠᠳᠳᠠᠯ᠎ᠠ ᠤᠤᠭᠤᠯᠭᠠᠵᠤ᠄ | ︽ᠨᠦᠬᠦᠷ ᠴᠢ ᠶᠡᠭᠡ ᠮᠤᠩᠭᠠᠨᠢᠵᠤ ᠶᠠᠪᠤᠭ᠎ᠠ ᠠᠵᠢ᠂ ᠡᠷ᠎ᠡ ᠶᠢᠨ ᠮᠤᠩ ② ᠨᠢᠬᠡᠨ ᠠᠳᠠᠯᠢ | ᠪᠤᠶᠤ᠂ ᠪᠢ ᠴᠢᠮ᠎ᠠ ᠳᠤ ᠬᠠᠨᠢ ᠪᠤᠯᠵᠤ ᠶᠠᠪᠤᠶ᠎ᠠ︾ ᠬᠡᠵᠤ᠂ ᠨᠠᠮᠪᠤᠭᠠ ③ ᠰᠠᠭᠤᠯᠭ᠎ᠠ ᠪᠠᠨ ᠡᠪᠡᠰᠤᠨ ᠲᠤᠮᠳᠠ | ᠪᠤᠭᠤᠵᠤ ᠲᠠᠯᠪᠢᠭᠠᠳ᠂ ᠬᠤᠷᠳᠤᠨ ᠬᠤᠸᠠ ᠮᠤᠷᠢ ᠪᠠᠨ ᠤᠨᠤᠵᠤ᠂ ᠬᠡᠷ ᠲᠡᠭᠡᠨ ᠴᠦ ᠬᠠᠷᠢᠯ ᠦᠭᠡᠢ ᠰᠢᠭᠤᠳ | ᠲᠡᠮᠦᠵᠢᠨ ᠤ ᠬᠠᠮᠳᠤ ᠮᠤᠷᠳᠠᠪᠠ᠃ ᠲᠡᠮᠦᠵᠢᠨ᠄ | ︽ᠲᠠᠨ ᠤ ᠬᠡᠷ ᠤᠨ ᠬᠦᠮᠦᠰ ᠡᠷᠢᠬᠦ ᠪᠢᠵᠠ︖︾ ᠬᠡᠰᠡᠨ ᠳᠤ ᠪᠤᠭᠤᠷᠴᠢ᠄ | ︽ᠬᠡᠷ ᠠᠳᠠ ᠠᠴᠠ ᠬᠤᠯᠠ ᠪᠤᠢ᠂ ᠬᠡᠯᠡᠬᠦ ᠬᠡᠷᠡᠭ ᠦᠭᠡᠢ᠂ ᠪᠢᠳᠠ ᠤᠳᠠᠯ ᠦᠭᠡᠢ ᠡᠷᠬᠢᠵᠤ | ᠢᠷᠡᠬᠦ ᠪᠤᠯᠤᠨ᠎ᠠ︾ ᠬᠡᠪᠡ᠃ ᠲᠡᠭᠡᠭᠡᠳ ᠲᠡᠮᠦᠵᠢᠨ ᠪᠤᠭᠤᠷᠴᠢ ᠬᠤᠶᠠᠭᠤᠯᠠ ᠮᠤᠷᠢᠨ ᠤ ᠮᠦᠷ ᠢ ᠮᠦᠰᠬᠢᠵᠤ᠂ | ᠵᠤᠭᠰᠤᠯ ᠦᠭᠡᠢ ᠭᠤᠷᠪᠠᠨ ᠬᠤᠨᠤᠭ ᠨᠡᠬᠡᠪᠡ᠃ ᠢᠩᠬᠢᠵᠤ ᠶᠠᠪᠤᠳᠠᠯ᠎ᠠ ᠭᠤᠷᠪᠠᠳᠠᠬᠢ ᠡᠳᠤᠷ ᠤᠨ ᠨᠠᠷᠠᠨ ᠤ ᠲᠠᠰᠢᠵᠤ | ᠪᠠᠶᠢᠭ᠎ᠠ ᠦᠶ᠎ᠡ ᠳᠤ ᠨᠢᠬᠡᠨ ᠬᠦᠷᠢᠶ᠎ᠡ ᠢᠷᠬᠡᠨ ᠲᠤᠬᠢᠶᠠᠯᠳᠤᠪᠠ᠃ ᠲᠡᠮᠦᠵᠢᠨ ᠯᠠᠪᠯᠠᠵᠤ ᠦᠵᠡᠪᠡᠯ ᠲᠡᠬᠦᠨ ᠤ ᠨᠠᠢᠮᠠᠨ | ᠰᠢᠷᠭ᠎ᠠ ᠬᠦᠷᠢᠶᠡᠨ ᠤ ᠲᠡᠷᠬᠡᠳᠠ ᠢᠳᠡᠰᠢᠯᠡᠵᠤ ᠪᠠᠶᠢᠪᠠ᠃ ᠬᠦᠷᠢᠶᠡᠨ ᠤ ᠭᠠᠳᠠᠨ᠎ᠠ ᠬᠠᠷᠠᠭᠤᠯᠳᠠᠵᠤ ᠪᠠᠶᠢᠭ᠎ᠠ ᠬᠦᠮᠦᠨ | ᠬᠠᠷᠠᠭᠳᠠᠬᠤ ᠦᠭᠡᠢ ᠲᠤᠯᠠ ᠲᠡᠮᠦᠵᠢᠨ ᠲᠤᠬᠢᠶᠡᠯ ᠪᠤᠯᠪᠠ ᠬᠡᠵᠤ ᠪᠤᠭᠤᠷᠴᠢ ᠳᠤ᠄ | ︽ᠡᠨᠡ ᠶᠠᠭ ᠮᠢᠨᠤ ᠨᠠᠢᠮᠠᠨ ᠰᠢᠷᠭ᠎ᠠ ᠠᠭᠳᠠ ᠪᠠᠶᠢᠨ᠎ᠡ᠃ ᠨᠦᠬᠦᠷ ᠴᠢ ᠠᠳᠠ ᠬᠦᠯᠢᠶᠡᠵᠤ | ᠪᠠᠶᠢᠭᠳᠤᠨ᠂ ᠪᠢ ᠤᠴᠢᠵᠤ ᠠᠭᠳᠠ ᠶᠢ ᠬᠦᠬᠡᠬᠡᠵᠤ ᠠᠪᠴᠤ ᠭᠠᠷᠤᠶ᠎ᠠ︾ ᠬᠡᠪᠡ᠃ ᠪᠤᠭᠤᠷᠴᠢ ᠤᠭᠳᠤ ᠬᠦᠯᠢᠶᠡᠬᠦ | ᠦᠭᠡᠢ᠄ | ︽ᠪᠢ ᠴᠢᠮ᠎ᠠ ᠳᠤ ᠬᠠᠨᠢ ᠪᠤᠯᠵᠤ ᠢᠷᠡᠬᠡᠳ ᠶᠠᠭᠠᠬᠢᠨ ᠠᠳᠠ ᠭᠠᠭᠴᠠᠭᠠᠷ ᠦᠯᠡᠳᠡᠬᠦ ᠪᠤᠢ᠂ | ᠬᠠᠮᠳᠤ ᠶᠠᠪᠤᠶ᠎ᠠ︕︾ ᠬᠡᠵᠤ ᠬᠡᠯᠡᠬᠡᠳ᠂ ᠲᠡᠮᠦᠵᠢᠨ ᠤ ᠬᠠᠮᠳᠤ ᠲᠤᠪᠳᠤᠯᠤᠨ ᠤᠷᠤᠵᠤ ᠨᠠᠢᠮᠠᠨ ᠰᠢᠷᠭ᠎ᠠ ᠠᠭᠳᠠ ᠶᠢ | ᠬᠦᠬᠡᠬᠡᠵᠤ ᠭᠠᠷᠪᠠ᠃ | ᠲᠡᠬᠡᠷᠡᠮ ᠤᠳ ︽ᠠᠭᠳᠠ ᠶᠢ ᠬᠦᠮᠦᠨ ᠠᠪᠠᠴᠢᠪᠠ︾ ᠬᠡᠵᠤ ᠦᠢᠮᠡᠯᠳᠤᠨ ᠨᠡᠬᠡᠵᠤ ᠭᠠᠷᠳᠠᠯ᠎ᠠ | ᠲᠡᠮᠦᠵᠢᠨ ᠪᠤᠭᠤᠷᠴᠢ ᠬᠤᠶᠠᠭᠤᠯᠠ ᠨᠢᠬᠡᠨᠳᠠ ᠠᠭᠤᠯᠠ ᠶᠢᠨ ᠲᠠᠯᠳᠠ ᠤᠷᠤᠪᠠ᠃ ᠲᠡᠳᠡᠨ ᠤ ᠲᠤᠳᠤᠷ᠎ᠠ ᠠᠴᠠ ᠨᠢᠬᠡᠨ | ᠴᠠᠭᠠᠨ ᠮᠤᠷᠢᠳᠠᠢ ᠤᠯᠠᠭᠠᠨ ᠲᠡᠪᠡᠯ ᠲᠠᠢ ᠬᠦᠮᠦᠨ ᠲᠤᠩ ᠭᠠᠪᠰᠢᠭᠠᠶᠢᠯᠠᠵᠤ᠂ ᠤᠷᠭ᠎ᠠ ᠭᠤᠳᠤᠯᠵᠠᠭᠤᠯᠤᠨ ᠲᠡᠮᠦᠵᠢᠨ | ᠨᠠᠷ ᠢ ᠤᠳᠠᠯ ᠦᠭᠡᠢ ᠬᠦᠢᠴᠡᠵᠤ ᠢᠷᠡᠬᠦ ᠵᠠᠪᠳᠤᠯᠡ᠃ ᠪᠤᠭᠤᠷᠴᠢ᠄ | ︽ᠨᠦᠬᠦᠷ ᠴᠢ ᠨᠤᠮᠤ ᠰᠤᠮᠤ ᠪᠠᠨ ᠨᠠᠳᠠ ᠦᠭ᠂ ᠪᠢ ᠡᠰᠡᠷᠬᠦᠴᠡᠨ ᠬᠠᠷᠪᠤᠶ᠎ᠠ᠂ ᠴᠢ ᠮᠤᠷᠢᠳ | ᠢᠶᠠᠨ ᠬᠦᠬᠡᠬᠡᠵᠤ ᠤᠷᠢᠳᠠᠪᠠᠷ ᠶᠠᠪᠤᠳᠤᠭᠠᠢ︾ ᠬᠡᠰᠡᠨ ᠳᠤ᠂ ᠲᠡᠮᠦᠵᠢᠨ᠄ | ︽ᠴᠢ ᠮᠢᠨᠤ ᠲᠦᠯᠦᠬᠡ ᠠᠳᠡᠬᠦᠵᠠᠢ᠂ ᠪᠢ ᠬᠠᠷᠪᠤᠶ᠎ᠠ︾ ᠬᠡᠵᠤ ᠨᠢᠬᠡ ᠲᠠᠯ᠎ᠠ ᠪᠠᠷ | ᠬᠠᠷᠪᠤᠯᠳᠤᠨ ᠨᠢᠬᠡ ᠲᠠᠯ᠎ᠠ ᠪᠠᠷ ᠤᠬᠤᠷᠢᠪᠠ᠃ ᠲᠡᠷᠡ ᠴᠠᠭᠠᠨ ᠮᠤᠷᠢᠳᠠᠢ ᠬᠦᠮᠦᠨ ᠲᠡᠮᠦᠵᠢᠨ ᠤ ᠰᠤᠮᠤᠨ ᠠᠴᠠ | ᠲᠠᠯᠳᠠᠷᠢᠨ ᠲᠡᠳᠡᠨ ᠳᠤ ᠤᠶᠢᠷᠠᠳᠴᠤ ᠴᠢᠳᠠᠬᠤ ᠦᠭᠡᠢ ᠪᠠᠶᠢᠳᠠᠯ᠎ᠠ ᠬᠤᠶᠢᠳᠤᠬᠢ ᠬᠦᠮᠦᠰ ᠨᠢ ᠤᠪᠤᠨ ᠴᠤᠪᠤᠨ | ᠬᠦᠢᠴᠡᠵᠤ ᠢᠷᠡᠵᠡᠬᠡᠪᠡ᠃ ᠬᠡᠪᠡᠴᠤ ᠡᠨᠡ ᠦᠶ᠎ᠡ ᠳᠤ ᠨᠠᠷᠠ ᠨᠢᠬᠡᠨᠳᠠ ᠰᠢᠩᠬᠡᠵᠤ ᠪᠦᠷᠦᠭ ᠪᠠᠷᠤᠭ ᠪᠤᠯᠤᠭᠰᠠᠨ ᠲᠤᠯᠠ | ᠲᠡᠭᠡᠷᠡᠮ ᠨᠡᠬᠡᠯ ᠦᠭᠡᠢ ᠬᠤᠴᠤᠷᠪᠠ᠃ ᠲᠡᠮᠦᠵᠢᠨ᠄ | ︽ᠡᠳᠡ ᠯᠠᠪ ᠵᠦᠷᠴᠢᠨ ᠢᠷᠡᠬᠡᠳ ᠪᠠᠶᠢᠵᠤ ᠮᠡᠳᠡᠨ᠎ᠡ᠂ ᠲᠡᠳᠡ ᠦᠷᠬᠦᠯᠵᠢ ᠡᠶᠢᠮᠤ ᠬᠡᠷᠡᠭ | ᠦᠢᠯᠡᠳᠳᠡᠭ︾ ᠬᠡᠵᠤ ᠪᠤᠭᠤᠷᠴᠢ ᠶᠢᠨ ᠬᠠᠮᠳᠤ ᠮᠤᠷᠢᠳ ᠢᠶᠠᠨ ᠬᠦᠬᠡᠬᠡᠵᠤ ᠰᠦᠨᠢ ᠲᠤᠵᠢ ᠶᠠᠪᠤᠪᠠ᠃ ᠲᠡᠳᠡ᠂ | ᠲᠡᠬᠡᠷᠡᠮ ᠤᠨ ᠨᠡᠬᠡᠵᠤ ᠢᠷᠡᠬᠦ ᠠᠴᠠ ᠪᠤᠯᠭᠤᠮᠵᠢᠯᠡᠨ ᠭᠤᠷᠪᠡᠨ ᠬᠤᠨᠤᠭ ᠵᠤᠭᠰᠤᠯ ᠦᠭᠡᠢ ᠶᠠᠪᠤᠵᠤ᠂ ᠪᠤᠭᠤᠷᠴᠢ ᠶᠢᠨ | ᠨᠠᠮᠪᠤᠭᠠ ᠰᠠᠭᠤᠯᠭ᠎ᠠ ᠪᠤᠭᠤᠵ ᠲᠠᠯᠪᠢᠭᠰᠠᠨ ᠭᠠᠵᠠᠷ ᠬᠦᠷᠴᠤ ᠢᠷᠡᠪᠡ᠃ ᠲᠡᠮᠦᠵᠢᠨ ᠪᠤᠭᠤᠷᠴᠢ ᠳᠤ ᠶᠡᠬᠡᠳᠡ | ᠲᠠᠯᠠᠷᠬᠠᠨ᠄ | ︽ᠰᠠᠶᠢᠨ ᠨᠦᠬᠦᠷ ᠪᠤᠭᠤᠷᠴᠢ ᠮᠢᠨᠢ᠂ ᠴᠢ ᠲᠤᠰᠠᠯᠠᠭᠰᠠᠨ ᠦᠭᠡᠢ ᠪᠤᠯ ᠪᠢ ᠨᠠᠢᠮᠠᠨ ᠰᠢᠷᠭ᠎ᠠ | ᠠᠭᠳᠠ ᠪᠠᠨ ᠶᠠᠭᠠᠬᠢᠨ ᠤᠯᠬᠤ ᠪᠢᠯᠡ︖ ᠴᠢ ᠬᠠᠭᠠᠰ ᠢ ᠦᠯᠡᠳᠡᠬᠡᠵᠤ ᠠᠪ︾ ᠬᠡᠪᠡ᠃ ᠪᠤᠭᠤᠷᠴᠢ ᠲᠡᠬᠦᠨ ᠤ | ᠦᠬᠡ ᠶᠢ ᠪᠤᠷᠤᠭᠤᠰᠢᠶᠠᠵᠤ᠄ | ︽ᠪᠢ ᠴᠢᠮᠠᠢᠢ ᠮᠤᠩᠭᠠᠨᠢᠵᠤ ᠶᠠᠪᠤᠭ᠎ᠠ ᠲᠤᠯᠠ ᠲᠤᠰᠠ ᠪᠤᠯᠤᠶ᠎ᠠ ᠬᠡᠵᠤ ᠬᠠᠨᠢᠯᠠᠵᠤ ᠶᠠᠪᠤᠭᠰᠠᠨ | ᠪᠢᠯᠡ᠂ ᠪᠢ ᠬᠠᠷᠢᠨ ᠤᠯᠵᠠ ᠰᠠᠨᠠᠭᠰᠠᠨ ᠪᠢᠰᠢ᠂ ᠴᠢ ᠶᠠᠭᠠᠬᠢᠨ ᠡᠨᠡ ᠦᠬᠡ ᠶᠢ ᠬᠡᠯᠡᠬᠦ ᠪᠤᠢ︕︾ ᠬᠡᠪᠡ᠃ | ᠪᠤᠭᠤᠷᠴᠢ ᠪᠠᠰᠠ᠄ | ︽ᠤᠳᠤ ᠰᠢᠷᠭ᠎ᠠ ᠠᠭᠳᠠ ᠪᠠᠨ ᠤᠯᠤᠭᠰᠠᠨ ᠲᠤᠯᠠ ᠬᠡᠷ ᠲᠤ ᠬᠦᠷᠴᠤ ᠵᠢᠭᠠᠬᠠᠨ | ᠠᠮᠤᠰᠬᠢᠰᠤᠭᠠᠢ︾ ᠬᠡᠵᠤ ᠲᠡᠮᠦᠵᠢᠨ ᠢ ᠬᠡᠷ ᠲᠡᠭᠡᠨ ᠲᠠᠭᠠᠭᠤᠯᠤᠨ ᠠᠪᠠᠴᠢᠪᠠ᠃ ᠨᠠᠬᠤ ᠪᠠᠶᠠᠨ ᠭᠠᠭᠴᠠ ᠬᠦᠦ ᠪᠠᠨ | ᠠᠯᠳᠠᠪᠠ ᠬᠡᠵᠤ ᠬᠡᠳᠤᠨ ᠡᠳᠤᠷ ᠨᠢᠰᠤ ᠨᠢᠯᠪᠤᠰᠤ ᠪᠤᠯᠵᠤ ᠪᠠᠶᠢᠯ᠎ᠠ᠃ ᠡᠳᠦᠬᠡ ᠪᠤᠭᠤᠷᠴᠢ ᠶᠢᠨ ᠬᠡᠨᠡᠳᠳᠡ ᠪᠤᠴᠠᠵᠤ | ᠢᠷᠡᠭᠰᠡᠨ ᠢ ᠦᠵᠡᠬᠡᠳ ᠨᠢᠬᠡ ᠤᠬᠢᠯᠠᠵᠤ ᠨᠢᠬᠡ ᠵᠠᠩᠨᠠᠵᠤ᠄ | ︽ᠴᠢ ᠬᠠᠮᠢᠭ᠎ᠠ ᠤᠳᠪᠠ︖ ᠶᠠᠭᠠᠬᠢᠨ ᠡᠳᠤᠢ ᠤᠳᠪᠠ︖︾ ᠬᠡᠵᠤ ᠠᠰᠠᠭᠤᠪᠠ᠃ | ᠪᠤᠭᠤᠷᠴᠢ᠄ | ︽ᠪᠢ ᠡᠨᠡ ᠲᠡᠮᠦᠵᠢᠨ ᠰᠠᠶᠢᠨ ᠨᠦᠬᠦᠷ ᠤᠨ ᠨᠠᠢᠮᠠᠨ ᠰᠢᠷᠭ᠎ᠠ ᠠᠭᠳᠠ ᠪᠠᠨ ᠲᠡᠬᠡᠷᠡᠮ ᠳᠤ | ᠠᠯᠳᠠᠭᠠᠳ ᠮᠤᠩᠭᠠᠨᠢᠵᠤ ᠶᠠᠪᠤᠭ᠎ᠠ ᠲᠠᠢ ᠲᠤᠬᠢᠶᠠᠯᠳᠤᠨ ᠬᠠᠮᠳᠤ ᠬᠠᠨᠢ ᠪᠤᠯᠤᠨ ᠤᠳᠤᠭᠰᠠᠨ ᠪᠢᠯᠡ᠃ ᠤᠳᠤ ᠪᠢᠳᠠ | ᠰᠢᠷᠭ᠎ᠠ ᠠᠭᠳᠠ ᠪᠠᠨ ᠤᠯᠵᠤ ᠪᠤᠴᠠᠵᠤ ᠢᠷᠡᠯ᠎ᠡ︾ ᠬᠡᠰᠡᠨ ᠳᠤ ᠨᠠᠬᠤ ᠪᠠᠶᠠᠨ ᠲᠠᠭᠤᠨ ᠦᠭᠡᠢ ᠪᠤᠯᠪᠠ᠃ ᠨᠠᠬᠤ | ᠪᠠᠶᠠᠨ ᠲᠡᠮᠦᠵᠢᠨ ᠤ ᠡᠴᠢᠬᠡ ᠶᠢᠰᠦᠬᠡᠢ ᠪᠠᠭᠠᠳᠤᠷ ᠢ ᠲᠠᠨᠢᠳᠠᠭ ᠲᠤᠯᠠ ᠦᠬᠡᠯᠦᠨ ᠡᠬᠡ ᠶᠢᠨ ᠠᠮᠤᠷ ᠮᠡᠨᠳᠤ ᠶᠢ | ᠠᠰᠠᠭᠤᠨ᠂ ᠲᠡᠮᠦᠵᠢᠨ ᠢ ᠶᠡᠬᠡᠳᠠ ᠲᠠᠶᠢᠯᠠᠪᠠ᠃ ᠲᠡᠮᠦᠵᠢᠨ ᠲᠡᠨᠳᠠ ᠨᠢᠬᠡ ᠬᠤᠨᠤᠵᠤ ᠡᠬᠡᠪ ᠪᠤᠯᠤᠨ ᠲᠡᠬᠦᠦ ᠨᠡᠷ ᠢᠶᠠᠨ | ᠰᠠᠨᠠᠭᠠᠯᠵᠠᠨ ᠲᠠᠷᠤᠢ ᠪᠤᠴᠠᠪᠠ᠃ ᠲᠡᠬᠦᠨ ᠢ ᠶᠠᠪᠤᠬᠤ ᠳᠤ ᠨᠠᠬᠤ ᠪᠠᠶᠠᠨ ᠲᠡᠯᠡᠭᠡ ᠬᠤᠷᠠᠭ᠎ᠠ ᠠᠯᠠᠵᠤ ᠬᠦᠨᠡᠰᠤ | ᠪᠡᠯᠡᠳᠬᠡᠵᠤ ᠦᠭᠬᠦᠭᠰᠡᠨ ᠪᠠ ᠪᠠᠰᠠ ᠭᠠᠨᠵᠤᠭᠠᠨ ᠤ ᠲᠤᠯᠤᠮ ᠦᠭᠪᠡ᠃ | ᠨᠠᠬᠤ ᠪᠠᠶᠠᠨ᠄ | ︽ᠲᠠ ᠬᠤᠶᠠᠷ ᠵᠠᠯᠠᠭᠤᠰ ᠡᠬᠦᠨ ᠠᠴᠠ ᠬᠤᠶᠢᠰᠢ ᠰᠠᠶᠢᠬᠠᠨ ᠨᠦᠬᠦᠷᠯᠡ᠂ ᠪᠡᠶ᠎ᠡ ᠪᠡᠶ᠎ᠡ ᠪᠠᠨ | ᠪᠢᠳᠡᠬᠡᠢ ᠤᠷᠬᠢ︾ ᠬᠡᠪᠡ᠃ ᠲᠡᠮᠦᠵᠢᠨ ︽ᠵᠠ︾ ᠬᠡᠵᠤ ᠬᠦᠯᠢᠶᠡᠨ ᠵᠦᠪᠰᠢᠶᠡᠷᠡᠵᠤ ᠨᠠᠬᠤ ᠪᠠᠶᠠᠨ ᠤ ᠡᠮᠤᠨ᠎ᠡ | ᠪᠤᠭᠤᠷᠴᠢ ᠲᠠᠢ ᠠᠨᠳᠠ ᠪᠤᠯᠤᠯᠴᠠᠨ ᠲᠡᠭᠷᠢ ᠭᠠᠵᠠᠷ ᠲᠤ ᠮᠦᠷᠬᠦᠪᠡ᠃ ᠲᠡᠮᠦᠵᠢᠨ ᠦᠪᠡᠷ ᠤᠨ ᠠᠪᠴᠤ ᠶᠠᠪᠤᠭᠰᠠᠨ | ᠨᠤᠮᠤ ᠰᠤᠮᠤ ᠪᠠᠨ ᠪᠤᠭᠤᠷᠴᠢ ᠳᠤ ᠪᠡᠯᠡᠭ ᠪᠤᠯᠭᠠᠨ ᠦᠭᠪᠡ᠃ ᠪᠤᠭᠤᠷᠴᠢ ᠦᠪᠡᠷ ᠤᠨ ᠪᠦᠰᠡᠯᠡᠵᠤ ᠪᠠᠶᠢᠭᠰᠠᠨ ᠪᠦᠰᠡ | ᠪᠠᠨ ᠲᠡᠮᠦᠵᠢᠨ ᠳᠤ ᠬᠠᠷᠢᠭᠤ ᠪᠡᠯᠡᠭᠯᠡᠪᠡ᠃ | ᠲᠡᠮᠦᠵᠢᠨ ᠲᠡᠨᠳᠡ ᠠᠴᠠ ᠦᠪᠡᠷ ᠤᠨ ᠤᠭᠤᠳᠤᠷ ᠬᠤᠩᠭᠤᠷ ᠮᠤᠷᠢ ᠪᠠᠨ ᠪᠠᠷᠢᠵᠤ ᠤᠨᠤᠭᠠᠳ᠂ | ᠨᠠᠢᠮᠠᠨ ᠰᠢᠷᠭ᠎ᠠ ᠠᠭᠳᠠ ᠪᠠᠨ ᠬᠦᠬᠡᠬᠡᠵᠤ ᠮᠦᠨ ᠭᠤᠷᠪᠡᠨ ᠬᠤᠨᠤᠭ ᠶᠠᠪᠤᠵᠤ ᠰᠡᠩᠬᠦᠷ ᠭᠤᠷᠤᠬᠠᠨᠠ ᠪᠦᠬᠦᠢ ᠬᠡᠷ | ᠲᠡᠭᠡᠨ ᠬᠦᠷᠴᠤ ᠢᠷᠡᠪᠡ᠃ ᠦᠬᠡᠯᠦᠨ ᠡᠬᠡ ᠪᠠ ᠬᠠᠰᠠᠷ ᠨᠠᠷ ᠲᠡᠮᠦᠵᠢᠨ ᠤ ᠰᠢᠷᠭ᠎ᠠ ᠠᠭᠳᠠ ᠪᠠᠨ ᠤᠯᠤᠭᠠᠳ ᠮᠡᠨᠳᠤ | ᠰᠠᠶᠢᠬᠠᠨ ᠪᠤᠴᠠᠵᠤ ᠢᠷᠡᠭᠰᠡᠨ ᠳᠤ ᠵᠤᠪᠠᠨᠢᠯ ᠲᠠᠶᠢᠯᠤᠭᠳᠠᠨ ᠪᠠᠶᠠᠰᠴᠠᠭᠠᠪᠠ᠃ ᠬᠡᠳᠦᠨ ᠡᠳᠤᠷ ᠲᠠᠶᠢᠪᠤᠭᠤ ᠦᠩᠬᠡᠷᠡᠪᠡ᠃ | | ᠨᠢᠬᠡᠨ ᠡᠳᠤᠷ᠂ ᠦᠬᠡᠯᠦᠨ ᠡᠬᠡ ᠲᠡᠮᠦᠵᠢᠨ ᠢ ᠲᠠᠭᠤᠳᠠᠵᠤ᠄ | ︽ᠴᠢᠮᠠᠢᠢ ᠶᠢᠰᠦᠨ ᠨᠠᠰᠤᠳᠠᠢ ᠵᠢᠯ ᠡᠴᠢᠬᠡ ᠴᠢᠨᠢ ᠬᠤᠩᠬᠢᠷᠠᠳ ᠢᠷᠬᠡᠨ ᠤ ᠲᠠᠢ ᠰᠡᠴᠡᠨ ᠤ | ᠦᠬᠢᠨ ᠪᠦᠷᠳᠡ ᠶᠢ ᠴᠢᠮ᠎ᠡ ᠳᠤ ᠭᠤᠶᠤᠵᠤ ᠤᠷᠤᠭ ᠲᠤᠭᠳᠠᠭᠰᠠᠨ ᠪᠢᠰᠢ ᠤᠤ︖ ᠲᠡᠬᠦᠨ ᠠᠴᠠ ᠬᠤᠶᠢᠰᠢ ᠪᠦᠷ | ᠡᠷᠬᠢᠵᠤ ᠦᠵᠡᠭᠡ ᠦᠭᠡᠢ᠂ ᠤᠳᠤ ᠲᠡᠳᠡ ᠶᠠᠭᠠᠬᠢᠨ ᠠᠮᠢᠳᠤᠷᠠᠵᠤ ᠪᠠᠶᠢᠬᠤ ᠶᠢ ᠪᠤᠤ ᠮᠡᠳᠡ᠂ ᠴᠢ ᠤᠳᠤ ᠪᠡᠯᠬᠦᠳᠠᠢ | ᠲᠡᠬᠦᠦ ᠪᠠᠨ ᠲᠠᠭᠠᠭᠤᠯᠤᠨ ᠤᠴᠢᠭᠠᠳ ᠪᠦᠷᠳᠡ ᠦᠬᠢᠨ ᠢ ᠦᠵᠡᠵᠤ ᠢᠷ᠎ᠡ᠃ ᠬᠡᠷᠪᠡ ᠪᠤᠯᠬᠤ ᠪᠤᠯᠬᠤᠯ᠎ᠠ ᠡᠴᠢᠬᠡ | ᠡᠬᠡ ᠳᠤᠨᠢ ᠬᠡᠯᠡᠵᠤ ᠲᠠᠭᠠᠭᠤᠯᠤᠨ ᠠᠪᠴᠤ ᠢᠷ᠎ᠡ︾ ᠬᠡᠪᠡ᠃ ᠲᠡᠮᠦᠵᠢᠨ ᠡᠬᠡ ᠶᠢᠨ ᠦᠬᠡ ᠪᠠᠷ ᠲᠡᠬᠦᠦ ᠪᠡᠯᠬᠦᠳᠠᠢ ᠶᠢ | ᠲᠠᠭᠠᠭᠤᠯᠤᠨ ᠬᠡᠷᠦᠯᠦᠨ ᠮᠦᠷᠡᠨ ᠦᠬᠡᠳᠠ ᠶᠠᠪᠤᠪᠠ᠃ | ᠬᠤᠩᠬᠢᠷᠠᠳ ᠤᠨ ᠲᠠᠢ ᠰᠡᠴᠡᠨ ᠮᠦᠨ ᠤᠷᠢᠳᠤ ᠶᠢᠨ ᠴᠡᠭᠴᠡᠷ ᠴᠢᠭᠤᠷᠬᠤ ᠬᠤᠶᠠᠷ ᠤᠨ | ᠵᠠᠪᠰᠠᠷ᠎ᠠ ᠨᠤᠳᠤᠭᠯᠠᠵᠤ ᠪᠠᠶᠢᠭᠰᠠᠨ ᠠᠵᠢ᠃ ᠲᠡᠮᠦᠵᠢᠨ ᠪᠡᠯᠬᠦᠳᠠᠢ ᠬᠤᠶᠠᠷ ᠲᠠᠢ ᠰᠡᠴᠡᠨ ᠤ ᠳᠤ ᠬᠦᠷᠴᠤ ᠠᠮᠤᠷ | ᠮᠡᠨᠳᠤ ᠶᠢ ᠠᠰᠠᠭᠤᠭᠰᠠᠨ ᠳᠤ᠂ ᠲᠠᠢ ᠰᠡᠴᠡᠨ ᠶᠡᠭᠡ ᠪᠠᠶᠠᠰᠤᠨ᠄ | ︽ᠪᠢ ᠲᠠᠶᠢᠴᠢᠭᠤᠳ ᠠᠬ᠎ᠠ ᠲᠡᠬᠦᠦ ᠨᠠᠷ ᠲᠡᠮᠦᠵᠢᠨ ᠴᠢᠮ᠎ᠡ ᠳᠤ ᠠᠳᠠᠭᠠᠷᠬᠠᠨ ᠬᠤᠷᠤᠰᠬᠤ | ᠶᠢ ᠮᠡᠳᠡᠬᠦ ᠲᠤᠯᠠ ᠴᠢᠨᠤ ᠲᠤᠬᠠᠢ ᠰᠡᠳᠬᠢᠯ ᠵᠤᠪᠠᠭᠰᠠᠭᠠᠷ ᠪᠦᠷ ᠴᠦᠬᠦᠷᠡᠬᠦ ᠳᠤ ᠬᠦᠷᠦᠭᠰᠡᠨ ᠪᠢᠯᠡ᠂ ᠤᠳᠤ ᠴᠢᠮ᠎ᠠ | ᠳᠤ ᠠᠭᠤᠯᠵᠠᠭᠰᠠᠨ ᠳᠤ ᠰᠡᠳᠬᠢᠯ ᠶᠡᠭᠡ ᠪᠠᠶᠠᠰᠪᠠ︾ ᠬᠡᠪᠡ᠃ ᠲᠡᠮᠦᠵᠢᠨ ᠦᠬᠡᠯᠦᠨ ᠡᠬᠡ ᠶᠢᠨ ᠵᠠᠷᠤᠵᠤ ᠢᠯᠡᠭᠡᠭᠰᠡᠨ | ᠰᠠᠨᠠᠭ᠎ᠠ ᠶᠢ ᠭᠠᠷᠭᠠᠵᠤ ᠬᠡᠯᠡᠭᠰᠡᠨ ᠳᠤ᠂ ᠲᠠᠢ ᠰᠡᠴᠡᠨ᠄ | ︽ᠵᠠ᠂ ᠲᠡᠬᠡᠯ ᠦᠭᠡᠢ ᠶᠠᠭᠠᠬᠢᠬᠤ ᠪᠤᠢ᠂ ᠨᠢᠬᠡᠨᠳᠠ ᠴᠢᠮ᠎ᠠ ᠳᠤ ᠰᠦᠢ ᠲᠤᠭᠳᠠᠭᠰᠠᠨ ᠲᠤᠯᠠ | ᠬᠤᠳᠠᠭᠠᠢ ᠶᠢᠨ ᠬᠡᠯᠡᠬᠦ ᠵᠦᠢ᠂ ᠴᠢ ᠠᠪᠴᠤ ᠶᠠᠪᠤᠳᠤᠭᠠᠢ︾ ᠬᠡᠵᠤ ᠪᠦᠷᠳᠠ ᠶᠢ ᠲᠡᠮᠦᠵᠢᠨ ᠳᠤ ᠦᠭᠪᠡ᠃ ᠲᠠᠢ | ᠰᠡᠴᠡᠨ ᠦᠬᠢᠨ ᠬᠦᠷᠬᠡᠨ ᠳᠡᠭᠡᠨ ᠪᠡᠯᠡᠭ ᠱᠠᠩᠨᠠᠨ ᠢᠷᠦᠬᠡᠯ ᠲᠠᠯᠪᠢᠭᠰᠠᠨ ᠤ ᠲᠠᠷᠠᠭ᠎ᠠ᠂ ᠲᠡᠮᠦᠵᠢᠨ ᠲᠠᠷᠤᠢ ᠪᠦᠷᠳᠠ | ᠶᠢ ᠠᠪᠴᠤ ᠪᠤᠴᠠᠪᠠ᠃ | ᠲᠠᠢ ᠰᠡᠴᠡᠨ ᠡᠷ᠎ᠡ ᠡᠮ᠎ᠡ ᠬᠤᠶᠠᠭᠤᠯᠠ ᠦᠬᠢᠨ ᠢᠶᠠᠨ ᠮᠤᠷᠳᠠᠭᠤᠯᠵᠤ ᠬᠠᠮᠳᠤ ᠶᠠᠪᠤᠪᠠ᠃ ᠲᠠᠢ | ᠰᠡᠴᠡᠨ ᠬᠡᠷᠦᠯᠦᠨ ᠤ ᠤᠷᠠᠭ ᠴᠦᠯ ᠬᠡᠬᠦ ᠭᠠᠵᠠᠷ ᠬᠦᠷᠴᠤ ᠬᠠᠯᠠᠭᠤᠨ ᠳᠤ ᠶᠠᠳᠠᠷᠠᠬᠤ ᠲᠤᠯᠠ ᠴᠢᠨᠠᠭᠰᠢ ᠶᠠᠪᠤᠯ ᠦᠭᠡᠢ | ᠪᠤᠴᠠᠪᠠ᠃ ᠴᠤᠳᠠᠨ ᠡᠬᠡ᠂ ᠦᠬᠢᠨ ᠢᠶᠠᠨ ᠦᠳᠡᠵᠤ ᠰᠡᠩᠬᠦᠷ ᠭᠤᠷᠤᠬᠠᠨᠠ ᠬᠦᠷᠴᠤ ᠦᠬᠡᠯᠦᠨ ᠡᠬᠡ ᠳᠤ ᠤᠴᠠᠷᠠᠪᠠ | ᠃ ᠦᠬᠡᠯᠦᠨ ᠡᠬᠡ ᠪᠦᠷᠳᠠ ᠶᠢ ᠦᠵᠡᠪᠡᠯ ᠦᠨᠡᠬᠡᠷ ᠭᠤᠸ᠎ᠠ ᠦᠵᠡᠰᠬᠦᠯᠡᠩᠳᠤ ᠲᠤᠯᠠ ᠮᠠᠰᠢ ᠲᠠᠭᠠᠯᠠᠨ ᠪᠠᠶᠠᠰᠪᠠ᠃ | ᠬᠤᠷᠢᠮ ᠬᠢᠵᠤ ᠬᠡᠳᠤ ᠬᠤᠨᠤᠭᠰᠠᠨ ᠤ ᠲᠠᠷᠠᠭ᠎ᠠ ᠴᠤᠳᠠᠨ ᠡᠬᠡ ᠬᠡᠷᠦᠯᠦᠨ ᠳᠠᠬᠢ ᠬᠡᠷ ᠲᠡᠭᠡᠨ | ᠪᠤᠴᠠᠪᠠ ᠁ | ᠲᠡᠮᠦᠵᠢᠨ ᠪᠤᠭᠤᠷᠴᠢ ᠶᠢᠨ ᠰᠠᠶᠢᠨ ᠢ ᠰᠠᠨᠠᠭᠠᠯᠵᠠᠨ ᠲᠡᠬᠦᠨ ᠲᠠᠢ ᠨᠦᠬᠦᠷᠯᠡᠨ ᠶᠠᠪᠤᠶ᠎ᠠ ᠬᠡᠵᠤ | ᠪᠡᠯᠬᠦᠳᠠᠢ ᠶᠢ ᠢᠯᠡᠬᠡᠪᠡ ᠪᠡᠯᠬᠦᠳᠠᠢ ᠭᠤᠷᠪᠠᠨ ᠬᠤᠨᠤᠭ ᠶᠠᠪᠤᠵᠤ ᠪᠤᠭᠤᠷᠴᠢ ᠶᠢᠨ ᠳᠤ ᠬᠦᠷᠴᠤ ᠤᠴᠢᠷ ᠢ ᠬᠡᠯᠡᠪᠡᠯ᠂ | ᠨᠠᠬᠤ ᠪᠠᠶᠠᠨ ᠮᠠᠰᠢ ᠪᠠᠶᠠᠷᠯᠠᠵᠤ᠄ | ︽ᠠᠨᠳᠠ ᠪᠤᠯᠤᠯᠴᠠᠭᠰᠠᠨ ᠬᠦᠮᠦᠰ ᠢᠩᠬᠢᠵᠤ ᠪᠡᠶ᠎ᠡ ᠪᠡᠶ᠎ᠡ ᠳᠡᠭᠡᠨ ᠲᠤᠰᠠᠯᠠᠨ ᠬᠠᠮᠳᠤ ᠶᠠᠪᠤᠬᠤ | ᠨᠢ ᠵᠦᠢ︾ ᠬᠡᠳ ᠪᠠᠰᠠ᠄ | ︽ᠲᠡᠮᠦᠵᠢᠨ ᠠᠬ᠎ᠠ ᠳᠠᠭᠠᠨ ᠬᠡᠯᠡᠵᠤ ᠦᠭ᠂ ᠮᠢᠨᠤ ᠤᠷᠢᠳᠤ ᠶᠢᠨ ᠵᠠᠬᠢᠭᠰᠠᠨ ᠦᠭᠡ ᠶᠢ | ᠴᠡᠬᠡᠵᠢᠯᠡᠵᠤ᠂ ᠪᠡᠶ᠎ᠡ ᠪᠡᠶ᠎ᠡ ᠪᠠᠨ ᠪᠢᠳᠡᠬᠡᠢ ᠤᠷᠬᠢ ᠬᠡᠭᠳᠤᠨ︾ ᠬᠡᠪᠡ᠃ ᠪᠡᠯᠬᠦᠳᠠᠢ ︽ᠵᠠ︾ ᠬᠡᠵᠤ ᠨᠠᠬᠤ ᠪᠠᠶᠠᠨ ᠤ | ᠦᠬᠡ ᠶᠢ ᠬᠦᠯᠢᠶᠡᠨ ᠠᠪᠴᠤ ᠪᠤᠭᠤᠷᠴᠢ ᠶᠢ ᠲᠠᠭᠠᠭᠤᠯᠤᠨ ᠪᠤᠴᠠᠵᠤ ᠢᠷᠡᠪᠡ᠃ | ᠲᠡᠬᠦᠨ ᠠᠴᠠ ᠲᠡᠮᠦᠵᠢᠨ ᠪᠤᠭᠤᠷᠴᠢ ᠬᠤᠶᠠᠭᠤᠯᠠ ᠰᠠᠯᠤᠯ ᠦᠭᠡᠢ ᠨᠦᠬᠦᠷᠯᠡᠵᠤ ᠶᠠᠪᠤᠵᠠᠢ᠃ | | | | ᠲᠠᠶᠢᠯᠪᠤᠷᠢ | ① ᠬᠠᠷᠭᠤᠯᠳᠠᠬᠤ — ᠬᠠᠷᠠᠬᠤ᠂ ᠮᠠᠨᠠᠬᠤ᠃ | ② ᠮᠤᠩ — ᠪᠡᠷᠬᠡᠰᠢᠶᠡᠯ᠃ | ③ ᠨᠠᠮᠪᠤᠭᠠ — ᠬᠦᠬᠦᠦᠷ᠃ | | | | ᠡᠮᠤᠨᠡᠬᠢ ᠦᠯᠢᠬᠡᠷ᠄ ᠰᠤᠷᠬᠠᠨ ᠰᠢᠷ᠎ᠠ ᠶᠢᠨ ᠬᠢᠨ ᠲᠡᠮᠦᠵᠢᠨ ᠢ ᠠᠪᠤᠷᠠᠭᠰᠠᠨ | ᠬᠤᠶᠢᠨᠠᠬᠢ ᠦᠯᠢᠬᠡᠷ᠄ ᠭᠤᠷᠪᠠᠨ ᠮᠡᠷᠬᠢᠳ ᠤᠨ ᠲᠤᠪᠳᠤᠯᠤᠯ | |