ᠮᠣᠩᠭᠤᠯ ᠬᠡᠯᠡ ᠪᠢᠴᠢᠭ ᠤᠨ ᠶᠡᠭᠡ ᠪᠠᠭᠰᠢ᠂ ᠮᠣᠩᠭᠤᠯ ᠦᠨᠳᠦᠰᠦᠲᠡᠨ ᠤ ᠣᠷᠴᠢᠨ ᠦᠶ᠎ᠡ ᠶᠢᠨ ᠠᠯᠳᠠᠷᠲᠦ ᠤᠳᠬ᠎ᠠ  ᠵᠣᠬᠢᠶᠠᠯᠴᠢ ᠡᠷᠳᠡᠨᠢᠲᠣᠬᠲᠠᠬᠤ ( ᠬᠤᠶᠠᠷ )
ᠨᠡᠶᠢᠲᠡᠯᠡᠭᠰᠡᠨ ᠴᠠᠭ᠄
2014/5/28
        ᠬᠤᠶᠠᠷ᠂ ᠮᠣᠩᠭᠤᠯ  ᠦᠨᠳᠦᠰᠦᠲᠡᠨ  ᠤ  ᠣᠷᠴᠢᠨ  ᠦᠶ᠎ᠡ  ᠶᠢᠨ                ᠠᠯᠳᠠᠷᠲᠦ ᠤᠳᠬ᠎ᠠ ᠵᠣᠬᠢᠶᠠᠯᠴᠢ — ᠡᠷᠳᠡᠨᠢᠲᠣᠬᠲᠠᠬᠤ        ᠡᠷᠳᠡᠨᠢᠲᠣᠬᠲᠠᠬᠤ ᠪᠠᠭᠰᠢ ᠶᠢ ᠮᠣᠩᠭᠤᠯ ᠦᠨᠳᠦᠰᠦᠲᠡᠨ ᠤ ᠣᠷᠴᠢᠨ ᠦᠶ᠎ᠡ ᠶᠢᠨ ᠠᠯᠳᠠᠷᠲᠦ ᠤᠳᠬ᠎ᠠ ᠵᠣᠬᠢᠶᠠᠯᠴᠢ ᠭᠡᠵᠦ ᠪᠠᠶᠢᠭ᠎ᠠ ᠶᠢᠨ ᠤᠴᠢᠷ ᠭᠡᠪᠡᠯ᠂ ᠡᠷᠳᠡᠨᠢᠲᠣᠬᠲᠠᠬᠤ ᠪᠠᠭᠰᠢ ᠪᠣᠯ ᠢᠨᠵᠠᠨᠨᠠᠰᠢ ᠰᠣᠳᠣᠯᠣᠯ ᠤᠨ ᠰᠠᠭᠤᠷᠢᠯᠠᠬᠴᠢ᠂ ᠳᠤᠮᠳᠠᠳᠦ ᠤᠯᠤᠰ ᠤᠨ ᠮᠣᠩᠭᠤᠯ ᠤᠳᠬ᠎ᠠ ᠵᠣᠬᠢᠶᠠᠯ ᠤᠨ ᠲᠡᠤᠬᠡ ᠰᠣᠳᠣᠯᠣᠯ ᠤᠨ ᠰᠠᠭᠤᠷᠢᠯᠠᠬᠴᠢ ᠡᠷᠳᠡᠮᠲᠡᠨ ᠪᠠᠶᠢᠭ᠎ᠠ ᠠᠴᠠ ᠪᠣᠯᠣᠬᠰᠠᠨ ᠶᠤᠮ᠃        ᠨᠢᠭᠡ ᠳᠤ᠂ ᠡᠷᠳᠡᠨᠢᠲᠣᠬᠲᠠᠬᠤ ᠪᠠᠭᠰᠢ ᠪᠣᠯ ᠢᠨᠵᠠᠨᠨᠠᠰᠢ ᠰᠣᠳᠣᠯᠣᠯ ᠤᠨ ᠰᠠᠭᠤᠷᠢᠯᠠᠬᠴᠢ ᠡᠷᠳᠡᠮᠲᠡᠨ᠃ ᠢᠨᠵᠠᠨᠨᠠᠰᠢ ᠶᠢ ᠬᠡᠳᠦᠶᠢᠪᠡᠷ ᠭᠡᠰᠢᠩᠭᠡ᠂ ᠷᠣᠯᠭᠠᠷᠵᠠᠪ᠂ ᠪᠥᠬᠡᠬᠡᠰᠢᠭ ᠨᠠᠷ ᠲᠠᠨᠢᠯᠴᠠᠭᠤᠯᠵᠦ ᠪᠠᠶᠢᠬᠰᠠᠨ ᠭᠡᠳᠡᠭ ᠪᠣᠯᠪᠠᠴᠦ᠂ ᠵᠢᠩᠬᠢᠨᠢ ᠪᠠᠷ ᠰᠣᠳᠣᠯᠵᠦ ᠡᠬᠢᠯᠡᠨ᠂ ᠢᠨᠵᠠᠨᠨᠠᠰᠢ ᠰᠣᠳᠣᠯᠣᠯ ᠤᠨ ᠰᠠᠭᠤᠷᠢ ᠶᠢ ᠲᠠᠯᠪᠢᠬᠰᠠᠨ ᠬᠥᠮᠦᠨ ᠪᠤᠯ ᠡᠷᠳᠡᠨᠢᠲᠣᠬᠲᠠᠬᠤ ᠪᠠᠭᠰᠢ ᠪᠣᠯᠬᠤ ᠶᠤᠮ᠃       1957 ᠣᠨ ᠳᠤ ᠡᠷᠳᠡᠨᠢᠲᠣᠬᠲᠠᠬᠤ ᠪᠠᠭᠰᠢ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠳᠠᠷᠤᠭ᠎ᠠ ᠪᠠᠶᠢᠬᠤ ᠳᠠᠭᠠᠨ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠪᠠᠶᠢᠭᠤᠯᠤᠬᠳᠠᠬᠰᠠᠨ ᠠᠷᠪᠠᠨ ᠵᠢᠯ ᠣᠢ ᠳᠤ ᠪᠡᠯᠡᠭ ᠪᠣᠯᠭᠠᠨ ᠡᠷᠭᠦᠬᠦ ᠭᠡᠵᠦ ᠢᠨᠵᠠᠨᠨᠠᠰᠢ ᠶᠢᠨ ᠭᠤᠷᠪᠠᠨ ᠷᠤᠮᠠᠨ ᠢ ᠬᠡᠪᠯᠡᠭᠦᠯᠬᠦ ᠲᠥᠯᠦᠪᠯᠡᠭᠡ ᠬᠢᠭᠰᠡᠨ ᠪᠥᠭᠡᠳ ᠡᠷᠳᠡᠨᠢᠲᠣᠬᠲᠠᠬᠤ ᠪᠠᠭᠰᠢ ︽ᠬᠥᠬᠡ ᠰᠤᠳᠤᠷ︾᠎ ᠲᠤ ᠣᠷᠤᠰᠢᠯ ᠪᠢᠴᠢᠬᠦ᠂ ᠰᠣᠳᠤᠪᠢᠯᠢᠭ᠌ ︽ᠨᠢᠭᠡᠨ ᠳᠠᠪᠬᠤᠷ ᠠᠰᠠᠷ︾᠂ ︽ᠤᠯᠭᠠᠨ᠎ᠠ ᠤᠬᠢᠯᠠᠬᠤ ᠲᠢᠩᠬᠢᠮ︾᠎ ᠢ ᠳᠠᠭᠠᠭᠠᠨ ᠨᠠᠶᠢᠷᠠᠭᠤᠯᠬᠤ ᠡᠭᠦᠷᠭᠡ ᠬᠦᠯᠢᠶᠡᠵᠡᠢ᠃ ᠲᠡᠭᠡᠬᠦ ᠳᠤ ᠲᠡᠳᠡᠨ ᠳᠤ᠂ ᠮᠦᠨᠴᠦ ᠪᠥᠬᠦ ᠮᠣᠩᠭᠤᠯ ᠤᠳᠬ᠎ᠠ ᠵᠣᠬᠢᠶᠠᠯ ᠰᠣᠳᠣᠯᠣᠬᠴᠢᠳ ᠲᠤ ᠢᠨᠵᠠᠨᠨᠠᠰᠢ ᠶᠢᠨ ᠲᠤᠬᠠᠢ ᠶᠠᠮᠠᠷ ᠴᠦ ᠮᠠᠲ᠋ᠧᠷᠢᠶᠠᠯ ᠪᠠᠶᠢᠬᠰᠠᠨ ᠦᠭᠡᠢ᠂ ᠶᠠᠳᠠᠬᠤ ᠳᠤ ᠢᠨᠵᠠᠨᠨᠠᠰᠢ ᠶᠢᠨ ᠲᠣᠪᠴᠢ ᠨᠠᠮᠲᠠᠷ ᠲᠡᠤᠬᠡ ᠶᠢ ᠴᠦ ᠪᠢᠴᠢᠬᠦ ᠪᠣᠯᠤᠮᠵᠢ ᠴᠦ ᠦᠭᠡᠢ ᠪᠠᠶᠢᠵᠠᠢ᠃ ᠥᠭᠡᠷ᠎ᠡ ᠪᠠᠷ ᠬᠡᠯᠡᠪᠡᠯ᠂ ᠲᠡᠷᠡ ᠦᠶ᠎ᠡ ᠳᠤ ᠡᠷᠳᠡᠨᠢᠲᠣᠬᠲᠠᠬᠤ ᠪᠠᠭᠰᠢ᠂ ᠰᠣᠳᠤᠪᠢᠯᠢᠭ᠌ ᠬᠤᠶᠠᠷ ᠲᠤ ᠢᠨᠵᠠᠨᠨᠠᠰᠢ ᠶᠢᠨ ᠲᠤᠬᠠᠢ ᠶᠠᠮᠠᠷ ᠴᠦ ᠮᠠᠲ᠋ᠧᠷᠢᠶᠠᠯ ᠪᠠᠶᠢᠭ᠎ᠠ ᠦᠭᠡᠢ ᠲᠡᠳᠦᠢ ᠪᠢᠰᠢ᠂ ᠶᠡᠷᠤᠨᠢ ᠭᠠᠳᠠᠭᠠᠳᠦ ᠲᠣᠲᠤᠭᠠᠳᠦ ᠶᠢᠨ ᠠᠯᠢ ᠴᠦ ᠮᠣᠩᠭᠤᠯᠴᠢ ᠡᠷᠳᠡᠮᠲᠡᠳ ᠲᠤ ᠭᠡᠳ ᠢᠨᠵᠠᠨᠨᠠᠰᠢ ᠶᠢᠨ ᠲᠤᠬᠠᠢ ᠶᠠᠮᠠᠷ ᠴᠦ ᠮᠡᠳᠡᠯᠭᠡ ᠮᠠᠲ᠋ᠧᠷᠢᠶᠠᠯ ᠪᠠᠶᠢᠬᠰᠠᠨ ᠦᠭᠡᠢ ᠶᠤᠮ᠂ ᠬᠡᠳᠦᠶᠢᠪᠡᠷ ︽ᠨᠢᠭᠡᠨ ᠳᠠᠪᠬᠤᠷ ᠠᠰᠠᠷ︾᠎ ᠤᠨ 1938 ᠣᠨ ᠤ ᠺᠠᠶᠢᠯᠦ ᠶᠢᠨ ᠴᠢᠯᠠᠭᠤᠨ ᠪᠠᠷ ᠤᠨ ᠬᠡᠪᠯᠡᠯ᠂ ︽ᠬᠥᠬᠡ ᠰᠤᠳᠣᠷ︾᠎ ᠤᠨ 1938 ᠣᠨ ᠤ ᠲᠡᠮᠭᠡᠲᠦ ᠶᠢᠨ ᠲᠣᠰᠤᠨ ᠪᠠᠷ ᠤᠨ᠂ 1939 ᠣᠨ ᠤ ᠺᠠᠶᠢᠯᠦ ᠶᠢᠨ ᠴᠢᠯᠠᠭᠤᠨ ᠪᠠᠷ ᠤᠨ᠂ 1944 ᠣᠨ ᠤ ᠴᠢᠭᠤᠯᠤᠯᠲᠦ ᠬᠠᠭᠠᠯᠠᠭ᠎ᠠ ᠶᠢᠨ ᠬᠤᠷᠭᠤᠯᠵᠢᠨ ᠪᠠᠷ ᠤᠨ ᠵᠡᠷᠭᠡ ᠬᠡᠪᠯᠡᠯ ᠤᠳ ᠭᠠᠷᠴᠦ ᠥᠩᠭᠡᠷᠡᠭᠰᠡᠨ ᠭᠡᠳᠡᠭ ᠪᠣᠯᠪᠠᠴᠦ᠃ ᠲᠡᠭᠡᠭᠡᠳ ᠲᠡᠷᠡᠬᠦ ᠢᠨᠵᠠᠨᠨᠠᠰᠢ ᠶᠢᠨ ᠲᠤᠬᠠᠢ ᠮᠠᠲ᠋ᠧᠷᠢᠶᠠᠯ ᠦᠭᠡᠢ᠂ ᠮᠡᠳᠡᠯᠭᠡ ᠦᠭᠡᠢ ᠪᠠᠶᠢᠳᠠᠯ ᠢ ᠥᠭᠡᠷᠡᠴᠢᠯᠡᠬᠦ ᠶᠢᠨ ᠲᠥᠯᠦᠭᠡ᠂ 1956 ᠣᠨ ᠤ 10 ᠰᠠᠷ᠎ᠠ ᠶᠢᠨ 28-12 ᠰᠠᠷ᠎ᠠ ᠶᠢᠨ ᠡᠬᠢᠨ ᠳᠤ ᠡᠷᠳᠡᠨᠢᠲᠣᠬᠲᠠᠬᠤ᠂ ᠰᠣᠳᠤᠪᠢᠯᠢᠭ᠌ ᠬᠤᠶᠠᠷ ᠪᠠᠭᠰᠢ ᠠᠩᠬᠠᠳᠤᠭᠠᠷ ᠤᠳᠠᠭ᠎ᠠ᠂ 1957 ᠣᠨ ᠤ 11 ᠰᠠᠷ᠎ᠠ ᠶᠢᠨ 14-12 ᠰᠠᠷ᠎ᠠ ᠶᠢᠨ 2᠎ ᠳᠤ ᠡᠷᠳᠡᠨᠢᠲᠣᠬᠲᠠᠬᠤ᠂ ᠰᠣᠳᠤᠪᠢᠯᠢᠭ᠌᠂ ᠡᠦ ᠵᠢᠶᠦ᠋ᠨ ᠹᠧᠩ ᠭᠤᠷᠪᠠᠭᠤᠯᠠ ᠬᠤᠶᠠᠳᠡᠬᠢ ᠤᠳᠠᠭ᠎ᠠ᠂ 1981 ᠣᠨ ᠤ 5 ᠰᠠᠷ᠎ᠠ ᠶᠢᠨ 23-6 ᠰᠠᠷ᠎ᠠ ᠶᠢᠨ 21᠎ ᠳᠤ ᠡᠷᠳᠡᠨᠢᠲᠣᠬᠲᠠᠬᠤ᠂ ᠰᠣᠳᠤᠪᠢᠯᠢᠭ᠌᠂ ᠭᠠᠨᠵᠤᠤᠷ᠂ ᠪᠥᠷᠭᠦᠳ ᠳᠥᠷᠪᠡᠭᠦᠯᠡ ᠭᠤᠷᠪᠠᠳᠠᠬᠢ ᠤᠳᠠᠭ᠎ᠠ᠂ 1982 ᠣᠨ ᠤ 4 ᠰᠠᠷ᠎ᠠ ᠶᠢᠨ 13-4 ᠰᠠᠷ᠎ᠠ ᠶᠢᠨ 20᠎ ᠳᠤ᠂ ᠰᠣᠳᠤᠪᠢᠯᠢᠭ᠌᠂ ᠮᠥᠩᠬᠡᠪᠣᠶᠠᠨ᠂ ᠪᠤ · ᠫᠡᠷᠡᠩᠯᠠᠢ ᠭᠤᠷᠪᠠᠭᠤᠯᠠ ᠳᠥᠷᠪᠡᠳᠡᠬᠢ ᠤᠳᠠᠭ᠎ᠠ᠂ 1986 ᠣᠨ ᠤ 10 ᠰᠠᠷ᠎ᠠ ᠶᠢᠨ 16-10 ᠰᠠᠷ᠎ᠠ ᠶᠢᠨ 25᠎ ᠳᠤ ᠡᠷᠳᠡᠨᠢᠲᠣᠬᠲᠠᠬᠤ᠂ ᠰᠣᠳᠤᠪᠢᠯᠢᠭ᠌᠂ ᠠ᠊ · ᠣᠳᠰᠠᠷ᠂ ᠰᠠᠷᠠᠨᠭᠡᠷᠡᠯ᠂ ᠳᠡᠯᠭᠡᠷᠰᠠᠩ ᠂ ᠡᠵᠡᠨᠬᠦᠦ ᠵᠢᠷᠭᠤᠭᠠᠭᠤᠯᠠ ᠲᠠᠪᠤᠳᠠᠬᠢ ᠤᠳᠠᠭ᠎ᠠ ᠢᠨᠵᠠᠨᠨᠠᠰᠢ ᠶᠢᠨ ᠨᠤᠲᠤᠭ ᠲᠤ ᠪᠠᠶᠢᠴᠠᠭᠠᠯᠲᠠ ᠪᠠᠷ ᠶᠠᠪᠤᠵᠠᠢ᠃       ᠨᠢᠭᠡᠳᠡᠬᠢ ᠤᠳᠠᠭ᠎ᠠ ᠶᠢᠨ ᠪᠠᠶᠢᠴᠠᠭᠠᠯᠲᠠ ᠳᠤ ᠡᠷᠳᠡᠨᠢᠲᠣᠬᠲᠠᠬᠤ ᠪᠠᠭᠰᠢ᠂ ᠰᠣᠳᠤᠪᠢᠯᠢᠭ᠌ ᠨᠠᠷ᠂ ᠸᠠᠩᠴᠢᠨᠪᠠᠯᠠ ᠪᠠ ᠲᠡᠭᠦᠨ ᠤ ᠬᠤᠶᠠᠷ ᠬᠠᠲᠤᠨ ᠤ ᠣᠩᠭᠤᠨ ᠤ ᠬᠥᠰᠢᠶᠡᠨ ᠪᠢᠴᠢᠭ᠂ ᠢᠨᠵᠠᠨᠨᠠᠰᠢ ᠶᠢᠨ ᠪᠠᠭ᠎ᠠ ᠶᠢᠨ ᠦᠶ᠎ᠡ ᠶᠢᠨ ᠰᠢᠯᠦᠭ ᠤᠨ ᠪᠢᠴᠢᠮᠡᠯ ᠳᠡᠪᠲᠡᠷ᠂ ᠢᠨᠵᠬᠠᠰᠢ ᠶᠢᠨ ᠠᠬ᠎ᠠ ᠳᠡᠭᠦᠦ ᠨᠠᠷ ᠤᠨ ᠰᠢᠯᠦᠭ ᠪᠠ ᠥᠭᠡᠷ᠎ᠡ ᠨᠢᠭᠡ ᠬᠥᠮᠦᠨ ᠤ ᠢᠨᠵᠠᠨᠨᠠᠰᠢ ᠳᠤ ᠬᠦᠷᠭᠡᠭᠰᠡᠨ ᠰᠢᠯᠦᠭ᠂ ᠡᠩᠬᠡᠵᠢᠭᠦᠯᠦᠭᠴᠢ ᠰᠥᠮ᠎ᠡ ︵惠宁寺)᠎ ᠶᠢᠨ ᠠᠯᠲᠠ ᠰᠢᠷᠠᠬᠰᠠᠨ ᠱᠠᠬᠢᠨᠮᠤᠨᠢ ᠪᠣᠷᠬᠠᠨ᠂ ᠸᠠᠩᠴᠢᠨᠪᠠᠯᠠ ᠶᠢᠨ ᠬᠢᠲᠠᠳ ᠢᠶᠠᠷ ᠪᠢᠴᠢᠭᠰᠡᠨ ᠯᠤᠤᠰ ᠤᠨ ᠬᠠᠭᠠᠨ ᠤ ᠰᠥᠮ᠎ᠡ ᠶᠢᠨ ᠬᠥᠰᠢᠶᠡᠨ ᠤ ᠪᠢᠴᠢᠭ᠂ ᠰᠢᠳᠤᠷᠭᠤ ᠪᠠᠲᠦ ᠬᠤᠷᠤᠭ᠎ᠠ᠂ ᠴᠢᠩ ᠪᠠᠲᠦ ᠬᠤᠷᠤᠭ᠎ᠠ ᠶᠢᠨ ᠪᠢᠴᠢᠭ ᠤᠨ ᠬᠡᠷᠡᠭᠰᠡᠯ᠂ ᠴᠠᠢ ᠶᠢᠨ ᠡᠳ᠋ᠯᠡᠯ᠂ ᠬᠤᠶᠠᠭ ᠳᠤᠭᠤᠯᠭ᠎ᠠ᠂ ᠴᠢᠯᠠᠭᠤᠨ ᠳᠡᠷ᠎ᠡ᠂ ᠨᠣᠮ ᠪᠢᠴᠢᠭ᠂ ᠢᠨᠵᠠᠨᠨᠠᠰᠢ ᠶᠢᠨ ᠤᠷᠠᠨ ᠵᠢᠷᠤᠭ ︽ᠲᠡᠷᠢᠭᠦᠯᠡᠭᠴᠢ ᠴᠡᠴᠡᠭ ᠪᠠ ᠪᠣᠯᠵᠤᠮᠤᠷ︾᠂ ᠭᠦᠯᠡᠷᠡᠨᠰᠠ ᠶᠢᠨ ᠰᠢᠯᠦᠭ ᠤᠨ ᠲᠡᠭᠦᠪᠤᠷᠢ᠂ ᠰᠢᠳᠤᠷᠭᠤ ᠪᠠᠲᠦ ᠬᠤᠷᠤᠭ᠎ᠠ ᠎ ᠳᠤ ᠬᠠᠳᠠᠭᠠᠯᠠᠬᠳᠠᠵᠦ ᠪᠠᠶᠢᠬᠰᠠᠨ ︽ᠨᠢᠭᠡᠨ ᠳᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾᠎ ᠤᠨ ᠪᠢᠴᠢᠮᠡᠯ ᠡᠬᠡ ᠵᠡᠷᠭᠡ ᠬᠤᠪᠤᠷ ᠴᠤᠬᠠᠭ ᠡᠬᠡ ᠮᠠᠲ᠋ᠧᠷᠢᠶᠠᠯ ᠤᠳ ᠵᠢᠴᠢ ᠢᠨᠵᠠᠨᠨᠠᠰᠢ ᠳᠤ ᠬᠤᠯᠪᠤᠬᠳᠠᠬᠤ ᠡᠳᠦᠢ ᠲᠡᠳᠦᠢ ᠮᠡᠳᠡᠭᠡ ᠰᠤᠷᠠᠭ ᠤᠳ ᠢ ᠣᠯᠵᠠᠢ᠃ ᠲᠡᠭᠡᠵᠦ ᠢᠨᠵᠠᠨᠨᠠᠰᠢ ᠶᠢᠨ ᠨᠤᠲᠤᠭ ᠢᠶᠠᠷ ᠠᠩᠬᠠᠳᠠᠬᠴᠢ ᠤᠳᠠᠭ᠎ᠠ ᠪᠠᠶᠢᠴᠠᠭᠠᠯᠲᠠ ᠬᠢᠵᠦ ᠬᠥᠬᠡᠬᠤᠲᠠ ᠳᠠᠭᠠᠨ ᠪᠤᠴᠠᠭᠠᠳ ᠡᠷᠳᠡᠨᠢᠲᠣᠬᠲᠠᠬᠤ ᠪᠠᠭᠰᠢ ︽ᠬᠥᠬᠡ ᠰᠤᠳᠤᠷ︾᠎ ᠲᠤ ᠣᠷᠤᠰᠢᠯ ᠪᠢᠴᠢᠨ ᠬᠡᠪᠯᠡᠭᠦᠯᠵᠦ᠂ ᠰᠣᠳᠤᠪᠢᠯᠢᠭ᠌ ︽ᠨᠢᠭᠡᠨ ᠳᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾᠎ ᠳᠤ ᠬᠡᠪᠯᠡᠭᠦᠯᠦᠭᠴᠢ ᠶᠢᠨ ᠦᠭᠡ ᠪᠢᠴᠢᠨ ᠬᠡᠪᠯᠡᠭᠦᠯᠦᠭᠰᠡᠨ ᠶᠤᠮ᠃       ᠬᠤᠶᠠᠳᠠᠬᠢ ᠤᠳᠠᠭ᠎ᠠ ᠶᠢᠨ ᠪᠠᠶᠢᠴᠠᠭᠠᠯᠲᠠ ᠳᠤ᠂ ᠡᠷᠳᠡᠨᠢᠲᠣᠬᠲᠠᠬᠤ ᠪᠠᠭᠰᠢ᠂ ᠰᠣᠳᠤᠪᠢᠯᠢᠭ᠌ ᠨᠠᠷ ᠢᠨᠵᠠᠨᠨᠠᠰᠢ ᠶᠢᠨ ᠬᠥᠷᠦᠭ ᠢ ᠵᠢᠷᠤᠭᠤᠯᠤᠨ ᠠᠪᠴᠦ᠂ ︽ᠬᠥᠬᠡ ᠰᠤᠳᠤᠷ︾᠎ ᠤᠨ ᠪᠢᠴᠢᠮᠡᠯ ᠡᠬᠡ᠂ ︽ᠤᠯᠠᠭᠠᠨ ᠡᠭᠦᠯᠡᠨ ᠤ ᠨᠢᠯᠪᠤᠰᠦ︾᠂ ︽ᠰᠠᠷᠠᠨ ᠬᠥᠬᠦᠭᠡ ᠶᠢᠨ ᠲᠤᠭᠤᠵᠢ︾᠂ ︽ᠭᠤᠷᠪᠠᠨ ᠦᠵᠡᠰᠭᠦᠯᠡᠩ ᠤᠨ ᠲᠤᠭᠤᠵᠢ 三秒传︾᠂ ᠭᠦᠯᠡᠷᠡᠨᠰᠠ ᠶᠢᠨ ᠰᠢᠯᠦᠭ ᠨᠣᠣᠷᠠᠭ ᠤᠨ ᠡᠬᠡ ᠨᠦᠭᠦᠳ ᠢ ᠣᠯᠵᠠᠢ᠃ ᠡᠷᠳᠡᠨᠢᠲᠣᠬᠲᠠᠬᠤ ᠪᠠᠭᠰᠢ ᠪᠠᠰᠠ ᠳᠣᠷᠤᠩᠭ᠎ᠠ ᠶᠢ ᠲᠣᠮᠢᠯᠠᠨ ᠶᠠᠪᠤᠭᠤᠯᠵᠦ ᠢᠨᠵᠠᠨᠨᠠᠰᠢ ᠶᠢᠨ ᠭᠡᠷ ᠤᠨ ᠲᠡᠤᠬᠡ᠂ ᠪᠢᠷ ᠵᠢᠭᠤᠷᠠᠭᠤᠯ᠂ ᠠᠶᠠᠭ᠎ᠠ ᠰᠠᠪᠬ᠎ᠠ ᠶᠢᠨ ᠵᠡᠷᠭᠡ ᠡᠳ᠋ᠯᠡᠯ ᠬᠡᠷᠡᠭᠰᠡᠯ ᠢ ᠣᠯᠵᠦ ᠠᠪᠠᠴᠢᠪᠠ᠃        ᠭᠤᠷᠪᠠᠳᠤᠭᠠᠷ ᠤᠳᠠᠭ᠎ᠠ ᠶᠢᠨ ᠪᠠᠶᠢᠴᠠᠭᠠᠯᠲᠠ ᠳᠤ᠂ ᠡᠷᠳᠡᠨᠢᠲᠣᠬᠲᠠᠬᠤ ᠪᠠᠭᠰᠢ᠂ ᠰᠣᠳᠤᠪᠢᠯᠢᠭ᠌ ᠨᠠᠷ ᠪᠠᠰᠠ ᠮᠠᠰᠢ ᠣᠯᠠᠨ ᠮᠡᠳᠡᠭᠡ ᠵᠠᠩᠭᠢ᠂ ᠣᠯᠣᠯᠲᠠ ᠣᠶᠢᠯᠠᠭᠠᠯᠲᠠ ᠲᠠᠢ ᠪᠤᠴᠠᠬᠰᠠᠨ ᠪᠥᠭᠡᠳ ᠯᠢᠶᠣᠣ ᠨᠢᠩ ᠮᠣᠵᠢ ᠶᠢᠨ ᠬᠤᠯᠪᠤᠬᠳᠠᠯ ᠪᠥᠬᠦᠢ ᠬᠥᠮᠦᠰ ᠲᠤ ᠢᠨᠵᠠᠨᠨᠠᠰᠢ ᠶᠢᠨ ᠳᠤᠷᠠᠰᠬᠠᠯ ᠤᠨ ᠲᠠᠩᠬᠢᠮ ᠪᠠᠶᠢᠭᠤᠯᠬᠤ ᠲᠤᠬᠠᠢ ᠰᠠᠨᠠᠭᠤᠯᠭ᠎ᠠ ᠳᠤᠷᠳᠪᠠ᠃        ᠳᠥᠷᠪᠡᠳᠦᠭᠡᠷ ᠤᠳᠠᠭ᠎ᠠ ᠶᠢᠨ ᠪᠠᠶᠢᠴᠠᠭᠠᠯᠲᠠ ᠳᠤ᠂ ᠰᠣᠳᠤᠪᠢᠯᠢᠭ᠌ ᠨᠠᠷ ᠳᠤᠷᠠᠰᠬᠠᠯ ᠤᠨ ᠲᠠᠩᠬᠢᠮ ᠪᠠᠶᠢᠭᠤᠯᠬᠤ ᠠᠰᠠᠭᠤᠳᠠᠯ ᠢ ᠯᠢᠶᠣᠣ ᠨᠢᠩ ᠮᠣᠵᠢ ᠪᠠ ᠴᠣᠣ ᠶᠠᠩ ᠬᠤᠲᠠ᠂ ᠪᠸᠢ ᠫᠢᠶᠣᠣ ᠰᠢᠶᠠᠨ ᠤ ᠬᠤᠯᠪᠤᠳᠠᠯ ᠪᠥᠬᠦᠢ ᠬᠥᠮᠦᠰ ᠲᠠᠢ ᠤᠯᠠᠮ ᠨᠢᠭᠡᠨ ᠠᠯᠬᠤᠮ ᠶᠠᠷᠢᠯᠴᠠᠬᠰᠠᠨ ᠪᠥᠭᠡᠳ ᠬᠥᠬᠡᠬᠤᠲᠠ ᠳᠠᠭᠠᠨ ᠪᠤᠴᠠᠮᠠᠬᠴᠠ ᠡᠷᠳᠡᠨᠢᠲᠣᠬᠲᠠᠬᠤ ᠪᠠᠭᠰᠢ ᠶᠢᠨ ᠤᠳᠤᠷᠢᠳᠤᠯᠭ᠎ᠠ ᠳᠣᠣᠷ᠎ᠠ 1982 ᠣᠨ ᠤ 7 ᠰᠠᠷ᠎ᠠ ᠶᠢᠨ 29᠎ ᠤ ᠡᠳᠦᠷ ᠢᠨᠵᠠᠨᠨᠠᠰᠢ ᠶᠢᠨ ᠰᠣᠳᠣᠯᠭᠠᠨ ᠤ ᠡᠪᠯᠡᠯ ᠢ ᠪᠠᠶᠢᠭᠤᠯᠵᠦ ᠡᠷᠳᠡᠨᠢᠲᠣᠬᠲᠠᠬᠤ ᠪᠠᠭᠰᠢ ᠰᠣᠳᠣᠯᠭᠠᠨ ᠤ ᠡᠪᠯᠡᠯ ᠤᠨ ᠬᠠᠷᠢᠭᠤᠴᠠᠯᠭᠠᠲᠠᠨ ᠪᠣᠯᠪᠠ᠃ 10 ᠰᠠᠷ᠎ᠠ ᠶᠢᠨ 10᠎ ᠤ ᠡᠳᠦᠷ ᠥᠪᠦᠷ ᠮᠣᠩᠭᠤᠯ ᠤᠨ ᠮᠦᠽᠸᠢ ᠳᠤ ︽ᠢᠨᠵᠠᠨᠨᠠᠰᠢ ᠶᠢᠨ ᠮᠡᠨᠳᠦᠯᠡᠭᠰᠡᠨ 145 ᠵᠢᠯ ᠤᠨ ᠣᠢ ᠶᠢᠨ ᠳᠤᠷᠠᠰᠬᠠᠯ ᠤᠨ ᠦᠵᠡᠭᠦᠯᠦᠯᠭᠡ︾ ᠭᠠᠷᠭᠠᠵᠦ᠂ ᠮᠣᠩᠭᠤᠯ ᠬᠢᠲᠠᠳ ᠠᠩᠭ᠍ᠯᠢ ᠭᠤᠷᠪᠠᠨ ᠬᠡᠯᠡᠨ ᠤ ᠲᠠᠶᠢᠯᠪᠤᠷᠢᠲᠦ ︽ᠢᠨᠵᠠᠨᠨᠠᠰᠢ ᠶᠢᠨ ᠳᠤᠷᠠᠰᠬᠠᠯ ᠤᠨ ᠵᠢᠷᠤᠭ︾ ᠲᠠᠷᠬᠠᠭᠠᠪᠠ᠃       ᠲᠠᠪᠤᠳᠠᠬᠢ ᠤᠳᠠᠭ᠎ᠠ ᠶᠢᠨ ᠪᠠᠶᠢᠴᠠᠭᠠᠯᠲᠠ ᠳᠤ᠂ ᠡᠷᠳᠡᠨᠢᠲᠣᠬᠲᠠᠬᠤ ᠪᠠᠭᠰᠢ᠂ ᠰᠣᠳᠤᠪᠢᠯᠢᠭ᠌ ᠨᠠᠷ ᠯᠢᠶᠣᠣ ᠨᠢᠩ ᠮᠣᠵᠢ ᠶᠢᠨ ᠴᠣᠣ ᠶᠠᠩ ᠬᠤᠲᠠ᠂ ᠪᠸᠢ ᠫᠢᠶᠣᠣ ᠬᠤᠲᠠ ᠶᠢᠨ ᠬᠤᠯᠪᠤᠬᠳᠠᠯ ᠪᠥᠬᠦᠢ ᠬᠠᠷᠢᠭᠤᠴᠠᠯᠭᠠᠲᠠᠳ ᠲᠠᠢ ᠬᠠᠮᠲᠤᠷᠠᠨ ᠴᠢᠷᠮᠠᠶᠢᠵᠦ ᠪᠠᠶᠢᠭᠠᠳ᠂ 1986 ᠣᠨ ᠤ 10 ᠰᠠᠷ᠎ᠠ ᠶᠢᠨ 21᠎ ᠤ ᠡᠳᠦᠷ᠂ ᠢᠨᠵᠠᠨᠨᠠᠰᠢ ᠶᠢᠨ ᠨᠤᠲᠤᠭ ᠤᠨ ᠡᠩᠬᠡᠵᠢᠭᠦᠯᠦᠭᠴᠢ ᠰᠥᠮ᠎ᠡ ᠶᠢᠨ ᠬᠦᠷᠢᠶᠡᠨ ᠳᠤ ᠢᠨᠵᠠᠨᠨᠠᠰᠢ ᠶᠢᠨ ᠳᠤᠷᠠᠰᠬᠠᠯ ᠤᠨ ᠭᠡᠷ ᠤᠨ ᠨᠡᠭᠡᠭᠡᠯᠲᠡ ᠶᠢᠨ ᠶᠡᠭᠡ ᠬᠤᠷᠠᠯ ᠬᠤᠷᠠᠯᠳᠤᠭᠤᠯᠵᠦ᠂ ᠲᠡᠷᠡ ᠬᠤᠷᠠᠯ ᠳᠤ ᠪᠡᠭᠡᠵᠢᠩ᠂ ᠥᠪᠦᠷ ᠮᠣᠩᠭᠤᠯ᠂ ᠮᠦᠭᠳᠡᠨ᠂ ᠴᠠᠩ ᠴᠦᠨ᠂ ᠯᠢᠶᠣᠣ ᠨᠢᠩ ᠤᠨ ᠵᠠᠭᠤ ᠭᠠᠷᠤᠢ ᠬᠥᠮᠦᠰ ᠣᠷᠣᠯᠴᠠᠪᠠ᠃       ᠡᠨᠡ ᠮᠡᠲᠦ ᠪᠠᠷ ᠡᠷᠳᠡᠨᠢᠲᠣᠬᠲᠠᠬᠤ ᠪᠠᠭᠰᠢ᠂ ᠪᠠᠰᠠ ᠰᠣᠳᠤᠪᠢᠯᠢᠭ᠌ ᠨᠠᠷ ᠤᠨ ᠲᠣᠯᠤᠭᠠᠶᠢᠯᠠᠨ ᠴᠢᠷᠮᠠᠶᠢᠵᠦ ᠠᠵᠢᠯᠯᠠᠬᠰᠠᠨ ᠤ ᠠᠴᠢ ᠪᠠᠷ ᠢᠨᠵᠠᠨᠨᠠᠰᠢ ᠶᠢᠨ ᠰᠣᠳᠣᠯᠭᠠᠨ ᠤ ᠠᠵᠢᠯ ᠬᠡᠳᠦᠨ ᠠᠷᠪᠠᠨ ᠵᠢᠯ ᠤᠨ ᠲᠤᠷᠰᠢᠳᠠ ᠠᠤᠭ᠎ᠠ ᠶᠡᠭᠡ ᠠᠮᠵᠢᠯᠲᠠ ᠣᠯᠤᠯ᠎ᠠ᠃ ᠢᠨᠵᠠᠨᠨᠠᠰᠢ ᠶᠢᠨ ︽ᠨᠢᠭᠡᠨ ᠳᠠᠪᠬᠤᠷ ᠠᠰᠠᠷ︾᠂ ︽ᠤᠯᠠᠭᠠᠨ᠎ᠠ ᠤᠬᠢᠯᠠᠬᠤ ᠲᠢᠩᠬᠢᠮ︾ 1957 ᠣᠨ ᠳᠤ᠂ ︽ᠬᠥᠬᠡ ᠰᠤᠳᠤᠷ︾ 1957 ᠣᠨ ᠳᠤ᠂ ︽ᠤᠯᠠᠭᠠᠨ ᠡᠭᠦᠯᠡᠨ ᠤ ᠨᠢᠯᠪᠤᠰᠦ︾ 1990 ᠣᠨ ᠳᠤ᠂ ︽ᠬᠥᠬᠡ ᠰᠤᠳᠤᠷ ᠤᠨ ᠨᠥᠬᠦᠪᠦᠷᠢ︾ 2002 ᠣᠨ ᠳᠤ ᠲᠤᠰ ᠲᠤᠰ ᠬᠡᠪᠯᠡᠭᠳᠡᠵᠦ ᠢᠨᠵᠠᠨᠨᠠᠰᠢ ᠰᠣᠳᠣᠯᠣᠯ ᠤᠨ ᠮᠠᠲ᠋ᠧᠷᠢᠶᠠᠯ ᠤᠨ ᠰᠠᠭᠤᠷᠢ ᠶᠢ ᠲᠠᠯᠪᠢᠵᠦ ᠥᠭᠭᠦᠭᠰᠡᠨ ᠶᠤᠮ᠃ ᠲᠡᠭᠦᠪᠡᠷ ᠦᠯᠦ ᠪᠠᠷᠠᠮ ᠡᠷᠳᠡᠨᠢᠲᠣᠬᠲᠠᠬᠤ ᠪᠠᠭᠰᠢ ᠥᠪᠡᠷ ᠢᠶᠠᠨ ︽ᠢᠨᠵᠠᠨᠨᠠᠰᠢ︾ ︵1958︶᠂ ︽ᠭᠦᠯᠠᠷᠠᠨᠰᠠ᠂ ᠳᠠᠨᠽᠠᠨᠸᠠᠩᠵᠢᠯ᠂ ᠬᠡᠰᠢᠭᠪᠡᠲᠦ︾ ︵1959︶᠂ ︽ᠣᠷᠴᠢᠨ ᠦᠶ᠎ᠡ ᠶᠢᠨ ᠮᠣᠩᠭᠤᠯ ᠤᠨ ᠠᠯᠳᠠᠷᠲᠦ ᠤᠷᠠᠨ ᠵᠣᠬᠢᠶᠠᠯᠴᠢᠳ︾ ︵1981︶᠂ ︽ᠢᠨᠵᠠᠨᠨᠠᠰᠢ ᠪᠠ ᠲᠡᠭᠦᠨ ᠤ ᠭᠡᠷ ᠤᠨ ᠲᠠᠪᠤᠨ ᠵᠣᠬᠢᠶᠠᠯᠴᠢ︾ ︵1983︶᠂ ︽ᠮᠣᠩᠭᠤᠯ ᠦᠨᠳᠦᠰᠦᠲᠡᠨ ᠤ ᠰᠤᠷᠭᠠᠨ ᠬᠥᠮᠦᠵᠢᠯ ᠤᠨ ᠪᠢᠴᠢᠭ ᠮᠠᠲ᠋ᠧᠷᠢᠶᠠᠯ ᠤᠨ ᠡᠮᠬᠢᠳᠭᠡᠯ︾ ︵1983︶᠂ ︽ᠡᠷᠳᠡᠨᠢᠲᠣᠬᠲᠠᠬᠤ ᠶᠢᠨ ᠵᠣᠬᠢᠶᠠᠯ ᠤᠨ ᠲᠡᠭᠦᠪᠤᠷᠢ︾ ︵1988︶ ᠵᠡᠷᠭᠡ ᠰᠣᠳᠣᠯᠭᠠᠨ ᠤ ᠨᠣᠮ ᠤᠳ ᠬᠡᠪᠯᠡᠭᠦᠯᠦᠨ᠂ ᠪᠠᠰᠠ ᠨᠡᠯᠢᠶᠡᠳ ᠣᠯᠠᠨ ᠰᠣᠳᠣᠯᠭᠠᠨ ᠤ ᠦᠭᠦᠯᠡᠯ ᠤᠳ ᠪᠢᠴᠢᠵᠦ ᠨᠡᠶᠢᠲᠡᠯᠡᠭᠦᠯᠪᠡ᠃       ᠡᠷᠳᠡᠨᠢᠲᠣᠬᠲᠠᠬᠤ ᠪᠠᠭᠰᠢ ᠪᠠᠷ ᠢᠨᠵᠠᠨᠨᠠᠰᠢ ᠶᠢᠨ ᠵᠣᠬᠢᠶᠠᠯ ᠪᠥᠲᠦᠭᠡᠯ᠂ ᠠᠮᠢᠳᠤᠷᠠᠯ ᠲᠡᠤᠬᠡ ᠶᠢ ᠡᠶᠢᠨᠬᠦ ᠤᠯᠤᠰ ᠤᠨ ᠲᠣᠲᠤᠭᠠᠳᠦ ᠳᠤ ᠬᠡᠪᠯᠡᠭᠦᠯᠵᠦ ᠲᠠᠨᠢᠯᠴᠠᠭᠤᠯᠤᠬᠰᠠᠨ ᠢᠶᠠᠷ ᠪᠠᠷᠠᠬᠤ ᠦᠭᠡᠢ᠂ ᠣᠯᠠᠨ ᠤᠯᠤᠰ ᠤᠨ ᠮᠣᠩᠭᠤᠯᠴᠢ ᠡᠷᠳᠡᠮᠲᠡᠳ ᠲᠤ ᠴᠦ ᠬᠠᠮᠤᠭ ᠤᠨ ᠲᠦᠷᠦᠭᠦᠦ ᠲᠠᠨᠢᠯᠴᠠᠭᠤᠯᠤᠬᠰᠠᠨ ᠶᠤᠮ᠃ ᠵᠢᠱᠢᠶᠡᠯᠡᠪᠡᠯ 1959 ᠣᠨ ᠳᠤ ᠤᠯᠠᠭᠠᠨᠪᠠᠭᠠᠲᠤᠷ ᠬᠤᠲᠠᠨ᠎ᠠ ᠪᠣᠯᠤᠬᠰᠠᠨ ᠣᠯᠠᠨ ᠤᠯᠤᠰ ᠤᠨ ᠮᠣᠩᠭᠤᠯᠴᠢ ᠡᠷᠳᠡᠮᠲᠡᠳ ᠤᠨ ᠠᠩᠬᠠᠳᠤᠭᠠᠷ ᠶᠡᠭᠡ ᠬᠤᠷᠠᠯ ᠳᠤ ᠣᠷᠣᠯᠴᠠᠬᠤ ᠳᠠᠭᠠᠨ ︽ᠢᠨᠵᠠᠨᠨᠠᠰᠢ ᠪᠠ ᠲᠡᠭᠦᠨ ᠤ ᠵᠣᠬᠢᠶᠠᠯ ᠪᠥᠲᠦᠭᠡᠯ ᠤᠨ ᠲᠤᠬᠠᠢ︾ ᠬᠡᠮᠡᠬᠦ ᠰᠡᠳᠦᠪᠲᠦ ᠢᠯᠡᠳᠭᠡᠯ ᠬᠢᠵᠦ᠂ ᠣᠯᠠᠨ ᠮᠣᠩᠭᠤᠯᠴᠢ ᠡᠷᠳᠡᠮᠲᠡᠳ ᠤᠨ ᠠᠩᠬᠠᠷᠤᠯ ᠢ ᠢᠨᠵᠠᠨᠨᠠᠰᠢ ᠰᠣᠳᠣᠯᠣᠯ ᠤᠨ ᠵᠦᠭ ᠎ ᠲᠤ ᠲᠠᠲᠠᠬᠰᠠᠨ ᠪᠢᠯᠡ᠃       ᠬᠡᠷᠪᠡ 1957 ᠣᠨ ᠤ ᠦᠶ᠎ᠡ ᠳᠤ ᠬᠥᠮᠦᠰ ᠢᠨᠵᠠᠨᠨᠠᠰᠢ ᠶᠢᠨ ᠲᠤᠬᠠᠢ ᠶᠠᠮᠠᠷ ᠴᠦ ᠮᠡᠳᠡᠯᠭᠡ ᠮᠠᠲ᠋ᠧᠷᠢᠶᠠᠯ ᠪᠠᠶᠢᠭ᠎ᠠ ᠦᠭᠡᠢ ᠪᠠᠶᠢᠬᠰᠠᠨ ᠪᠣᠯ ᠮᠥᠨ ᠲᠡᠷᠡ ᠵᠠᠭᠤᠨ ᠤ ᠨᠠᠶᠠᠭᠠᠳ ᠣᠨ ᠪᠣᠯᠬᠤ ᠳᠤ ᠤᠯᠤᠰ ᠤᠨ ᠲᠣᠲᠤᠭᠠᠳᠦ ᠳᠤ᠂ ᠴᠢᠨᠠᠬᠰᠢᠯᠠᠭᠠᠳ ᠣᠯᠠᠨ ᠤᠯᠤᠰ ᠤᠨ ᠮᠣᠩᠭᠤᠯ ᠰᠣᠳᠣᠯᠣᠯ ᠤᠨ ᠬᠡᠪᠴᠢᠶᠡᠨ᠎ᠡ ᠨᠢᠭᠡᠨᠲᠡ ᠢᠨᠵᠠᠨᠨᠠᠰᠢ ᠰᠣᠳᠣᠯᠣᠯ ᠭᠡᠳᠡᠭ ᠲᠤᠰᠬᠠᠢ ᠰᠣᠳᠣᠯᠣᠯ ᠤᠨ ᠰᠠᠯᠠᠭ᠎ᠠ ᠪᠤᠢ ᠪᠣᠯᠤᠭᠠᠳ ᠰᠣᠳᠣᠯᠭᠠᠨ ᠤ ᠠᠵᠢᠯ ᠡᠷᠴᠢᠮᠲᠡᠢ ᠶᠠᠪᠤᠬᠳᠠᠬᠤ ᠪᠣᠯᠪᠠ᠃ ᠡᠨᠡᠬᠦ ᠣᠯᠠᠨ ᠤᠯᠤᠰ ᠤᠨ ᠴᠢᠨᠠᠷᠲᠠᠢ ᠲᠤᠰᠬᠠᠢ ᠰᠣᠳᠣᠯᠭᠠᠨ ᠤ ᠰᠠᠯᠠᠭ᠎ᠠ ᠶᠢᠨ ᠡᠰᠡᠨᠢᠨ ᠮᠡᠨᠳᠦᠯᠡᠬᠦ ᠳᠤ ᠡᠷᠳᠡᠨᠢᠲᠣᠬᠲᠠᠬᠤ ᠪᠠᠭᠰᠢ ᠶᠢᠨ ᠴᠢᠷᠮᠠᠶᠢᠯᠭ᠎ᠠ᠂ ᠤᠳᠤᠷᠢᠳᠤᠯᠭ᠎ᠠ ᠶᠢᠨ ᠳᠣᠣᠷ᠎ᠠ ᠴᠤᠬᠯᠠᠭᠤᠯᠵᠦ ᠢᠷᠡᠭᠰᠡᠨ ᠲᠡᠳᠡᠭᠡᠷ ᠪᠦᠷᠢᠨ ᠲᠥᠬᠦᠷ ᠮᠠᠲ᠋ᠧᠷᠢᠶᠠᠯ ᠪᠣᠯᠤᠨ ᠡᠷᠳᠡᠨᠢᠲᠣᠬᠲᠠᠬᠤ ᠪᠠᠭᠰᠢ ᠶᠢᠨ ᠰᠣᠳᠣᠯᠭᠠᠨ ᠤ ᠪᠥᠲᠦᠭᠡᠯ ᠤᠳ ᠨᠢ ᠪᠠᠲᠦ ᠰᠠᠭᠤᠷᠢ ᠶᠢ ᠴᠣᠬᠴᠠᠯᠠᠵᠦ ᠥᠭᠭᠦᠭᠰᠡᠨ ᠶᠤᠮ᠃        ᠬᠤᠶᠠᠷ ᠲᠤ᠂ ᠡᠷᠳᠡᠨᠢᠲᠣᠬᠲᠠᠬᠤ ᠪᠠᠭᠰᠢ ᠪᠣᠯ ᠳᠤᠮᠳᠠᠳᠦ ᠤᠯᠤᠰ ᠤᠨ ᠮᠣᠩᠭᠤᠯ ᠤᠳᠬ᠎ᠠ ᠵᠣᠬᠢᠶᠠᠯ ᠤᠨ ᠲᠡᠤᠬᠡ ᠰᠣᠳᠣᠯᠣᠯ ᠤᠨ ᠰᠠᠭᠤᠷᠢᠯᠠᠬᠴᠢ ᠡᠷᠳᠡᠮᠲᠡᠨ᠃       1957 ᠣᠨ ᠤ 5 ᠰᠠᠷ᠎ᠠ ᠳᠤ ᠥᠪᠦᠷ ᠮᠣᠩᠭᠤᠯ ᠤᠨ ᠮᠣᠩᠭᠤᠯ ᠬᠡᠯᠡ ᠲᠡᠤᠬᠡ ᠤᠳᠬ᠎ᠠ ᠵᠣᠬᠢᠶᠠᠯ ᠰᠣᠳᠣᠯᠬᠤ ᠬᠦᠷᠢᠶᠡᠯᠡᠩ ᠪᠠᠶᠢᠭᠤᠯᠤᠬᠳᠠᠵᠦ᠂ ᠡᠷᠳᠡᠨᠢᠲᠣᠬᠲᠠᠬᠤ ᠪᠠᠭᠰᠢ ᠡᠨᠡᠬᠦ ᠲᠢᠩᠬᠢᠮ ᠤᠨ ᠳᠡᠰ ᠤᠨ ᠬᠦᠷᠢᠶᠡᠯᠡᠩ ᠤᠨ ᠳᠠᠷᠤᠭ᠎ᠠ ᠪᠠᠷ ᠲᠣᠮᠢᠯᠠᠬᠳᠠᠵᠠᠢ᠃ ᠡᠷᠳᠡᠨᠢᠲᠣᠬᠲᠠᠬᠤ ᠪᠠᠭᠰᠢ ᠡᠨᠡᠬᠦ ᠠᠵᠢᠯ ᠤᠨ ᠪᠠᠶᠢᠷᠢᠨ ᠳᠤ ᠪᠠᠶᠢᠬᠤ ᠳᠠᠭᠠᠨ ᠮᠣᠩᠭᠤᠯ ᠤᠳᠬ᠎ᠠ ᠵᠣᠬᠢᠶᠠᠯ ᠤᠨ ᠲᠡᠤᠬᠡ ᠨᠠᠶᠢᠷᠠᠭᠤᠯᠬᠤ ᠺᠣᠮᠢᠰ ᠪᠠᠶᠢᠭᠤᠯᠵᠦ ᠥᠪᠦᠷ ᠮᠣᠩᠭᠤᠯ ᠤᠨ ᠠᠩᠬᠠᠳᠠᠬᠴᠢ ᠮᠣᠩᠭᠤᠯ ᠤᠳᠬ᠎ᠠ ᠵᠣᠬᠢᠶᠠᠯ ᠤᠨ ᠲᠡᠤᠬᠡ ᠶᠢ ᠨᠠᠶᠢᠷᠠᠭᠤᠯᠵᠦ ᠡᠬᠢᠯᠡᠵᠡᠢ᠃ ᠲᠡᠳᠡ ᠤᠷᠢᠳᠠᠪᠠᠷ ᠮᠠᠲ᠋ᠧᠷᠢᠶᠠᠯ ᠤᠨ ᠪᠥᠲᠦᠭᠡᠨ ᠪᠠᠶᠢᠭᠤᠯᠤᠯᠲᠠ ᠶᠢᠨ ᠠᠵᠢᠯ ᠢ ᠴᠢᠬᠤᠯᠠᠴᠢᠯᠠᠨ ᠦᠵᠡᠵᠦ᠂ ᠡᠷᠳᠡᠨᠢᠲᠣᠬᠲᠠᠬᠤ ᠪᠠᠭᠰᠢ᠂ ᠰᠣᠳᠤᠪᠢᠯᠢᠭ᠌ ᠬᠤᠶᠠᠷ ᠢᠨᠵᠠᠨᠨᠠᠰᠢ ᠶᠢᠨ ᠨᠤᠲᠤᠭ ᠢᠶᠠᠷ ᠶᠠᠪᠤᠵᠦ ᠢᠨᠵᠠᠨᠨᠠᠰᠢ ᠶᠢᠨ ᠬᠤᠯᠪᠣᠬᠳᠠᠯ ᠪᠥᠬᠦᠢ ᠮᠠᠲ᠋ᠧᠷᠢᠶᠠᠯ ᠴᠤᠬᠯᠠᠭᠤᠯᠵᠦ ᠠᠪᠤᠬᠰᠠᠨ ᠪᠥᠭᠡᠳ ᠰᠡᠭᠦᠯ ᠳᠤᠨᠢ ᠪᠠᠰᠠ ᠳᠣᠷᠤᠩᠭ᠎ᠠ ᠵᠡᠷᠭᠡ ᠤᠳᠬ᠎ᠠ ᠵᠣᠬᠢᠶᠠᠯ ᠰᠣᠳᠣᠯᠣᠬᠴᠢᠳ ᠢ ᠹᠦ᠋ ᠰᠢᠩ᠂ ᠥᠪᠦᠷ ᠮᠣᠩᠭᠤᠯ ᠤᠨ ᠡᠯ᠎ᠡ ᠠᠶᠢᠮᠠᠭ ᠬᠤᠰᠢᠭᠤ ᠪᠣᠯᠣᠨ ᠪᠣᠰᠣᠳ ᠮᠣᠵᠢ ᠣᠷᠣᠨ ᠨᠤᠭᠤᠳ ᠢᠶᠠᠷ ᠶᠠᠪᠤᠭᠤᠯᠤᠨ ᠶᠡᠭᠡ ᠬᠡᠮᠵᠢᠶᠡᠨ ᠤ ᠠᠮᠠᠨ ᠵᠣᠬᠢᠶᠠᠯ ᠤᠨ ᠪᠠ ᠪᠢᠴᠢᠭ ᠤᠨ ᠵᠣᠬᠢᠶᠠᠯ ᠤᠨ ᠮᠠᠲ᠋ᠧᠷᠢᠶᠠᠯ ᠴᠤᠬᠯᠠᠭᠤᠯᠤᠬᠰᠠᠨ ᠪᠠᠶᠢᠵᠠᠢ᠃ ᠡᠳᠡᠭᠡᠷ ᠤᠳᠬ᠎ᠠ ᠵᠣᠬᠢᠶᠠᠯ ᠰᠣᠳᠣᠯᠣᠯ ᠤᠨ ᠮᠠᠲ᠋ᠧᠷᠢᠶᠠᠯ ᠤᠳ ᠢ 1963-1981 ᠣᠨ ᠤ ᠬᠤᠭᠤᠷᠣᠨᠳᠦ ︽ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠮᠠᠲ᠋ᠧᠷᠢᠶᠠᠯ ᠤᠨ ᠡᠮᠬᠢᠳᠭᠡᠯ︾ ᠬᠡᠮᠡᠬᠦ ᠨᠡᠷ᠎ᠡ ᠎ ᠪᠠᠷ ᠨᠡᠶᠢᠲᠡ 9 ᠪᠣᠳᠢ ᠪᠣᠯᠭᠠᠨ ᠲᠣᠳᠤᠭᠠᠳᠦ ᠬᠡᠪᠯᠡᠯ ᠢᠶᠠᠷ ᠬᠡᠪᠯᠡᠭᠦᠯᠪᠡ᠃ ᠪ᠊ · ᠭᠡᠷᠡᠯᠲᠦ ᠪᠠᠭᠰᠢ ᠡᠳᠡᠭᠡᠷ ᠮᠠᠲ᠋ᠧᠷᠢᠶᠠᠯ ᠤᠨ ︽1-3 ᠳ᠋ᠤᠭᠠᠷ ᠨᠢ ᠡᠷᠳᠡᠨᠢᠲᠣᠬᠲᠠᠬᠤ ᠪᠠᠭᠰᠢ ᠶᠢᠨ ᠮᠠᠲ᠋ᠧᠷᠢᠶᠠᠯ ᠪᠣᠯᠤᠯᠲᠠᠢ︾ ᠭᠡᠰᠡᠨ ᠪᠢᠯᠡ᠃ ᠡᠳᠡᠭᠡᠷ ᠮᠠᠲ᠋ᠧᠷᠢᠶᠠᠯ ᠤᠨ ᠡᠮᠬᠢᠳᠭᠡᠯ ᠨᠢ ᠣᠳᠣ ᠪᠣᠯᠲᠠᠯ᠎ᠠ ᠮᠣᠩᠭᠤᠯ ᠤᠳᠬ᠎ᠠ ᠵᠣᠬᠢᠶᠠᠯ ᠰᠣᠳᠣᠯᠣᠬᠴᠢᠳ ᠤᠨ ᠴᠢᠬᠤᠯᠠ ᠰᠣᠳᠣᠯᠭᠠᠨ ᠤ ᠮᠠᠲ᠋ᠧᠷᠢᠶᠠᠯ ᠪᠣᠯᠤᠬᠰᠠᠭᠠᠷ ᠪᠠᠶᠢᠨ᠎ᠠ᠃       ᠡᠷᠳᠡᠨᠢᠲᠣᠬᠲᠠᠬᠤ ᠪᠠᠭᠰᠢ ᠪᠠᠷ ᠢᠨᠵᠠᠨᠨᠠᠰᠢ ᠶᠢᠨ ᠪᠢᠴᠢᠭ ᠵᠣᠬᠢᠶᠠᠯ ᠤᠳ ᠢ ᠴᠤᠬᠯᠠᠭᠤᠯᠵᠦ ᠬᠡᠪᠯᠡᠭᠦᠯᠦᠭᠰᠡᠨ ᠠᠴᠠ ᠭᠠᠳᠠᠨ᠎ᠠ᠂ ᠸᠠᠩᠴᠢᠨᠪᠠᠯᠠ᠂ ᠭᠦᠯᠡᠷᠡᠨᠰᠠ᠂ ᠭᠦᠩᠨᠡᠵᠦᠭᠡ᠂ ᠰᠦᠩᠸᠠᠶᠢᠳᠠᠨᠽᠠᠨ᠂ ᠢᠰᠢᠳᠠᠨᠵᠢᠩᠸᠠᠩᠵᠢᠯ᠂ ᠬᠡᠰᠢᠭᠪᠡᠲᠦ᠂ ᠷᠢᠨᠴᠢᠨᠬᠤᠷᠯᠤ᠂ ᠴᠣᠶᠢᠪᠠᠩ ᠬᠤᠭᠤᠷᠴᠢ ᠨᠠᠷ ᠤᠨ ᠵᠣᠬᠢᠶᠠᠯ ᠪᠦᠲᠦᠭᠡᠯ ᠤᠳ ᠢ ᠤᠷᠢᠳ ᠬᠤᠵᠢᠳ ᠴᠤᠬᠯᠠᠭᠤᠯᠵᠦ ᠡᠮᠬᠢᠳᠭᠡᠵᠦ ᠰᠣᠳᠣᠯᠵᠦ ᠬᠡᠪᠯᠡᠭᠦᠯᠪᠡ᠃       ᠡᠳᠡᠭᠡᠷ ᠪᠢᠴᠢᠭ ᠮᠠᠲ᠋ᠧᠷᠢᠶᠠᠯ ᠤᠳ ᠤᠨ ᠰᠠᠭᠤᠷᠢ ᠳᠡᠭᠡᠷ᠎ᠡ ᠡᠷᠳᠡᠨᠢᠲᠣᠬᠲᠠᠬᠤ ᠪᠠᠭᠰᠢ ᠲᠦᠷᠦᠭᠦᠲᠡᠢ ᠵᠢᠷᠭᠤᠭᠠᠨ ᠬᠥᠮᠦᠨ ᠢᠶᠠᠷ ᠪᠥᠷᠢᠯᠳᠦᠭᠰᠡᠨ ᠨᠠᠶᠢᠷᠠᠭᠤᠯᠬᠤ ᠺᠣᠮᠢᠰ 1959 ᠣᠨ ᠤ ᠡᠬᠢ ᠠᠴᠠ ︽ᠮᠣᠩᠭᠤᠯ ᠦᠨᠳᠦᠰᠦᠲᠡᠨ ᠤ ᠤᠷᠠᠨ ᠵᠣᠬᠢᠶᠠᠯ ᠤᠨ ᠲᠣᠪᠴᠢ ᠲᠡᠤᠬᠡ︾ ᠨᠠᠶᠢᠷᠠᠭᠤᠯᠵᠦ ᠡᠬᠢᠯᠡᠵᠡᠢ᠃ ᠭᠤᠷᠪᠠᠨ ᠰᠠᠷ᠎ᠠ ᠶᠢᠨ ᠲᠣᠲᠣᠷ᠎ᠠ ᠠᠩᠬ᠎ᠠ ᠨᠣᠣᠷᠠᠭ ᠭᠠᠷᠭᠠᠭᠠᠳ ᠥᠷᠭᠡᠨ ᠬᠡᠪᠴᠢᠶᠡᠨ᠎ᠡ ᠰᠠᠨᠠᠯ ᠰᠢᠭᠦᠮᠵᠢ ᠬᠤᠷᠢᠶᠠᠬᠰᠠᠨ ᠤ ᠳᠠᠷᠠᠭ᠎ᠠ ᠬᠤᠶᠠᠷᠲᠠ ᠬᠢᠨᠠᠨ ᠵᠠᠰᠠᠭᠠᠳ ᠦᠨᠳᠦᠰᠦᠨ ᠳᠡᠭᠡᠨ ᠲᠤᠭᠤᠷᠪᠢᠵᠦ ᠲᠡᠭᠦᠰᠭᠡᠵᠡᠢ᠃ ᠲᠡᠭᠡᠭᠡᠳ ᠲᠡᠷᠡᠬᠦ ︽ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠲᠣᠪᠴᠢ ᠲᠡᠤᠬᠡ︾᠎ ᠶᠢᠨ ᠨᠣᠣᠷᠠᠭ ᠢᠶᠠᠨ ᠤᠯᠠᠮ ᠨᠢᠭᠡᠨ ᠠᠯᠬᠤᠮ ᠵᠠᠰᠠᠨ ᠪᠣᠯᠪᠠᠰᠤᠷᠠᠭᠤᠯᠵᠦ ᠪᠠᠶᠢᠲᠠᠯ᠎ᠠ ︽ᠰᠤᠶᠤᠯ ᠤᠨ ᠶᠡᠭᠡ ᠬᠤᠪᠢᠰᠬᠠᠯ︾ ᠡᠬᠢᠯᠡᠭᠰᠡᠨ ᠲᠤᠯᠠᠳᠠ ᠵᠢᠩᠬᠢᠨᠢ ᠬᠡᠪᠯᠡᠯ ᠭᠠᠷᠴᠦ ᠠᠮᠵᠢᠭ᠎ᠠ ᠦᠭᠡᠢ᠃ ᠲᠡᠷᠡ ᠲᠡᠤᠬᠡ ᠶᠢᠨ 1960 ᠣᠨ ᠤ 3 ᠰᠠᠷ᠎ᠠ ᠳᠤ ᠳᠤᠮᠳᠠᠳᠦ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠥᠪᠦᠷ ᠮᠣᠩᠭᠤᠯ ᠤᠨ ᠬᠤᠪᠢᠶᠠᠷᠢ ᠠᠺᠠᠳᠧᠮᠢ ᠶᠢᠨ ᠬᠡᠯᠡ ᠤᠳᠬ᠎ᠠ ᠵᠣᠬᠢᠶᠠᠯ ᠰᠣᠳᠣᠯᠬᠤ ᠬᠦᠷᠢᠶᠡᠯᠡᠩ ᠤᠨ ᠨᠡᠷ᠎ᠡ ᠪᠠᠷ ᠬᠡᠪᠯᠡᠭᠦᠯᠦᠭᠰᠡᠨ ︽ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠲᠣᠪᠴᠢ ᠲᠡᠤᠬᠡ︾᠎ ᠶᠢᠨ ᠲᠣᠳᠤᠭᠠᠳᠦ ᠳᠠᠭᠠᠨ ᠲᠠᠷᠬᠠᠭᠠᠬᠤ ᠬᠢᠲᠠᠳ ᠬᠡᠪᠯᠡᠯ ᠨᠢ ᠤᠯᠳᠠᠵᠦ ᠪᠠᠶᠢᠨ᠎ᠠ᠃ 243 ᠨᠢᠭᠤᠷ ᠪᠥᠬᠦᠢ ᠡᠨᠡᠬᠦ ᠨᠣᠮ ᠤᠨ ᠭᠠᠷᠴᠠᠭ ᠢ ᠠᠳᠡ ᠦᠵᠡᠭᠦᠯᠪᠡᠯ᠄       ᠤᠳᠤᠷᠢᠳᠬᠠᠯ       ᠨᠢᠭᠡᠳᠦᠭᠡᠷ ᠠᠩᠭᠢ᠂ ᠡᠷᠲᠡᠨ ᠤ ᠤᠳᠬ᠎ᠠ ᠵᠣᠬᠢᠶᠠᠯ        ᠨᠢᠭᠡᠳᠦᠭᠡᠷ ᠪᠥᠯᠦᠭ᠂ ᠴᠡᠷᠢᠭ ᠤᠨ ᠹᠸᠣᠳᠠᠯ ᠤᠨ ᠦᠶ᠎ᠡ ᠶᠢᠨ ᠤᠳᠬ᠎ᠠ ᠵᠣᠬᠢᠶᠠᠯ ︵13-14 ᠳ᠋ᠤᠭᠡᠷ ᠵᠠᠭᠤᠨ ᠤ ᠳᠤᠮᠳᠠᠴᠢ ᠦᠶ᠎ᠡ︶       ᠨᠢᠭᠡᠳᠦᠭᠡᠷ ᠬᠡᠰᠡᠭ᠂ ᠲᠣᠶᠢᠮᠦ ᠲᠣᠭᠠᠴᠢᠯ — 1 ᠨᠡᠶᠢᠭᠡᠮ ᠤᠨ ᠲᠣᠶᠢᠮᠦ᠂ 2 ᠤᠳᠬ᠎ᠠ ᠵᠣᠬᠢᠶᠠᠯ ᠤᠨ ᠲᠣᠶᠢᠮᠦ       ᠬᠤᠶᠠᠳᠤᠭᠠᠷ ᠬᠡᠰᠡᠭ᠂ ᠤᠳᠬ᠎ᠠ ᠵᠣᠬᠢᠶᠠᠯ ᠪᠥᠲᠦᠭᠡᠯ ᠤᠳ — 1 ︽ᠮᠣᠩᠭᠤᠯ ᠤᠨ ᠨᠢᠭᠤᠴᠠ ᠲᠣᠪᠴᠢᠶᠠᠨ︾᠂ 2 ︽ᠴᠢᠩᠭᠢᠰ ᠬᠠᠭᠠᠨ ᠤ ᠡᠷ᠎ᠡ ᠬᠤᠶᠠᠷ ᠵᠠᠭᠠᠯ ᠤᠨ ᠲᠤᠭᠤᠵᠢ︾᠂ 3 ︽ᠥᠨᠦᠴᠢᠨ ᠬᠥᠪᠡᠭᠦᠨ ᠤ ᠱᠠᠰᠲᠢᠷ︾ ᠬᠢᠭᠡᠳ ︽ᠠᠷᠭᠠᠰᠤᠨ ᠬᠤᠭᠤᠷᠴᠢ ᠶᠢᠨ ᠳᠣᠮᠤᠭ︾᠂ 4 ︽ᠠᠯᠠᠶᠢᠴᠢᠮᠪᠦᠦ ᠶᠢᠨ ᠳᠠᠭᠤᠤ ︾ ᠬᠢᠭᠡᠳ ︽ᠡᠬᠡ ᠬᠥᠪᠡᠭᠦᠨ ᠤ ᠳᠠᠭᠤᠤ︾᠂ 5 ᠪᠤᠰᠤᠳ ᠵᠣᠬᠢᠶᠠᠯ ︵︽ᠴᠢᠩᠭᠢᠰ ᠬᠠᠭᠠᠨ ᠤ ᠪᠢᠯᠢᠭ︾᠂ ︽ᠣᠶᠤᠨ ᠲᠦᠯᠬᠢᠭᠦᠷ︾︶       ᠬᠤᠶᠠᠳᠤᠭᠠᠷ ᠪᠥᠯᠦᠭ᠂ ᠹᠸᠣᠳᠠᠯ ᠤᠨ ᠬᠡᠰᠡᠭᠯᠡᠯ ᠤᠨ ᠦᠶ᠎ᠡ ᠶᠢᠨ ᠤᠳᠬ᠎ᠠ ᠵᠣᠬᠢᠶᠠᠯ ︵14 ᠳ᠋ᠤᠭᠡᠷ ᠵᠠᠭᠤᠨ ᠤ ᠳᠤᠮᠳᠠᠴᠢ — 17 ᠳ᠋ᠤᠭᠠᠷ ᠵᠠᠭᠤᠨ ᠤ ᠳᠤᠮᠳᠠᠴᠢ ᠦᠶ᠎ᠡ︶       ᠨᠢᠭᠡᠳᠦᠭᠡᠷ ᠬᠡᠰᠡᠭ᠂ ᠲᠣᠶᠢᠮᠦ ᠲᠣᠭᠠᠴᠢᠯ — 1 ᠨᠡᠶᠢᠭᠡᠮ ᠤᠨ ᠲᠣᠶᠢᠮᠦ᠂ 2 ᠤᠳᠬ᠎ᠠ ᠵᠣᠬᠢᠶᠠᠯ ᠤᠨ ᠲᠣᠶᠢᠮᠦ       ᠬᠤᠶᠠᠳᠤᠭᠠᠷ ᠬᠡᠰᠡᠭ᠂ ᠤᠳᠬ᠎ᠠ ᠵᠣᠬᠢᠶᠠᠯ ᠤᠨ ᠪᠥᠲᠦᠭᠡᠯ ᠤᠳ — 1 ︽ᠭᠡᠰᠡᠷ ᠤᠨ ᠲᠤᠭᠤᠵᠢ︾᠂ 2 ︽ᠭᠤᠨᠠᠭᠠᠨ ᠤᠯᠠᠭᠠᠨ ᠪᠠᠭᠠᠲᠤᠷ︾᠂ 3 ︽ᠡᠷ᠎ᠡ ᠶᠢᠨ ᠰᠠᠶᠢᠨ ᠷᠢᠨᠴᠢᠨ ᠮᠡᠷᠭᠡᠨ︾᠂ 4 ︽ᠣᠪᠠᠰᠢ ᠬᠤᠩ ᠲᠠᠶᠢᠵᠢ ᠶᠢᠨ ᠳᠣᠮᠤᠭ︾᠂ 5 ᠪᠣᠰᠣᠳ ᠵᠣᠬᠢᠶᠠᠯ ︵︽ᠲᠣᠭᠤᠨᠲᠠᠮᠦᠷ ᠬᠠᠭᠠᠨ ᠤ ᠭᠡᠮᠰᠢᠯ ᠰᠢᠯᠦᠭ︾᠂ ︽ᠴᠣᠬᠲᠦ ᠲᠠᠶᠢᠵᠢ ᠶᠢᠨ ᠬᠠᠳᠠᠨ ᠤ ᠪᠢᠴᠢᠭ︾︶       ᠭᠤᠷᠪᠠᠳᠤᠭᠠᠷ ᠪᠥᠯᠦᠭ᠂ ᠹᠸᠣᠳᠠᠯ ᠤᠨ ᠨᠡᠶᠢᠭᠡᠮ ᠤᠨ ᠬᠥᠭᠵᠢᠯᠲᠡ ᠶᠢᠨ ᠦᠶ᠎ᠡ ᠶᠢᠨ ᠤᠳᠬ᠎ᠠ ᠵᠣᠬᠢᠶᠠᠯ ︵17 ᠳ᠋ᠤᠭᠠᠷ ᠵᠠᠭᠤᠨ ᠤ ᠳᠤᠮᠳᠠᠴᠢ — 19 ᠳ᠋ᠤᠭᠡᠷ ᠵᠠᠭᠤᠨ ᠤ ᠳᠤᠮᠳᠠᠴᠢ ᠦᠶ᠎ᠡ︶       ᠨᠢᠭᠡᠳᠦᠭᠡᠷ ᠬᠡᠰᠡᠭ᠂ ᠲᠣᠶᠢᠮᠦ ᠲᠣᠭᠠᠴᠢᠯ — 1 ᠨᠡᠶᠢᠭᠡᠮ ᠤᠨ ᠲᠣᠶᠢᠮᠦ᠂ 2 ᠤᠳᠬ᠎ᠠ ᠵᠣᠬᠢᠶᠠᠯ ᠤᠨ ᠲᠣᠶᠢᠮᠦ       ᠬᠤᠶᠠᠳᠤᠭᠠᠷ ᠬᠡᠰᠡᠭ᠂ ᠤᠳᠬ᠎ᠠ ᠵᠣᠬᠢᠶᠠᠯ ᠪᠥᠲᠦᠭᠡᠯ ᠤᠳ — 1 ᠮᠣᠩᠭᠤᠯ ︽ᠭᠡᠰᠡᠷ ᠤᠨ ᠲᠤᠭᠤᠵᠢ︾᠂ 2 ︽ᠡᠷᠭᠡᠯᠳᠡᠢ ᠮᠡᠷᠭᠡᠨ︾᠂ 3 ︽ᠬᠠᠨ ᠬᠠᠷᠠᠩᠭᠤᠢ ᠶᠢᠨ ᠲᠤᠭᠤᠵᠢ︾᠂ 4 ︽ᠠᠯᠲᠠᠨ ᠲᠣᠪᠴᠢ        ᠭᠤᠷᠪᠠᠳᠤᠭᠠᠷ ᠬᠡᠰᠡᠭ᠂ ᠣᠷᠴᠢᠭᠤᠯᠭ᠎ᠠ ᠶᠢᠨ ᠤᠳᠬ᠎ᠠ ᠵᠣᠬᠢᠶᠠᠯ — 1 ᠣᠷᠴᠢᠭᠤᠯᠭ᠎ᠠ ᠶᠢᠨ ᠥᠷᠨᠢᠯ ᠬᠥᠭᠵᠢᠯ᠂ 2 ᠣᠷᠴᠢᠭᠤᠯᠭ᠎ᠠ ᠶᠢᠨ ᠠᠵᠢᠯ ᠤᠨ ᠳᠤᠮᠳᠠᠬᠢ ᠬᠤᠶᠠᠷ ᠵᠦᠢᠯ ᠤᠨ ᠴᠢᠭᠯᠡᠯ᠂ 3 ᠣᠷᠴᠢᠭᠤᠯᠭ᠎ᠠ ᠶᠢᠨ ᠣᠳᠬ᠎ᠠ ᠵᠣᠬᠢᠶᠠᠯ ᠤᠨ ᠨᠥᠯᠦᠭᠡ       ᠬᠤᠶᠠᠳᠤᠭᠠᠷ ᠠᠩᠭᠢ᠂ ᠣᠶᠢᠷ᠎ᠠ ᠦᠶ᠎ᠡ ᠶᠢᠨ ᠤᠳᠬ᠎ᠠ ᠵᠣᠬᠢᠶᠠᠯ       ᠳᠦᠷᠪᠡᠳᠦᠭᠡᠷ ᠪᠥᠯᠦᠭ᠂ ᠬᠠᠭᠤᠴᠢᠨ ᠠᠷᠠᠳᠴᠢᠯᠠᠬᠰᠠᠨ ᠬᠤᠪᠢᠰᠬᠠᠯ ᠤᠨ ᠦᠶ᠎ᠡ ᠶᠢᠨ ᠤᠳᠬ᠎ᠠ ᠵᠣᠬᠢᠶᠠᠯ ︵ᠬᠠᠷ᠎ᠠ ᠲᠠᠮᠬᠢ ᠶᠢᠨ ᠳᠠᠶᠢᠨ — ︿ᠲᠠᠪᠤᠨ ᠰᠠᠷ᠎ᠠ ᠶᠢᠨ ᠳᠥᠷᠪᠡᠨ ᠤ ᠬᠥᠳᠡᠯᠭᠡᠭᠡᠨ﹀︶       ᠨᠢᠭᠡᠳᠦᠭᠡᠷ ᠬᠡᠰᠡᠭ᠂ ᠲᠣᠶᠢᠮᠦ ᠲᠣᠭᠠᠴᠢᠯ — 1 ᠨᠡᠶᠢᠭᠡᠮ ᠤᠨ ᠲᠣᠶᠢᠮᠦ᠂ 2 ᠤᠳᠬ᠎ᠠ ᠵᠣᠬᠢᠶᠠᠯ ᠤᠨ ᠲᠣᠶᠢᠮᠦ       ᠬᠤᠶᠠᠳᠤᠭᠠᠷ ᠬᠡᠰᠡᠭ᠂ ᠪᠢᠴᠢᠭ ᠤᠨ ᠵᠣᠬᠢᠶᠠᠯ ᠤᠳ — 1 ᠢᠨᠵᠠᠨᠨᠠᠰᠢ ᠪᠠ ᠲᠡᠭᠦᠨ ᠤ ᠵᠣᠬᠢᠶᠠᠯ ᠪᠥᠲᠦᠭᠡᠯ᠂ 2 ᠭᠦᠯᠠᠷᠠᠨᠰᠠ᠂ 3 ᠳᠠᠨᠵᠢᠨᠸᠠᠩᠵᠢᠯ᠂ 4 ᠬᠡᠰᠢᠭᠪᠡᠲᠦ᠂ 5 ︽ᠲᠠᠪᠤᠨ ᠵᠤᠸᠠᠨ︾ ᠬᠢᠭᠡᠳ ︽ᠬᠠᠨ ᠹᠧᠩ ᠵᠤᠸᠠᠨ︾       ᠭᠤᠷᠪᠠᠳᠤᠭᠠᠷ ᠬᠡᠰᠡᠭ᠂ ᠠᠮᠠᠨ ᠵᠣᠬᠢᠶᠠᠯ — 1 ᠠᠷᠠᠳ ᠤᠨ ᠳᠠᠭᠤᠤ᠂ 2 ᠠᠮᠠᠨ ᠦᠯᠢᠭᠡᠷ᠂ 3 ᠵᠦᠢᠷ ᠦᠭᠡ᠂ 4 ᠪᠣᠰᠤᠳ ᠠᠮᠠᠨ ᠪᠥᠲᠦᠭᠡᠯ ᠤᠳ ︵1 ᠶᠣᠰᠤᠯᠠᠯ ᠤᠨ᠂ 2 ᠨᠠᠭᠠᠳᠤᠮ ᠴᠡᠩᠭᠡᠯ ᠤᠨ︶       ᠭᠤᠷᠪᠠᠳᠤᠭᠠᠷ ᠠᠩᠭᠢ᠂ ᠣᠷᠴᠢᠨ ᠦᠶ᠎ᠡ ᠤᠳᠬ᠎ᠠ ᠵᠣᠬᠢᠶᠠᠯ        ᠲᠠᠪᠤᠳᠤᠭᠠᠷ ᠪᠥᠯᠦᠭ᠂ ᠰᠢᠨ᠎ᠡ ᠠᠷᠠᠳᠴᠢᠯᠠᠬᠰᠠᠨ ᠦᠶ᠎ᠡ ᠶᠢᠨ ᠤᠳᠬ᠎ᠠ ᠵᠣᠬᠢᠶᠠᠯ ︵1919-1945︶       ᠨᠢᠭᠡᠳᠦᠭᠡᠷ ᠬᠡᠰᠡᠭ᠂ ᠲᠣᠶᠢᠮᠦ ᠲᠣᠭᠠᠴᠢᠯ — 1 ᠨᠡᠶᠢᠭᠡᠮ ᠤᠨ ᠲᠣᠶᠢᠮᠦ᠂ 2 ᠤᠳᠬ᠎ᠠ ᠵᠣᠬᠢᠶᠠᠯ ᠤᠨ ᠲᠣᠶᠢᠮᠦ       ᠬᠤᠶᠠᠳᠤᠭᠠᠷ ᠬᠡᠰᠡᠭ᠂ ᠤᠳᠬ᠎ᠠ ᠵᠣᠬᠢᠶᠠᠯ ᠤᠨ ᠪᠥᠲᠦᠭᠡᠯ ᠤᠳ — 1 ︽ᠲᠠᠪᠤᠨ ᠰᠠᠷ᠎ᠠ ᠶᠢᠨ ᠳᠥᠷᠪᠡᠨ︾᠎ ᠠᠴᠠ ᠶᠠᠫᠤᠨ ᠢ ᠡᠰᠡᠷᠭᠦᠴᠡᠬᠦ ᠳᠠᠶᠢᠨ ᠤ ᠡᠮᠤᠨᠡᠬᠢ ᠦᠶ᠎ᠡ ᠶᠢᠨ ᠤᠳᠬ᠎ᠠ ᠵᠣᠬᠢᠶᠠᠯ ︵1 ᠰᠢᠯᠦᠭᠴᠢ ᠭᠠᠮᠠᠯ ᠪᠠ ᠯᠣᠷᠣᠶᠢᠰᠠᠩᠪᠤ ᠶᠢᠨ ᠵᠣᠬᠢᠶᠠᠯ᠂ 2 ᠨᠡᠷ᠎ᠡ ᠦᠭᠡᠢ ᠵᠣᠬᠢᠶᠠᠬᠴᠢ ᠶᠢᠨ ᠵᠣᠬᠢᠶᠠᠯ᠂ 3 ᠤᠳᠬ᠎ᠠ ᠵᠣᠬᠢᠶᠠᠯ ᠤᠨ ᠨᠠᠶᠢᠷᠠᠭᠤᠯᠤᠬᠴᠢ ᠣᠷᠴᠢᠭᠤᠯᠤᠬᠴᠢ ᠭᠡᠰᠢᠩᠭᠡ︶᠂ 2 ᠶᠠᠫᠤᠨ ᠢ ᠡᠰᠡᠷᠭᠦᠴᠡᠬᠦ ᠳᠠᠶᠢᠨ ᠤ ᠦᠶ᠎ᠡ ᠶᠢᠨ ᠤᠳᠬ᠎ᠠ ᠵᠣᠬᠢᠶᠠᠯ — 1 ᠬᠥᠭᠦᠷᠭᠡ ᠵᠡᠷᠭᠡ ᠬᠤᠪᠢᠰᠬᠠᠯᠴᠢ ᠵᠠᠯᠠᠭᠤᠰ ᠤᠨ ᠪᠥᠲᠦᠭᠡᠯ᠂ 2 ᠰᠠᠶᠢᠴᠤᠩᠭ᠎ᠠ᠂ ᠮᠥᠩᠬᠡᠨ᠋ᠦ᠋ᠯᠵᠡᠢ᠂ ᠴᠣᠶᠢᠮᠰᠠᠩ᠂ ᠪᠤᠶᠠᠨᠳᠡᠯᠭᠡᠷ ᠨᠠᠷ ᠤᠨ ᠪᠥᠲᠦᠭᠡᠯ᠂ 3 ᠶᠠᠫᠤᠨ ᠢ ᠡᠰᠡᠷᠭᠦᠴᠡᠬᠦ ᠳᠠᠶᠢᠨ ᠤ ᠦᠶ᠎ᠡ ᠶᠢᠨ ᠳᠡᠷᠰᠯᠡᠭᠦᠦ ᠤᠳᠬ᠎ᠠ ᠤᠷᠠᠯᠢᠭ       ᠭᠤᠷᠪᠠᠳᠤᠭᠠᠷ ᠬᠡᠰᠡᠭ᠂ ᠠᠮᠠᠨ ᠵᠣᠬᠢᠶᠠᠯ — 1 ᠠᠷᠠᠳ ᠤᠨ ᠳᠠᠭᠤᠤ ︵1 ᠰᠢᠨ᠎ᠡ ᠯᠠᠮ᠎ᠠ ᠶᠢᠨ ᠲᠤᠬᠠᠢ ᠬᠤᠪᠢᠰᠬᠠᠯᠲᠦ ᠳᠠᠭᠤᠤ᠂ 2 ︽ᠭᠠᠳᠠ ᠮᠡᠶᠢᠷᠡᠨ︾᠂ 3 ᠶᠠᠫᠤᠨ ᠢ ᠡᠰᠡᠷᠭᠦᠴᠡᠬᠦ ᠠᠷᠠᠳ ᠤᠨ ᠳᠠᠭᠤᠤ᠂ 4 ᠢᠨᠠᠭ ᠤᠨ ᠳᠠᠭᠤᠤ︶᠂ 2 ᠦᠯᠢᠭᠡᠷ ᠬᠤᠯᠪᠤᠭ᠎ᠠ᠂ 3 ᠱᠠᠬᠳᠠᠷ ᠤᠨ ᠵᠣᠬᠢᠶᠠᠨ ᠪᠥᠲᠦᠭᠡᠯᠲᠡ       ᠬᠤᠶᠢᠨᠠᠬᠢ ᠲᠡᠮᠳᠡᠭᠯᠡᠯ       ᠡᠨᠡᠬᠦ ᠭᠠᠷᠴᠠᠭ ᠠᠴᠠ ᠲᠤᠰ ᠲᠡᠤᠬᠡ ᠶᠢᠨ ᠬᠠᠮᠤᠷᠤᠬᠰᠠᠨ ᠲᠡᠤᠬᠡᠨ ᠴᠠᠭ ᠦᠶ᠎ᠡ᠂ ᠬᠠᠮᠤᠷᠤᠬᠰᠠᠨ ᠵᠣᠬᠢᠶᠠᠯᠴᠢ ᠪᠠ ᠵᠣᠬᠢᠶᠠᠯ ᠪᠥᠲᠦᠭᠡᠯ᠂ ᠲᠡᠤᠬᠡᠨ ᠱᠠᠲᠦ ᠦᠶ᠎ᠡ ᠶᠢᠨ ᠬᠤᠪᠢᠶᠠᠷᠢᠯᠠᠯ ᠪᠠ ᠪᠥᠯᠦᠭ ᠬᠡᠰᠡᠭ ᠤᠨ ᠬᠤᠪᠢᠶᠠᠷᠢᠯᠠᠯ ᠤᠨ ᠵᠡᠷᠭᠡ ᠲᠠᠯ᠎ᠠ ᠶᠢᠨ ᠲᠣᠶᠢᠮᠦ ᠪᠠᠶᠢᠳᠠᠯ ᠢ ᠣᠶᠢᠯᠠᠭᠠᠵᠦ ᠪᠣᠯᠤᠨ᠎ᠠ᠃       ᠨᠣᠮ ᠤᠨ ᠬᠤᠶᠢᠨᠠᠬᠢ ᠦᠭᠡᠨ ᠳᠤ ︽ᠪᠢᠳᠡ 1959 ᠣᠨ ᠤ ᠡᠬᠢᠨ ᠠᠴᠠ ᠪᠢᠴᠢᠵᠦ ᠡᠬᠢᠯᠡᠭᠡᠳ ᠭᠤᠷᠪᠠᠨ ᠰᠠᠷ᠎ᠠ ᠶᠢᠨ ᠲᠣᠳᠣᠷ᠎ᠠ ᠠᠩᠬ᠎ᠠ ᠨᠣᠣᠷᠠᠭ ᠭᠠᠷᠭᠠᠪᠠ᠃ ᠥᠷᠭᠡᠨ ᠬᠡᠪᠴᠢᠶᠡᠨ᠎ᠡ ᠰᠠᠨᠠᠯ ᠰᠢᠭᠦᠮᠵᠢ ᠬᠤᠷᠢᠶᠠᠬᠰᠠᠨ ᠤ ᠳᠠᠷᠠᠭ᠎ᠠ ᠳᠠᠬᠢᠨ ᠬᠤᠶᠠᠷᠲᠠ ᠬᠢᠨᠠᠨ ᠵᠠᠰᠠᠪᠠ᠃ ᠤᠷᠢᠳ ᠬᠤᠵᠢᠳ ᠪᠠᠷᠤᠭ ᠵᠢᠯ ᠣᠷᠴᠢᠮ ᠤᠨ ᠴᠠᠭ ᠬᠡᠷᠡᠭᠰᠡᠭᠡᠳ ︵ᠪᠣᠳᠠᠲᠠᠢ ᠨᠠᠶᠢᠷᠠᠭᠤᠯᠬᠤ ᠵᠠᠰᠠᠬᠤ ᠳᠤ ᠵᠢᠷᠭᠤᠭᠠᠨ ᠰᠠᠷ᠎ᠠ ᠯᠠ ᠬᠡᠷᠡᠭᠰᠡᠭᠡᠳ︶ ᠡᠨᠡᠬᠦ ︿ᠲᠣᠪᠴᠢ ᠲᠡᠤᠬᠡ﹀᠎ ᠶᠢ ᠦᠨᠳᠦᠰᠦᠨ ᠳᠡᠭᠡᠨ ᠲᠤᠭᠤᠷᠪᠢᠵᠦ ᠲᠡᠭᠦᠰᠭᠡᠵᠡᠢ᠃ ᠨᠠᠶᠢᠷᠠᠭᠤᠯᠬᠤ ᠶᠠᠪᠤᠴᠠ ᠳᠤ ᠴᠥᠬᠡᠨ ᠪᠤᠰᠤ ᠬᠦᠴᠢᠷ ᠪᠡᠷᠬᠡ ᠲᠤᠯᠭᠠᠷᠠᠯ᠎ᠠ᠂ ᠵᠢᠱᠢᠶᠡᠯᠡᠪᠡᠯ ᠬᠥᠮᠦᠨ ᠤ ᠬᠦᠴᠦᠨ ᠴᠥᠬᠡᠨ ︵ᠡᠮᠤᠨ᠎ᠡ ᠬᠤᠶᠢᠨ᠎ᠠ ᠨᠠᠶᠢᠷᠠᠭᠤᠯᠬᠤ ᠠᠵᠢᠯ ᠳᠤ ᠵᠢᠷᠭᠤᠭᠠᠬᠠᠨ ᠬᠥᠮᠦᠨ ᠣᠷᠣᠯᠴᠠᠬᠰᠠᠨ︶᠂ ᠁︾ ᠭᠡᠵᠦ ᠲᠡᠮᠳᠡᠭᠯᠡᠵᠡᠢ᠃ ᠨᠣᠮ ᠤᠨ ᠡᠮᠤᠨ᠎ᠡ ᠣᠷᠣᠯᠴᠠᠬᠰᠠᠨ ᠵᠣᠬᠢᠶᠠᠬᠴᠢᠳ ᠤᠨ ᠨᠡᠷ᠎ᠡ ᠦᠭᠡᠢ᠂ ᠵᠥᠪᠬᠡᠨ ︽ᠳᠤᠮᠳᠠᠳᠦ ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠥᠪᠦᠷ ᠮᠣᠩᠭᠤᠯ ᠤᠨ ᠬᠤᠪᠢᠶᠠᠷᠢ ᠠᠺᠠᠳᠧᠮᠢ ᠶᠢᠨ ᠬᠡᠯᠡ ᠲᠡᠤᠬᠡ ᠤᠳᠬ᠎ᠠ ᠵᠣᠬᠢᠶᠠᠯ ᠰᠣᠳᠣᠯᠬᠤ ᠬᠦᠷᠢᠶᠡᠯᠡᠩ︾ ᠭᠡᠵᠦ ᠪᠠᠶᠢᠭᠤᠯᠭ᠎ᠠ ᠨᠢᠭᠡᠴᠡ ᠶᠢᠨ ᠨᠡᠷ᠎ᠡ ᠲᠠᠯᠪᠢᠵᠠᠢ᠃ ᠬᠤᠶᠢᠨᠠᠬᠢ ᠦᠭᠡᠨ ᠳᠤ ᠴᠦ ᠨᠠᠶᠢᠷᠠᠭᠤᠯᠤᠬᠴᠢᠳ ᠤᠨ ᠨᠡᠷ᠎ᠡ ᠶᠢ ᠪᠢᠴᠢᠭᠰᠡᠨ ᠦᠭᠡᠢ᠂ ᠵᠥᠪᠬᠡᠨ ︽ᠡᠭᠦᠨ ᠠᠴᠠ ᠭᠠᠳᠠᠨ᠎ᠠ᠂ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠤ ᠰᠣᠳᠤᠪᠢᠯᠢᠭ᠌ ᠨᠥᠬᠦᠷ ᠵᠣᠬᠢᠬᠤ ᠴᠠᠭ ᠵᠠᠷᠤᠴᠠᠭᠤᠯᠤᠨ ᠮᠠᠨ ᠤ ᠨᠠᠶᠢᠷᠠᠭᠤᠯᠬᠤ ᠠᠵᠢᠯ ᠢ ᠲᠤᠰᠠᠯᠠᠪᠠ︾ ᠭᠡᠵᠡᠢ᠃ ᠪᠢᠳᠡ ᠲᠤᠬᠠᠢ ᠶᠢᠨ ᠦᠶ᠎ᠡ ᠳᠤ ᠡᠷᠳᠡᠨᠢᠲᠣᠬᠲᠠᠬᠤ ᠪᠠᠭᠰᠢ ᠲᠠᠢ ᠬᠠᠮᠲᠦ ᠠᠵᠢᠯᠯᠠᠵᠦ ᠪᠠᠶᠢᠬᠰᠠᠨ ᠠᠬᠠᠮᠠᠳ ᠡᠷᠳᠡᠮᠲᠡᠨ ᠳᠣᠷᠤᠩᠭ᠎ᠠ ᠶᠢ ᠰᠣᠷᠪᠣᠯᠵᠢᠯᠠᠬᠰᠠᠨ ᠳᠤ᠂ ᠳᠣᠷᠤᠩᠭ᠎ᠠ ᠪᠠᠭᠰᠢ ᠪᠠᠷ ︽ᠲᠡᠷᠡᠬᠦ ᠨᠠᠶᠢᠷᠠᠭᠤᠯᠬᠤ ᠺᠣᠮᠢᠰ ᠲᠤ ᠡᠷᠳᠡᠨᠢᠲᠣᠬᠲᠠᠬᠤ ᠪᠠᠭᠰᠢ ᠡᠷᠬᠢᠯᠡᠭᠴᠢ ᠪᠠᠷ᠂ ᠲᠡᠭᠦᠰ ︵ᠣᠷᠣᠨ ᠤ ᠨᠠᠮ ᠤᠨ ᠬᠤᠷᠢᠶᠠᠨ ᠤ ᠤᠬᠠᠭᠤᠯᠬᠤ ᠭᠡᠯᠲᠡᠰ ᠤᠨ ᠳᠡᠳ᠋ ᠳᠠᠷᠤᠭ᠎ᠠ︶ ᠳᠡᠳ᠋ ᠡᠷᠬᠢᠯᠡᠭᠴᠢ ᠪᠠᠷ᠂ ᠠ᠊ · ᠣᠳᠰᠠᠷ᠂ ᠰᠣᠳᠤᠪᠢᠯᠢᠭ᠌᠂ ᠨᠠ᠊ · ᠠᠰᠠᠷᠠᠯᠲᠦ᠂ ᠳᠣᠷᠤᠩᠭ᠎ᠠ ᠨᠠᠷ ᠭᠡᠰᠢᠭᠦᠨ ᠢᠶᠠᠷ ᠣᠷᠣᠯᠴᠠᠬᠰᠠᠨ᠂ ᠡᠭᠦᠨ ᠳᠤ ᠡᠷᠳᠡᠨᠢᠲᠣᠬᠲᠠᠬᠤ ᠪᠠᠭᠰᠢ ᠪᠥᠬᠦ ᠠᠵᠢᠯ ᠢ ᠵᠣᠬᠢᠶᠠᠨ ᠪᠠᠶᠢᠭᠤᠯᠵᠦ ᠤᠳᠤᠷᠢᠳᠤᠬᠰᠠᠨ ᠠᠴᠠ ᠭᠠᠳᠠᠨ᠎ᠠ ᠡᠷᠲᠡᠨ ᠤ ᠤᠳᠬ᠎ᠠ ᠵᠣᠬᠢᠶᠠᠯ ᠤᠨ ᠪᠥᠯᠦᠭ ᠢ᠂ ᠪᠢ ᠦᠯᠢᠭᠡᠷ ᠬᠤᠯᠪᠤᠭ᠎ᠠ᠂ ᠬᠤᠭᠤᠷ ᠤᠨ ᠦᠯᠢᠭᠡᠷ ᠤᠨ ᠪᠥᠯᠦᠭ ᠢ ᠁ ᠬᠡᠬᠦ ᠮᠡᠲᠦ ᠪᠠᠷ ᠠᠵᠢᠯ ᠬᠤᠪᠢᠶᠠᠷᠢᠯᠠᠨ᠂ ᠬᠢᠲᠠᠳ ᠮᠣᠩᠭᠤᠯ ᠬᠤᠶᠠᠷ ᠬᠡᠯᠡ ᠪᠠᠷ ᠰᠡᠭᠦᠯ ᠲᠦᠷᠦᠭᠦᠦ ᠭᠤᠷᠪᠠᠨ ᠵᠦᠢᠯ ᠤᠨ ᠨᠣᠣᠷᠠᠭ ᠲᠤᠭᠤᠷᠪᠢᠵᠦ ᠭᠠᠷᠭᠠᠬᠰᠠᠨ︾ ᠭᠡᠵᠦ ᠬᠡᠯᠡᠵᠦ ᠥᠭᠭᠦᠭᠰᠡᠨ ᠪᠢᠯᠡ᠃ ᠡᠷᠳᠡᠨᠢᠲᠣᠬᠲᠠᠬᠤ ᠪᠠᠭᠰᠢ 1979 ᠣᠨ ᠳᠤ ᠨᠡᠮᠡᠭᠰᠡᠨ ︽ᠺᠠᠳ᠋ᠷ ᠤᠨ ᠲᠤᠬᠡ ᠨᠠᠮᠲᠠᠷ ᠤᠨ ᠬᠦᠰᠦᠨᠦᠭ︾᠎ ᠤᠨ ︽ᠶᠠᠮᠠᠷ ᠵᠣᠬᠢᠶᠠᠯ ᠪᠥᠲᠦᠭᠡᠯ ᠪᠠ ᠨᠡᠭᠡᠭᠡᠯᠲᠡ ᠪᠥᠲᠦᠭᠡᠯᠲᠡ ᠪᠠᠶᠢᠬᠤ ᠪᠤᠢ︾ ᠭᠡᠵᠦ ᠠᠰᠠᠭᠤᠬᠰᠠᠨ ᠵᠦᠢᠯ ᠳᠤ ᠥᠪᠡᠷ ᠤᠨ ᠵᠣᠬᠢᠶᠠᠯ ᠪᠥᠲᠦᠭᠡᠯ ᠤᠳ ᠢᠶᠠᠨ ᠪᠢᠴᠢᠭᠰᠡᠨ ᠠᠴᠠ ᠭᠠᠳᠠᠨ᠎ᠠ ︽1958-1962 ᠣᠨ ᠳᠤ ︿ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠲᠣᠪᠴᠢ ᠲᠡᠤᠬᠡ﹀᠎ ᠶᠢ ᠡᠷᠬᠢᠯᠡᠨ ᠨᠠᠶᠢᠷᠠᠭᠤᠯᠵᠦ᠂ ᠰᠠᠨᠠᠯ ᠬᠤᠷᠢᠶᠠᠬᠤ ᠡᠬᠡ ᠶᠢ ᠬᠡᠪᠯᠡᠭᠦᠯᠪᠡ᠃ ︿ᠮᠣᠩᠭᠤᠯ ᠦᠨᠳᠦᠰᠦᠲᠡᠨ ᠤ ᠵᠦᠢᠷ ᠦᠭᠡ ᠶᠢᠨ ᠲᠡᠭᠦᠪᠤᠷᠢ﹀᠎ ᠶᠢ ᠡᠷᠬᠢᠯᠡᠨ ᠨᠠᠶᠢᠷᠠᠭᠤᠯᠵᠦ 1956 ᠣᠨ ᠳᠤ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ᠃ ︿ᠬᠢᠲᠠᠳ ᠮᠣᠩᠭᠤᠯ ᠲᠣᠯᠢ﹀᠎ ᠶᠢ ᠡᠷᠬᠢᠯᠡᠨ ᠨᠠᠶᠢᠷᠠᠭᠤᠯᠵᠦ 1964 ᠣᠨ ᠳᠤ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠬᠡᠪᠯᠡᠭᠦᠯᠪᠡ︾ ᠭᠡᠵᠦ ᠪᠢᠴᠢᠭᠰᠡᠨ ᠪᠤᠢ᠃ ᠳᠣᠷᠤᠩᠭ᠎ᠠ ᠪᠠᠭᠰᠢ ᠶᠢᠨ ᠬᠡᠯᠡᠭᠰᠡᠨ ᠪᠠ ᠡᠷᠳᠡᠨᠢᠲᠣᠬᠲᠠᠬᠤ ᠪᠠᠭᠰᠢ ᠥᠪᠡᠷ ᠤᠨ ᠪᠢᠴᠢᠭᠰᠡᠨ ᠠᠭᠤᠯᠭ᠎ᠠ ᠶᠠᠭ ᠨᠡᠶᠢᠯᠡᠵᠦ ᠪᠠᠶᠢᠭ᠎ᠠ ᠲᠤᠯᠠ ᠲᠡᠷᠡᠬᠦ ︽ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠲᠣᠪᠴᠢ ᠲᠡᠤᠬᠡ︾᠎ ᠶᠢ ᠡᠷᠳᠡᠨᠢᠲᠣᠬᠲᠠᠬᠤ ᠪᠠᠭᠰᠢ ᠡᠷᠬᠢᠯᠡᠨ ᠨᠠᠶᠢᠷᠠᠭᠤᠯᠤᠬᠰᠠᠨ ᠭᠡᠳᠡᠭ ᠨᠢ ᠰᠡᠵᠢᠭ ᠦᠭᠡᠢ ᠤᠴᠢᠷ ᠮᠥᠨ᠃ ᠭᠡᠪᠡᠴᠦ 20 ᠳ᠋ᠤᠭᠠᠷ ᠵᠠᠭᠤᠨ ᠤ ᠵᠢᠷᠠᠭᠠᠳ ᠣᠨ ᠪᠣᠯ ᠬᠠᠮᠲᠦ ᠶᠢᠨ ᠪᠥᠲᠦᠭᠡᠯ ᠳᠤ ᠬᠤᠪᠢ ᠬᠥᠮᠦᠨ ᠤ ᠨᠡᠷ᠎ᠡ ᠳᠤᠷᠠᠳᠬᠤ ᠶᠢ ᠴᠡᠭᠡᠷᠯᠡᠳᠡᠭ ᠡᠪ ᠬᠠᠮᠲᠤᠴᠢ ᠦᠵᠡᠯ ᠤᠨ ᠴᠠᠭ ᠦᠶ᠎ᠡ ᠪᠠᠶᠢᠬᠰᠠᠨ ᠪᠣᠯᠬᠤᠷ ᠡᠷᠬᠢᠯᠡᠭᠰᠡᠨ ᠨᠠᠶᠢᠷᠠᠭᠤᠯᠤᠬᠴᠢ᠂ ᠨᠠᠶᠢᠷᠠᠭᠤᠯᠤᠬᠴᠢᠳ ᠵᠡᠷᠭᠡ ᠶᠢ ᠣᠬᠲᠦ ᠪᠢᠴᠢᠭᠡ ᠦᠭᠡᠢ᠃       ᠮᠣᠩᠭᠤᠯ ᠤᠳᠬ᠎ᠠ ᠵᠣᠬᠢᠶᠠᠯ ᠤᠨ ᠲᠡᠤᠬᠡ ᠰᠣᠳᠣᠯᠣᠯ ᠤᠨ ᠲᠠᠯ᠎ᠠ ᠪᠠᠷ᠂ ᠮᠣᠩᠭᠤᠯ ᠤᠯᠤᠰ ᠎ ᠲᠤ ᠪᠠᠯᠳᠠᠨ ᠤ ᠰᠣᠳᠨᠠᠮ ᠤᠨ ︽ᠮᠣᠩᠭᠤᠯ ᠤᠨ ᠤᠳᠬ᠎ᠠ ᠵᠣᠬᠢᠶᠠᠯ ᠤᠨ ᠬᠥᠭᠵᠢᠯ ᠤᠨ ᠲᠡᠤᠬᠡᠴᠢᠯᠡᠭᠰᠡᠨ ᠲᠥᠯᠦᠪ︾ 1946 ᠣᠨ ᠤ ︽ᠰᠢᠨᠵᠢᠯᠡᠬᠦ ᠤᠬᠠᠭᠠᠨ︾ ᠰᠡᠳᠭᠦᠯ ︵12-13︶᠎ ᠳᠤ ᠨᠡᠶᠢᠲᠡᠯᠡᠭᠳᠡᠵᠦ᠂ 1952 ᠣᠨ ᠤ 7 ᠂ 8᠂ 9 ᠳ᠋ᠤᠭᠡᠷ ᠰᠠᠷ᠎ᠠ ᠶᠢᠨ ︽ᠥᠪᠦᠷ ᠮᠣᠩᠭᠤᠯ ᠤᠨ ᠡᠳᠦᠷ ᠤᠨ ᠰᠣᠨᠢᠨ︾᠎ ᠳᠤ 20 ᠬᠤᠭᠤᠴᠠᠭ᠎ᠠ ᠦᠷᠭᠦᠯᠵᠢᠯᠡᠨ ᠨᠡᠶᠢᠲᠡᠯᠡᠭᠳᠡᠪᠡ᠃ ᠰᠢᠶᠧ ᠽᠠᠢ ᠱᠠᠨ ᠡᠨᠡ ᠬᠡᠪᠯᠡᠯ ᠢ ᠦᠨᠳᠦᠰᠦᠯᠡᠨ ᠬᠢᠲᠠᠳ ᠢᠶᠠᠷ ᠣᠷᠴᠢᠭᠤᠯᠤᠭᠠᠳ 1954 ᠣᠨ ᠤ 5 ᠰᠠᠷ᠎ᠠ ᠳᠤ ᠨᠣᠮ ᠪᠣᠯᠭᠠᠨ ᠬᠡᠪᠯᠡᠭᠦᠯᠵᠡᠢ᠃ ᠳᠠᠷᠠᠭ᠎ᠠ ᠨᠢ ᠴ᠊ · ᠳᠠᠮᠳᠢᠨᠰᠦ᠋ᠷᠥᠩ ᠤᠨ ︽ᠮᠣᠩᠭᠤᠯ ᠤᠨ ᠤᠷᠠᠨ ᠵᠣᠬᠢᠶᠠᠯ ᠤᠨ ᠲᠡᠤᠬᠡ︾ 1957 ᠣᠨ ᠳᠤ ᠤᠯᠠᠭᠠᠨᠪᠠᠭᠲᠤᠷ ᠲᠤ ᠬᠡᠪᠯᠡᠭᠳᠡᠭᠰᠡᠨ᠎ᠡ᠂ ᠬᠥᠬᠡᠬᠤᠲᠠ ᠳᠤ ᠳᠠᠬᠢᠨ ᠬᠡᠪᠯᠡᠭᠳᠡᠪᠡ᠃ ᠲᠡᠭᠦᠨ ᠤ ᠳᠠᠷᠠᠭ᠎ᠠ ᠮᠢᠬᠠᠶᠢᠯᠣᠸ᠋ ᠤᠨ ︽ᠣᠷᠴᠢᠨ ᠦᠶ᠎ᠡ ᠶᠢᠨ ᠮᠣᠩᠭᠤᠯ ᠤᠨ ᠤᠳᠬ᠎ᠠ ᠵᠣᠬᠢᠶᠠᠯ ᠤᠨ ᠲᠡᠤᠬᠡᠨ ᠨᠠᠶᠢᠷᠠᠭᠤᠯᠤᠯ︾᠎ ᠢ 1958 ᠣᠨ ᠳᠤ ᠬᠥᠬᠡᠬᠤᠲᠠᠨ᠎ᠠ ᠬᠡᠪᠯᠡᠭᠦᠯᠪᠡ᠃ ᠭᠡᠬᠦ ᠳᠡᠭᠡᠨ ᠡᠷᠳᠡᠨᠢᠲᠣᠬᠲᠠᠬᠤ ᠪᠠᠭᠰᠢ ᠶᠢᠨ ᠡᠷᠬᠢᠯᠡᠨ ᠨᠠᠶᠢᠷᠠᠭᠤᠯᠤᠬᠰᠠᠨ ︽ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠲᠣᠪᠴᠢ ᠲᠡᠤᠬᠡ︾ ᠪᠣᠯ ᠥᠪᠦᠷ ᠮᠣᠩᠭᠤᠯ ᠰᠣᠳᠣᠯᠭᠠᠴᠢᠳ ᠤᠨ ᠬᠠᠮᠤᠭ ᠤᠨ ᠲᠦᠷᠦᠭᠦᠦ ᠲᠤᠭᠤᠷᠪᠢᠬᠰᠠᠨ᠂ ᠶᠡᠷᠦᠨᠢ ᠳᠤᠮᠳᠠᠳᠦ ᠤᠯᠤᠰ ᠲᠤ ᠴᠦ ᠬᠠᠮᠤᠭ ᠤᠨ ᠲᠦᠷᠦᠭᠦᠦ ᠲᠤᠭᠤᠷᠪᠢᠬᠰᠠᠨ ᠪᠥᠭᠡᠳ ᠳᠤᠮᠳᠠᠳᠦ ᠤᠯᠤᠰ ᠤᠨ ᠰᠡᠭᠦᠯ ᠤᠨ ᠵᠢᠯ ᠤᠳ ᠲᠤ ᠭᠠᠷᠤᠬᠰᠠᠨ ᠮᠣᠩᠭᠤᠯ ᠤᠳᠬ᠎ᠠ ᠵᠣᠬᠢᠶᠠᠯ ᠤᠨ ᠲᠡᠤᠬᠡ ᠶᠢᠨ ᠪᠥᠬᠦᠶᠢᠯᠡ ᠪᠥᠲᠦᠭᠡᠯ ᠤᠳ ᠤᠨ ᠰᠠᠭᠤᠷᠢ ᠶᠢ ᠴᠣᠬᠴᠠᠯᠠᠬᠰᠠᠨ ᠪᠥᠲᠦᠭᠡᠯ ᠪᠣᠯᠣᠨ᠎ᠠ᠃        ᠡᠷᠳᠡᠨᠢᠲᠣᠬᠲᠠᠬᠤ ᠪᠠᠭᠰᠢ ᠶᠢᠨ ᠡᠷᠬᠢᠯᠡᠨ ᠨᠠᠶᠢᠷᠠᠭᠤᠯᠤᠬᠰᠠᠨ ︽ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠲᠣᠪᠴᠢ ᠲᠡᠤᠬᠡ︾᠎ ᠶᠢ ︽ᠰᠤᠶᠤᠯ ᠤᠨ ᠶᠡᠭᠡ ᠬᠤᠪᠢᠰᠬᠠᠯ︾᠎ ᠤᠨ ᠳᠠᠷᠠᠭ᠎ᠠ ᠴᠢᠮᠡᠳᠳᠣᠷᠵᠢ᠂ ᠯᠢᠶᠠᠩ ᠢ ᠿᠦ᠂ ᠵᠣᠣ ᠶᠥᠩ ᠰᠢᠶᠠᠨ ᠨᠠᠷ ᠥᠪᠡᠷᠰᠡᠳ ᠤᠨ ᠨᠡᠷ᠎ᠡ ᠪᠠᠷ ᠮᠥᠨ ᠬᠢᠲᠠᠳ ᠢᠶᠠᠷ ᠨᠢ ᠬᠡᠪᠯᠡᠭᠦᠯᠵᠡᠢ ︵1981︶᠃ ᠲᠡᠭᠦᠨ ᠠᠴᠠ ᠭᠠᠳᠠᠨ᠎ᠠ ᠮᠠᠨᠰᠠᠩ ᠤᠨ ︽ᠮᠣᠩᠭᠤᠯ ᠤᠨ ᠤᠷᠠᠨ ᠵᠣᠬᠢᠶᠠᠯ ᠤᠨ ᠲᠡᠤᠬᠡ︾ ︵1980 ︶᠂ ᠲᠠᠪᠤᠨ ᠶᠡᠭᠡ ᠰᠤᠷᠭᠠᠭᠤᠯᠢ ᠶᠢᠨ ︽ᠮᠣᠩᠭᠤᠯ ᠤᠷᠠᠨ ᠵᠣᠬᠢᠶᠠᠯ ᠤᠨ ᠲᠡᠤᠬᠡ︾ ︵1984︶᠂ ᠨᠠ᠊ · ᠰᠠᠶᠢᠰᠢᠶᠠᠯᠲᠦ ᠨᠠᠷ ᠤᠨ ︽ᠮᠣᠩᠭᠤᠯ ᠤᠷᠠᠨ ᠵᠣᠬᠢᠶᠠᠯ ᠤᠨ ᠲᠡᠤᠬᠡ︾ ︵1995︶ ᠁ ᠠᠴᠠ ᠡᠬᠢᠯᠡᠭᠡᠳ᠂ ᠪᠥᠷ ᠰᠡᠭᠦᠯ ᠦᠶ᠎ᠡ ᠳᠤ ᠬᠡᠪᠯᠡᠭᠳᠡᠭᠰᠡᠨ ᠷᠦᠩ ᠰᠥᠬᠡ ᠨᠠᠷ ᠤᠨ ︽ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠲᠡᠤᠬᠡ︾ ︵ᠬᠢᠲᠠᠳ ᠢᠶᠠᠷ᠂ 2000︶᠎ ᠶᠢᠨ ᠵᠡᠷᠭᠡ ᠪᠥᠲᠦᠭᠡᠯ ᠤᠳ ᠪᠣᠯ ᠴᠥᠮ ᠡᠷᠳᠡᠨᠢᠲᠣᠬᠲᠠᠬᠤ ᠪᠠᠭᠰᠢ ᠶᠢᠨ ᠡᠷᠬᠢᠯᠡᠨ ᠨᠠᠶᠢᠷᠠᠭᠤᠯᠤᠭᠬᠰᠠᠨ ︽ᠮᠣᠩᠭᠤᠯ ᠦᠨᠳᠦᠰᠦᠲᠡᠨ ᠤ ᠤᠷᠠᠨ ᠵᠣᠬᠢᠶᠠᠯ ᠤᠨ ᠲᠣᠪᠴᠢ ᠲᠡᠤᠬᠡ︾ ᠪᠠ ︽ᠮᠣᠩᠭᠤᠯ ᠦᠨᠳᠦᠰᠦᠲᠡᠨ ᠤ ᠤᠳᠬ᠎ᠠ ᠵᠣᠬᠢᠶᠠᠯ ᠤᠨ ᠮᠠᠲ᠋ᠧᠷᠢᠶᠠᠯ ᠤᠨ ᠡᠮᠬᠢᠳᠭᠡᠯ︾ 9 ᠪᠣᠳᠢ ᠶᠢᠨ ᠰᠠᠭᠤᠷᠢ ᠳᠡᠭᠡᠷ᠎ᠡ ᠨᠠᠶᠢᠷᠠᠭᠤᠯᠤᠬᠳᠠᠬᠰᠠᠨ ᠶᠤᠮ᠃ ᠲᠡᠳᠡᠭᠡᠷ ᠤᠨ ᠵᠠᠷᠢᠮ ᠨᠢ ᠤᠤᠯ ᠲᠡᠤᠬᠡ ᠶᠢᠨ ᠭᠤᠣᠯ ᠠᠭᠤᠯᠭ᠎ᠠ ᠶᠢ ᠪᠠᠷᠤᠭ ᠬᠡᠪ ᠢᠶᠠᠷ ᠨᠢ ᠰᠢᠬᠠᠮ ᠰᠡᠶᠢᠷᠡᠭᠦᠯᠦᠨ ᠠᠪᠤᠬᠰᠠᠨ ᠪᠤᠶᠤ ᠣᠷᠴᠢᠭᠤᠯᠤᠨ ᠠᠪᠤᠬᠰᠠᠨ᠂ ᠵᠠᠷᠢᠮ ᠨᠢ ᠨᠠᠶᠠᠭᠠᠳ ᠣᠨ ᠤ ᠰᠡᠭᠦᠯᠴᠢ᠂ ᠶᠡᠷᠡᠭᠡᠳ ᠣᠨ ᠤ ᠦᠶ᠎ᠡ ᠪᠠᠷ ᠨᠠᠶᠢᠷᠠᠭᠤᠯᠤᠬᠳᠠᠬᠰᠠᠨ ᠲᠤᠯᠠ ᠲᠤᠬᠠᠢ ᠶᠢᠨ ᠦᠶ᠎ᠡ ᠶᠢᠨ ᠡᠷᠳᠡᠮ ᠰᠢᠨᠵᠢᠯᠡᠭᠡᠨ ᠤ ᠰᠢᠨ᠎ᠡ ᠪᠥᠲᠦᠭᠡᠯ ᠤᠳ ᠢ ᠦᠨᠳᠦᠰᠦᠯᠡᠨ ᠵᠣᠬᠢᠬᠤ ᠠᠭᠤᠯᠭ᠎ᠠ ᠶᠢ ᠰᠢᠨ᠎ᠡ ᠪᠠᠷ ᠨᠡᠮᠡᠭᠰᠡᠨ ᠲᠡᠳᠦᠢ ᠪᠣᠯᠪᠠᠴᠦ ᠭᠤᠣᠯ ᠬᠡᠳᠦᠨ ᠵᠣᠬᠢᠶᠠᠯᠴᠢ᠂ ᠵᠣᠬᠢᠶᠠᠯ ᠪᠥᠲᠦᠭᠡᠯ ᠤᠳ᠂ ᠢᠯᠠᠩᠭᠤᠶ᠎ᠠ ᠣᠶᠢᠷ᠎ᠠ ᠦᠶ᠎ᠡ ᠶᠢᠨ ᠤᠳᠬ᠎ᠠ ᠵᠣᠬᠢᠶᠠᠯ ᠤᠨ ᠲᠡᠤᠬᠡᠨ ᠳᠠᠬᠢ ᠭᠤᠣᠯ ᠵᠣᠬᠢᠶᠠᠯᠴᠢ᠂ ᠭᠤᠣᠯ ᠵᠣᠬᠢᠶᠠᠯ ᠪᠥᠲᠦᠭᠡᠯ ᠤᠳ ᠤᠨ ᠲᠤᠬᠠᠢ ᠦᠨᠳᠦᠰᠦᠨ ᠠᠭᠤᠯᠭ᠎ᠠ ᠶᠢ ᠮᠥᠨ ᠯᠡ ᠳᠤᠷᠠᠳᠤᠬᠰᠠᠨ ᠲᠡᠤᠬᠡ ᠪᠠ ᠮᠠᠲ᠋ᠧᠷᠢᠶᠠᠯ ᠤᠨ ᠡᠮᠬᠢᠳᠭᠡᠯ ᠢᠶᠠᠷ ᠰᠠᠭᠤᠷᠢ ᠪᠣᠯᠭᠠᠨ ᠲᠤᠭᠤᠷᠪᠢᠬᠰᠠᠨ ᠪᠠᠶᠢᠳᠠᠭ ᠶᠤᠮ᠃       ᠡᠶᠢᠮᠦ ᠠᠴᠠ ᠡᠷᠳᠡᠨᠢᠲᠣᠬᠲᠠᠬᠤ ᠪᠠᠭᠰᠢ ᠶᠢ ᠳᠤᠮᠳᠠᠳᠦ ᠤᠯᠤᠰ ᠤᠨ ᠮᠣᠩᠭᠤᠯ ᠤᠳᠬ᠎ᠠ ᠵᠣᠬᠢᠶᠠᠯ ᠤᠨ ᠲᠡᠤᠬᠡ ᠰᠣᠳᠣᠯᠣᠯ ᠤᠨ ᠰᠠᠭᠤᠷᠢᠯᠠᠬᠴᠢ ᠡᠷᠳᠡᠮᠲᠡᠨ ᠭᠡᠵᠦ ᠦᠨᠡᠯᠡᠬᠦ ᠦᠭᠡᠢ ᠪᠠᠶᠢᠬᠤ ᠶᠢᠨ ᠠᠷᠭ᠎ᠠ ᠦᠭᠡᠢ ᠶᠤᠮ᠃ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号